ᠱᠠᠮᠦᠩ ᠦᠨ ᠣᠯᠢᠮᠫᠢᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠪᠦᠯ ᠦᠨ ᠣᠯᠢᠮᠫᠢᠺ ᠤᠨ ᠠᠩᠬᠠᠳᠤᠭᠠᠷ ᠨᠠᠭᠠᠳᠤᠮ
I Olympic Winter Games
1924WOlympicPoster.jpg

ᠵᠣᠬᠢᠶᠠᠭᠳᠠᠭᠰᠠᠨ ᠬᠣᠲᠠ ᠹᠷᠠᠨᠼᠢ ᠹᠷᠠᠨᠼᠢ, ᠱᠠᠮᠣᠨᠢ
ᠣᠷᠣᠯᠴᠠᠭᠰᠠᠨ ᠤᠯᠤᠰ 16
ᠣᠷᠣᠯᠴᠠᠭᠴᠢᠳ ᠤᠨ ᠲᠣᠭ᠎ᠠ 258
ᠵᠣᠬᠢᠶᠠᠭᠳᠠᠭᠰᠠᠨ ᠰᠫᠣᠷᠲ ᠤᠨ
ᠲᠡᠮᠡᠴᠡᠭᠡᠨ ᠨᠦᠭᠦᠳ
7 ᠲᠥᠷᠥᠯ᠂ 16 ᠴᠣᠭᠴᠠ ᠮᠧᠳᠠᠯ
ᠨᠡᠭᠡᠭᠡᠯᠲᠡ ᠶᠢᠨ ᠶᠣᠰᠣᠯᠠᠯ 1924 ᠣᠨ ᠤ 1 ᠰᠠᠷ᠎ᠠ ᠶᠢᠨ 25
ᠬᠠᠭᠠᠯᠲᠠ ᠶᠢᠨ ᠶᠣᠰᠣᠯᠠᠯ 1924 ᠣᠨ ᠤ 2 ᠰᠠᠷ᠎ᠠ ᠶᠢᠨ 5
ᠨᠠᠭᠠᠳᠤᠮ ᠢ ᠨᠡᠭᠡᠭᠡᠭᠴᠢ ᠭᠠᠰᠲ᠋ᠣᠨ ᠸᠢᠳᠠᠯ
ᠲᠠᠮᠢᠷᠴᠢᠳ ᠤᠨ ᠲᠠᠩᠭᠠᠷᠢᠭ ᠺᠠᠮᠢᠯᠯᠧ ᠮᠠᠨᠳᠤᠷᠢᠯᠯᠠᠨ
ᠲᠥᠪ ᠴᠡᠩᠭᠡᠯ ᠳᠦ ᠬᠢ
ᠬᠦᠷᠢᠶᠡᠯᠡᠩ
ᠰᠲ᠋ᠠᠳ ᠣᠯᠢᠮᠫᠢᠺ

