ᠰᠲ᠋ᠠᠯᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Merge arrow
ᠡᠨᠡ ᠥᠭᠦᠯᠡᠯ ᠢ ᠢᠣᠰᠢᠹ ᠰᠲ᠋ᠠᠯᠢᠨ ᠥᠭᠥᠯᠡᠯᠲᠡᠢ ᠨᠢᠭᠡᠳᠬᠡᠬᠦ ᠰᠠᠨᠠᠯ ᠲᠠᠯᠪᠢᠭᠳᠠᠭᠰᠠᠨ ᠪᠠᠶᠢᠨ᠎ᠠ (ᠬᠡᠯᠡᠯᠴᠡ)


ᠲᠣᠪᠴᠢ ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠣᠰᠢᠹ ᠸᠢᠰᠰᠠᠷᠢᠨᠣᠸᠢᠴ ᠰᠲ᠋ᠠᠯᠢᠨ (ᠵᠢᠩᠬᠢᠨᠢ ᠨᠡᠷ᠎ᠡ ᠨᠢ ᠵᠤᠭᠠᠰᠸᠢᠯᠢ, ᠭᠦᠷᠵᠢ ᠪᠡᠷ ᠣᠷᠣᠰ ᠤᠨ ᠬᠤᠪᠢᠰᠬᠠᠯᠴᠢ᠂ ᠵᠥᠪᠯᠡᠯᠲᠦ ᠶᠢᠨ ᠤᠯᠤᠰᠤᠲᠥᠶᠢᠷ᠂ ᠲᠥᠷᠥ᠂ ᠴᠡᠷᠢᠭ᠂ ᠨᠠᠮ ᠤᠨ ᠵᠢᠳᠬᠦᠯᠲᠡᠨ ᠪᠥᠭᠡᠳ 1879 ᠣᠨ ᠤ ᠠᠷᠪᠠᠨ ᠬᠣᠶᠠᠳᠤᠭᠠᠷ ᠰᠠᠷ᠎ᠠ ᠶᠢᠨ 9 (21) ᠍ ᠳᠦ ᠣᠷᠣᠰ ᠤᠨ ᠡᠡᠨ ᠳᠦ ᠭᠦᠷᠦᠨ ᠦ ᠲᠢᠹᠯᠢᠰ ᠮᠤᠵᠢ ᠶᠢᠨ ᠭᠣᠷᠢ ᠳᠤ ᠲᠦᠷᠦᠭᠰᠡᠨ᠂ (1953) ᠣᠨ ᠤ ᠭᠤᠷᠪᠠᠳᠤᠭᠠᠷ ᠰᠠᠷ᠎ᠠ ᠶᠢᠨ 5 ᠍ ᠳᠦ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠍ ᠤᠨ ᠮᠣᠰᠺᠸᠠ ᠮᠤᠵᠢ ᠶᠢᠨ ᠺᠦᠨᠴᠧᠦᠢᠰᠺ ᠳᠤᠭᠤᠷᠠᠭ ᠤᠨ ᠸᠣᠯ ᠤᠨᠰᠺᠣᠶ᠎ᠡ ᠳᠦ ᠨᠠᠰᠤ ᠪᠠᠷᠠᠭᠰᠠᠨ ᠶᠤᠮ᠃ᠲᠡᠷᠡᠪᠡᠷ ᠣᠯᠠᠨ ᠤᠯᠤᠰ ᠤᠨ ᠺᠣᠮᠮᠤᠨᠢᠰ ᠲᠤ ᠪᠣᠯᠤᠨ ᠠᠵᠢᠯᠴᠢᠨ ᠤ ᠬᠥᠳᠡᠯᠭᠡᠭᠡᠨ ᠦ ᠵᠢᠳᠬᠦᠯᠲᠡᠨ᠂ ᠮᠠᠷᠺᠰᠢᠰᠮ ᠯᠧᠨᠢᠨᠢᠰᠮ ᠦᠨ ᠣᠨᠣᠯᠴᠢ᠂ ᠰᠤᠷᠲᠠᠯ ᠨᠡᠪᠲᠡᠷᠡᠭᠦᠯᠦᠭᠴᠢ᠂ 1920 ᠍ ᠊ᠭᠠᠳ ᠣᠨ ᠤ ᠰᠡᠭᠦᠯᠴᠢ ᠡᠴᠡ ᠡᠬᠢᠯᠡᠨ 1953 ᠣᠨ ᠳᠤ ᠨᠠᠰᠤ ᠪᠠᠷᠠᠬᠤ ᠬᠦᠷᠲᠡᠯ᠎ᠡ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠨ ᠤ ᠤᠯᠤᠰ ᠤᠨ ᠤᠳᠤᠷᠢᠳᠤᠭᠴᠢ ᠪᠠᠶᠢᠯ᠎ᠠ᠃ ᠰᠲ᠋ᠠᠯᠢᠨ ᠤ ᠦᠶ᠎ᠡ ᠳᠦ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠲᠡᠦᠬᠡᠨ ᠳᠦ ᠣᠯᠠᠨ ᠴᠢᠬᠤᠯᠠ ᠦᠢᠯᠡ ᠶᠠᠪᠤᠳᠠᠯ ᠪᠣᠯᠤᠭᠰᠠᠨ᠃ ᠡᠭᠦᠨ ᠳᠦ: ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠍ ᠤᠨ ᠠᠵᠤ ᠦᠢᠯᠡᠳᠪᠦᠷᠢᠵᠢᠯᠲᠡ᠂ ᠬᠠᠮᠲᠤᠷᠠᠯᠵᠢᠭᠤᠯᠤᠯᠲᠠ᠂ ᠨᠢᠳᠤᠷᠭᠠᠨᠴᠤᠤᠳ ᠤᠨ ᠬᠥᠷᠥᠩᠭᠡ ᠬᠤᠷᠢᠶᠠᠯᠲᠠ᠂ ᠶᠡᠬᠡ ᠠᠯᠠᠯᠭ᠎ᠠ ᠬᠢᠳᠤᠯᠭ᠎ᠠ᠂ ᠣᠯᠠᠨ ᠨᠡᠶᠢᠲᠡ ᠶᠢᠨ ᠬᠡᠯᠮᠡᠭᠳᠡᠭᠦᠯᠦᠯᠲᠡ᠂ ᠤᠯᠤᠰ ᠲᠦᠮᠡᠨ ᠨᠦᠭᠦᠳ ᠢ ᠨᠤᠲᠤᠭ ᠵᠢᠭᠠᠨ ᠴᠥᠯᠡᠬᠦ ᠠᠵᠢᠯᠯᠠᠭ᠎ᠠ᠂ ГУЛаг ᠪᠤᠶᠤ ᠱᠣᠷᠣᠩ ᠤᠨ ᠲᠣᠭᠲᠠᠯᠴᠠᠭ᠎ᠠ᠂ 1932-1933 ᠣᠨ ᠤ ᠥᠯᠥᠰᠦᠭᠯᠡᠨ᠂ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠹᠢᠨᠯᠠᠨᠲ ᠷᠤ ᠬᠢᠭᠰᠡᠨ ᠳᠣᠪᠲᠣᠯᠭ᠎ᠠ᠂ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠦᠨᠳᠦᠰᠦᠲᠡᠨ ᠦ ᠬᠣᠯᠪᠣᠭᠠᠨ ᠠᠴᠠ ᠬᠠᠰᠤᠭᠳᠠᠭᠰᠠᠨ ᠦᠢᠯᠡ ᠶᠠᠪᠤᠳᠠᠯ᠂ ᠤᠯᠠᠭᠠᠨ ᠠᠷᠮᠢ ᠳᠠᠬᠢ ᠬᠡᠯᠮᠡᠭᠳᠡᠭᠦᠯᠦᠯᠲᠡ᠂ ᠳᠡᠯᠡᠬᠡᠢ ᠶᠢᠨ ᠬᠣᠶᠠᠳᠤᠭᠠᠷ ᠳᠠᠶᠢᠨ᠂ ᠵᠡᠭᠦᠨ ᠧᠦ᠋ᠷᠣᠫᠠ ᠪᠣᠯᠤᠨ ᠵᠡᠭᠦᠨ ᠠᠽᠢᠶ᠎ᠠ ᠳᠤ ᠲᠣᠭᠲᠠᠭᠰᠠᠨ ᠰᠣᠴᠢᠶᠠᠯᠢᠰᠲᠤ ᠰᠢᠰᠲ᠋ᠧᠮ᠂ 1946-1947 ᠣᠨ ᠤ ᠥᠯᠥᠰᠬᠦᠯᠡᠩ᠂ ᠨᠢᠭᠡ ᠬᠦᠮᠦᠨ ᠢ ᠲᠠᠬᠢᠨ ᠰᠢᠲᠦᠬᠦ ᠶᠠᠪᠤᠳᠠᠯ᠂ ᠳᠠᠷᠤᠩᠭᠤᠶᠢᠯᠠᠯ ᠤᠨ ᠲᠣᠲ᠋ᠠᠯᠢᠲ᠋ᠠᠷ ᠰᠢᠰᠲ᠋ᠧᠮ᠂ ᠵᠥᠪᠯᠡᠯᠲᠦ ᠶᠢᠨ ᠠᠲ᠋ᠣᠮ ᠤᠨ ᠪᠥᠮᠪᠥᠭᠡ᠂ ᠬᠦᠢᠲᠡᠨ ᠳᠠᠶᠢᠨ ᠣᠷᠣᠨ᠎ᠠ᠃

ᠬᠤᠪᠢ ᠤᠨ ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠣᠰᠢᠹ ᠵᠤᠭᠠᠰᠸᠢᠯᠢ ᠲᠢᠹᠯᠢᠰ ᠮᠤᠵᠢ ᠶᠢᠨ ᠭᠣᠷᠢ ᠬᠣᠳᠠ ᠳᠤ ᠭᠦᠷᠦᠵᠢᠶ ᠠ ᠭᠡᠷ ᠪᠦᠯᠢ ᠳᠦ ᠲᠦᠷᠦᠭᠰᠡᠨ (ᠵᠠᠷᠢᠮ ᠡᠬᠡ ᠰᠤᠷᠪᠤᠯᠵᠢ ᠲᠡᠭᠦᠨ ᠢ ᠣᠰᠲ᠋ᠢᠨ ᠭᠠᠷᠤᠯ ᠲᠠᠢ ᠭᠡᠵᠦ ᠦᠵᠡᠳᠡᠭ) ᠶᠤᠮ᠃ ᠲᠡᠭᠦᠨ ᠦ ᠡᠴᠢᠭᠡ ᠸᠢᠰᠰᠠᠷᠶᠣᠨ ᠢᠸᠠᠨᠨᠣᠸᠢᠴ ᠵᠤᠭᠠᠰᠸᠢᠯᠢ ᠤᠰᠤᠨ ᠦᠵᠦᠮ ᠲᠠᠷᠢᠵᠤ ᠬᠤᠳᠠᠯᠳᠤᠭᠠᠯᠠᠳᠠᠭ ᠸᠠᠨᠨᠣ ᠵᠤᠭᠠᠰᠸᠢᠯ ᠦᠨ ᠭᠡᠷ ᠪᠦᠯᠢ ᠳᠦ ᠲᠦᠷᠦᠭᠰᠡᠨ᠃ ᠸᠠᠣᠩ ᠤᠨ ᠡᠴᠢᠭᠡ ᠵᠠᠵᠠ ᠬᠡᠮᠡᠬᠦ ᠮᠠᠯᠴᠢᠨ ᠪᠠᠶᠢᠴᠠᠢ᠃ ᠢᠣᠰᠢᠪ ᠤᠨ ᠡᠴᠢᠭᠡ ᠭᠤᠲᠤᠯᠴᠢᠨ ᠪᠠᠶᠢᠭᠰᠠᠨ ᠪᠥᠭᠡᠳ ᠳᠠᠷᠠᠭ᠎ᠠ ᠨᠢ ᠲᠢᠹᠯᠢᠰᠲ ᠢᠷᠡᠵᠦ᠂ ᠦᠢᠯᠡᠳᠪᠦᠷᠢ ᠶᠢᠨ ᠡᠡᠨ ᠭ᠃ᠭ᠃ᠠᠳᠧᠯᠢᠬᠠᠨᠨᠣᠸ ᠤᠨ ᠭᠤᠲᠤᠯ ᠤᠨ ᠦᠢᠯᠡᠳᠪᠦᠷᠢ ᠳᠦ ᠠᠵᠢᠯᠯᠠᠭᠰᠠᠨ ᠪᠠᠶᠢᠨ᠎ᠠ᠃ ᠬᠣᠵᠢᠮ ᠨᠢ ᠭᠣᠷᠢ ᠬᠣᠳᠠ ᠳᠤ ᠢᠷᠡᠵᠦ ᠬᠤ ᠠᠢ ᠪᠠᠷ ᠢᠶᠠᠨ ᠠᠵᠢᠯ ᠡᠷᠬᠢᠯᠡᠬᠦ ᠪᠣᠯᠵᠠᠢ᠃ᠢᠣᠰᠢᠪ ᠤᠨ ᠡᠬᠡ ᠶᠧᠺᠠᠲ᠋ᠧᠷᠢᠨ᠎ᠠ ᠭᠧᠣᠷᠭᠢᠶᠧᠸᠨᠠ ᠭᠠᠮᠪᠠᠷᠧᠤᠯ ᠲᠣᠰᠬᠣᠨ ᠤ ᠬᠠᠮᠵᠢᠯᠭ᠎ᠠ ᠶᠢᠨ ᠲᠠᠷᠢᠶᠠᠴᠢᠨ ᠭᠧᠯᠳᠽᠧ ᠶᠢᠨ ᠭᠡᠷ ᠪᠦᠯᠢ ᠳᠦ ᠲᠦᠷᠦᠭᠰᠡᠨ᠃ ᠡᠳᠦᠷ ᠦᠨ ᠬᠥᠯᠦᠰᠦᠨ ᠦ ᠠᠵᠢᠯ ᠬᠢᠳᠡᠭ ᠪᠠᠶᠢᠴᠠᠢ᠃ ᠢᠣᠰᠢᠹ ᠠᠶᠢᠯ ᠤᠨ ᠭᠤᠷᠪᠠ ᠳᠠᠬᠢ ᠬᠦᠦ ᠪᠠᠶᠢᠯ᠎ᠠ ᠬᠣᠶᠠᠷ ᠠᠬ᠎ᠠ ᠨᠢ ᠪᠠᠭ᠎ᠠ ᠪᠠᠶᠢᠬᠤ ᠳᠤ ᠪᠠᠨ ᠨᠠᠰᠤ ᠪᠠᠷᠠᠭᠰᠠᠨ ᠶᠤᠮ᠃ ᠢᠣᠰᠢᠪ ᠢ ᠲᠥᠷᠦᠭᠰᠡᠨ ᠦ ᠳᠠᠷᠠᠭ᠎ᠠ ᠠᠪ ᠤ ᠬᠢ ᠨᠢ ᠠᠵᠢᠯ ᠪᠦᠲᠦᠯᠭᠦᠶᠢᠲᠦᠵᠦ᠂ ᠠᠷᠢᠬᠢᠨ ᠳᠤ ᠣᠷᠣᠭᠰᠠᠨ ᠪᠠᠶᠢᠨ᠎ᠠ ᠪᠦᠷ ᠰᠡᠭᠦᠯ ᠳᠦ ᠪᠡᠨ ᠸᠢᠰᠰᠠᠷᠶᠣᠨ ᠡᠬᠡᠨᠡᠷ ᠡᠴᠡ ᠪᠡᠨ ᠰᠠᠯᠠᠵᠠᠢ᠃ ᠲᠡᠷᠡ ᠬᠦᠦ ᠪᠡᠨ ᠠᠪᠴᠤ ᠶᠠᠪᠤᠬᠤ ᠭᠡᠬᠦ ᠳᠦ ᠨᠢ ᠶᠧᠺᠠᠲ᠋ᠧᠷᠢᠨ᠎ᠠ ᠥᠭᠭᠦᠭᠡ ᠦᠭᠡᠢ ᠪᠠᠶᠢᠨ᠎ᠠ᠃ᠢᠣᠰᠢᠹ 1884 ᠣᠨ ᠳᠤ ᠲᠠᠪᠤᠨ ᠨᠠᠰᠤᠲᠠᠢ ᠪᠠᠶᠢᠬᠤ ᠳᠤ ᠪᠠᠨ ᠰᠠᠯᠬᠢᠨ ᠴᠡᠴᠡᠭ ᠡᠪᠡᠳᠴᠢᠨ ᠢᠶᠡᠷ ᠡᠪᠡᠳᠴᠢᠯᠡᠭᠰᠡᠨ ᠪᠥᠭᠡᠳ ᠲᠡᠭᠦᠨ ᠦ ᠤᠯᠠ ᠮᠥᠷ ᠨᠢᠭᠤᠷᠠᠨ ᠳᠡᠭᠡᠷ᠎ᠡ ᠨᠢ ᠦᠯᠡᠳᠡᠭᠰᠡᠨ ᠶᠤᠮ᠃ ᠢᠣᠰᠢᠹ 1885 ᠣᠨ ᠳᠤ ᠰᠡᠦᠬᠡ ᠲᠡᠷᠭᠡᠨ ᠳᠦ ᠳᠠᠭᠠᠷᠢᠭᠤᠯᠵᠤ ᠭᠠᠷ ᠬᠥᠯ ᠨᠢ ᠶᠡᠬᠡᠳᠡ ᠪᠡᠷᠲᠡᠭᠰᠡᠨ ᠪᠠᠶᠢᠨ᠎ᠠ᠃ ᠲᠡᠭᠦᠨ ᠦ ᠵᠡᠭᠦᠨ ᠭᠠᠷ ᠨᠢ ᠲᠣᠬᠣᠢ ᠪᠠᠷ ᠢᠶᠠᠨ ᠮᠠᠭᠤ ᠨᠤᠭᠤᠷᠠᠳᠠᠭ ᠪᠣᠯᠤᠭᠰᠠᠨ ᠪᠢᠯᠡ᠃ 1886 ᠣᠨ ᠳᠤ ᠶᠧᠺᠠᠲ᠋ᠧᠷᠢᠨ᠎ᠠ ᠭᠧᠣᠷᠭᠢᠶᠧᠸᠨᠠ, ᠢᠣᠰᠢᠹ ᠍ ᠢ ᠭᠣᠷ ᠤᠨ ᠦᠨᠡᠨ ᠠᠯᠳᠠᠷᠲᠠᠨ ᠤ ᠱᠠᠰᠢᠨ ᠤ ᠰᠤᠷᠭᠠᠭᠤᠯᠢ ᠳᠤ ᠤᠷᠤᠭᠤᠯᠬᠤ ᠭᠡᠰᠡᠨ ᠪᠣᠯᠪᠠᠴᠤ ᠲᠡᠷᠡᠪᠡᠷ ᠣᠷᠣᠰ ᠬᠡᠯᠡ ᠣᠭᠲᠣ ᠮᠡᠳᠡᠳᠡᠭ ᠦᠭᠡᠢ ᠪᠠᠶᠢᠭᠰᠠᠨ ᠲᠤᠯᠠ ᠰᠤᠷᠭᠠᠭᠤᠯᠢ ᠳᠤ ᠣᠷᠣᠵᠤ ᠴᠢᠳᠠᠭᠰᠠᠨ ᠦᠭᠡᠢ᠃ 1886-1888 ᠣᠨ ᠳᠤ ᠡᠬᠦᠶᠢᠬᠦ ᠨᠢ ᠭᠤᠶᠤᠯᠲᠠ ᠪᠠᠷ ᠰᠠᠨᠸᠠᠷᠲᠠᠨ ᠾᠷᠢᠰᠲ᠋ᠣᠹᠣᠷ ᠴᠢᠷᠺᠸᠢᠶᠠᠩ ᠤᠨ ᠬᠡᠦᠬᠡᠳ ᠦᠳ ᠢᠣᠰᠢᠹᠲ ᠣᠷᠣᠰ ᠬᠡᠯᠡ ᠵᠠᠭᠠᠴᠠᠢ᠃

ᠬᠤᠪᠢᠰᠬᠠᠯ ᠳᠤ ᠡᠯᠰᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1889-1894 ᠣᠨ ᠳᠤ ᠢᠣᠰᠢᠹ ᠵᠤᠭᠠᠰᠸᠢᠯᠢ ᠰᠤᠷᠭᠠᠭᠤᠯᠢ ᠳᠤ ᠣᠷᠣᠵᠤ ᠰᠤᠷᠠᠭᠰᠠᠨ ᠪᠠᠶᠢᠨ᠎ᠠ᠃ 1894 ᠣᠨ ᠳᠤ ᠢᠣᠰᠢᠹ ᠰᠢᠯᠭᠠᠯᠲᠠ ᠪᠠᠨ ᠰᠠᠶᠢᠨ ᠥᠭᠴᠦ ᠲᠢᠹᠯᠢᠰ ᠤᠨ ᠲᠥᠪᠡᠳ ᠪᠠᠶᠢᠷᠢᠯᠠᠬᠤ ᠲᠢᠹᠯᠢᠰ ᠤᠨ ᠦᠨᠡᠨ ᠠᠯᠳᠠᠷᠲᠠᠨ ᠤ ᠱᠠᠰᠢᠨ ᠤ ᠰᠧᠮᠢᠨᠠᠷ ᠲᠤ ᠡᠯᠡᠰᠦᠨ ᠣᠷᠣᠵᠠᠢ᠃ ᠲᠡᠨᠳᠡ ᠲᠡᠷᠡ ᠠᠩᠬ᠎ᠠ ᠤᠳᠠᠭ᠎ᠠ ᠮᠠᠷᠺᠰᠢᠰᠮ ᠲᠠᠢ ᠲᠠᠨᠢᠯᠴᠠᠭᠰᠠᠨ ᠪᠠᠶᠢᠨ᠎ᠠ᠃ 