ᠱᠠᠩᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠱᠠᠩᠳᠤ (ᠬᠢᠲᠠᠳ: 上都 ᠬᠢᠲᠠᠳ ᠯᠠᠲ᠋ᠢᠨ: Shàngdū) ᠨᠢ ᠬᠤᠪᠢᠯᠠᠢ ᠬᠠᠭᠠᠨᠶᠤᠸᠠᠨ ᠭᠦᠷᠦᠨ ᠦ ᠵᠤᠨ ᠤ ᠨᠡᠶᠢᠰᠯᠡᠯ ᠪᠠᠶᠢᠭᠰᠠᠨ ᠪᠥᠭᠡᠳ ᠬᠣᠵᠢᠮ ᠬᠤᠪᠢᠯᠠᠢ ᠨᠡᠶᠢᠰᠯᠡᠯ ᠢᠶᠡᠨ ᠳᠠᠳᠤ ᠪᠤᠶᠤ ᠣᠳᠣ ᠶᠢᠨ ᠪᠡᠭᠡᠵᠢᠩ ᠳᠤ ᠰᠢᠯᠵᠢᠭᠦᠯᠵᠡᠢ᠃ ᠣᠳᠣ ᠶᠢᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠣᠣᠯ ᠠᠶᠢᠮᠠᠭ ᠤᠨ ᠳᠣᠯᠣᠨᠨᠠᠭᠤᠷ ᠲᠣᠭᠣᠷᠢᠭ ᠤᠨ ᠲᠥᠪ ᠡᠴᠡ ᠪᠠᠷᠠᠭᠤᠨ ᠬᠣᠶᠢᠰᠢ 28 ᠺᠢᠯᠣᠮᠧᠲ᠋ᠷ ᠳᠦ᠂ ᠪᠡᠭᠡᠵᠢᠩ ᠬᠣᠲᠠ ᠠᠴᠠ ᠬᠣᠶᠢᠰᠢ 275 ᠺᠢᠯᠣᠮᠧᠲ᠋ᠷ ᠵᠠᠢ ᠳᠤ ᠣᠷᠣᠰᠢᠨ᠎ᠠ᠃ ᠨᠢᠭᠡ ᠲᠠᠯ᠎ᠠ ᠨᠢ 2,200 ᠮ ᠣᠷᠴᠢᠮ ᠤᠷᠲᠤ ᠲᠠᠢ ᠲᠡᠭ ᠳᠥᠷᠪᠡᠯᠵᠢᠨ ᠬᠠᠨ᠎ᠠ ᠪᠠᠷ ᠬᠦᠷᠢᠶᠡᠯᠡᠭᠳᠡᠭᠰᠡᠨ 《ᠭᠠᠳᠠᠭᠠᠳᠤ ᠬᠣᠲᠠ》, ᠲᠡᠭᠦᠨ ᠦ ᠵᠡᠭᠦᠨ ᠡᠮᠦᠨᠡᠲᠦ ᠬᠡᠰᠡᠭ ᠲᠦ 1,400 ᠮ ᠤᠷᠲᠤ ᠲᠠᠢ ᠲᠠᠯ᠎ᠠ ᠪᠦᠬᠦᠢ ᠲᠡᠭ ᠳᠥᠷᠪᠡᠯᠵᠢᠨ ᠬᠡᠯᠪᠡᠷᠢᠲᠡᠢ 《ᠳᠣᠲᠣᠭᠠᠳᠤ ᠬᠣᠲᠠ》, ᠮᠥᠨ ᠬᠠᠮᠢᠭᠠᠰᠢ ᠬᠠᠮᠢᠭᠠᠰᠢ ᠪᠠᠨ 550 ᠮ ᠤᠷᠲᠤ ᠲᠠᠢ ᠬᠤᠪᠢᠯᠠᠢ ᠬᠠᠭᠠᠨ ᠤ ᠵᠤᠨ ᠤ ᠣᠷᠳᠣᠨ ᠠᠴᠠ ᠪᠥᠷᠢᠳᠴᠦ ᠪᠠᠶᠢᠪᠠ᠃

ᠢᠳᠡ ᠴᠡᠴᠡᠭᠯᠡᠯᠲᠡ ᠶᠢᠨ ᠦᠶᠡᠳᠡᠭᠡ 100,000 ᠣᠷᠴᠢᠮ ᠬᠦᠮᠦᠨ ᠬᠣᠲᠠ ᠶᠢᠨ ᠬᠠᠨᠠᠨ ᠳᠣᠲᠣᠷ᠎ᠠ ᠠᠮᠢᠳᠤᠷᠠᠵᠤ ᠪᠠᠶᠢᠭᠰᠠᠨ ᠭᠡᠳᠡᠭ᠃ 1369 ᠣᠨ ᠳᠤ ᠮᠢᠨᠢ ᠤᠯᠤᠰ ᠤᠨ ᠠᠷᠮᠢ ᠬᠣᠲᠠ ᠶᠢ ᠡᠵᠡᠯᠡᠵᠦ᠂ ᠶᠤᠸᠠᠨ ᠭᠦᠷᠦᠨ ᠦ ᠰᠡᠭᠦᠯᠴᠢ ᠶᠢᠨ ᠬᠠᠭᠠᠨ ᠲᠣᠭᠠᠨᠲᠡᠮᠦᠷ ᠳᠤᠲᠠᠭᠠᠭᠰᠠᠨ ᠤ ᠳᠠᠷᠠᠭ᠎ᠠ ᠭᠠᠯᠳᠠᠨ ᠰᠢᠲᠠᠭᠠᠭᠰᠠᠨ ᠢᠶᠠᠷ ᠬᠣᠲᠠ ᠰᠥᠨᠥᠵᠡᠢ᠃

2002 ᠣᠨ ᠠᠴᠠ ᠳᠠᠬᠢᠨ ᠰᠡᠷᠭᠦᠭᠡᠬᠦ ᠠᠵᠢᠯ ᠡᠬᠢᠯᠡᠭᠰᠡᠨ ᠪᠥᠭᠡᠳ 2008 ᠣᠨ ᠤ 3 ᠰᠠᠷ᠎ᠠ ᠳᠤ ᠬᠢᠲᠠᠳ ᠤᠨ ᠵᠠᠰᠠᠭ ᠤᠨ ᠭᠠᠵᠠᠷ United Nations Educational Scientific and Cultural Organization ᠍ ᠶᠢᠨ ᠳᠡᠯᠡᠬᠡᠢ ᠶᠢᠨ ᠥᠪᠡᠶᠢᠨ ᠵᠢᠭ᠌ᠰᠠᠭᠠᠯᠳᠠ ᠳᠤ 《ᠶᠤᠸᠠᠨ ᠭᠦᠷᠦᠨ ᠦ ᠳᠡᠭᠡᠳᠦ ᠨᠡᠶᠢᠰᠯᠡᠯ (ᠵᠠᠨᠤᠳᠤ) ᠪᠠ ᠳᠤᠮᠳᠠ ᠨᠡᠶᠢᠰᠯᠡᠯ》 ᠭᠡᠰᠡᠨ ᠨᠡᠷ᠎ᠡ ᠪᠡᠷ ᠪᠥᠷᠢᠳᠬᠡᠭᠦᠯᠬᠦ ᠬᠦᠰᠡᠯᠲᠡ ᠭᠠᠷᠭᠠᠭᠠᠳ ᠪᠠᠶᠢᠭ᠎ᠠ[1]

ᠸᠧᠨᠧᠼ ᠤᠨ ᠠᠶᠠᠯᠠᠭᠴᠢ ᠮᠠᠷᠺᠣ ᠫᠣᠯᠣ 1275 ᠣᠨ ᠳᠤ ᠱᠠᠩᠳᠤᠳ ᠢᠷᠡᠭᠰᠡᠨ ᠪᠥᠭᠡᠳ ᠥᠪᠡᠷ ᠦᠨ ᠠᠶᠠᠯᠠᠯ ᠤᠨ ᠲᠡᠮᠳᠡᠭᠯᠡᠯ ᠳᠦ ᠪᠡᠨ ᠭᠠᠶᠢᠬᠠᠮᠰᠢᠭᠲᠠᠢ ᠬᠣᠲᠠ ᠬᠡᠮᠡᠨ ᠳᠤᠷᠢᠳᠠᠭᠰᠠᠨ ᠪᠠᠶᠢᠳᠠᠭ ᠨᠢ ᠪᠠᠷᠠᠭᠤᠨ ᠤ ᠶᠢᠷᠲᠢᠨᠴᠦᠳ 《ᠮᠥᠷᠥᠭᠡᠳᠦᠯ ᠦᠨ ᠬᠣᠲᠠ ᠵᠠᠨᠤᠳᠤ》 ᠬᠡᠮᠡᠬᠦ ᠣᠶᠢᠯᠠᠭᠠᠯᠲᠠ ᠶᠢ ᠪᠤᠢ ᠪᠣᠯᠭᠠᠵᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠱᠠᠩᠳᠤ&oldid=351654》 ᠍  ᠡᠴᠡ ᠠᠪᠤᠭᠰᠠᠨ

ᠪᠢᠴᠢᠭᠡᠰᠦ