ᠰᠲ᠋ᠢᠸ ᠵᠣᠪᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠲ᠋ᠢᠸ ᠳᠵᠣᠪᠰ ᠪᠣᠯᠤᠨ iPad. Macworld 2010

1955 ᠣᠨ ᠤ 2 ᠍ ᠳᠤᠭᠠᠷ ᠰᠠᠷ᠎ᠠ ᠶᠢᠨ 24 ᠍ ᠳᠤ ᠰᠠᠩ-ᠹᠷᠠᠨᠼᠢᠰᠺᠣ ᠬᠣᠲᠠᠨᠣᠭ᠎ᠠ ᠢᠷᠡᠭᠡᠳᠦᠢ ᠶᠢᠨ ᠺᠣᠮᠫᠢᠶᠦ᠋ᠲ᠋ᠧᠷ ᠦᠨ ᠡᠵᠡᠨᠲᠦ ᠭᠦᠷᠦᠨ Apple ᠺᠣᠮᠫᠠᠨᠢ ᠍ ᠶᠢ ᠦᠨᠳᠦᠰᠦᠯᠡᠭᠴᠢ ᠰᠲ᠋ᠢᠸ ᠵᠣᠪᠰ ᠮᠡᠨᠳᠦᠯᠡᠵᠡᠢ᠃

ᠰᠲ᠋ᠢᠸ ᠤᠨ ᠪᠢᠣᠯᠣᠭᠢ ᠶᠢᠨ ᠡᠬᠡ᠂ ᠭᠠᠭᠴᠠ ᠪᠡᠶ᠎ᠡ ᠠᠰᠫᠢᠷᠠᠨᠲ ᠣᠶᠤᠲᠠᠨ ᠵᠢᠠᠨᠠ ᠱᠢᠪᠯ ᠬᠡᠦᠬᠡᠳ ᠢᠶᠡᠨ ᠲᠡᠵᠢᠭᠡᠬᠦ ᠪᠣᠯᠤᠮᠵᠢ ᠦᠭᠡᠢ ᠶᠢᠨ ᠤᠯᠠᠮ ᠠᠴᠠ ᠬᠡᠦᠬᠡᠳ ᠦᠭᠡᠢ ᠬᠣᠣᠰ ᠫᠣᠯ᠂ ᠺᠯᠠᠷᠠ ᠵᠣᠪᠰ ᠨᠠᠷᠠᠲᠤ ᠵᠢᠭᠠᠯ ᠬᠦᠦ ᠳᠦ ᠰᠠᠶᠢᠨ ᠪᠣᠯᠪᠠᠰᠤᠷᠠᠯ ᠣᠯᠭᠤᠨ᠎ᠠ ᠭᠡᠰᠡᠨ ᠠᠮᠠᠯᠠᠯᠲᠠ ᠶᠢ ᠨᠢ ᠠᠪᠤᠨ ᠦᠷᠡᠴᠢᠯᠡᠭᠦᠯᠵᠡᠢ᠃ ᠡᠬᠡᠨᠡᠷ᠂ ᠨᠥᠬᠥᠷ ᠵᠣᠪᠰ ᠴᠤ ᠬᠡᠯᠡᠭᠰᠡᠨ ᠠᠮᠠᠨ ᠳᠤ ᠪᠠᠨ ᠬᠦᠷᠴᠦ ᠰᠲ᠋ᠢᠸ 17 ᠨᠠᠰᠤᠲᠠᠢ ᠳᠤ ᠪᠠᠨ ᠫᠤᠷᠲᠯᠧᠨᠳ ᠳ᠋ᠡᠬᠢ ᠷᠢᠳᠢ ᠺᠣᠯᠯᠧᠵᠢ ᠳᠤ ᠣᠷᠣᠭᠰᠠᠨ ᠪᠣᠯᠪᠠᠴᠤ ᠡᠬᠢᠨ ᠦ ᠤᠯᠠᠷᠢᠯ ᠰᠠᠭᠤᠭᠠᠳ ᠯᠠ ᠲᠡᠨᠳᠡ ᠡᠴᠡ ᠪᠡᠨ ᠥᠪᠡᠷ ᠦᠨ ᠬᠦᠰᠡᠯᠲᠦ ᠪᠡᠷ ᠭᠠᠷᠤᠭᠰᠠᠨ ᠶᠤᠮ᠃ ᠲᠡᠷᠡᠪᠡᠷ ᠢᠩᠭᠢᠬᠦ ᠪᠣᠯᠤᠭᠰᠠᠨ ᠢᠶᠠᠨ ᠰᠤᠷᠭᠠᠯᠲᠠ ᠶᠢᠨ ᠲᠥᠯᠦᠪᠦᠷᠢ ᠷᠦᠦ ᠡᠴᠢᠭᠡ ᠡᠬᠡ ᠶᠢᠨ ᠬᠢ ᠨᠢ ᠬᠠᠮᠤᠭ ᠬᠤᠷᠢᠶᠠᠵᠤ ᠬᠤᠷᠠᠮᠲᠤᠯᠠᠭᠤᠯᠤᠭᠰᠠᠨ ᠮᠥᠩᠭᠥ ᠤᠷᠤᠰᠴᠤ᠂ ᠬᠠᠷᠢᠨ ᠰᠲ᠋ᠢᠸ ᠥᠪᠡᠷ ᠢᠶᠡᠨ ᠰᠤᠷᠭᠠᠭᠤᠯᠢ ᠲᠡᠭᠦᠨ ᠳᠦ ᠤᠤ ᠥᠭᠴᠦ ᠪᠠᠶᠢᠭ᠎ᠠ᠂ ᠶᠡᠷᠦ ᠨᠢ ᠰᠤᠷᠬᠤ ᠬᠡᠷᠡᠭᠲᠡᠢ ᠡᠰᠡᠬᠦ ᠶᠢ ᠣᠶᠢᠯᠠᠭᠠᠬᠤ ᠦᠭᠡᠢ ᠪᠠᠶᠢᠭᠰᠠᠨ ᠭᠡᠳᠡᠭ ᠢᠶᠡᠷ ᠲᠠᠶᠢᠯᠪᠤᠷᠢᠯᠠᠵᠠᠢ᠃ «ᠠᠮᠢᠳᠤᠷᠠᠯ ᠳᠤ ᠪᠠᠨ ᠭᠠᠷᠭᠠᠭᠰᠠᠨ ᠬᠠᠮᠤᠭ ᠤᠨ ᠰᠠᠶᠢᠨ ᠰᠢᠢᠳᠪᠦᠷᠢ ᠡᠨᠡ ᠪᠠᠶᠢᠯ ᠠ» ᠬᠣᠵᠢᠮ ᠨᠢ ᠲᠡᠷᠡ ᠳᠤᠷᠠᠰᠤᠭᠰᠠᠨ ᠪᠠᠶᠢᠳᠠᠭ᠃ ᠰᠤᠷᠭᠠᠭᠤᠯᠢ ᠪᠠᠨ ᠣᠷᠬᠢᠭᠰᠠᠨ ᠵᠣᠪᠰ ᠵᠢᠯ ᠬᠠᠭᠠᠰ ᠬᠢᠷᠢᠲᠡᠢ ᠺᠣᠯᠯᠧᠵᠢ ᠳᠤ ᠴᠢᠯᠦᠭᠡᠲᠦ ᠰᠣᠨᠣᠰᠤᠭᠴᠢ ᠪᠠᠷ ᠬᠢᠴᠢᠶᠡᠯ ᠳᠦ ᠰᠠᠭᠤᠨ᠂ «ᠺᠣᠯᠠ» ᠍ ᠤ ᠰᠢᠯᠢ ᠲᠡᠭᠦᠵᠦ ᠬᠣᠭᠣᠯᠠᠨ ᠤ ᠪᠠᠨ ᠮᠥᠩᠭᠥ ᠶᠢ ᠣᠯᠵᠤ᠂ ᠠᠩᠭᠢ ᠶᠢᠨ ᠢᠶᠠᠨ ᠬᠡᠦᠬᠡᠳ ᠦᠳ ᠦᠨ ᠨᠡᠶᠢᠲᠡ ᠶᠢᠨ ᠪᠠᠶᠢᠷᠢᠨ ᠤ ᠱᠠᠯᠠᠨ ᠳᠡᠭᠡᠷ᠎ᠡ ᠬᠣᠨᠣᠭ ᠲᠥᠭᠡᠷᠢᠭᠦᠯᠳᠡᠭ ᠪᠠᠶᠢᠯ᠎ᠠ᠃ ᠳᠠᠷᠠᠭ᠎ᠠ ᠨᠢ ᠲᠡᠷᠡ ᠡᠬᠡ ᠣᠷᠣᠨ ᠳᠤ ᠪᠠᠨ ᠡᠷᠭᠢᠨ ᠢᠷᠡᠵᠦ ᠬᠡᠳᠦᠨ ᠵᠢᠯ ᠦᠨ ᠡᠮᠦᠨ᠎ᠡ Hewlett–Packard ᠺᠣᠮᠫᠠᠨᠢ ᠳᠡᠭᠡᠷ᠎ᠡ ᠬᠢᠭᠰᠡᠨ ᠵᠤᠨ ᠤ ᠠᠵᠢᠯ ᠳᠡᠭᠡᠷ᠎ᠡ ᠲᠠᠨᠢᠯᠴᠠᠭᠰᠠᠨ ᠰᠲ᠋ᠢᠸᠧᠨ ᠸᠣᠵᠣᠨᠢᠺ ᠲᠠᠢ ᠲᠠᠭᠠᠷᠠᠯᠳᠤᠵᠠᠢ᠃ ᠲᠡᠷᠡ ᠦᠶ᠎ᠡ ᠳᠦ ᠯᠠ ᠥᠪᠡᠷ ᠦᠨ ᠪᠢᠽᠢᠨ᠋ᠧᠰ ᠲᠡᠢ ᠪᠣᠯᠬᠤ ᠰᠠᠨᠠᠭ᠎ᠠ ᠲᠡᠭᠦᠨ ᠳᠦ ᠲᠥᠷᠦᠵᠢᠭᠡ᠃ ᠲᠤᠬᠠᠢ ᠶᠢᠨ ᠦᠶ᠎ᠡ ᠳᠦ ᠸᠣᠽ᠂ ᠵᠣᠪᠰ ᠬᠣᠶᠠᠷ ᠬᠣᠶᠠᠭᠤᠯᠠ ᠪᠠᠨ 20 ᠨᠠᠰᠤ ᠬᠦᠷᠴᠦ ᠪᠠᠶᠢᠯ᠎ᠠ᠃ ᠲᠡᠳᠡ ᠥᠪᠡᠷᠰᠡᠳ ᠦᠨ ᠪᠢᠽᠢᠨ᠋ᠧᠰ ᠢᠶᠡᠨ 《ᠬᠥᠬᠡ ᠬᠠᠶᠢᠷᠴᠠᠭ》 ᠭᠡᠬᠦ ᠠᠯᠤᠰ ᠬᠣᠯᠠ ᠳᠤ ᠳᠣᠬᠢᠶ᠎ᠠ ᠳᠠᠮᠵᠢᠭᠤᠯᠬᠤ ᠲᠤᠰᠬᠠᠢ ᠲᠥᠬᠥᠭᠡᠷᠦᠮᠵᠢ ᠬᠢᠭᠰᠡᠨ ᠢᠶᠡᠷ ᠡᠬᠢᠯᠡᠭᠦᠯᠦᠭᠰᠡᠨ ᠪᠠᠶᠢᠨ᠎ᠠ᠃ «ᠹᠢᠷᠮ» ᠨᠢ ᠵᠣᠪᠰ ᠢ ᠡᠴᠢᠭᠡ ᠡᠬᠡ ᠶᠢᠨ ᠭᠠᠷᠠᠵᠢ ᠳᠤ ᠪᠠᠶᠢᠷᠢᠯᠠᠵᠤ ᠪᠠᠶᠢᠯ᠎ᠠ᠃ ᠲᠧᠭᠨᠢᠭ ᠦᠨ ᠰᠤᠤᠲᠤ ᠤᠬᠠᠭᠠᠨᠲᠠᠨ ᠸᠣᠵᠣᠨᠢᠺ᠂ ᠲᠥᠷᠥᠮᠡᠯ ᠪᠢᠽᠢᠨ᠋ᠧᠰᠴᠢ ᠵᠣᠪᠰ ᠪᠡᠶ᠎ᠡ ᠪᠡᠶᠡᠩ ᠢᠶᠡᠨ ᠮᠠᠰᠢ ᠰᠠᠶᠢᠨ ᠨᠥᠬᠦᠳᠡᠭ ᠪᠠᠶᠢᠪᠠ᠃ «ᠬᠥᠬᠡ ᠬᠠᠶᠢᠷᠴᠠᠭ» ᠍ ᠲᠠᠢ ᠪᠠᠨ ᠨᠠᠶᠢᠵᠠ ᠨᠠᠷ ᠤᠳᠠᠭᠠᠨ ᠵᠢᠭᠤᠷᠠᠯᠳᠤᠭ᠎ᠠ ᠦᠭᠡᠢ ᠪᠥᠭᠡᠳ ᠳᠠᠷᠠᠭ᠎ᠠ ᠶᠢᠨ ᠠᠯᠬᠤᠮ ᠨᠢ ᠬᠤᠳᠠᠯᠳᠤᠬᠤ ᠳᠤ ᠵᠣᠷᠢᠭᠤᠯᠤᠭᠰᠠᠨ ᠪᠡᠯᠡᠨ ᠺᠣᠮᠫᠢᠶᠦ᠋ᠲ᠋ᠧᠷ ᠤᠭᠰᠠᠷᠠᠬᠤ ᠠᠵᠢᠯ ᠪᠠᠶᠢᠭᠰᠠᠨ ᠶᠤᠮ᠃ 1976 ᠣᠨ ᠳᠤ ᠲᠡᠳᠡ ᠭᠠᠷᠠᠭᠠᠨ ᠤ 1, 3 ᠮᠢᠩᠭᠠᠨ ᠳ᠋ᠣᠯᠯᠠᠷ ᠲᠠᠢ ᠪᠠᠷ «Apple Computer Co.» ᠺᠣᠮᠫᠠᠨᠢ ᠪᠠᠨ ᠪᠠᠶᠢᠭᠤᠯᠪᠠ᠃ ᠺᠣᠮᠫᠠᠨᠢ ᠶᠢᠨ ᠬᠡᠨ ᠦ ᠲᠣᠮᠣ ᠵᠠᠬᠢᠶᠠᠯᠠᠭ᠎ᠠ ᠨᠢ ᠣᠷᠣᠨ ᠨᠤᠲᠤᠭ ᠤᠨ ᠴᠠᠬᠢᠯᠭᠠᠨ ᠪᠠᠷᠠᠭᠠᠨ ᠤ ᠳᠡᠯᠭᠡᠭᠦᠷ ᠲᠦ ᠵᠣᠷᠢᠭᠤᠯᠤᠨ 50 ᠰᠢᠷᠬᠡᠭ Apple I ᠺᠣᠮᠫᠢᠶᠦ᠋ᠲ᠋ᠧᠷ ᠢ ᠤᠭᠰᠠᠷᠠᠬᠤ ᠠᠵᠢᠯ ᠪᠠᠶᠢᠯ᠎ᠠ᠃ ᠬᠠᠷᠢᠨ ᠬᠠᠭᠠᠰ ᠵᠢᠯ ᠦᠨ ᠳᠠᠷᠠᠭ᠎ᠠ ᠸᠣᠵᠣᠨᠢᠺ᠂ ᠵᠣᠪᠰ ᠬᠣᠶᠠᠷ ᠳᠡᠯᠡᠬᠡᠢ ᠳᠡᠭᠡᠷ᠎ᠡ ᠪᠥᠭᠡᠮ ᠢᠶᠡᠷ ᠦᠢᠯᠡᠳᠪᠦᠷᠢᠯᠡᠭᠰᠡᠨ ᠠᠩᠬᠠᠨ ᠤ ᠫᠧᠷᠰᠤᠨᠠᠯ ᠺᠣᠮᠫᠢᠶᠦ᠋ᠲ᠋ᠧᠷ Apple II ᠍ ᠪᠠᠨ ᠭᠠᠷᠭᠠᠭᠰᠠᠨ ᠪᠠᠶᠢᠨ᠎ᠠ᠃ ᠬᠥᠷᠥᠩᠭᠡ ᠣᠷᠣᠭᠤᠯᠤᠭᠴᠢᠳ ᠣᠯᠠᠳᠠᠵᠤ ᠲᠡᠳᠡ Apple II ᠍ ᠳᠦ ᠮᠥᠩᠭᠥ ᠬᠠᠶᠠᠵᠤ᠂ 1980 ᠣᠨ ᠤ ᠰᠡᠭᠦᠯ ᠷᠦᠦ ᠺᠣᠮᠫᠠᠨᠢ ᠦᠨᠳᠦᠰᠦᠨ ᠦ ᠲᠦᠪᠰᠢᠨ ᠳᠦ ᠭᠠᠷᠴᠤ ᠢᠷᠡᠭᠰᠡᠨ ᠶᠤᠮ᠃ ᠵᠣᠪᠰ ᠤᠨ ᠬᠤᠪᠢ ᠤᠨ ᠬᠥᠷᠥᠩᠭᠡ 200 ᠰᠠᠶ᠎ᠠ ᠳ᠋ᠣᠯᠯᠠᠷ ᠲᠤ ᠬᠦᠷᠴᠡᠢ᠃ ᠲᠡᠷᠡ 25 ᠬᠦᠷᠴᠦ ᠪᠠᠶᠢᠯ᠎ᠠ᠃ ᠺᠣᠮᠫᠢᠶᠦ᠋ᠲ᠋ᠧᠷ ᠦᠨ ᠰᠠᠯᠪᠤᠷᠢ ᠳᠠᠬᠢ ᠳᠠᠷᠠᠭ᠎ᠠ ᠶᠢᠨ ᠲᠣᠮᠣᠬᠠᠨ ᠠᠯᠬᠤᠮ ᠨᠢ ᠵᠣᠪᠰ ᠤᠨ ᠥᠪᠡᠷ ᠢᠶᠡᠨ ᠰᠠᠨᠠᠭᠠᠴᠢᠯᠠᠨ ᠭᠠᠷᠳᠠᠨ ᠤᠳᠤᠷᠢᠳᠤᠭᠰᠠᠨ Macintosh ᠲᠥᠰᠥᠯ ᠪᠠᠶᠢᠯ᠎ᠠ᠃ ᠬᠡᠲᠦ ᠳᠠᠪ ᠳᠤᠪ ᠬᠢᠭᠰᠡᠨ ᠲᠣᠭᠲᠠᠪᠤᠷᠢ ᠦᠭᠡᠢ ᠵᠠᠩᠭ᠎ᠠ ᠠᠴᠠ ᠪᠠᠨ ᠪᠣᠯᠤᠭᠠᠳ ᠲᠤᠬᠠᠢ ᠶᠢᠨ ᠦᠶ᠎ᠡ ᠶᠢᠨ ᠺᠣᠮᠫᠠᠨᠢ ᠶᠢᠨ ᠭᠣᠣᠯ ᠲᠥᠰᠥᠯ Lisa ᠺᠣᠮᠫᠢᠶᠦ᠋ᠲ᠋ᠧᠷ ᠢ ᠪᠣᠯᠪᠠᠰᠤᠷᠠᠭᠤᠯᠬᠤ ᠠᠵᠢᠯ ᠠᠴᠠ ᠲᠡᠷᠡ ᠵᠠᠶᠢᠯᠠᠭᠤᠯᠤᠭᠳᠠᠭᠰᠠᠨ ᠪᠠᠶᠢᠯ᠎ᠠ᠃ ᠵᠣᠪᠰ ᠤᠨ ᠬᠣᠣᠷ ᠰᠢᠷ᠎ᠠ ᠨᠢ ᠬᠥᠳᠡᠯᠵᠦ ᠠᠰᠢᠭᠯᠠᠬᠤ ᠳᠤ 《ᠲᠣᠰᠲ᠋ᠧᠷ ᠠᠴᠠ ᠴᠤ ᠠᠮᠤᠷ》 