1895 ᠣᠨ ᠤ ᠡᠬᠢ ᠪᠡᠷ ᠢᠣᠰᠢᠹ ᠵᠤᠭᠠᠰᠸᠢᠯᠢ ᠺᠠᠸᠬᠠᠰ ᠤᠨ ᠴᠢᠨᠠᠳᠤ ᠳᠤ ᠴᠥᠯᠯᠡᠭᠳᠡᠭᠰᠡᠨ ᠮᠠᠷᠺᠰᠢᠰᠲ ᠬᠤᠪᠢᠰᠬᠠᠯᠴᠢᠳ ᠤᠨ (ᠲᠡᠳᠡᠨ ᠦ ᠳᠤᠮᠳᠠ ᠢ᠃ᠢ᠃ᠯᠤᠵᠠᠨ, ᠣ᠃ᠠ᠃ᠺᠣᠩᠨ, ᠭ᠃ᠶᠠ᠃ᠹᠷᠠᠨᠴᠥᠰᠺᠢ ᠸ᠃ᠺ᠃ᠷᠣᠳᠽᠧᠸᠢᠴ-ᠪᠧᠯᠸᠢᠴ ᠨᠠᠷ ᠪᠠᠶᠢᠵᠠᠢ) ᠨᠢᠭᠤᠴᠠ ᠪᠤᠯᠬᠥᠮᠳ ᠶᠠᠪᠤᠬᠤ ᠪᠣᠯᠵᠠᠢ᠃ 1896-1898 ᠣᠨ ᠳᠤ ᠢᠣᠰᠢᠹ ᠵᠤᠭᠠᠰᠸᠢᠯᠢ ᠰᠦᠮᠢᠨᠠᠷ ᠤᠨ ᠢᠶᠠᠨ ᠨᠢᠭᠤᠴᠠ ᠮᠠᠷᠺᠰᠢᠰᠲ ᠳᠤᠭᠤᠶᠢᠯᠠᠩ ᠢ ᠤᠳᠤᠷᠢᠳᠥᠵᠤ ᠪᠠᠶᠢᠪᠠ᠃ 1898 ᠣᠨ ᠳᠤ ᠢᠣᠰᠢᠹ «ᠮᠧᠰᠠᠮᠧ ᠳᠠᠰᠢ» («ᠭᠤᠷᠪᠠᠳᠠᠬᠤ ᠪᠦᠯᠦᠭ») ᠬᠡᠮᠡᠬᠦ ᠭᠦᠷᠴᠢ ᠶᠢᠨ ᠰᠣᠴᠢᠶᠠᠯ ᠳᠧᠮᠣᠺᠷᠠᠲ ᠪᠠᠶᠢᠭᠤᠯᠤᠯᠭ᠎ᠠ ᠳᠤ ᠡᠯᠰᠡᠨ ᠣᠷᠣᠵᠠᠢ ᠲᠡᠷᠡᠪᠡᠷ ᠸ᠃ᠽ᠃ᠺ᠃ᠺᠧᠼᠬᠣᠸᠧᠯ ᠬᠠᠮᠲᠤ ᠲᠤᠰ ᠪᠠᠶᠢᠭᠤᠯᠤᠯᠭ᠎ᠠ ᠶᠢᠨ ᠬᠤᠪᠢᠰᠬ᠎ᠠ ᠳᠤ ᠴᠥᠭᠡᠩᠬᠢ ᠶᠢᠨ ᠴᠥᠮ᠎ᠡ ᠪᠣᠯᠤᠭᠰᠠᠨ ᠶᠤᠮ᠃ 1899 ᠣᠨ ᠤ ᠲᠠᠪᠤᠳᠤᠭᠠᠷ ᠰᠠᠷ᠎ᠠ ᠶᠢᠨ 29~ᠨᠳ ᠢᠣᠰᠢᠹ ᠵᠤᠭᠠᠰᠸᠢᠯᠢ ᠠᠷᠠᠳ ᠤᠨ ᠠᠩᠬᠠᠨ ᠱᠠᠲᠤᠨ ᠤ ᠰᠤᠷᠭᠠᠭᠤᠯᠢ ᠳᠤ ᠬᠢᠴᠢᠶᠡᠯ ᠵᠢᠭᠠᠬᠤ ᠵᠡᠷᠬᠡ ᠲᠡᠢ ᠪᠡᠷ ᠰᠧᠮᠢᠨᠠᠷ ᠠᠴᠠ ᠬᠥᠭᠡᠭᠡᠭᠳᠡᠭᠰᠡᠨ ᠪᠠᠶᠢᠨ᠎ᠠ ᠭᠣᠣᠯ ᠰᠢᠯᠲᠠᠭᠠᠨ ᠨᠢ ᠲᠡᠭᠦᠨ ᠦ ᠬᠢᠵᠦ ᠪᠠᠶᠢᠭᠰᠠᠨ ᠮᠠᠷᠺᠰᠢᠰᠲ ᠰᠤᠷᠲᠠᠯᠴᠢᠯᠠᠭ᠎ᠠ ᠲᠠᠢ ᠬᠣᠯᠪᠣᠭ᠎ᠠ ᠲᠠᠢ ᠪᠠᠶᠢᠭᠰᠠᠨ ᠪᠠᠶᠢᠬᠤ ᠮᠠᠭᠠᠳᠯᠠᠲᠠᠢ᠃ ᠢᠣᠰᠢᠹ ᠵᠤᠭᠠᠰᠸᠢᠯᠢ ᠰᠧᠮᠢᠨᠠᠷ ᠠᠴᠠ ᠬᠠᠰᠤᠭᠳᠠᠭᠠᠳ ᠨᠢᠭᠡ ᠬᠡᠰᠡᠭ ᠲᠦ ᠪᠡᠨ ᠬᠢᠴᠢᠶᠡᠯ ᠳᠠᠭᠠᠳᠠᠭᠤᠯᠤᠭᠴᠢ ᠪᠠᠭᠰᠢ ᠪᠠᠷ ᠠᠵᠢᠯᠯᠠᠭᠰᠠᠨ ᠪᠠᠶᠢᠨ᠎ᠠ 1900 ᠣᠨ ᠤ ᠡᠬᠢ ᠪᠡᠷ ᠰᠲ᠋ᠠᠯᠢᠨ ᠪᠠᠩᠬᠢ ᠳᠡᠭᠡᠷᠡᠮᠳᠡᠭᠴᠢ᠂ ᠤᠬᠠᠭᠤᠯᠤᠭᠴᠢ᠃ ᠠᠯᠠᠨ ᠬᠢᠳᠤᠭᠴᠢ ᠭᠡᠳᠡᠭ ᠢᠶᠡᠷ ᠢᠶᠡᠨ ᠡᠮᠦᠨᠡᠲᠦ ᠣᠷᠣᠰ ᠲᠤ ᠠᠯᠳᠠᠷᠰᠢᠭᠰᠠᠨ ᠪᠠᠶᠢᠨ᠎ᠠ 1917 ᠣᠨ ᠬᠦᠷᠲᠡᠯ᠎ᠡ ᠢᠣᠰᠢᠹ ᠵᠤᠭᠠᠰᠸᠢᠯᠢ ᠣᠯᠠᠨ ᠨᠢᠭᠤᠴᠠ ᠨᠡᠷᠡᠲᠡᠢ ᠪᠠᠶᠢᠵᠠᠢ ᠲᠤᠬᠠᠶᠢᠯᠠᠪᠠᠯ᠃ ᠲᠡᠭᠦᠨ ᠢ ᠸ ᠡᠴᠠᠰᠢᠪᠯ ᠨᠢᠵᠧᠷᠡᠳᠡᠪᠡ ᠴᠢᠵᠢᠬᠤᠪ᠃ ᠢᠸᠠᠨᠨᠣᠸᠢᠴ᠂ ᠰᠲ᠋ᠠᠯᠢᠨ᠃ ᠺᠣᠪᠠ ᠭᠡᠵᠦ ᠨᠡᠷᠡᠫᠡᠳᠡᠭ ᠪᠠᠶᠢᠪᠠ᠃ 1990 ᠣᠨᠣᠭ᠎ᠠ ᠢᠣᠰᠢᠹ ᠵᠢᠲ᠋ᠠᠰᠸᠢᠯᠢ ᠠᠵᠢᠯᠴᠢᠨ ᠤ ᠬᠥᠯᠭᠡᠨ ᠳᠦ ᠣᠷᠣᠯᠴᠠᠵᠤ᠂ ᠠᠵᠢᠯ ᠬᠠᠶᠠᠯᠲᠠ᠂ ᠬᠤᠷᠠᠯ ᠴᠤᠭᠯᠠᠭᠠᠨ ᠵᠣᠬᠢᠶᠠᠨ ᠪᠠᠶᠢᠭᠤᠯᠬᠤ ᠪᠣᠯᠪᠠ᠃ ᠭᠦᠷᠴᠢ ᠶᠢᠨ ᠰᠣᠴᠢᠶᠠᠯ ᠳᠧᠮᠣᠺᠷᠠᠲ ᠤᠳ ᠢ ᠪᠠᠷᠢᠪᠴᠢᠯᠠᠬᠤ ᠦᠶ᠎ᠡ ᠳᠦ ᠠᠵᠢᠯ ᠢᠶᠠᠨ ᠣᠷᠬᠢᠵᠤ᠂ ᠨᠢᠭᠤᠴᠠ ᠪᠠᠶᠢᠳᠠᠯ ᠳᠤ ᠣᠷᠣᠵᠤ᠂ ᠬᠤᠪᠢᠰᠬᠠᠯ ᠤᠨ ᠨᠢᠭᠤᠴᠠ ᠠᠵᠢᠯᠲᠠᠨ ᠪᠣᠯᠵᠠᠢ᠃ ᠬᠣᠶᠠᠳᠤᠭᠠᠷ ᠰᠠᠷ᠎ᠠ ᠶᠢᠨ ᠬᠤᠪᠢᠰᠤᠯ ᠤᠨ ᠳᠠᠷᠠᠭ᠎ᠠ ᠰᠲ᠋ᠠᠯᠢᠨ ᠫᠧᠲ᠋ᠷᠣᠭᠷᠠᠳ ᠲᠤ ᠢᠷᠡᠵᠡᠢ᠃ ᠯᠧᠨᠢᠨ ᠢ ᠭᠠᠳᠠᠳ ᠠᠴᠠ ᠢᠷᠡᠬᠦ ᠡᠴᠡ ᠡᠮᠦᠨ᠎ᠡ ᠲᠡᠷᠡ ᠣᠷᠣᠰ ᠤᠨ ᠰᠣᠴᠢᠶᠠᠯ ᠳᠧᠮᠣᠺᠷᠠᠲ ᠬᠤᠪᠢᠰᠬᠠᠯᠲᠤ ᠨᠠᠮ᠂ ᠪᠣᠯᠱᠧᠸᠢᠭ ᠨᠠᠮ ᠤᠨ ᠫᠧᠲ᠋ᠧᠷᠪᠦᠦᠭ ᠦᠨ ᠬᠣᠷᠢᠶᠠᠨ ᠤ ᠤᠳᠤᠷᠢᠳᠤᠭᠳᠠ ᠶᠢᠨ ᠨᠢᠭᠡ ᠪᠠᠶᠢᠪᠠ᠃

ᠤᠯᠤᠰ ᠲᠥᠷᠥ ᠶᠢᠨ ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1917 ᠣᠨ ᠳᠤ ᠰᠲ᠋ᠠᠯᠢᠨ <<ᠫᠷᠠᠪᠳᠠ>> ᠰᠣᠨᠢᠨ ᠤ ᠷᠧᠳᠠᠺᠼ ᠪᠣᠯᠱᠧᠸᠢᠭ ᠨᠠᠮ ᠤᠨ ТХ ᠍ ᠶᠢᠨ ᠤᠯᠤᠰ ᠤᠨ ᠲᠥᠷᠥ ᠶᠢᠨ ᠲᠣᠪᠴᠢᠶ᠎ᠠ ᠴᠡᠷᠢᠭ ᠦᠨ ᠬᠤᠪᠢᠰᠬᠠᠯᠲᠤ ᠲᠥᠪ ᠦᠨ ᠭᠡᠰᠢᠭᠦᠨ ᠪᠠᠶᠢᠴᠠᠢ᠃ ᠡᠬᠢᠯᠡᠭᠡᠳ ᠰᠲ᠋ᠠᠯᠢᠨ ᠲᠦᠷᠢ ᠵᠠᠰᠠᠭ ᠤᠨ ᠭᠠᠵᠠᠷ ᠢ ᠳᠡᠮᠵᠢᠵᠦ ᠪᠠᠶᠢᠪᠠ᠃ ᠳᠠᠷᠠᠭ᠎ᠠ ᠨᠢ ᠬᠣᠶᠠᠳᠤᠭᠠᠷ ᠰᠠᠷ᠎ᠠ ᠶᠢᠨ "ᠬᠥᠷᠥᠩᠭᠡᠲᠡᠨ ᠦ ᠳᠧᠮᠣᠺᠷᠠᠲ" ᠬᠤᠪᠢᠰᠬᠠᠯᠲᠤ ᠫᠷᠣᠯᠧᠲ᠋ᠠᠷᠢ ᠶᠢᠨ ᠰᠣᠴᠢᠶᠠᠯᠢᠰᠲ ᠬᠤᠪᠢᠰᠬᠠᠯ ᠪᠣᠯᠭᠠᠨ ᠥᠷᠨᠢᠭᠦᠯᠬᠦ ᠵᠣᠷᠢᠯᠲᠠ ᠲᠠᠯᠪᠢᠭᠰᠠᠨ ᠯᠧᠨᠢᠨ ᠤ ᠲᠠᠯ᠎ᠠ ᠳᠤ ᠣᠷᠣᠵᠠᠢ᠃ ᠲᠡᠷᠡᠪᠡᠷ ᠬᠤᠪᠢᠰᠬᠠᠯᠲᠤ ᠪᠣᠰᠤᠯᠭ᠎ᠠ ᠳᠤ ᠢᠳᠡᠪᠬᠢᠲᠡᠢ ᠣᠷᠣᠯᠴᠠᠭᠰᠠᠨ ᠲᠡᠷᠡᠪᠡᠷ ᠠᠷᠪᠠᠳᠤᠭᠠᠷ ᠰᠠᠷ᠎ᠠ ᠶᠢᠨ 25 (ᠠᠷᠪᠠᠨ ᠨᠢᠭᠡᠳᠦᠭᠡᠷ ᠰᠠᠷ᠎ᠠ ᠶᠢᠨ 7) ᠍ ᠶᠢᠨ ОСДХН(ᠪ) ᠍ ᠤᠨ ᠲᠥᠪ ᠬᠣᠷᠢᠶᠠᠨ ᠤ ᠬᠤᠷᠠᠯ ᠳᠤ ᠣᠷᠣᠯᠴᠠᠭᠰᠠᠨ ᠪᠥᠭᠡᠳ ᠡᠨᠳᠡ ᠬᠤᠷᠠᠯ ᠢᠶᠠᠷ ᠰᠢᠨ᠎ᠡ ᠵᠥᠯᠦᠯᠲᠡ ᠵᠠᠰᠠᠭ ᠤᠨ ᠭᠠᠵᠠᠷ ᠤᠨ ᠪᠦᠲᠦᠴᠡ᠂ ᠨᠡᠷ᠎ᠡ ᠶᠢ ᠪᠠᠲᠤᠯᠠᠭᠰᠠᠨ ᠪᠠᠶᠢᠨ᠎ᠠ᠃ ᠰᠲ᠋ᠠᠯᠢᠨ ᠪᠦᠬᠦ ᠣᠷᠣᠰ ᠤᠨ ᠡᠭᠦᠰᠬᠡᠨ ᠪᠠᠶᠢᠭᠤᠯᠬᠤ ᠬᠤᠷᠠᠯ ᠳᠤ ᠫᠧᠲ᠋ᠷᠣᠭᠠᠷᠠᠳ ᠤᠨ ᠳ᠋ᠧᠫᠦᠶᠢᠲ᠋ᠠᠲ ᠠᠴᠠ ᠪᠣᠯᠵᠤ ᠠᠷᠪᠠᠳᠤᠭᠠᠷ ᠰᠠᠷ᠎ᠠ ᠶᠢᠨ 6 ᠍ ᠳᠦ ᠰᠲ᠋ᠠᠯᠢᠨ ᠮᠣᠰᠺᠸᠠ ᠳᠤ ᠢᠷᠡᠪᠡ᠃ ᠠᠷᠪᠠᠳ ᠠᠴᠠ ᠰᠠᠷ᠎ᠠ ᠶᠢᠨ 8 ᠺᠣᠮᠮᠢᠰᠰᠠᠷ ᠤᠳ ᠤᠨ ᠵᠥᠪᠯᠡᠯ ᠦᠨ ᠲᠣᠭᠲᠠᠭᠠᠯ ᠢᠶᠠᠷ ᠴᠡᠷᠢᠭ ᠦᠨ ᠵᠥᠪᠯᠡᠯ ᠦᠨ ᠭᠡᠰᠢᠭᠦᠨ ᠪᠣᠯᠪᠠ᠃ ᠠᠷᠪᠠᠳᠤᠭᠠᠷ ᠰᠠᠷ᠎ᠠ ᠶᠢᠨ 11 ᠨᠳ ᠰᠲ᠋ᠠᠯᠢᠨ ᠴᠠᠷᠢᠼ ᠤᠨ ᠳᠤ ᠡᠷᠭᠢᠨ ᠢᠷᠡᠵᠡᠢ᠃ ᠤᠳᠠᠯ ᠦᠭᠡᠢ ᠤᠯᠠᠭᠠᠨ ᠠᠷᠮᠢ ᠢᠯᠠᠯᠲᠠ ᠪᠠᠶᠢᠭᠤᠯᠵᠤ ᠮᠣᠰᠺᠸᠠ ᠳᠤ ᠪᠤᠴᠠᠨ ᠢᠷᠡᠪᠡ᠃ 1919 ᠣᠨ ᠤ ᠵᠤᠨ ᠰᠲ᠋ᠠᠯᠢᠨ ᠰᠮᠠᠯᠧᠨᠰᠺ ᠲᠤ ᠣᠴᠢᠵᠤ᠂ ᠪᠠᠷᠠᠭᠤᠨ ᠹᠷᠠᠨ ᠳᠤ ᠳᠠᠬᠢ ᠫᠣᠯᠢᠰᠢ ᠨᠤᠭᠤᠳ ᠤᠨ ᠳᠣᠪᠲᠣᠯᠭ᠎ᠠ ᠶᠢ ᠵᠣᠭᠰᠣᠭᠠᠭᠰᠠᠨ ᠶᠤᠮ᠃ 1919 ᠣᠨ ᠤ ᠵᠢᠷᠭᠤᠳᠠᠤᠭᠠᠷ ᠰᠠᠷ᠎ᠠ ᠶᠢᠨ 12-18 ᠍ ᠳᠦ ᠰᠲ᠋ᠠᠯᠢᠨ ᠫᠧᠲ᠋ᠷᠣᠭᠷᠠᠳ ᠳᠠᠬᠢ 《ᠺᠷᠠᠰᠠᠨᠠᠶ᠎ᠠ ᠭᠣᠷᠺᠠ》 ᠴᠠᠶᠢᠵᠠ ᠶᠢᠨ ᠪᠣᠰᠤᠯᠭ᠎ᠠ ᠶᠢ ᠳᠠᠷᠤᠬᠤ ᠠᠵᠢᠯᠯᠠᠭ᠎ᠠ ᠶᠢ ᠤᠳᠤᠷᠢᠳᠤᠭᠰᠠᠨ ᠪᠠᠶᠢᠨ᠎ᠠ᠃ 1919 ᠣᠨ ᠤ ᠠᠷᠪᠠᠨ ᠨᠢᠭᠡᠳᠦᠭᠡᠷ ᠰᠠᠷ᠎ᠠ ᠶᠢᠨ 27 ᠍ ᠳᠦ ᠪᠦᠬᠦ ᠣᠷᠣᠰ ᠤᠨ ᠭᠦᠢᠴᠡᠳᠭᠡᠬᠦ ᠲᠥᠪ ᠬᠣᠷᠢᠶᠠᠨ ᠤ ᠲᠣᠭᠲᠠᠭᠠᠯ ᠢᠶᠠᠷ ᠰᠲ᠋ᠠᠯᠢᠨ ᠠᠩᠬᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠭᠳᠠᠭᠰᠠᠨ ᠪᠠᠶᠢᠨ᠎ᠠ᠃ ᠰᠲ᠋ᠠᠯᠢᠨ ᠤ ᠰᠠᠨᠠᠭᠠᠴᠢᠯᠭ᠎ᠠ ᠪᠠᠷ ᠪᠠᠶᠢᠭᠤᠯᠤᠭᠳᠠᠭᠰᠠᠨ ᠨᠢᠭᠡᠳᠦᠭᠡᠷ ᠮᠣᠷᠢᠲᠤ ᠠᠷᠮᠢ ᠡᠮᠦᠨᠡᠲᠦ ᠣᠷᠣᠰ ᠢ ᠴᠠᠭᠠᠨᠲᠠᠨ ᠠᠴᠠ ᠴᠢᠯᠦᠭᠡᠯᠡᠪᠡ᠃ ᠲᠤᠰ ᠠᠷᠮᠢ ᠶᠢ ᠰ᠃ᠮ᠃ᠪᠤᠳ᠋ᠶᠣᠨ ᠤᠢ, ᠺ᠃ᠶᠡ᠃ᠸᠣᠷᠣᠰᠢᠯᠠᠪᠠ, ᠶᠡ᠃ᠠ᠃ᠱᠳᠧᠩᠺᠣ ᠨᠠᠷ ᠤᠳᠤᠷᠢᠳᠥᠵᠤ ᠪᠠᠶᠢᠴᠠᠢ᠃


ᠬᠥᠳᠡᠯᠭᠡᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1920 ᠣᠨ ᠤ ᠬᠠᠪᠤᠷ ᠭᠤᠷᠪᠠᠳᠤᠭᠠᠷ ᠰᠠᠷ᠎ᠠ ᠳᠤ ᠰᠲ᠋ᠠᠯᠢᠨ ᠦᠺᠷᠠᠶᠢᠨ ᠤ ᠬᠥᠳᠡᠯᠮᠦᠷᠢ ᠶᠢᠨ ᠰᠲ᠋ᠠᠯᠢᠮ᠂ ᠯᠧᠨᠢᠨ᠂ ᠺᠠᠯᠢᠨᠢᠮ ᠨᠠᠷ 1919 ᠣᠨ ᠳᠤ ᠠᠷᠮᠢ ᠶᠢᠨ ᠵᠥᠪᠯᠡᠯ ᠢ ᠲᠡᠷᠢᠭᠦᠯᠡᠵᠦ᠂ ᠨᠡᠭᠦᠷᠡᠰᠦ ᠣᠯᠪᠤᠷᠢᠯᠠᠯᠲᠠᠳ ᠬᠦᠮᠦᠨ ᠠᠮᠠ ᠶᠢ ᠳᠠᠶᠢᠴᠢᠯᠠᠬᠤ ᠠᠵᠢᠯ ᠢ ᠭᠠᠷᠳᠠᠨ ᠤᠳᠤᠷᠢᠳᠥᠵᠤ ᠪᠠᠶᠢᠴᠠᠢ᠃ 1920 ᠣᠨ ᠤ ᠠᠷᠪᠠᠨ ᠬᠣᠶᠠᠳᠤᠭᠠᠷ ᠰᠠᠷ᠎ᠠ ᠶᠢᠨ 22 ᠍ ᠳᠦ ᠰᠲ᠋ᠠᠯᠢᠨ ᠪᠦᠬᠦ ᠣᠷᠣᠰ ᠤᠨ ᠵᠥᠪᠯᠡᠯ ᠦᠳ ᠦᠨ VIII ᠶᠡᠬᠡ ᠬᠤᠷᠠᠯ ᠳᠤ ᠣᠷᠣᠯᠴᠠᠵᠠᠢ᠃ ᠰᠤᠳᠤᠯᠤᠭᠠᠴᠢ᠎ᠠ᠃ᠫ᠃ᠱᠢᠺᠠᠮᠠᠨ ᠤ ᠲᠡᠮᠳᠡᠭᠯᠡᠭᠰᠡᠨ ᠢᠶᠡᠷ 《ᠰᠲ᠋ᠠᠯᠢᠨ ᠡᠷᠡᠰ ᠰᠢᠷᠦᠭᠦᠨ ᠰᠢᠢᠳᠪᠦᠷᠢ ᠭᠠᠷᠭᠠᠳᠠᠭ᠂ ᠠᠵᠢᠯᠴᠢ ᠬᠢᠴᠢᠶᠡᠩᠭᠦᠢ ᠴᠢᠨᠠᠷᠲᠠᠢ᠂ ᠴᠡᠷᠢᠭ ᠦᠨ ᠪᠣᠯᠤᠨ ᠤᠯᠤᠰ ᠲᠥᠷᠥ ᠶᠢᠨ ᠠᠵᠢᠯ ᠢ ᠬᠣᠣᠰᠯᠠᠭᠤᠯᠵᠤ ᠴᠢᠳᠠᠳᠠᠭ ᠪᠠᠶᠢᠭᠰᠠᠨ ᠨᠢ ᠣᠯᠠᠨ ᠬᠦᠮᠦᠰ ᠲᠡᠭᠦᠨ ᠦ ᠲᠠᠯ᠎ᠠ ᠳᠤ ᠲᠠᠲᠠᠭᠳᠠᠨ ᠤᠷᠤᠬᠤ ᠨᠥᠬᠥᠴᠡᠯ ᠪᠣᠯᠵᠠᠢ᠃1922 ᠣᠨ ᠳᠤ ᠰᠲ᠋ᠠᠯᠢᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠪᠠᠶᠢᠭᠤᠯᠬᠤ ᠠᠵᠢᠯ ᠳᠤ ᠣᠷᠣᠯᠴᠠᠭᠰᠠᠨ ᠶᠤᠮ᠃ ᠲᠡᠷᠡᠪᠡᠷ ᠬᠣᠯᠪᠣᠭᠠᠨ ᠤ ᠤᠯᠤᠰ ᠪᠢᠰᠢ᠂ ᠬᠠᠷᠢᠨ ᠦᠨᠳᠦᠰᠦᠲᠡᠨ ᠨᠦᠭᠦᠳ ᠦᠨ ᠠᠦ᠋ᠲ᠋ᠣᠮᠢ ᠳᠤ ᠨᠢᠭᠡᠳᠦᠯ ᠪᠦᠬᠦᠢ ᠨᠢᠭᠡᠳᠦᠭᠰᠡᠨ ᠤᠯᠤᠰ ᠪᠠᠶᠢᠭᠤᠯᠬᠤ ᠬᠡᠷᠡᠭᠲᠡᠢ ᠭᠡᠵᠦ ᠦᠵᠡᠳᠡᠭ ᠪᠠᠶᠢᠪᠠ᠃ ᠭᠡᠪᠡᠴᠦ ᠡᠨᠡ ᠲᠥᠯᠥᠪᠯᠡᠭᠡ ᠶᠢ ᠯᠧᠨᠢᠨ ᠪᠣᠯᠤᠨ ᠲᠡᠭᠦᠨ ᠦ ᠲᠠᠯ᠎ᠠ ᠶᠢᠨᠤᠨ ᠨᠢᠴᠤᠭᠠᠭᠰᠠᠨ ᠪᠠᠶᠢᠨ᠎ᠠ᠃ 1922 ᠣᠨ ᠠᠷᠪᠠᠨ ᠬᠣᠶᠠᠳᠤᠭᠠᠷ ᠰᠠᠷ᠎ᠠ ᠶᠢᠨ 30 ᠍ ᠳᠦ ᠪᠦᠬᠦ ᠬᠣᠯᠪᠣᠭᠠᠲᠤ ᠶᠢᠨ ᠵᠥᠪᠯᠡᠯᠲᠦ ᠶᠢᠨ ᠠᠩᠬᠠᠳᠤᠭᠠᠷ ᠬᠤᠷᠠᠯ ᠢᠶᠠᠷ ᠵᠥᠪᠯᠡᠯᠲᠦ ᠪᠦᠭᠦᠳᠡ ᠨᠠᠶᠢᠷᠠᠮᠳᠠᠬᠤ ᠤᠯᠤᠰ ᠤᠳ ᠢ ᠨᠢᠭᠡᠳᠬᠡᠵᠦ᠂ ᠵᠥᠪᠯᠡᠯᠲᠦ ᠰᠣᠴᠢᠶᠠᠯᠢᠰᠲ ᠪᠦᠭᠦᠳᠡ ᠨᠠᠶᠢᠷᠠᠮᠳᠠᠬᠤ ᠬᠣᠯᠪᠣᠭᠠᠨ ᠤ ᠤᠯᠤᠰ ᠢ ᠪᠠᠶᠢᠭᠤᠯᠤᠭᠰᠠᠨ ᠶᠤᠮ᠃ ᠡᠬᠡ ᠣᠷᠣᠨ ᠤ ᠳᠠᠶᠢᠨ ᠬᠡᠯᠡᠭᠰᠡᠨ ᠡᠴᠡ ᠳᠣᠯᠣᠭᠠᠨ ᠬᠣᠨᠣᠭ ᠤᠨ ᠳᠠᠷᠠᠭ᠎ᠠ (1941 ᠵᠢᠷᠭᠤᠳᠠᠤᠭᠠᠷ ᠰᠠᠷ᠎ᠠ ᠶᠢᠨ 30 ᠍ ᠳᠦ ᠰᠲ᠋ᠠᠯᠢᠨ ᠰᠢᠨ᠎ᠡ ᠪᠡᠷ ᠪᠠᠶᠢᠭᠤᠯᠤᠭᠰᠠᠨ ᠤᠯᠤᠰ ᠤᠨ ᠪᠠᠲᠤᠯᠠᠨ ᠬᠠᠮᠠᠭᠠᠯᠠᠬᠤ ᠬᠣᠷᠢᠶᠠᠨ ᠤ ᠳᠠᠷᠤᠭ᠎ᠠ ᠪᠣᠯᠤᠭᠰᠠᠨ ᠶᠤᠮ᠃ ᠳᠣᠯᠣᠭ᠎ᠠ ᠳᠤᠭᠠᠷ ᠰᠠᠷ᠎ᠠ ᠶᠢᠨ 3 ᠍ ᠳᠦ ᠰᠲ᠋ᠠᠯᠢᠨ ᠵᠥᠪᠯᠡᠯᠲᠦ ᠶᠢᠨ ᠠᠷᠠᠳ ᠲᠦᠮᠡᠨ ᠳᠦ ᠬᠠᠨᠳᠤᠵᠤ ᠠᠯᠳᠠᠷᠲᠤ ᠦᠭᠡ ᠬᠡᠯᠡᠭᠰᠡᠨ ᠶᠤᠮ᠃ "ᠨᠥᠬᠥᠳ ᠦᠳ᠎ᠡ᠂ ᠢᠷᠭᠡᠳ᠎ᠡ᠂ ᠠᠬ᠎ᠠ ᠳᠡᠭᠦᠦ ᠨᠠᠷ᠎ᠠ᠂ ᠮᠠᠨ ᠤ ᠠᠷᠮᠢ᠂ ᠷᠯᠣᠲ ᠤᠨ ᠳᠠᠶᠢᠴᠢᠳ᠎ᠠ! ᠪᠢ ᠲᠠ ᠨᠠᠷ ᠲᠤ ᠬᠠᠨᠳᠤᠵᠤ ᠪᠠᠶᠢᠨ᠎ᠠ᠂ ᠨᠠᠶᠢᠵᠠ ᠨᠠᠷ᠎ᠠ! ᠭᠡᠵᠦ ᠲᠡᠷᠡ ᠦᠭᠡ ᠡᠬᠢᠯᠡᠭᠰᠡᠨ ᠪᠠᠶᠢᠳᠠᠭ᠃ 1941 ᠣᠨ ᠤ ᠳᠣᠯᠣᠭᠠᠳᠤᠭᠠᠷ ᠰᠠᠷ᠎ᠠ ᠶᠢᠨ 19 ᠍ ᠳᠦ ᠰᠲ᠋ᠠᠯᠢᠨ ᠲᠢᠮᠣᠱᠧᠩᠺᠣᠯ ᠤᠨ ᠣᠷᠣᠨ ᠳᠤ ᠪᠠᠲᠤᠯᠠᠨ ᠬᠠᠮᠠᠭᠠᠯᠠᠬᠤ ᠶᠢᠨ ᠠᠷᠠᠳ ᠤᠨ ᠺᠣᠮᠢ ᠠᠴᠠᠷ ᠪᠣᠯᠤᠭᠰᠠᠨ ᠶᠤᠮ᠃ 1941 ᠣᠨ ᠤ ᠨᠠᠶᠢᠮᠠᠳᠤᠭᠠᠷ ᠰᠠᠷ᠎ᠠ ᠶᠢᠨ 8 ᠍ ᠨ ᠠᠴᠠ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠳᠡᠭᠡᠳᠦ ᠵᠥᠪᠯᠡᠯ ᠦᠨ ᠲᠡᠷᠢᠭᠦᠯᠡᠭᠴᠢᠳ ᠦᠨ ᠵᠠᠷᠢᠯᠭ᠎ᠠ ᠪᠠᠷ ᠰᠲ᠋ᠠᠯᠢᠨ ЗСХУ ᠍ ᠤᠨ ᠵᠡᠪᠰᠡᠭᠲᠦ ᠬᠦᠴᠦᠨ ᠦ ᠳᠡᠭᠡᠳᠦ ᠶᠡᠷᠡᠨ ᠦ ᠺᠣᠮᠣᠩᠳᠠᠯᠠᠭᠴᠢ ᠪᠣᠯᠤᠭᠰᠠᠨ ᠶᠤᠮ᠃ 1941 ᠣᠨ ᠤ ᠳᠣᠯᠣᠭᠠᠳᠤᠭᠠᠷ ᠰᠠᠷ᠎ᠠ ᠶᠢᠨ 30 ᠍ ᠳᠦ ᠰᠲ᠋ᠠᠯᠢᠨ = ᠠᠮᠧᠷᠢᠺᠠ ᠶᠢᠨ ᠨᠢᠭᠡᠳᠦᠭᠰᠡᠨ ᠤᠯᠤᠰ ᠤᠨ ᠥᠷᠦᠩᠬᠡᠶᠢᠯᠡᠭᠴᠢ ᠹᠷᠠᠨᠺᠯᠢᠨ ᠷᠦᠽᠸᠧᠯᠲᠦ ᠶᠢᠨ ᠪᠡᠶ᠎ᠡ ᠲᠥᠯᠥᠭᠡᠯᠡᠭᠴᠢ᠂ ᠳᠣᠲᠣᠨ ᠤ ᠵᠥᠪᠯᠡᠭᠴᠢ ᠭᠠᠷᠷᠢ ᠭᠣᠫᠬᠢᠨᠰ ᠢ ᠬᠦᠯᠢᠶᠡᠵᠦ ᠠᠪᠤᠭᠰᠠᠨ ᠶᠤᠮ᠃

ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠬᠣᠶᠠᠳᠤᠭᠠᠷ ᠰᠠᠷ᠎ᠠ ᠶᠢᠨ 16-20 ᠍ ᠳᠦ ᠰᠲ᠋ᠠᠯᠢᠨ . ᠮᠣᠰᠺᠸᠠ ᠬᠣᠲᠣᠩ ᠢᠶᠠᠨ ᠶᠡᠬᠡ ᠪᠷᠢᠲ᠋ᠠᠨ ᠦ ᠭᠠᠳᠠᠭᠠᠳᠤ ᠬᠡᠷᠡᠭ ᠦᠨ ᠰᠠᠶᠢᠳ᠎ᠡ᠃ᠢᠳᠧᠨ ᠲᠡᠢ ᠭᠧᠷᠮᠠᠨ ᠤ ᠡᠰᠡᠷᠬᠦ ᠳᠠᠶᠢᠨ ᠳᠤ ᠬᠣᠯᠪᠣᠭᠠᠲᠠᠨ ᠪᠣᠯᠬᠤ ᠪᠣᠯᠤᠨ ᠳᠠᠶᠢᠨ ᠤ ᠳᠠᠷᠠᠭ᠎ᠠ ᠬᠠᠮᠲᠤᠷᠠᠨ ᠠᠵᠢᠯᠯᠠᠬᠤ ᠲᠤᠬᠠᠢ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ᠂ ᠶᠡᠬᠡ ᠪᠷᠢᠲ᠋ᠠᠨ(ᠠᠩᠭᠯᠢ) ᠤᠨ ᠬᠣᠭᠣᠷᠣᠨᠳᠣ ᠭᠡᠷ ᠢᠶᠡᠨ ᠪᠠᠶᠢᠭᠤᠯᠬᠤ ᠲᠠᠯ᠎ᠠ ᠪᠠᠷ ᠬᠡᠯᠡᠯᠴᠡᠭᠰᠡᠨ ᠪᠠᠶᠢᠨ᠎ᠠ᠃ 1943 ᠣᠨ ᠤ ᠬᠣᠶᠠᠳᠤᠭᠠᠷ ᠰᠠᠷ᠎ᠠ ᠶᠢᠨ 11 ᠍ ᠳᠦ ᠰᠲ᠋ᠠᠯᠢᠨ ᠠᠲ᠋ᠣᠮ ᠤᠨ ᠪᠥᠮᠪᠥᠭᠡ ᠬᠢᠬᠦ ᠠᠵᠢᠯ ᠢ ᠡᠬᠢᠯᠡᠭᠦᠯᠬᠦ ᠲᠤᠬᠠᠢ ᠤᠯᠤᠰ ᠤᠨ ᠪᠠᠲᠤᠯᠠᠬᠤ ᠬᠠᠮᠠᠭᠠᠯᠠᠬᠤ ᠬᠣᠷᠢᠶᠠᠨ ᠤ ᠲᠣᠭᠲᠠᠭᠠᠯ ᠳᠤ ᠭᠠᠷ ᠤᠨ ᠦᠰᠦᠭ ᠵᠢᠷᠤᠵᠠᠢ᠃ ᠠᠷᠪᠠᠨ ᠨᠢᠭᠡᠳᠦᠭᠡᠷ ᠰᠠᠷ᠎ᠠ ᠶᠢᠨ 25 ᠍ ᠳᠦ ᠰᠲ᠋ᠠᠯᠢᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠭᠠᠳᠠᠭᠠᠳᠤ ᠬᠡᠷᠡᠭ ᠦᠨ ᠠᠷᠠᠳ ᠤᠨ ᠺᠣᠮᠢᠰᠰᠠᠷ ᠸ᠃ᠮ᠃ᠮᠣᠯᠣᠲᠳᠣᠸ᠂ ᠤᠯᠤᠰ ᠤᠨ ᠪᠠᠲᠤᠯᠠᠨ ᠬᠠᠮᠠᠭᠠᠯᠠᠬᠤ ᠬᠣᠷᠢᠶ᠎ᠠ ᠤ ᠭᠡᠰᠢᠭᠦᠨ᠂ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠠᠷᠠᠳ ᠤᠨ ᠺᠣᠮᠢᠰᠰᠠᠷ ᠤᠨ ᠵᠥᠪᠯᠡᠯ ᠦᠨ ