ᠱᠠᠮᠠᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠱᠠᠮᠠᠷ ᠨᠢ ᠰᠡᠯᠡᠩᠭᠡ ᠠᠶᠢᠮᠠᠭ ᠤᠨ ᠰᠤᠮᠤ ᠶᠤᠮ᠃ ᠱᠠᠮᠠᠷ ᠰᠤᠮᠤ ᠨᠢ 1921 ᠣᠨ ᠤ ᠠᠷᠠᠳ ᠤᠨ ᠬᠤᠪᠢᠰᠬᠠᠯ ᠤᠨ ᠳᠠᠷᠤᠭ᠎ᠠ ᠬᠤᠪᠢᠰᠬᠠᠯᠲᠤ ᠵᠠᠰᠠᠭ ᠤᠨ ᠭᠠᠵᠠᠷ ᠤᠨ ᠵᠠᠰᠠᠭ ᠵᠠᠬᠢᠷᠭᠠᠨ ᠤ ᠰᠢᠨᠡᠴᠢᠯᠡᠭᠰᠡᠨ ᠵᠣᠬᠢᠶᠠᠨ ᠪᠠᠶᠢᠭᠤᠯᠤᠯᠲᠠ ᠪᠠᠷ ᠬᠠᠭᠤᠴᠢᠨ ᠪᠣᠭᠳᠠ ᠬᠠᠭᠠᠨᠲᠤ ᠮᠣᠩᠭᠣᠯ ᠤᠯᠤᠰ ᠍ ᠤᠨ ᠲᠦᠰᠢᠶᠡᠲᠦ ᠬᠠᠨ ᠠᠶᠢᠮᠠᠭ ᠤᠨ ᠡᠷᠳᠡᠨᠢ ᠴᠢᠨ ᠸᠠᠩ ᠤᠨ ᠬᠣᠰᠢᠭᠤ ᠪᠤᠶᠤ ᠰᠢᠨᠡᠴᠢᠯᠡᠭᠰᠡᠨ ᠨᠡᠷ᠎ᠡ ᠪᠡᠷ ᠵᠡᠭᠦᠨ ᠪᠦᠷᠡᠨ ᠬᠠᠨ ᠠᠭᠤᠯᠠ ᠶᠢᠨ ᠬᠣᠰᠢᠭᠤ ᠪᠠᠶᠢᠭᠤᠯᠬᠤ ᠳᠤ ᠣᠷᠣᠨ ᠨᠤᠲᠤᠭ ᠤᠨ ᠵᠠᠰᠠᠭ ᠵᠠᠬᠢᠷᠭᠠᠨ ᠤ ᠠᠩᠬᠠᠨ ᠱᠠᠲᠤᠨ ᠤ 12 ᠰᠤᠮᠤ ᠲᠠᠢ ᠪᠠᠶᠢᠭᠰᠠᠨ ᠤ ᠨᠢᠭᠡ ᠨᠢ ᠱᠠᠮᠠᠷ ᠶᠤᠮ᠃ ᠲᠤᠰ ᠰᠤᠮᠤ ᠨᠢ 67191 ᠭᠠ ᠭᠠᠵᠠᠷ ᠨᠤᠲᠤᠭ ᠲᠠᠢ ᠪᠠ ᠡᠭᠦᠨ ᠡᠴᠡ 24842 ᠭᠠ ᠢ ᠣᠢ ᠡᠵᠡᠯᠡᠳᠡᠭ᠃ ᠰᠤᠮᠤ ᠶᠢᠨ ᠲᠥᠪ ᠡᠴᠡ ᠳᠤᠯᠠᠭᠠᠨᠬᠠᠭᠠᠨ ᠰᠠᠭᠤᠷᠢᠨ ᠨᠢ ᠡᠮᠦᠨ᠎ᠡ ᠵᠦᠭ ᠲᠤ 35 ᠺᠢᠯᠣᠮᠧᠲ᠋ᠷ ᠵᠠᠢ ᠳᠤ ᠣᠷᠣᠰᠢᠨ᠎ᠠ᠃ ᠲᠤᠰ ᠰᠤᠮᠤ ᠮᠣᠩᠭᠣᠯ ᠳᠤ ᠪᠠᠨ ᠠᠩᠬ᠎ᠠ ᠤᠳᠠᠭ᠎ᠠ ᠪᠠᠯᠲᠤ ᠵᠥᠭᠡᠢ ᠦᠷᠡᠵᠢᠭᠦᠯᠦᠭᠰᠡᠨ ᠭᠠᠵᠠᠷ ᠪᠥᠭᠡᠳ ᠬᠦᠨᠡᠰᠦᠨ ᠦ ᠨᠣᠭᠣᠭ᠎ᠠ ᠲᠠᠷᠢᠶᠠᠯᠠᠯᠲᠠ ᠪᠠᠷ ᠢᠶᠠᠨ ᠤᠯᠤᠰ ᠲᠤ ᠪᠠᠨ ᠲᠡᠷᠢᠭᠦᠯᠡᠭᠴᠢ ᠨᠢ ᠶᠤᠮ᠃

ᠪᠢᠴᠢᠭᠡᠰᠦ