ᠱᠠᠩᠬᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠱᠠᠩᠬᠠᠢ ᠬᠣᠲᠠ
ᠹᠠᠢᠢᠯ:ᠱᠠᠩᠬᠤ ᠮᠪ᠃png
ᠲᠥᠪ ᠦᠨ ᠰᠢᠭᠤᠳ ᠬᠠᠷᠢᠶ᠎ᠠ ᠬᠣᠲᠠ
ᠬᠢᠲᠠᠳ ᠣᠷᠣᠨ ᠳᠠᠬᠢ ᠱᠠᠩᠬᠠᠢ ᠬᠣᠲᠠ ᠶᠢᠨ ᠨᠤᠲᠤᠭ
ᠤᠯᠤᠰ ᠣᠷᠣᠨ Flag of the People's Republic of China.svg ᠬᠢᠲᠠᠳ
ᠤᠯᠤᠰ ᠤᠨ ᠬᠣᠲᠠ ᠱᠠᠩᠬᠠᠢ
ᠬᠣᠰᠢᠭᠤ ᠮᠡᠲᠦ (17) ᠨᠡᠷ᠎ᠡ ᠪᠦᠬᠦᠢ 16 ᠳᠡᠭᠦᠷᠭᠡ᠂ 1 ᠰᠢᠶᠠᠨ
ᠭᠠᠵᠠᠷ ᠨᠤᠲᠤᠭ 6,340.5 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 4 ᠮ
ᠬᠦᠮᠦᠨ ᠠᠮᠠ 2010 ᠣᠨ ᠳᠤ 23,019,148 ᠬᠦᠮᠦᠨ
ᠨᠢᠭᠲᠠᠴᠠ ᠰᠡᠶᠢᠷᠡᠭ 3884 ᠬᠦᠮᠦᠨ/км²
ᠠᠷᠠᠳ ᠲᠦᠮᠡᠨ 99% - ᠬᠢᠲᠠᠳ᠂ 1% - ᠪᠤᠰᠤᠳ
ᠨᠤᠲᠤᠭ ᠤᠨ ᠣᠯᠠᠨ ᠱᠠᠩᠬᠠᠢ ᠶᠢᠨ ᠬᠢᠨ
5-7 ᠍ ᠳᠦᠭᠡᠷ ᠵᠠᠭᠤᠨ ᠠᠩᠬᠠᠨ ᠤ ᠭᠡᠬᠦ ᠲᠥᠪᠯᠡᠷᠡᠯ
1292 ᠣᠨ ᠬᠣᠰᠢᠭᠤ ᠡᠭᠦᠰᠦᠭᠰᠡᠨ
1927 ᠣᠨ ᠤᠯᠤᠰ ᠤᠨ ᠬᠣᠲᠠ ᠪᠣᠯᠤᠭᠰᠠᠨ
ᠴᠠᠭ ᠤᠨ ᠪᠥᠰᠡ ᠪᠡᠭᠡᠵᠢᠩ ᠦᠨ ᠴᠠᠭ (ГЦ+8)
ᠮᠠᠰᠢᠨ ᠤ ᠳ᠋ᠣᠭᠠᠷ 沪A, B, D, E, F, G, H, J, K
ᠴᠠᠬᠢᠮ ᠭᠠᠵᠠᠷ shanghai.gov.cn (ᠬᠢᠲᠠᠳ ᠢᠶᠠᠷ)

