ᠱᠠᠨ ᠰᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠱᠠᠨ ᠰᠢ[1] (ᠬᠢᠲᠠᠳ ᠢᠶᠠᠷ 山西
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 [Shānxī] - [ᠱᠠᠨᠢᠰᠢᠢ]) ᠭᠡᠵᠦ ᠳᠤᠮᠳᠠᠳᠤ ᠤᠯᠤᠰ ᠍ ᠤᠨ ᠲᠥᠪ ᠬᠡᠰᠡᠭ ᠲᠦ ᠾᠸᠪᠸᠢᠾᠸᠨᠠᠨᠱᠠᠨᠰᠢᠥᠪᠥᠷ ᠮᠣᠩᠭᠣᠯ ᠭᠡᠬᠦ ᠳᠥᠷᠪᠡᠨ ᠮᠤᠵᠢ ᠣᠷᠣᠨ ᠢᠶᠠᠷ ᠬᠦᠷᠢᠶᠡᠯᠡᠭᠦᠯᠵᠦ 165 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠡᠵᠡᠯᠡᠵᠦ ᠣᠷᠣᠰᠢᠭᠰᠠᠨ 36 ᠰᠠᠶ᠎ᠠ ᠬᠦᠮᠦᠨ ᠲᠡᠢ ᠮᠤᠵᠢ ᠪᠠᠶᠢᠳᠠᠭ᠃ ᠲᠠᠶᠢᠬᠠᠨ ᠨᠢᠷᠤᠭᠤᠨ ᠤ ᠠᠯᠳᠠᠷᠲᠤ ᠤᠲᠠᠢ ᠠᠭᠤᠯᠠ ᠍ ᠤᠨ ᠤᠮᠠᠷᠠᠲᠤ ᠣᠷᠭᠢᠯ (ᠳᠠᠯᠠᠢ ᠶᠢᠨ ᠲᠦᠪᠰᠢᠨ ᠡᠴᠡ 3058 ᠮ) ᠬᠠᠷᠢᠴᠠᠩᠭᠤᠢ ᠠᠭᠤᠯᠠᠷᠬᠠᠭ᠂ ᠥᠨᠳᠦᠷᠯᠢᠭ ᠡᠨᠡ ᠨᠤᠲᠤᠭ ᠤᠨ ᠬᠠᠮᠤᠭ ᠤᠨ ᠥᠨᠳᠦᠷ ᠴᠡᠭ ᠶᠤᠮᠰᠠᠨᠵᠡᠢ᠃ ᠮᠤᠵᠢ ᠶᠢᠨ ᠵᠠᠰᠠᠭ ᠵᠠᠬᠢᠷᠭᠠᠨ ᠤ ᠲᠥᠪ ᠲᠠᠢᠢᠶᠤᠸᠠᠨ ᠬᠣᠲᠠ ᠠᠴᠠ ᠭᠠᠳᠠᠨ᠎ᠠ ᠳᠠᠲ᠋ᠦᠶᠢᠨᠴᠢᠩᠵᠢᠶᠠᠩᠴᠤᠨᠢ ᠵᠡᠷᠭᠡ ᠲᠣᠮᠣᠬᠠᠨ ᠬᠣᠲᠠ ᠨᠤᠭᠤᠳ ᠪᠤᠢ᠃ ᠱᠠᠨᠰᠢ ᠠᠴᠠ ᠰᠢᠷ᠎ᠠ ᠮᠥᠷᠡᠨ ᠢᠶᠡᠷ (ᠬᠠᠲᠤᠨ ᠭᠣᠣᠯ ᠢᠶᠠᠷ), ᠥᠪᠥᠷ ᠮᠣᠩᠭᠣᠯ ᠠᠴᠠ ᠴᠠᠭᠠᠨ ᠬᠡᠷᠡᠮ ᠢᠶᠡᠷ ᠵᠠᠭᠠᠭᠯᠠᠭᠳᠠᠳᠠᠭ᠃ ᠬᠦᠮᠦᠨ ᠠᠮᠠ ᠶᠢᠨ 99.7% ᠨᠢ ᠬᠢᠲᠠᠳ. ᠳᠣᠲᠣᠷ᠎ᠠ ᠪᠠᠨ ᠠᠶᠢᠮᠠᠭ ᠤᠨ ᠡᠩ ᠲᠡᠢ 11 ᠬᠣᠲᠠ ᠪᠣᠯᠵᠤ ᠬᠤᠪᠢᠶᠠᠭᠳᠠᠳᠠᠭ᠃