ᠺᠣᠮᠫᠢᠶᠦ᠋ᠲ᠋ᠧᠷ ᠵᠣᠬᠢᠶᠠᠨ ᠪᠦᠲᠦᠭᠡᠬᠦ ᠬᠦᠰᠡᠯ ᠡᠷᠡᠮᠡᠯᠵᠡᠯ ᠢᠶᠡᠷ ᠵᠢᠭᠦᠷᠯᠡᠭᠰᠡᠨ ᠵᠠᠯᠠᠭᠤ ᠢᠨᠵᠧᠨᠧᠷ ᠦᠳ ᠦᠨ ᠴᠣᠮᠬᠠᠨ ᠪᠠᠭ ᠢ ᠪᠦᠷᠢᠳᠦᠭᠦᠯᠵᠦ Mac ᠍ ᠢ ᠪᠣᠯᠪᠠᠰᠤᠷᠠᠭᠤᠯᠤᠨ ᠲᠠᠨᠢᠯᠴᠠᠭᠤᠯᠵᠠᠢ᠃ ᠡᠭᠦᠨ ᠡᠴᠡ ᠤᠳᠠᠯ ᠦᠭᠡᠢ ᠵᠣᠪᠰ ᠢ «Apple» ᠍ ᠠᠴᠠ ᠬᠠᠯᠠᠵᠠᠢ᠃ ᠲᠡᠷᠡ ᠪᠡᠷ ᠡᠮᠦᠨᠡᠬᠡᠨ ᠨᠢ «Pepsi-Cola» ᠺᠣᠮᠫᠠᠨᠢ ᠠᠴᠠ ᠥᠪᠡᠷ ᠢᠶᠡᠨ ᠭᠤᠶᠤᠵᠤ ᠪᠠᠶᠢᠵᠤ «Apple» ᠍ ᠳᠦ ᠠᠪᠴᠢᠷᠠᠭᠰᠠᠨ ᠰᠢᠨ᠎ᠡ ᠭᠦᠢᠴᠡᠳᠭᠡᠬᠦ ᠵᠠᠬᠢᠷᠤᠯ ᠵᠣᠩ ᠰᠺᠠᠯᠯᠢ ᠲᠠᠢ ᠠᠭᠠᠰᠢ ᠵᠠᠩᠭᠤ ᠪᠠᠷ ᠲᠠᠭᠠᠷᠠᠭ᠎ᠠ ᠦᠭᠡᠢ ᠬᠡᠷᠡᠭ᠃ ᠵᠠᠬᠢᠷᠤᠯ ᠤᠳ ᠤᠨ ᠵᠥᠪᠯᠡᠯ ᠰᠺᠠᠯᠯᠢ ᠳᠤ ᠢᠲᠡᠭᠡᠯ ᠦᠵᠡᠭᠦᠯᠵᠦ ᠵᠣᠪᠰ ᠭᠤᠳᠤᠮᠵᠢᠨ ᠳᠤ ᠭᠠᠷᠴᠠᠢ᠃ ᠬᠣᠵᠢᠮ ᠨᠢ ᠵᠣᠪᠰ ᠡᠨᠡ ᠨᠥᠬᠥᠴᠡᠯ ᠪᠠᠶᠢᠳᠠᠯ ᠨᠢ ᠲᠡᠷᠡ ᠠᠮᠢᠳᠤᠷᠠᠯ ᠤᠨ ᠢᠶᠠᠨ ᠬᠠᠮᠤᠭ ᠤᠨ ᠴᠢᠬᠤᠯᠠ ᠰᠢᠢᠳᠪᠦᠷᠢ ᠶᠢ ᠭᠠᠷᠭᠠᠬᠤ ᠳᠤ ᠲᠦᠯᠬᠢᠴᠡ ᠥᠭᠭᠦᠭᠰᠡᠨ ᠦᠢᠯᠡ ᠶᠠᠪᠤᠳᠠᠯ ᠪᠠᠶᠢᠯ᠎ᠠ ᠬᠡᠮᠡᠨ ᠶᠠᠷᠢᠭᠰᠠᠨ ᠪᠠᠶᠢᠳᠠᠭ᠃ ᠵᠦᠭᠡᠷ ᠰᠠᠭᠤᠵᠤ ᠴᠢᠳᠠᠳᠠᠭ ᠦᠭᠡᠢ ᠵᠣᠪᠰ ᠤᠨ ᠣᠯᠠᠨ ᠤ ᠳᠤᠮᠳᠠ ᠨᠡᠷ᠎ᠡ ᠬᠦᠨᠳᠦ ᠪᠡᠨ ᠪᠠᠷᠵᠢ᠂ ᠬᠠᠮᠢᠭᠠᠰᠢ ᠪᠠᠨ ᠴᠤ ᠬᠠᠮᠢᠶ᠎ᠠ ᠦᠭᠡᠢ ᠬᠣᠯᠠᠬᠠᠨ ᠵᠢᠭᠤᠲᠠᠭᠠᠬᠤ ᠭᠡᠰᠡᠨ ᠬᠦᠰᠡᠯ ᠨᠢ ᠬᠡᠳᠦᠬᠡᠨ ᠰᠠᠷ᠎ᠠ ᠶᠢᠨ ᠳᠠᠷᠠᠭ᠎ᠠ ᠪᠦᠬᠦᠨ ᠢ ᠡᠬᠢᠨ ᠡᠴᠡ ᠨᠢ ᠡᠬᠢᠯᠡᠬᠦ ᠰᠢᠢᠳᠪᠦᠷᠢ ᠪᠡᠷ ᠰᠣᠯᠢᠭᠳᠠᠭᠰᠠᠨ ᠶᠤᠮ᠃ ᠳᠠᠷᠠᠭ᠎ᠠ ᠶᠢᠨ ᠲᠠᠪᠤᠨ ᠵᠢᠯ ᠳᠤ ᠲᠡᠷᠡ «NeXT»᠂ «Pixar» ᠭᠡᠰᠡᠨ ᠬᠣᠶᠠᠷ ᠴᠤ ᠺᠣᠮᠫᠠᠨᠢ ᠪᠠᠶᠢᠭᠤᠯᠵᠤ᠂ ᠢᠷᠡᠭᠡᠳᠦᠢ ᠶᠢᠨ ᠡᠬᠡᠨᠡᠷ ᠲᠡᠢ ᠪᠡᠨ ᠲᠠᠨᠢᠯᠴᠠᠵᠠᠢ᠃ ᠬᠣᠵᠢᠮ ᠢᠶᠠᠨ «Pixar» ᠨᠢ ᠳᠡᠯᠡᠬᠡᠢ ᠶᠢᠨ ᠬᠠᠮᠤᠭ ᠤᠨ ᠠᠮᠵᠢᠯ ᠲᠠᠢ ᠠᠨᠢᠮᠠᠼ ᠤᠨ ᠰᠲ᠋ᠦ᠋ᠳᠢ ᠪᠣᠯᠤᠭᠰᠠᠨ ᠪᠢᠯᠡ᠃ 1996 ᠣᠨ ᠳᠤ ᠬᠢᠮᠤᠷᠠᠯ ᠳᠤ ᠣᠷᠣᠭᠰᠠᠨ «Apple» ᠺᠣᠮᠫᠠᠨᠢ «NeXT» ᠍ ᠢ ᠬᠤᠳᠠᠯᠳᠤᠨ ᠠᠪᠴᠠᠢ᠃ ᠡᠶᠢᠨᠬᠦᠦ ᠰᠲ᠋ᠢᠸ ᠵᠣᠪᠰ ᠳ᠋ᠠᠬᠢᠨ ᠵᠠᠬᠢᠷᠤᠯ ᠤᠳ ᠤᠨ ᠵᠥᠪᠯᠡᠯ ᠳᠤ ᠣᠷᠣᠵᠤ᠂ «Apple» ᠍ ᠤᠨ ᠲᠦᠷᠢ (ᠬᠣᠵᠢᠮ ᠨᠢ ᠪᠠᠶᠢᠩᠭᠤ ᠶᠢᠨ) ᠬᠡᠷᠡᠭ ᠡᠷᠬᠢᠯᠡᠬᠦ ᠵᠠᠬᠢᠷᠤᠯ ᠪᠣᠯᠤᠭᠰᠠᠨ ᠶᠤᠮ᠃ 2001 ᠣᠨ ᠳᠤ «Apple» ᠠᠩᠬ᠎ᠠ ᠶᠢᠨ iPod ᠲᠣᠭᠯᠠᠭᠤᠯᠤᠭᠴᠢ ᠪᠠᠨ ᠳᠡᠯᠡᠬᠡᠢ ᠳ᠋ᠠᠬᠢᠨ ᠳᠤ ᠲᠠᠨᠢᠯᠴᠠᠭᠤᠯᠵᠠᠢ᠃ ᠭᠠᠭᠴᠠᠬᠠᠨ ᠵᠢᠯ ᠦᠨ ᠳᠣᠲᠣᠷ᠎ᠠ ᠲᠡᠭᠦᠨ ᠦ ᠬᠤᠳᠠᠯᠳᠤᠭ᠎ᠠ ᠺᠣᠮᠫᠠᠨᠢ ᠶᠢᠨ ᠣᠷᠣᠯᠢᠭ ᠤᠨ ᠦᠨᠳᠦᠰᠦᠨ ᠡᠬᠢ ᠡᠭᠦᠰᠪᠦᠷᠢ ᠪᠣᠯᠤᠭᠰᠠᠨ ᠪᠢᠯᠡ᠃ 2006 ᠣᠨ ᠳᠤ ᠰᠦᠯᠵᠢᠶᠡᠨ ᠦ ᠮᠤᠯᠲ᠋ᠢᠮᠧᠳᠢ ᠫᠯᠧᠢᠧᠷ Apple Tᠦ ᠬᠤᠳᠠᠯᠳᠤᠭᠠᠨ ᠳᠤ ᠭᠠᠷᠴᠠᠢ᠃ 2007 ᠣᠨ ᠠᠴᠠ iPhone ᠬᠤᠳᠠᠯᠳᠤᠭᠠᠨ ᠳᠤ ᠭᠠᠷᠴᠤ ᠬᠠᠷᠢᠨ 2008 ᠣᠨ ᠳᠤ ᠵᠣᠪᠰ ᠳᠡᠯᠡᠬᠡᠢ ᠶᠢᠨ ᠬᠠᠮᠤᠭ ᠤᠨ ᠨᠢᠮᠭᠡᠨ ᠨᠣᠦᠲᠪᠦᠺ – MacBook Air ᠍ ᠪᠠᠨ ᠲᠠᠨᠢᠯᠴᠠᠭᠤᠯᠵᠠᠢ᠃ 2011 ᠣᠨ ᠤ ᠠᠷᠪᠠᠳᠤᠭᠠᠷ ᠰᠠᠷ᠎ᠠ ᠶᠢᠨ 5 ᠍ ᠳᠤ ᠰᠲ᠋ᠢᠸ ᠵᠣᠪᠰ ᠨᠠᠰᠤ ᠪᠠᠷᠠᠭᠰᠠᠨ ᠶᠤᠮ᠃ ᠲᠡᠷᠡ ᠪᠡᠷ 56 ᠨᠠᠰᠤᠲᠠᠢ ᠳᠤ ᠪᠠᠨ ᠨᠣᠶᠢᠷ ᠪᠤᠯᠴᠢᠷᠬᠠᠢ ᠶᠢᠨ ᠬᠣᠣᠷᠠᠲᠤ ᠬᠠᠪᠤᠳᠠᠷ ᠤᠨ ᠤᠯᠠᠮ ᠠᠴᠠ ᠺᠠᠯᠢᠹᠣᠷᠨᠢᠳ (ᠠᠮᠧᠷᠢᠺᠠ ᠶᠢᠨ ᠨᠢᠭᠡᠳᠦᠭᠰᠡᠨ ᠤᠯᠤᠰ) ᠲᠠᠭᠠᠯᠠᠯ ᠲᠡᠭᠦᠰᠴᠡᠢ᠃

ᠪᠢᠴᠢᠭᠡᠰᠦ