ᠡᠪᠦᠯ ᠦᠨ ᠣᠯᠢᠮᠫᠢᠺ ᠤᠨ ᠠᠩᠬᠠᠳᠤᠭᠠᠷ ᠨᠠᠭᠠᠳᠤᠮ ᠪᠤᠶᠤ ᠱᠠᠮᠦᠩ ᠦᠨ ᠣᠯᠢᠮᠫᠢᠺ (ᠠᠩᠭᠯᠢ ᠪᠠᠷ I Olympic Winter Games) ᠨᠢ 1924 ᠣᠨ ᠤ 1 ᠰᠠᠷ᠎ᠠ ᠶᠢᠨ 25 ᠍ ᠍ ᠨ ᠠᠴᠠ 2 ᠰᠠᠷ᠎ᠠ ᠶᠢᠨ 5 ᠬᠦᠷᠲᠡᠯ᠎ᠡ ᠠᠯᠫ ᠦᠨ ᠨᠢᠷᠤᠭᠤᠨ ᠤ ᠮᠣᠨᠪᠠᠯᠠᠨ ᠣᠷᠭᠢᠯ ᠤᠨ ᠪᠡᠯ ᠳᠦ ᠤᠷᠤᠰᠢᠬᠤ᠂ ᠹᠷᠠᠨᠼᠢ ᠍ ᠍ ᠤᠨ ᠱᠠᠮᠣᠨᠢ ᠳᠤ ᠵᠣᠬᠢᠶᠠᠨ ᠪᠠᠶᠢᠭᠤᠯᠤᠭᠳᠠᠭᠰᠠᠨ ᠡᠪᠦᠯ ᠦᠨ ᠣᠯᠢᠮᠫᠢᠺᠡᠶᠢᠨ ᠨᠠᠭᠠᠳᠤᠮ ᠶᠤᠮ᠃ ᠲᠤᠬᠠᠢ ᠶᠢᠨ ᠦᠶᠡᠳᠡᠭᠡ ᠹᠷᠠᠨᠼᠢ ᠶᠢᠨ ҮОХ ᠍ ᠍ ᠨᠣᠣᠰᠣ ᠣᠯᠠᠨ ᠤᠯᠤᠰ ᠤᠨ ᠡᠪᠦᠯ ᠦᠨ ᠰᠫᠣᠷᠲ ᠤᠨ ᠳᠣᠯᠣᠭ᠎ᠠ ᠬᠣᠨᠣᠭ (ᠹᠷᠠᠨᠼᠢ ᠪᠠᠷ Semaine Internationale des Sports d'Hiver) ᠭᠡᠳᠡᠭ ᠨᠡᠷ᠎ᠡ ᠪᠡᠷ᠂ ᠲᠤᠷᠰᠢᠯᠲᠠ ᠶᠢᠨ ᠵᠢᠷᠤᠮ ᠢᠶᠠᠷ ᠵᠣᠬᠢᠶᠠᠨ ᠪᠠᠶᠢᠭᠤᠯᠤᠭᠳᠠᠭᠰᠠᠨ ᠪᠥᠭᠡᠳ ᠳᠠᠷᠠᠭ᠎ᠠ ᠶᠢᠨ ᠵᠢᠯ ᠨᠢ ᠣᠯᠠᠨ ᠤᠯᠤᠰ ᠤᠨ ᠣᠯᠢᠮᠫᠢᠺ ᠤᠨ ᠬᠣᠷᠢᠶ᠎ᠠᠨ ᠤ ᠶᠡᠷᠦᠩᠬᠡᠢ ᠠᠰᠰᠧᠮᠪᠯᠧᠢ ᠪᠠᠷ ᠡᠪᠦᠯ ᠦᠨ ᠣᠯᠢᠮᠫᠢᠺ ᠤᠨ ᠠᠩᠬᠠᠳᠤᠭᠠᠷ ᠨᠠᠭᠠᠳᠤᠮ ᠭᠡᠵᠦ ᠨᠡᠷᠡᠯᠡᠬᠦ ᠪᠡᠷ ᠲᠣᠭᠲᠠᠭᠰᠠᠨ ᠪᠠᠶᠢᠨ᠎ᠠ᠃

1924 ᠣᠨ ᠳᠤ ᠡᠶᠢᠨᠬᠦᠦ ᠡᠬᠢᠯᠡᠭᠰᠡᠨ ᠡᠪᠦᠯ ᠦᠨ ᠣᠯᠢᠮᠫᠢᠺ 1992 ᠣᠨ ᠬᠦᠷᠲᠡᠯ᠎ᠡ ᠵᠤᠨ ᠤ ᠣᠯᠢᠮᠫᠢᠺᠲᠣᠢ ᠨᠢᠭᠡ ᠵᠢᠯ ᠳᠤ ᠵᠣᠬᠢᠶᠠᠨ ᠪᠠᠶᠢᠭᠤᠯᠤᠭᠳᠠᠳᠠᠭ ᠪᠠᠶᠢᠪᠠ᠃

ᠨᠠᠭᠠᠳᠤᠮ ᠤᠨ ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠨ ᠭᠤᠯᠭᠤᠯᠲᠠ ᠯᠣᠨᠳᠣᠨᠠᠩᠲ᠋ᠤᠧᠷᠫᠡᠨ ᠤ ᠣᠯᠢᠮᠫᠢᠺᠬᠣᠺᠺᠧᠢ ᠠᠩᠲ᠋ᠤᠧᠷᠫᠡᠨ ᠤ ᠣᠯᠢᠮᠫᠢᠺ ᠤᠨ ᠬᠥᠲᠥᠯᠪᠦᠷᠢ ᠳᠦ ᠪᠠᠭᠳᠠᠵᠣ ᠪᠠᠶᠢᠭᠰᠠᠨ ᠴᠤ ᠡᠪᠦᠯ ᠦᠨ ᠰᠫᠣᠷᠲ ᠤᠨ ᠲᠥᠷᠥᠯ ᠦᠳ ᠨᠢ ᠤᠯᠠᠷᠢᠯ ᠠᠴᠠ ᠰᠢᠯᠲᠠᠭᠠᠯᠠᠳᠠᠭ ᠪᠢᠯᠡ᠃ 1921 ᠣᠨ ᠳᠤ ᠯᠣᠽᠠᠨᠠ ᠳᠤ ᠪᠣᠯᠤᠭᠰᠠᠨ ᠣᠯᠠᠨ ᠤᠯᠤᠰ ᠤᠨ ᠣᠯᠢᠮᠫᠢᠺ ᠤᠨ ᠬᠣᠷᠢᠶ᠎ᠠᠨ ᠤ ᠬᠤᠷᠠᠯ ᠢᠶᠠᠷ ᠡᠪᠦᠯ ᠦᠨ ᠰᠫᠣᠷᠲ ᠤᠨ ᠲᠥᠷᠥᠯ ᠦᠳ ᠢ ᠳᠡᠯᠭᠡᠷᠡᠭᠦᠯᠬᠦ᠂ ᠢᠵᠢᠯ ᠪᠣᠯᠤᠮᠵᠢ ᠣᠯᠭᠣᠬᠤ ᠲᠠᠯ᠎ᠠ ᠪᠠᠷ ᠰᠢᠢᠳᠴᠦ᠂ ᠤᠷᠲᠤ ᠤᠳᠠᠭᠠᠨ ᠬᠤᠭᠤᠴᠠᠭᠠᠨ ᠤ ᠮᠡᠳᠬᠡᠯᠴᠡᠭᠡᠨ ᠦ ᠡᠴᠦᠰ ᠲᠦ 《ᠣᠯᠠᠨ ᠤᠯᠤᠰ ᠤᠨ ᠡᠪᠦᠯ ᠦᠨ ᠰᠫᠣᠷᠲ ᠤᠨ ᠳᠣᠯᠣᠭ᠎ᠠ ᠬᠣᠨᠣᠭ》 ᠍ ᠍ ᠢ 1924 ᠣᠨ ᠳᠤ ᠱᠠᠮᠣᠨᠢ ᠳᠤ ᠵᠣᠬᠢᠶᠠᠨ ᠪᠠᠶᠢᠭᠤᠯᠬᠤ ᠪᠠᠷ ᠰᠢᠢᠳᠡᠭᠰᠡᠨ ᠶᠤᠮ᠃

2 ᠳᠠᠬᠢ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠯ ᠦᠨ ᠣᠯᠢᠮᠫᠢᠺ ᠤᠨ ᠲᠡᠦᠬᠡᠨ ᠳᠦ ᠠᠩᠬᠠᠨ ᠤ ᠠᠯᠲᠠᠨ ᠮᠧᠳᠠᠯ ᠢ ᠲᠤᠰ ᠨᠠᠭᠠᠳᠤᠮ ᠤᠨ ᠨᠡᠭᠡᠭᠡᠯᠲᠡ ᠶᠢᠨ ᠬᠥᠲᠥᠯᠪᠦᠷᠢ ᠪᠣᠯᠬᠤ ᠲᠡᠰᠢᠭᠦᠷ ᠦᠨ 500 ᠮᠧᠲ᠋ᠷ ᠦᠨ ᠲᠥᠷᠥᠯ ᠳᠦ ᠴᠢᠷᠠᠯᠽ ᠵᠧᠪᠲᠤᠷᠪᠠ ᠬᠦᠷᠲᠡᠭᠰᠡᠨ ᠪᠠᠶᠢᠨ᠎ᠠ᠃ ᠲᠡᠰᠢᠭᠦᠷ ᠦᠨ ᠪᠤᠰᠤᠳ ᠲᠥᠷᠥᠯ ᠳᠦ ᠵᠢᠯᠢᠤᠰ ᠰᠺᠦ᠋ᠲᠠᠪᠪᠺᠯᠠᠰ ᠲᠶᠦᠩ ᠢᠪᠧᠺᠭ ᠨᠠᠷ ᠲᠡᠷᠢᠭᠦᠯᠡᠭᠰᠡᠨ ᠠᠵᠢ᠃

4 ᠳ᠋ᠡᠬᠢ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠨᠢ ᠬᠧᠨᠢ 17 ᠍ ᠍ ᠬᠣᠩ ᠨᠠᠰᠤᠲᠠᠢ ᠳᠤ ᠪᠠᠨ ᠡᠮᠡᠭᠲᠡᠶᠢᠴᠦᠳ ᠦᠨ ᠤᠷᠠᠨ ᠭᠤᠯᠭᠤᠯᠲᠠ ᠶᠢᠨ ᠲᠥᠷᠥᠯ ᠳᠦ ᠤᠷᠤᠯᠴᠠᠪᠠ᠃ ᠬᠡᠳᠦᠢ ᠪᠡᠷ ᠲᠡᠷᠡ ᠰᠡᠭᠦᠯ ᠦᠨ ᠪᠠᠶᠢᠷᠢ ᠳᠤ ᠣᠷᠣᠭᠰᠠᠨ ᠴᠤ ᠹᠡᠨ ᠨᠦᠭᠦᠳ ᠦᠨ ᠳᠤᠮᠳᠠ ᠠᠯᠳᠠᠷᠰᠢᠵᠤ᠂ ᠳᠠᠷᠤᠭ᠎ᠠ ᠶᠢᠨ 3 ᠣᠯᠢᠮᠫᠢᠺ ᠤᠨ ᠠᠪᠤᠷᠭᠤ ᠪᠣᠯᠤᠭᠰᠠᠨ ᠪᠢᠯᠡ᠃

6 ᠳᠠᠬᠢ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠢᠯᠯᠢᠰ ᠭᠷᠠᠹᠰᠲᠷᠶᠣᠮ 1920 ᠣᠨ ᠤ ᠵᠤᠨ ᠤ ᠣᠯᠢᠮᠫᠢᠺ ᠤᠨ ᠤᠷᠠᠨ ᠭᠤᠯᠭᠤᠯᠲᠠ ᠶᠢᠨ ᠲᠥᠷᠥᠯ ᠳᠦ ᠲᠡᠷᠢᠭᠦᠯᠡᠭᠰᠡᠨ ᠠᠮᠵᠢᠯᠲᠠ ᠪᠠᠨ ᠪᠠᠲᠤᠳᠬᠠᠵᠤ᠂ ᠰᠫᠣᠷᠲ ᠤᠨ ᠨᠢᠭᠡ ᠲᠥᠷᠥᠯ ᠢᠶᠡᠷ᠂ ᠭᠡᠬᠦ ᠳᠦ ᠪᠡᠨ ᠡᠪᠦᠯ ᠵᠤᠨ ᠤ ᠣᠯᠢᠮᠫᠢᠺ ᠤᠨ ᠠᠯᠢ ᠠᠯᠢᠨ ᠳᠤ ᠨᠢ ᠠᠯᠲᠠᠨ ᠮᠧᠳᠠᠯ ᠠᠪᠤᠭᠰᠠᠨ ᠬᠦᠮᠦᠨ ᠪᠣᠯᠵᠤ ᠲᠡᠦᠬᠡᠨ ᠳᠦ ᠦᠯᠡᠳᠡᠪᠡ᠃

8 ᠳᠠᠬᠢ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠨᠠᠳᠠ ᠍ ᠍ ᠤᠨ ᠬᠣᠺᠺᠧᠢ ᠶᠢᠨ ᠪᠠᠭ ᠥᠷᠢᠰᠦᠯᠳᠦᠭᠴᠢ ᠪᠠᠭᠤᠳ ᠠᠴᠠ ᠪᠠᠨ ᠬᠣᠯᠠ ᠲᠠᠰᠤᠷᠬᠠᠢ ᠪᠣᠯᠬᠤ ᠪᠠᠨ ᠬᠠᠷᠠᠭᠤᠯᠵᠤ᠂ ᠬᠡᠰᠡᠭ ᠦᠨ ᠲᠣᠭᠯᠠᠯᠲᠠᠨ ᠳᠤ ᠱᠸᠧᠢᠽᠠᠷᠢ᠂ ᠴᠧᠬᠣᠰᠯᠣᠸᠠᠺ᠂ ᠰᠢᠪ ᠲᠦ᠂ ᠶᠡᠬᠡ ᠪᠷᠢᠲ᠋ᠠᠨ(ᠠᠩᠭᠯᠢ) ᠤᠨ ᠪᠠᠭ ᠤᠳ ᠲᠠᠢ ᠲᠣᠭᠯᠠᠬᠤ ᠳᠤ ᠪᠠᠨ 110 ᠭᠣᠣᠯ ᠣᠷᠣᠭᠤᠯᠵᠤ᠂ ᠳᠥᠩᠭᠡᠵᠢ 3 ᠍ ᠍ ᠬᠠᠨ ᠭᠣᠣᠯ ᠠᠯᠠᠳᠠᠭᠰᠠᠨ ᠪᠠᠶᠢᠨ᠎ᠠ᠃