ᠱᠠᠨ ᠰᠢ ᠪᠤᠶᠤ ᠠᠭᠤᠯᠠ ᠶᠢᠨ ᠪᠠᠷᠠᠭᠤᠨ ᠮᠤᠵᠢ ᠭᠡᠰᠡᠨ ᠨᠡᠷ᠎ᠡ ᠲᠡᠢ ᠡᠨᠡ ᠮᠤᠵᠢ ᠬᠢᠲᠠᠳ ᠤᠨ ᠲᠥᠪ ᠬᠡᠰᠡᠭ ᠲᠦ ᠲᠠᠶᠢᠬᠠᠨᠱᠠᠨᠢ ᠠᠭᠤᠯᠠ ᠶᠢᠨ ᠪᠠᠷᠠᠭᠤᠨ ᠲᠠᠯ᠎ᠠ ᠳᠤ ᠣᠷᠣᠰᠢᠳᠠᠭ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ᠂ ᠬᠡᠪᠡᠢ᠂ ᠱᠠᠨᠢᠰᠢ᠂ ᠾᠸᠨᠠᠨ ᠮᠤᠵᠢ ᠨᠤᠭᠤᠳ ᠲᠠᠢ ᠲᠤᠰ ᠲᠤᠰ ᠬᠢᠯᠢᠯᠡᠳᠡᠭ᠃ ᠨᠤᠲᠤᠭ ᠳᠡᠪᠢᠰᠬᠡᠷ ᠨᠢ 160 ᠮᠢᠩᠭᠠᠨ ᠺᠦᠸᠠᠳ᠋ ᠺᠮ᠃ 33 ᠰᠠᠶ᠎ᠠ ᠬᠦᠮᠦᠨ ᠠᠮᠠ ᠲᠠᠢ᠃ ᠬᠠᠨ᠂ ᠬᠣᠲᠣᠩ᠂ ᠮᠣᠩᠭᠣᠯ᠂ ᠮᠠᠨᠵᠤ ᠵᠡᠷᠭᠡ ᠦᠨᠳᠦᠰᠦᠲᠡᠨ ᠶᠠᠰᠤᠲᠠᠨ ᠣᠷᠣᠰᠢᠨ ᠰᠠᠭᠤᠳᠠᠭ᠃ ᠮᠤᠵᠢ ᠶᠢᠨ ᠲᠥᠪ ᠨᠢ ᠲᠠᠢᠢᠶᠤᠸᠠᠨ ᠬᠣᠲᠠ᠃ ᠡᠨᠡ ᠮᠤᠵᠢ ᠶᠢᠨ ᠨᠤᠲᠤᠭ ᠳᠡᠪᠢᠰᠬᠡᠷ ᠢ ᠪᠦᠬᠦᠯᠢ ᠳᠦ ᠨᠢ ᠱᠠᠨᠢᠰᠢᠭ ᠤᠨ ᠥᠨᠳᠦᠷᠯᠢᠭ ᠭᠡᠳᠡᠭ᠃ ᠵᠤᠵᠠᠭᠠᠨ ᠰᠢᠷ᠎ᠠ ᠰᠢᠷᠤᠶᠢᠨ ᠬᠥᠷᠦᠰᠦ ᠲᠡᠢ᠃ ᠵᠡᠭᠦᠨ ᠪᠠᠷᠠᠭᠤᠨ ᠬᠣᠶᠠᠷ ᠲᠠᠯ᠎ᠠ ᠪᠠᠷ ᠢᠶᠠᠨ ᠠᠭᠤᠯᠠᠷᠬᠠᠭ᠂ ᠳᠤᠮᠳᠠ ᠬᠡᠰᠡᠭ ᠲᠦ ᠪᠡᠨ ᠬᠣᠲᠣᠭᠣᠷ ᠭᠠᠵᠠᠷ ᠪᠣᠯᠤᠨ᠎ᠠ᠃ ᠲᠠᠶᠢᠬᠠᠨᠱᠠᠨᠢ᠂ ᠬᠡᠩᠰᠢᠨᠢ᠂ ᠤᠲᠠᠢ᠂ ᠲᠠᠦᠢ᠂ ᠯᠤᠶᠢᠯᠢᠩ ᠵᠡᠷᠭᠡ ᠲᠣᠮᠣᠬᠠᠨ ᠠᠭᠤᠯᠠ ᠨᠢᠷᠤᠭᠤᠳ ᠲᠠᠢ᠃ ᠳᠠᠯᠠᠢ ᠶᠢᠨ ᠲᠥᠪᠰᠢᠨ ᠡᠴᠡ ᠳᠡᠭᠡᠭᠰᠢ 3058 ᠮᠧᠲ᠋ᠷ ᠲᠦ ᠡᠷᠭᠦᠭᠳᠡᠭᠰᠡᠨ ᠤᠲᠠᠢ ᠠᠭᠤᠯᠠ ᠶᠢᠨ ᠨᠣᠶᠠᠨ ᠣᠷᠭᠢᠯ ᠪᠡᠶᠢᠲᠠᠶᠢᠳᠢ ᠬᠢᠲᠠᠳ ᠤᠨ ᠤᠮᠠᠷᠠᠲᠤ ᠨᠤᠲᠤᠭ ᠤᠨ ᠬᠠᠮᠤᠭ ᠤᠨ ᠥᠨᠳᠦᠷ ᠴᠡᠭ ᠪᠣᠯᠤᠨ᠎ᠠ᠃ ᠳᠠᠲ᠋ᠦᠶᠢᠨ᠂ ᠴᠢᠰᠢᠨᠢ᠂ ᠯᠢᠨᠹᠡᠨ᠂ ᠶᠦᠩᠴᠢᠨ ᠭᠡᠬᠦ ᠮᠡᠲᠦ ᠦᠷᠭᠦᠯᠵᠢᠯᠡᠨ ᠵᠠᠯᠭᠠᠯᠳᠤᠭᠰᠠᠨ ᠬᠣᠲᠣᠭᠣᠷ᠂ ᠨᠠᠮ ᠳᠣᠣᠷ᠎ᠠ ᠭᠠᠵᠠᠷ ᠤᠳ ᠪᠤᠢ᠃ ᠰᠢᠷ᠎ᠠ ᠮᠥᠷᠡᠨ /ᠬᠠᠲᠤᠨ ᠭᠣᠣᠯ/, ᠬᠠᠬᠢ ᠵᠡᠷᠭᠡ ᠲᠣᠮᠣ ᠭᠣᠣᠯ ᠮᠥᠷᠡᠨ ᠦ ᠤᠷᠤᠰᠬᠠᠯ ᠳᠤ ᠬᠠᠷᠢᠶᠠᠯᠠᠭᠳᠠᠳᠠᠭ ᠣᠯᠠᠨ ᠪᠠᠭ᠎ᠠ ᠵᠢᠵᠢᠭ ᠭᠣᠣᠯ ᠭᠣᠷᠭᠢ ᠲᠠᠢ᠃ ᠲᠤᠬᠠᠶᠢᠯᠠᠪᠠᠯ ᠹᠡᠩᠬᠡ ᠭᠣᠣᠯ ᠨᠢ ᠰᠢᠷ᠎ᠠ ᠮᠥᠷᠡᠨ ᠦ ᠬᠣᠶᠠᠷ ᠲᠤ ᠬᠢ ᠲᠣᠮᠣ ᠴᠢᠳᠬᠤᠯᠠᠩ ᠶᠤᠮ᠃ ᠨᠠᠭᠤᠷ ᠴᠥᠭᠦᠷᠦᠮ ᠴᠥᠭᠡᠲᠡᠢ᠃ ᠶᠦᠩᠴᠧᠩ ᠦᠨ ᠣᠶᠢᠷᠠᠯᠴᠠᠭᠠᠬᠢ ᠵᠢ ᠡᠴᠢ ᠨᠠᠭᠤᠷ ᠡᠨᠡ ᠮᠤᠵᠢ ᠶᠢᠨ ᠬᠠᠮᠤᠭ ᠤᠨ ᠲᠣᠮᠣ ᠨᠠᠭᠤᠷ ᠪᠣᠯᠤᠨ᠎ᠠ᠃ ᠰᠡᠷᠢᠭᠦᠨ ᠪᠥᠰᠡ ᠶᠢᠨ᠂ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠃ ᠳᠥᠷᠪᠡᠨ ᠤᠯᠠᠷᠢᠯ ᠲᠠᠢ᠂ ᠬᠠᠭᠤᠷᠠᠶᠢᠪᠲᠤᠷ᠂ ᠬᠤᠷ᠎ᠠ ᠪᠣᠷᠣᠭ᠎ᠠ ᠪᠠᠭ᠎ᠠ ᠲᠠᠢ᠃ ᠠᠭᠠᠷ ᠤᠨ ᠳᠤᠮᠳᠠᠴᠢ ᠨᠢ ᠵᠢᠯ ᠳᠤ +4+14 ᠬᠡᠮ ᠪᠥᠭᠡᠳ 1 ᠳᠦᠭᠡᠷ ᠰᠠᠷ᠎ᠠ ᠳᠤ 162 ᠬᠡᠮ᠂ 7 ᠳ᠋ᠤᠭᠠᠷ ᠰᠠᠷ᠎ᠠ ᠳᠤ +19+28 ᠬᠡᠮ ᠪᠠᠶᠢᠳᠠᠭ᠃ ᠵᠢᠯ ᠳᠤ ᠳᠤᠮᠳᠠᠴᠢ ᠪᠠᠷ 350700 ᠮᠮ ᠬᠤᠷ᠎ᠠ ᠲᠤᠨᠳᠠᠰᠤ ᠤᠨᠠᠳᠠᠭ᠃ ᠵᠤᠨ ᠳᠤ ᠪᠠᠨ ᠠᠭᠠᠳᠠᠷ ᠪᠣᠷᠣᠭ᠎ᠠ᠂ ᠮᠥᠨᠳᠥᠷ ᠶᠡᠬᠡ ᠪᠠᠭᠤᠳᠠᠭ᠂ ᠡᠪᠦᠯ᠂ ᠬᠠᠪᠤᠷ ᠲᠤ ᠪᠠᠨ ᠴᠠᠰᠤ᠂ ᠪᠣᠷᠣᠭ᠎ᠠ ᠪᠠᠭ᠎ᠠ ᠲᠠᠢ᠂ ᠬᠠᠪᠰᠠᠷᠭ᠎ᠠ ᠰᠠᠯᠬᠢ ᠶᠡᠬᠡ ᠲᠡᠢ᠃ ᠠᠰᠢᠭᠲᠤ ᠮᠠᠯᠲᠠᠮᠠᠯ ᠤᠨ ᠠᠷᠪᠢᠨ ᠶᠡᠬᠡ ᠨᠥᠭᠡᠴᠡᠲᠡᠢ ᠪᠡᠷ ᠢᠶᠡᠨ ᠬᠢᠲᠠᠳ ᠲᠤ ᠣᠨᠴᠠᠭᠠᠢ ᠪᠠᠶᠢᠷᠢ ᠡᠵᠡᠯᠡᠳᠡᠭ᠃ 120 ᠭᠠᠷᠤᠢ ᠲᠥᠷᠥᠯ ᠦᠨ ᠠᠰᠢᠭᠲᠤ ᠮᠠᠯᠲᠠᠮᠠᠯ ᠤᠨ ᠣᠷᠳᠣ ᠢᠯᠡᠷᠡᠭᠰᠡᠨ ᠦ ᠳᠣᠲᠣᠷ᠎ᠠ ᠨᠡᠭᠦᠷᠡᠰᠦ᠂ ᠬᠥᠩᠭᠡᠨ ᠴᠠᠭᠠᠨ᠂ ᠸᠠᠨᠠᠳᠢ᠂ ᠰᠤᠪᠳᠠᠨ ᠴᠢᠯᠠᠭᠤ᠂ ᠭᠠᠯ ᠳᠤ ᠲᠡᠰᠪᠦᠷᠢᠲᠡᠢ ᠰᠢᠷᠤᠶᠢᠨ ᠬᠥᠳᠡᠷ ᠵᠡᠷᠭᠡ 7 ᠲᠥᠷᠥᠯ ᠦᠨ ᠠᠰᠢᠭᠲᠤ ᠮᠠᠯᠲᠠᠮᠠᠯ ᠤᠨ ᠨᠥᠭᠡᠴᠡ ᠪᠡᠷ ᠢᠶᠡᠨ ᠬᠢᠲᠠᠳ ᠲᠤ ᠨᠢᠭᠡᠳᠦᠭᠡᠷ ᠪᠠᠶᠢᠷᠢ ᠡᠵᠡᠯᠡᠳᠡᠭ᠃ ᠣᠳᠣ ᠶᠢᠨ ᠪᠠᠶᠢᠳᠠᠯ ᠢᠶᠠᠷ ᠱᠠᠨ ᠰᠢ ᠳᠤ ᠢᠯᠡᠷᠡᠭᠡᠳ ᠪᠠᠶᠢᠭ᠎ᠠ ᠨᠡᠭᠦᠷᠡᠰᠦᠨ ᠦ ᠣᠷᠳᠣ ᠭᠠᠵᠠᠷ ᠤᠳ ᠨᠢ ᠨᠡᠶᠢᠲᠡ ᠳᠦ ᠪᠡᠨ 261 ᠲᠡᠷᠪᠤᠮ 200 ᠰᠠᠶ᠎ᠠ ᠲᠣᠨ ᠤ ᠨᠥᠭᠡᠴᠡᠲᠡᠢ ᠪᠡᠷ ᠢᠶᠡᠨ ᠤᠯᠤᠰ ᠤᠨ ᠨᠡᠶᠢᠲᠡ ᠨᠥᠭᠡᠴᠡ ᠶᠢᠨ 1/3 ᠍ ᠢ ᠡᠵᠡᠯᠡᠵᠦ ᠪᠠᠶᠢᠭ᠎ᠠ ᠲᠤᠯᠠ ᠲᠤᠰ ᠮᠤᠵᠢ ᠶᠢ 《ᠨᠡᠭᠦᠷᠡᠰᠦᠨ ᠦ ᠡᠬᠢ ᠨᠤᠲᠤᠭ》 ᠭᠡᠬᠦ ᠨᠢ ᠪᠤᠢ᠃ ᠡᠭᠦᠨ ᠡᠴᠡ ᠭᠠᠳᠠᠨ᠎ᠠ ᠵᠡᠰ᠂ ᠳᠠᠪᠤᠰᠤᠨ ᠤ ᠨᠥᠭᠡᠴᠡ ᠶᠡᠬᠡ ᠲᠡᠢ᠃ ᠠᠮᠢᠲᠠᠨ᠂ ᠤᠷᠭᠤᠮᠠᠯ ᠤᠨ ᠲᠥᠷᠥᠯ ᠵᠦᠢᠯ ᠣᠯᠠᠨ ᠲᠠᠢ᠃ 2700 ᠭᠠᠷᠤᠢ ᠲᠥᠷᠥᠯ ᠦᠨ ᠮᠣᠳᠣ ᠪᠤᠲᠠ᠂ ᠡᠪᠡᠰᠦ ᠤᠷᠭᠤᠮᠠᠯ᠂ 3634 ᠰᠠᠶ᠎ᠠ ᠱᠣᠣ ᠮᠧᠲ᠋ᠷ ᠮᠣᠳᠣᠨ ᠤ ᠨᠥᠭᠡᠴᠡ ᠲᠡᠢ᠃ ᠲᠣᠰᠤᠨ ᠬᠠᠷᠭᠠᠢ᠂ ᠠᠭᠤᠯᠠ ᠶᠢᠨ ᠤᠯᠢᠶᠠᠰᠤ ᠵᠡᠷᠭᠡ 13 ᠲᠥᠷᠥᠯ ᠦᠨ ᠲᠥᠷᠥ ᠶᠢᠨ ᠬᠠᠮᠠᠭᠠᠯᠠᠯᠲᠠ ᠲᠠᠢ ᠮᠣᠳᠣ᠂ ᠤᠷᠭᠤᠮᠠᠯ ᠤᠷᠭᠤᠳᠠᠭ᠃ ᠪᠠᠰᠠ ᠯᠢᠢᠷ᠂ ᠴᠢᠪᠠᠭ᠎ᠠ᠂ ᠤᠰᠤᠨ ᠦᠵᠦᠮ᠂ ᠬᠤᠨᠴᠢᠷ᠂ ᠬᠦᠮᠦᠨ ᠣᠷᠬᠣᠳᠠᠢ᠂ ᠰᠢᠬᠢᠷ ᠡᠪᠡᠰᠦ ᠵᠡᠷᠭᠡ 30 ᠭᠠᠷᠤᠢ ᠵᠦᠢᠯ ᠦᠨ ᠡᠪᠡᠰᠦᠨ ᠡᠮ ᠦᠨ ᠤᠷᠭᠤᠮᠠᠯ ᠪᠤᠢ᠃ ᠡᠬᠡ ᠭᠠᠵᠠᠷ ᠤᠨ ᠠᠭᠤᠷ ᠠᠮᠢᠰᠬᠤᠯ ᠲᠠᠢ ᠪᠥᠰᠡ ᠳᠦ ᠠᠮᠢᠳᠤᠷᠠᠳᠠᠭ 400 ᠭᠠᠷᠤᠢ ᠲᠥᠷᠥᠯ ᠦᠨ ᠠᠨ ᠠᠮᠢᠲᠠᠨ ᠪᠠᠶᠢᠭ᠎ᠠ ᠪᠥᠭᠡᠳ ᠲᠡᠳᠡᠭᠡᠷ ᠡᠴᠡ 70 ᠭᠠᠷᠤᠢ ᠨᠢ ᠳᠠᠷᠬᠠᠨ ᠴᠠᠭᠠᠵᠠ ᠲᠠᠢ᠃ ᠲᠡᠳᠡᠭᠡᠷ ᠦᠨ ᠳᠣᠲᠣᠷ᠎ᠠ ᠪᠤᠭᠤ᠂ ᠰᠠᠷ᠎ᠠ ᠳᠤ ᠴᠠᠭᠠᠨ ᠲᠣᠭᠣᠷᠤᠤ ᠵᠡᠷᠭᠡ ᠲᠥᠷᠥ ᠶᠢᠨ ᠬᠠᠮᠠᠭᠠᠯᠠᠯᠲᠠ ᠲᠠᠢ 29 ᠲᠥᠷᠥᠯ ᠵᠦᠢᠯ ᠦᠨ ᠬᠣᠪᠣᠷ ᠴᠢᠬᠤᠯᠠ ᠠᠮᠢᠲᠠᠨ᠂ ᠵᠢᠭᠦᠷᠲᠡᠨ ᠪᠤᠢ᠃ ᠲᠤᠰ ᠮᠤᠵᠢ ᠳᠤ ᠠᠶᠠᠯᠠᠯ ᠵᠢᠭᠤᠯᠴᠢᠯᠠᠯ ᠤᠨ ᠰᠠᠯᠪᠤᠷᠢ ᠨᠡᠯᠢᠶᠡᠳ ᠬᠥᠭᠵᠢᠭᠰᠡᠨ᠂ ᠳᠠᠲᠤᠩ ᠤᠨ ᠶᠨᠭᠠᠨ ᠤ ᠠᠭᠤᠢ᠂ ᠪᠤᠳ᠋ᠳ᠋ᠾᠠ ᠶᠢᠨ ᠱᠠᠰᠢᠨ ᠤ ᠲᠣᠮᠣᠬᠠᠨ ᠳᠤᠷᠠᠰᠬᠠᠯ ᠳᠤ ᠭᠠᠵᠠᠷ ᠪᠣᠯᠬᠤ ᠤᠲᠠᠶᠢᠰᠢᠨᠢ ᠠᠭᠤᠯᠠ ᠭᠡᠬᠦ ᠮᠡᠲᠦ ᠨᠡᠶᠢᠲᠡ ᠳᠦ ᠪᠡᠨ 3200 ᠣᠷᠴᠢᠮ ᠲᠡᠦᠬᠡ ᠰᠤᠶᠤᠯ ᠤᠨ ᠳᠤᠷᠠᠰᠬᠠᠯᠲᠤ ᠭᠠᠵᠠᠷ ᠤᠳ ᠲᠠᠢ᠃ ᠢᠷᠡᠭᠡᠳᠦᠢ ᠳᠦ ᠠᠶᠠᠯᠠᠯ ᠵᠢᠭᠤᠯᠴᠢᠯᠠᠯ ᠤᠨ ᠰᠠᠯᠪᠤᠷᠢ ᠡᠨᠡ ᠮᠤᠵᠢ ᠶᠢᠨ ᠨᠢᠭᠤᠷ ᠴᠢᠷᠠᠢ ᠶᠢ ᠲᠣᠳᠣᠷᠬᠠᠶᠢᠯᠠᠨ᠎ᠠ ᠭᠡᠵᠦ ᠦᠵᠡᠳᠡᠭ᠃ ᠬᠣᠶᠠᠷ ᠵᠢᠯ ᠲᠤᠲᠤᠮ ᠭᠤᠷᠪᠠᠨ ᠤᠳᠠᠭ᠎ᠠ ᠭᠠᠵᠠᠷ ᠲᠠᠷᠢᠶᠠᠯᠠᠩ ᠤᠨ ᠤᠷᠭᠤᠴᠠ ᠠᠪᠳᠠᠭ᠃ ᠤᠯᠠᠭᠠᠨ ᠪᠤᠭᠤᠳᠠᠢ᠂ ᠡᠷᠳᠡᠨᠢ ᠰᠢᠰᠢ᠂ ᠨᠣᠶᠠᠨ ᠰᠢᠰᠢ᠂ ᠲᠤᠲᠤᠷᠭ᠎ᠠ᠂ ᠬᠥᠪᠥᠨ᠂ ᠭᠠᠵᠠᠷ ᠤᠨ ᠰᠠᠮᠤᠷ᠂ ᠰᠢᠷ᠎ᠠ ᠪᠤᠷᠴᠠᠭ᠂ ᠲᠠᠮᠠᠬᠢ᠂ ᠮᠠᠭᠠᠯᠢᠩᠭᠤ ᠵᠡᠷᠭᠡ ᠬᠦᠨᠡᠰᠦᠨ ᠦ ᠪᠠ ᠠᠵᠤ ᠠᠬᠤᠢ ᠶᠢᠨ ᠵᠣᠷᠢᠭᠤᠯᠤᠯᠲᠠ ᠲᠠᠢ ᠤᠷᠭᠤᠮᠠᠯ ᠭᠣᠣᠯᠯᠠᠨ ᠲᠠᠷᠢᠶᠠᠯᠠᠳᠠᠭ᠃ ᠭᠠᠵᠠᠷ ᠲᠠᠷᠢᠶᠠᠯᠠᠩ᠂ ᠣᠢ ᠶᠢᠨ ᠠᠵᠤ ᠠᠬᠤᠢ᠂ ᠮᠠᠯ ᠠᠵᠤ ᠠᠬᠤᠢ᠂ ᠵᠢᠭᠠᠰᠤᠨ ᠤ ᠠᠵᠤ ᠠᠬᠤᠢ ᠶᠢᠨ ᠨᠡᠶᠢᠲᠡ ᠦᠢᠯᠡᠳᠪᠦᠷᠢᠯᠡᠯ ᠨᠢ 35 ᠲᠡᠷᠪᠤᠮ 915 ᠰᠠᠶ᠎ᠠ ᠶᠤᠸᠠᠨ ᠳᠤ ᠬᠦᠷᠴᠦ᠂ ᠡᠳᠡᠭᠡᠷ ᠰᠠᠯᠪᠤᠷᠢ ᠳᠤ 6,4 ᠰᠠᠶ᠎ᠠ ᠬᠦᠮᠦᠨ ᠠᠵᠢᠯᠯᠠᠵᠤ ᠪᠠᠶᠢᠨ᠎ᠠ᠃ ᠨᠡᠭᠦᠷᠡᠰᠦ᠂ ᠴᠠᠬᠢᠯᠭᠠᠨ ᠡᠷᠴᠢᠮ ᠬᠦᠴᠢ᠂ ᠮᠧᠲ᠋ᠠᠯᠯᠦ᠋ᠷᠭᠢ᠂ ᠬᠢᠮᠢ ᠶᠢᠨ ᠶᠠᠩᠵᠤ ᠪᠦᠷᠢ ᠶᠢᠨ ᠦᠢᠯᠡᠳᠪᠦᠷᠢᠯᠡᠯ ᠭᠣᠣᠯᠯᠠᠭᠰᠠᠨ ᠬᠦᠨᠳᠦ ᠠᠵᠤ ᠦᠢᠯᠡᠳᠪᠦᠷᠢ ᠶᠢᠨ ᠰᠠᠯᠪᠤᠷᠢ ᠲᠠᠢ᠃ ᠴᠠᠬᠢᠯᠭᠠᠨ ᠪᠠᠷᠠᠭ᠎ᠠ᠂ ᠪᠠᠷᠢᠯᠭ᠎ᠠ ᠶᠢᠨ ᠮᠠᠲ᠋ᠧᠷᠢᠶᠠᠯ᠂ ᠨᠡᠬᠡᠮᠡᠯ ᠰᠦᠯᠵᠢᠮᠡᠯ᠂ ᠬᠦᠨᠡᠰᠦᠨ ᠦ ᠪᠦᠲᠦᠭᠡᠭᠳᠡᠬᠦᠨ᠂ ᠴᠠᠭᠠᠰᠤᠨ ᠤ ᠦᠢᠯᠡᠳᠪᠦᠷᠢᠯᠡᠯ ᠵᠡᠷᠭᠡ ᠬᠥᠩᠭᠡᠨ ᠪᠠ ᠬᠦᠨᠡᠰᠦᠨ ᠦ ᠦᠢᠯᠡᠳᠪᠦᠷᠢ ᠬᠥᠭᠵᠢᠵᠦ ᠪᠠᠶᠢᠭ᠎ᠠ᠃ ᠲᠡᠭᠦᠨᠴᠢᠯᠡᠨ ᠠᠭᠤᠯᠠ ᠠᠭᠤᠷᠬᠠᠢ ᠶᠢᠨ ᠮᠠᠰᠢᠨ ᠮᠧᠬᠠᠨᠢᠰᠮ᠂ ᠴᠠᠬᠢᠯᠭᠠᠨ ᠲᠧᠭᠨᠢᠭ᠂ ᠠᠦ᠋ᠲ᠋ᠣ᠋ ᠮᠠᠰᠢᠨ᠂ ᠲᠷᠠᠺᠲ᠋ᠣᠷ ᠦᠢᠯᠡᠳᠪᠦᠷᠢᠯᠡᠳᠡᠭ᠃ ᠱᠠᠨ ᠰᠢ ᠡᠷᠴᠢᠮ ᠬᠦᠴᠦᠨ ᠦ ᠨᠥᠭᠡᠴᠡ ᠶᠢᠨ ᠬᠤᠪᠢ ᠳᠤ ᠪᠠᠶᠠᠯᠢᠭ᠂ ᠥᠪᠡᠷ ᠢ ᠪᠡᠨ ᠲᠡᠳᠦᠢ ᠦᠭᠡᠢ ᠪᠤᠰᠤᠳ ᠬᠣᠲᠠ᠂ ᠮᠤᠵᠢ ᠶᠢ ᠡᠷᠴᠢᠮ ᠬᠦᠴᠦ ᠪᠡᠷ ᠬᠠᠩᠭᠠᠵᠤ ᠪᠠᠶᠢᠨ᠎ᠠ᠃ ᠲᠤᠬᠠᠶᠢᠯᠠᠪᠠᠯ᠂ ᠪᠡᠭᠡᠵᠢᠩ ᠬᠣᠲᠠ ᠶᠢᠨ ᠬᠡᠷᠡᠭᠯᠡᠭᠡᠨ ᠦ ᠡᠷᠴᠢᠮ ᠬᠦᠴᠦᠨ ᠦ ᠶᠡᠬᠡᠩᠬᠢ ᠶᠢ ᠡᠨᠡ ᠮᠤᠵᠢ ᠠᠴᠠ ᠬᠠᠩᠭᠠᠳᠠᠭ ᠪᠠ ᠲᠤᠰ ᠮᠤᠵᠢ ᠨᠡᠶᠢᠲᠡ ᠳᠦ ᠪᠡᠨ 8,5 ᠰᠠᠶ᠎ᠠ ᠺᠢᠯᠣᠸᠠᠲᠲ᠋ ᠡᠨᠧᠷᠭᠢ ᠦᠢᠯᠡᠳᠪᠦᠷᠢᠯᠡᠵᠦ ᠪᠠᠶᠢᠨ᠎ᠠ᠃ ᠨᠡᠶᠢᠲᠡ 152,8 ᠮᠢᠩᠭᠠᠨ ᠦᠢᠯᠡᠳᠪᠦᠷᠢ ᠠᠵᠤ ᠠᠬᠤᠢ ᠶᠢᠨ ᠨᠢᠭᠡᠴᠡ ᠲᠡᠢ᠂ ᠲᠡᠳᠡᠭᠡᠷ ᠲᠦ ᠽ᠂7 ᠰᠠᠶ᠎ᠠ ᠬᠦᠮᠦᠨ ᠠᠵᠢᠯᠯᠠᠵᠤ ᠪᠠᠶᠢᠨ᠎ᠠ᠃ ᠠᠵᠤ ᠦᠢᠯᠡᠳᠪᠦᠷᠢ ᠶᠢᠨ ᠨᠡᠶᠢᠲᠡ ᠪᠦᠲᠦᠭᠡᠭᠳᠡᠬᠦᠨ ᠦ ᠬᠡᠮᠵᠢᠶ᠎ᠡ 231,8 ᠲᠡᠷᠪᠤᠮ ᠶᠤᠸᠠᠨ᠃ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ 160,1 ᠲᠡᠷᠪᠤᠮ ᠶᠤᠸᠠᠨ᠃ ᠢᠮᠫᠣᠷᠲ᠂ ᠡᠺᠰᠫᠣᠷᠲ ᠤᠨ ᠨᠡᠶᠢᠲᠡ ᠬᠡᠮᠵᠢᠶ᠎ᠡ 1,1 ᠲᠡᠷᠪᠤᠮ ᠠᠮᠠ᠃ᠳ᠋ᠣᠯᠯᠠᠷ ᠲᠤ ᠬᠦᠷᠦᠭᠰᠡᠨ ᠦ ᠳᠣᠲᠣᠷ᠎ᠠ ᠡᠺᠰᠫᠣᠷᠲ 