ᠱᠠᠩᠬᠠᠢ (ᠬᠢᠲᠠᠳ ᠢᠶᠠᠷ 上海) ᠨᠢ ᠬᠢᠲᠠᠳ ᠤᠯᠤᠰ ᠤᠨ ᠬᠠᠮᠤᠭ ᠤᠨ ᠲᠣᠮᠣ ᠲᠡᠳᠦᠢ ᠦᠭᠡᠢ ᠳᠡᠯᠡᠬᠡᠢ ᠶᠢᠨ ᠬᠠᠮᠤᠭ ᠤᠨ ᠶᠡᠬᠡ ᠬᠦᠮᠦᠨ ᠲᠡᠢ ᠬᠣᠲᠠ ᠶᠤᠮ᠃ ᠬᠢᠲᠠᠳ ᠤᠨ ᠮᠤᠵᠢ ᠶᠢᠨ ᠵᠢᠨᠳᠠ ᠤᠨ 4 ᠬᠣᠲᠠ ᠶᠢᠨ ᠨᠢᠭᠡ ᠪᠠ 2010 ᠣᠨ ᠤ ᠲᠣᠭᠠᠯᠠᠯᠭ᠎ᠠ ᠪᠠᠷ 23 ᠰᠠᠶ᠎ᠠ ᠬᠦᠮᠦᠨ ᠲᠡᠢ ᠪᠠᠶᠢᠨ᠎ᠠ᠃ ᠬᠥᠬᠡ ᠮᠥᠷᠡᠨ ᠦ ᠲᠡᠩᠭᠢᠰ ᠲᠦ ᠴᠢᠳᠭᠤᠬᠤ ᠠᠮᠠᠨ ᠳᠤ ᠪᠠᠶᠢᠷᠢᠯᠠᠳᠠᠭ᠂ ᠵᠢᠨᠢᠰᠤᠵᠧᠽᠢᠶᠠᠨ ᠮᠤᠵᠢᠭᠤᠳᠠ ᠲᠠᠢ ᠪᠠᠷᠠᠭᠤᠨ ᠲᠠᠯ᠎ᠠ ᠳᠤ ᠪᠠᠨ ᠬᠢᠯᠢ ᠵᠠᠯᠭᠠᠨ᠎ᠠ᠃

ᠱᠠᠩᠬᠠᠢ ᠨᠢ ᠠᠩᠬ᠎ᠠ ᠵᠢᠭᠠᠰᠤᠨ ᠤ ᠠᠵᠤ ᠠᠬᠤᠢᠳᠠᠪᠤᠤᠨ ᠤ ᠦᠢᠯᠡᠳᠪᠦᠷᠢᠯᠡᠯ ᠶᠠᠪᠤᠭᠤᠯᠳᠠᠭ ᠲᠣᠰᠬᠣᠨ ᠪᠠᠶᠢᠭᠰᠠᠨ ᠪᠣᠯᠪᠠᠴᠤ 19 ᠍ ᠳᠦᠭᠡᠷ ᠵᠠᠭᠤᠨ ᠠᠴᠠ ᠪᠠᠶᠢᠷᠢ ᠰᠠᠭᠤᠷᠢ ᠲᠠᠢ ᠪᠣᠯᠵᠠᠢ᠃ ᠡᠭᠦᠨ ᠦ ᠤᠴᠢᠷ ᠨᠢ ᠱᠠᠩᠬᠠᠢ ᠶᠢᠨ ᠪᠣᠭᠣᠮᠲᠠ ᠶᠢᠨ ᠠᠰᠢᠭᠲᠠᠢ ᠪᠠᠶᠢᠷᠢᠯᠠᠯ ᠪᠣᠯᠤᠨ 1842 ᠣᠨ ᠤ ᠨᠠᠩᠬᠢᠨ ᠤ ᠭᠡᠷ᠎ᠡᠭᠡᠷ᠎ᠡ ᠭᠠᠳᠠᠭᠠᠳᠤ ᠲᠠᠢ ᠬᠤᠳᠠᠯᠳᠤᠭ᠎ᠠ ᠬᠢᠬᠦ ᠶᠢ ᠵᠥᠪᠰᠢᠶᠡᠷᠡᠭᠰᠡᠨ ᠬᠣᠲᠠ ᠨᠤᠭᠤᠳ ᠤᠨ ᠨᠢᠭᠡ ᠪᠠᠶᠢᠭᠰᠠᠨ ᠳᠤ ᠣᠷᠣᠰᠢᠨ᠎ᠠ᠃ ᠱᠠᠩᠬᠠᠢ ᠨᠢ ᠵᠡᠭᠦᠨ᠂ ᠪᠠᠷᠠᠭᠤᠨ ᠤ ᠬᠣᠭᠣᠷᠣᠨᠳᠣᠬᠢ ᠬᠤᠳᠠᠯᠳᠤᠭ᠎ᠠ ᠠᠷᠠᠯᠵᠢᠶᠠᠨ ᠤ ᠲᠥᠪ ᠪᠣᠯᠵᠤ ᠬᠥᠭᠵᠢᠭᠰᠡᠨ ᠪᠥᠭᠡᠳ 1930 ᠍ ᠊ᠭᠠᠳ ᠣᠨ ᠭᠡᠬᠦ ᠳᠦ ᠰᠠᠩᠬᠦᠦᠪᠢᠽᠢᠨ᠋ᠧᠰᠡᠶᠢᠨ ᠲᠣᠮᠣᠬᠠᠨ ᠲᠥᠪ ᠪᠣᠯᠤᠭᠰᠠᠨ ᠪᠠᠶᠢᠪᠠ᠃ ᠭᠡᠪᠡᠴᠦ 1949 ᠣᠨ ᠳᠤ ᠺᠣᠮᠮᠤᠨᠢᠰᠲ᠋ᠤᠤᠳ ᠵᠠᠰᠠᠭ ᠤᠨ ᠡᠷᠬᠡᠨ ᠳᠦ ᠭᠠᠷᠤᠭᠰᠠᠨ ᠢᠶᠠᠷ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠵᠣᠭᠰᠣᠵᠤ᠂ ᠡᠳ᠋ ᠍ ᠦᠨ ᠵᠠᠰᠠᠭ ᠨᠢ ᠭᠡᠨᠡᠳᠲᠡ ᠵᠣᠭᠰᠣᠵᠠᠢ᠃ 1990 ᠣᠨ ᠳᠤ ᠡᠳ᠋ ᠍ ᠦᠨ ᠵᠠᠰᠠᠭ ᠤᠨ ᠰᠢᠨᠡᠴᠢᠯᠡᠯ ᠬᠢᠭᠰᠡᠨ ᠢᠶᠡᠷ ᠱᠠᠩᠬᠠᠢ ᠨᠢ ᠳᠠᠬᠢᠨ ᠡᠷᠡᠰ ᠬᠤᠷᠳᠤ ᠲᠠᠢ ᠪᠠᠷ ᠬᠥᠭᠵᠢᠵᠦ᠂ 2005 ᠣᠨ ᠭᠡᠬᠦ ᠳᠦ ᠳᠡᠯᠡᠬᠡᠢ ᠶᠢᠨ ᠬᠠᠮᠤᠭ ᠤᠨ ᠲᠣᠮᠣ ᠪᠣᠭᠣᠮᠲᠠ ᠪᠣᠯᠤᠭᠰᠠᠨ ᠪᠠᠶᠢᠨ᠎ᠠ᠃

ᠱᠠᠩᠬᠠᠢ ᠨᠢ ᠥᠰᠴᠢ ᠪᠤᠢ ᠠᠶᠠᠯᠠᠯ ᠵᠢᠭᠤᠯᠴᠢᠯᠠᠯ ᠍ ᠤᠨ ᠲᠥᠪ ᠪᠥᠭᠡᠳ ᠪᠤᠨᠳᠠᠰᠢᠩᠲ ᠢᠶᠠᠨᠳᠢ ᠵᠡᠷᠭᠡ ᠲᠡᠦᠬᠡᠨ ᠳᠤᠷᠠᠰᠬᠠᠯᠲᠤ ᠭᠠᠵᠠᠷ ᠤᠳ᠂ ᠣᠷᠴᠢᠨ ᠦᠶ᠎ᠡ ᠶᠢᠨ ᠬᠥᠭᠵᠢᠵᠦ ᠪᠤᠢ ᠫᠦᠳᠣᠩ ᠢ ᠳᠡᠭᠦᠷᠭᠡ ᠶᠢᠨ ᠪᠠᠶᠢᠰᠢᠩ ᠪᠠᠷᠢᠯᠭ᠎ᠠ᠂ ᠰᠤᠶᠤᠯ ᠤᠷᠠᠯᠢᠭᠳ᠋ᠢᠽᠠᠢ ᠶᠢᠨᠢ ᠲᠥᠪ ᠭᠡᠳᠡᠭ ᠢᠶᠡᠷ ᠢᠶᠡᠨ ᠠᠯᠳᠠᠷᠲᠠᠢ᠃ ᠥᠨᠥ ᠦᠶ᠎ᠡ ᠳᠦ ᠱᠠᠩᠬᠠᠢ ᠨᠢ ᠬᠤᠳᠠᠯᠳᠤᠭ᠎ᠠ ᠠᠷᠠᠯᠵᠢᠶ᠎ᠠ᠂ ᠰᠠᠩᠬᠦᠦ ᠶᠢᠨ ᠴᠢᠬᠤᠯᠠ ᠲᠥᠪ ᠪᠣᠯᠵᠠᠢ᠃ ᠱᠠᠩᠬᠠᠢ ᠶᠢ 《ᠢᠷᠡᠭᠡᠳᠦᠢ ᠶᠢᠨ ᠳᠡᠯᠡᠬᠡᠢ ᠶᠢᠨ ᠬᠣᠲᠠ》, ᠳᠡᠯᠡᠬᠡᠢ ᠶᠢᠨ ᠬᠠᠮᠤᠭ ᠤᠨ ᠬᠤᠷᠳᠤᠴᠠ ᠲᠠᠢ ᠬᠥᠭᠵᠢᠵᠦ ᠪᠤᠢ ᠡᠳ᠋ ᠍ ᠦᠨ ᠵᠠᠰᠠᠭ ᠤᠨ 《ᠦᠵᠡᠭᠦᠯᠦᠨ》 ᠬᠡᠮᠡᠨ ᠲᠣᠳᠣᠷᠬᠠᠶᠢᠯᠠᠵᠤ ᠪᠠᠶᠢᠨ᠎ᠠ᠃

ᠱᠠᠩᠬᠠᠢ ᠨᠢ ᠡᠺᠰᠫᠣ-2010 ᠦᠵᠡᠰᠬᠦᠯᠡᠩ ᠢ ᠵᠣᠬᠢᠶᠠᠨ ᠪᠠᠶᠢᠭᠤᠯᠬᠤ ᠪᠥᠭᠡᠳ ᠡᠭᠦᠨ ᠳᠦ ᠮᠠᠰᠢ ᠶᠡᠬᠡ ᠠᠴᠢ ᠬᠣᠯᠪᠣᠭᠳᠠᠯ ᠥᠭᠴᠦ᠂ ᠬᠣᠲᠠ ᠪᠠᠨ ᠬᠥᠭᠵᠢᠭᠦᠯᠵᠦ ᠪᠠᠶᠢᠭ᠎ᠠ ᠪᠣᠯᠤᠨ᠎ᠠ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠩᠬᠠᠢ ᠭᠡᠳᠡᠭ ᠨᠢ 《ᠲᠡᠩᠭᠢᠰ ᠦᠨ ᠮᠠᠨᠳᠠᠯ ᠳᠡᠭᠡᠷ᠎ᠡ》 ᠭᠡᠬᠦ ᠤᠳᠬ᠎ᠠ ᠲᠠᠢ 上 (《ᠳᠡᠭᠡᠷᠡᠬᠢ》), 海 (《ᠲᠡᠩᠭᠢᠰ》) ᠬᠣᠶᠠᠷ ᠬᠠᠨᠵᠤ ᠦᠰᠦᠭ ᠦᠨ ᠨᠡᠶᠢᠯᠡᠮᠵᠢ ᠶᠤᠮ᠃ ᠡᠨᠡ ᠨᠡᠷ᠎ᠡ ᠨᠢ ᠬᠥᠬᠡ ᠮᠥᠷᠡᠨ ᠦ ᠪᠡᠯᠴᠢᠷ ᠲᠦ ᠬᠣᠲᠠ ᠪᠠᠶᠢᠷᠢᠯᠠᠳᠠᠭ ᠠᠴᠠ ᠡᠭᠦᠳᠡᠨ ᠯᠠᠪ 11 ᠍ ᠳᠦᠭᠡᠷ ᠵᠠᠭᠤᠨ ᠤ ᠰᠦᠨ ᠤᠯᠤᠰ ᠤᠨ ᠦᠶ᠎ᠡ ᠳᠦ ᠳᠡᠯᠭᠡᠷ ᠬᠡᠷᠡᠭᠯᠡᠭᠳᠡᠳᠡᠭ ᠪᠠᠶᠢᠴᠠᠢ᠃ ᠬᠢᠲᠠᠳ ᠤᠨ ᠲᠡᠦᠬᠡᠴᠢᠳ ᠡᠨᠡ ᠨᠡᠷ᠎ᠡ ᠨᠢ ᠲᠠᠨ ᠤᠯᠤᠰ ᠤᠨ ᠦᠶᠡᠰ ᠬᠡᠷᠡᠭᠯᠡᠭᠳᠡᠭᠰᠡᠨ ᠭᠡᠵᠦ ᠲᠠᠭᠠᠮᠠᠭᠯᠠᠳᠠᠭ᠃ ᠠᠩᠭᠯᠢ ᠬᠡᠯᠡᠭᠡᠷᠬᠡ 《ᠳᠣᠷᠣᠨ᠎ᠠ ᠶᠢᠨ ᠫᠠᠷᠢᠰ》 ᠭᠡᠬᠦ ᠤᠳᠬ᠎ᠠ ᠲᠠᠢ ᠬᠣᠴᠢ ᠨᠡᠷ᠎ᠡ ᠮᠥᠨ ᠪᠤᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠱᠠᠩᠬᠠᠢ
http://wiki.uhaan.com/index.php?title=ᠱᠠᠩᠬᠠᠢ&oldid=432365》 ᠍  ᠡᠴᠡ ᠠᠪᠤᠭᠰᠠᠨ

ᠪᠢᠴᠢᠭᠡᠰᠦ