10 ᠳᠠᠬᠢ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠠᠹᠰᠲᠷᠶᠣᠮ ᠲᠠᠢ ᠠᠳᠠᠯᠢ ᠪᠠᠷ᠂ ᠺᠠᠨᠠᠳᠠ ᠤᠨ ᠬᠣᠺᠺᠧᠢ ᠶᠢᠨ ᠪᠠᠭ 1920 ᠣᠨ ᠤ ᠠᠩᠲ᠋ᠤᠧᠷᠫᠡᠨ ᠤ ᠵᠤᠨ ᠤ ᠣᠯᠢᠮᠫᠢᠺ ᠠᠴᠠ ᠠᠯᠲᠠᠨ ᠮᠧᠳᠠᠯ ᠠᠪᠤᠭᠰᠠᠨ ᠠᠮᠵᠢᠯᠲᠠ ᠪᠠᠨ ᠱᠠᠮᠣᠨᠢ ᠳᠤ ᠳᠠᠪᠲᠠᠪᠠ᠃ ᠺᠠᠨᠠᠳᠠ ᠤᠳ ᠬᠣᠺᠺᠧᠢ ᠶᠢᠨ ᠰᠫᠣᠷᠲ ᠣᠯᠢᠮᠫᠢᠺ ᠤᠨ ᠬᠥᠲᠥᠯᠪᠦᠷᠢ ᠳᠦ ᠪᠠᠭᠲᠤᠭᠰᠠᠨ ᠡᠬᠢᠨ ᠦ 7 ᠣᠯᠢᠮᠫᠢᠺ ᠤᠨ 6 ᠍ ᠍ ᠳᠦ ᠨᠢ ᠲᠦᠷᠦᠭᠦᠯᠡᠵᠦ᠂ ᠳᠡᠯᠡᠬᠡᠢ ᠳᠦ ᠨᠣᠶᠠᠷᠬᠠᠵᠤ ᠪᠠᠶᠢᠭᠰᠠᠨ ᠪᠢᠯᠡ᠃

ᠰᠫᠣᠷᠲ ᠤᠨ ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

7 ᠲᠥᠷᠥᠯ ᠦᠨ ᠰᠫᠣᠷᠲ ᠤᠨ 16 ᠴᠣᠭᠴᠠ ᠮᠧᠳᠠᠯ ᠤᠨ ᠲᠥᠯᠥᠭᠡ ᠲᠠᠮᠢᠷᠴᠢᠳ ᠥᠷᠢᠰᠦᠯᠳᠦᠭᠰᠡᠨ᠃ ᠣᠯᠠᠨ ᠡᠬᠢ ᠰᠤᠷᠪᠤᠯᠵᠢ ᠳᠤ ᠺᠶᠣᠷᠯᠢᠨ ᠢ᠂ ᠴᠡᠷᠢᠭ ᠦᠨ ᠮᠠᠨᠠᠭ᠎ᠠ ᠶᠢ ᠠᠯᠪᠠᠨ ᠶᠣᠰᠣᠨ ᠤ ᠪᠤᠰᠤ᠂ ᠦᠵᠡᠭᠦᠯᠬᠦ ᠲᠥᠷᠥᠯ ᠪᠠᠶᠢᠭᠰᠠᠨ ᠭᠡᠵᠦ ᠪᠢᠴᠢᠳᠡᠭ᠃ ᠭᠡᠬᠦ ᠳᠦ ᠪᠡᠨ ᠲᠤᠬᠠᠢ ᠶᠢᠨ ᠦᠶᠡᠳᠡᠭᠡ ᠲᠡᠶᠢᠮᠦ ᠢᠯᠭᠠᠭ᠎ᠠ ᠪᠠᠶᠢᠭ᠎ᠠ ᠦᠭᠡᠢ᠃ 2006 ᠣᠨ ᠤ 2 ᠰᠠᠷ᠎ᠠ ᠳᠤ ᠣᠯᠠᠨ ᠤᠯᠤᠰ ᠤᠨ ᠣᠯᠢᠮᠫᠢᠺ ᠤᠨ ᠬᠣᠷᠢᠶ᠎ᠠ ᠺᠶᠣᠷᠯᠢᠩ ᠢ ᠲᠤᠰ ᠣᠯᠢᠮᠫᠢᠺ ᠤᠨ ᠠᠯᠪᠠᠨ ᠶᠣᠰᠣᠨ ᠤ ᠬᠥᠲᠥᠯᠪᠦᠷᠢ ᠳᠦ ᠪᠠᠭᠳᠠᠵᠣ ᠪᠠᠶᠢᠭᠰᠠᠨ ᠭᠡᠵᠦ ᠲᠣᠭᠠᠴᠠᠬᠤ ᠪᠠᠷ ᠰᠢᠢᠳᠴᠦ᠂ ᠮᠧᠳᠠᠯᠢᠲᠠᠨ ᠨᠤᠭᠤᠳ ᠢ ᠨᠢ ᠠᠯᠪᠠᠨ ᠶᠣᠰᠣᠨ ᠤ ᠳᠦᠩ ᠳᠦ ᠣᠷᠣᠭᠤᠯᠬᠤ ᠪᠠᠷ ᠪᠣᠯᠤᠭᠰᠠᠨ ᠪᠠᠶᠢᠨ᠎ᠠ᠃