893 ᠰᠠᠶ᠎ᠠ ᠠᠮᠠ᠃ᠳ᠋ᠣᠯᠯᠠᠷ᠂ ᠢᠮᠫᠣᠷᠲ 218 ᠰᠠᠶ᠎ᠠ ᠠᠮᠠ᠃ᠳ᠋ᠣᠯᠯᠠᠷ ᠪᠠᠶᠢᠨ᠎ᠠ᠃ ᠲᠡᠮᠦᠷ ᠵᠠᠮ᠂ ᠠᠦ᠋ᠲ᠋ᠣ᠋ ᠵᠠᠮ᠂ ᠠᠭᠠᠷ ᠤᠨ ᠵᠠᠮ ᠢ ᠬᠣᠣᠰᠯᠠᠭᠤᠯᠤᠭᠰᠠᠨ ᠵᠠᠮ ᠬᠠᠷᠢᠯᠴᠠᠭᠠᠨ ᠤ ᠰᠦᠯᠵᠢᠶ᠎ᠡ ᠲᠡᠢ᠃ ᠲᠡᠮᠦᠷ ᠵᠠᠮ ᠤᠨ ᠨᠡᠶᠢᠲᠡ ᠤᠷᠲᠤ 2600 ᠺᠮ᠃ 2004 ᠣᠨ ᠤ ᠰᠡᠭᠦᠯᠴᠢ ᠪᠡᠷ᠂ ᠵᠠᠰᠠᠮᠠᠯ ᠵᠠᠮ ᠤᠨ ᠠᠰᠢᠭᠲᠠᠢ ᠤᠷᠲᠤ 65.8 ᠮᠢᠩᠭᠠᠨ km ᠳᠤ ᠬᠦᠷᠴᠦ᠂ ᠥᠩᠭᠡᠷᠡᠭᠰᠡᠨ ᠣᠨ ᠤ ᠬᠢ ᠠᠴᠠ 2691 ᠺᠦᠮᠡᠷ ᠪᠤᠶᠤ 4,3 ᠬᠤᠪᠢᠶᠠᠷᠢ ᠨᠡᠮᠡᠭᠳᠡᠵᠦ᠂ ᠬᠤᠷᠳᠤᠨ ᠤ ᠵᠠᠮ ᠤᠨ ᠨᠡᠶᠢᠲᠡ ᠤᠷᠲᠤ 1347 km ᠳᠤ ᠬᠦᠷᠴᠦ᠂ 11,2 ᠬᠤᠪᠢᠶᠠᠷᠢ ᠨᠡᠮᠡᠭᠳᠡᠭᠰᠡᠨ ᠪᠠᠶᠢᠨ᠎ᠠ᠃ ᠲᠠᠢᠢᠶᠤᠸᠠᠨ ᠬᠣᠲᠠ ᠠᠴᠠ ᠭᠠᠳᠠᠭᠠᠳᠤ ᠤᠷᠤᠭᠤ ᠴᠢᠭᠯᠡᠭᠰᠡᠨ 38 ᠠᠭᠠᠷ ᠤᠨ ᠱᠤᠭᠤᠮ ᠠᠰᠢᠭᠯᠠᠯᠲᠠ ᠳᠤ ᠣᠷᠣᠵᠤ᠂ ᠬᠢᠲᠠᠳ ᠤᠨ 40 ᠲᠣᠮᠣᠬᠠᠨ ᠬᠣᠲᠠ ᠲᠠᠢ ᠬᠠᠷᠢᠯᠴᠠᠬᠤ ᠪᠣᠯᠤᠮᠵᠢ ᠲᠠᠢ ᠪᠣᠯᠵᠠᠢ᠃ ᠲᠤᠰ ᠮᠤᠵᠢ ᠳᠤ ᠳᠣᠲᠣᠭᠠᠳᠤ ᠶᠢᠨ ᠠᠶᠠᠯᠠᠯ ᠵᠢᠭᠤᠯᠴᠢᠯᠠᠯ ᠬᠠᠷᠢᠴᠠᠩᠭᠤᠢ ᠰᠠᠶᠢᠨ ᠬᠥᠭᠵᠢᠵᠦ ᠪᠠᠶᠢᠳᠠᠭ ᠤᠨ ᠭᠣᠣᠯ ᠰᠢᠯᠲᠠᠭᠠᠨ ᠨᠢ ᠪᠤᠳ᠋ᠳ᠋ᠾᠠ ᠶᠢᠨ ᠱᠠᠰᠢᠨᠲᠠᠨ ᠰᠦᠰᠦᠭᠲᠡᠨ ᠨᠦᠭᠦᠳ ᠦᠨ ᠮᠥᠷᠭᠥᠯ ᠲᠠᠬᠢᠯᠭ᠎ᠠ ᠶᠢᠨ ᠠᠷᠢᠭᠤᠨ ᠳᠠᠭᠰᠢᠨ ᠭᠠᠵᠠᠷ ᠭᠡᠭᠳᠡᠭᠰᠡᠨ ᠤᠲᠠᠢ ᠠᠭᠤᠯᠠ ᠬᠡᠮᠡᠬᠦ ᠣᠯᠠᠨ ᠠᠷᠪᠠᠨ ᠰᠦᠮ᠎ᠡ ᠬᠡᠶᠢᠳ᠂ ᠬᠤᠷᠠᠯ ᠨᠣᠮ ᠤᠨ ᠭᠠᠵᠠᠷ ᠡᠨᠳᠡ ᠪᠠᠶᠢᠳᠠᠭ ᠶᠠᠪᠤᠳᠠᠯ ᠶᠤᠮ᠃ ᠰᠡᠭᠦᠯ ᠦᠨ ᠵᠢᠯ ᠤᠨᠳ ᠲᠤ ᠮᠣᠩᠭᠣᠯ ᠤᠯᠤᠰ ᠤᠨ ᠢᠷᠭᠡᠳ ᠴᠤ ᠲᠡᠰᠢ ᠪᠡᠨ ᠣᠯᠠᠨ ᠢᠶᠠᠷ ᠣᠴᠢᠵᠤ᠂ ᠱᠠᠰᠢᠨ ᠤ ᠮᠥᠷᠭᠥᠯ ᠦᠨ ᠵᠠᠩ ᠦᠢᠯᠡ ᠦᠢᠯᠡᠳᠬᠦ ᠪᠣᠯᠤᠭᠰᠠᠨ ᠪᠢᠯᠡ᠃ ᠲᠡᠭᠦᠨᠴᠢᠯᠡᠨ ᠡᠨᠡ ᠮᠤᠵᠢ ᠶᠢᠨ ᠳᠠᠲ᠋ᠦᠶᠢᠨ ᠬᠣᠲᠠ ᠠᠴᠠ 16 ᠺᠦᠮ ᠦᠨ ᠵᠠᠢ ᠳᠤ ᠣᠷᠣᠰᠢᠬᠤ ᠶᠨᠩᠨ ᠠᠭᠤᠢ ᠶᠢᠨ ᠪᠤᠷᠬᠠᠳ ᠤᠨ ᠴᠢᠭᠤᠯᠪᠤᠷᠢ ᠨᠢ ᠬᠢᠲᠠᠳ ᠭᠠᠵᠠᠷ ᠪᠤᠳ᠋ᠳ᠋ᠾᠠ ᠶᠢᠨ ᠱᠠᠰᠢᠨ ᠳᠡᠯᠭᠡᠷᠡᠭᠰᠡᠨ 2000 ᠵᠢᠯ ᠦᠨ ᠲᠡᠦᠬᠡᠨ ᠳ᠋ᠡᠬᠢ ᠪᠤᠳ᠋ᠳ᠋ᠾᠠ ᠶᠢᠨ ᠰᠣᠶᠣᠯ ᠤᠨ ᠬᠠᠮᠤᠭ ᠤᠨ ᠲᠣᠮᠣ ᠳᠤᠷᠠᠰᠬᠠᠯᠲᠤ ᠭᠠᠵᠠᠷ ᠪᠥᠭᠡᠳ ᠡᠨᠳᠡᠬᠢ ᠶᠢᠨ ᠣᠯᠠᠨ ᠠᠷᠪᠠᠨ ᠠᠭᠤᠢ ᠶᠢᠨ ᠳᠣᠲᠣᠷ᠎ᠠ ᠬᠠᠨᠠᠨ ᠳᠤ ᠰᠡᠶᠢᠯᠪᠦᠷᠢᠯᠡᠨ ᠤᠷᠠᠯᠠᠭᠰᠠᠨ ᠪᠤᠷᠬᠠᠳ ᠤᠨ ᠬᠥᠷᠦᠭ ᠳᠦᠷᠢ ᠨᠦᠭᠦᠳ ᠨᠢ ᠬᠡᠮᠵᠢᠶ᠎ᠡ᠂ ᠬᠡᠯᠪᠡᠷᠢ᠂ ᠬᠢᠴᠡ ᠪᠡᠷ ᠢᠶᠡᠨ ᠳ᠋ᠠᠬᠢᠨ ᠳᠠᠪᠲᠠᠭᠳᠠᠰᠢ ᠦᠭᠡᠢ ᠭᠠᠶᠢᠬᠠᠮᠰᠢᠭᠲᠤ ᠤᠷᠠᠯᠢᠭ ᠤᠨ ᠪᠦᠲᠦᠭᠡᠯ ᠳᠦ ᠲᠣᠭᠠᠴᠠᠭᠳᠠᠳᠠᠭ ᠶᠤᠮ᠃ ᠨᠡᠶᠢᠲᠡ ᠳᠦ ᠪᠡᠨ ᠮᠢᠩᠭ᠎ᠠ ᠭᠠᠷᠤᠢ ᠴᠢᠯᠠᠭᠤᠨ ᠰᠡᠶᠢᠯᠪᠦᠷᠢ ᠪᠤᠷᠬᠠᠳ ᠪᠦᠬᠦᠢ ᠡᠨᠡ ᠭᠠᠵᠠᠷ ᠢ ЮНЕСКОгоос ᠳᠡᠯᠡᠬᠡᠢ ᠶᠢᠨ ᠰᠤᠶᠤᠯ ᠤᠨ ᠥᠪ ᠲᠦ ᠪᠦᠷᠢᠳᠬᠡᠨ ᠠᠪᠤᠭᠰᠠᠨ ᠪᠠᠶᠢᠳᠠᠭ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠲᠣᠭᠲᠠᠭᠰᠠᠨ ᠭᠠᠯᠢᠭ ᠦᠭᠡᠢ ᠡᠴᠡ ᠣᠯᠠᠨ ᠶᠠᠩᠵᠤ ᠪᠠᠷ (ᠱᠠᠨ ᠰᠢ - ᠱᠠᠨᠱᠢ - ᠱᠠᠨᠢ ᠱᠢ - ᠱᠠᠨ ᠰᠢ - ᠱᠠᠩᠰᠢ ..) ᠭᠠᠯᠢᠭᠯᠠᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠱᠠᠨ ᠰᠢ
http://wiki.uhaan.com/index.php?title=ᠱᠠᠨ_ᠰᠢ&oldid=407612》 ᠍  ᠡᠴᠡ ᠠᠪᠤᠭᠰᠠᠨ

ᠪᠢᠴᠢᠭᠡᠰᠦ