ᠣᠷᠣᠯᠴᠠᠭᠰᠠᠨ ᠣᠷᠣᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

16 ᠣᠷᠣᠨ ᠤ ᠲᠠᠮᠢᠷᠴᠢᠳ ᠠᠩᠬᠠᠨ ᠤ ᠡᠪᠦᠯ ᠦᠨ ᠣᠯᠢᠮᠫᠢᠺ ᠤᠨ ᠨᠠᠭᠠᠳᠤᠮ ᠳᠤ ᠣᠷᠣᠯᠴᠠᠵᠠᠢ᠃

Flag of Estonia.svg ᠡᠰᠲᠠᠨᠢ ᠨᠢᠭᠡ ᠲᠠᠮᠢᠷᠴᠢᠨ ᠲᠡᠰᠢᠭᠦᠷ ᠦᠨ ᠲᠥᠷᠥᠯ ᠳᠦ ᠣᠷᠣᠯᠴᠠᠬᠤ ᠪᠠᠷ ᠪᠦᠷᠢᠳᠬᠡᠭᠦᠯᠦᠭᠰᠡᠨ ᠪᠣᠯᠪᠠᠴᠤ ᠤᠷᠤᠯᠳᠤᠭ᠎ᠠ ᠦᠭᠡᠢ ᠪᠠᠶᠢᠨ᠎ᠠ᠃

ᠮᠧᠳᠠᠯ ᠤᠨ ᠬᠦᠰᠦᠨᠦᠭᠲᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠷᠢ ᠤᠯᠤᠰ ᠠᠯᠲᠠ ᠮᠥᠩᠭᠥ ᠬᠦᠷᠡᠯ ᠨᠡᠶᠢᠲᠡ
1 ᠨᠤᠷᠸᠸᠢ ᠨᠤᠷᠸᠸᠢ 4 7 6 17
2 Flag of Finland.svg ᠹᠢᠨᠯᠠᠨᠲ 4 4 3 11
3 Flag of Austria.svg ᠠᠦᠢᠰᠲᠷᠶ᠎ᠠ 2 1 0 3
4 ᠰᠸᠢᠰ ᠰᠸᠢᠰ 2 0 1 3
5 US flag 48 stars.svg ᠠᠮᠧᠷᠢᠺᠠ ᠶᠢᠨ ᠨᠢᠭᠡᠳᠦᠭᠰᠡᠨ ᠤᠯᠤᠰ 1 2 1 4
6 Flag of the United Kingdom.svg ᠶᠡᠬᠡ ᠪᠷᠢᠲ᠋ᠠᠨ(ᠠᠩᠭᠯᠢ) 1 1 2 4
7 Flag of Sweden.svg ᠰᠸᠸᠳᠡᠨ 1 1 0 2
8 Canadian Red Ensign 1921-1957.svg ᠺᠠᠨᠠᠳᠠ 1 0 0 1
9 ᠹᠷᠠᠨᠼᠢ ᠹᠷᠠᠨᠼᠢ 0 0 3 3
10 ᠪᠧᠯᠬᠢ ᠪᠧᠯᠬᠢ 0 0 1 1

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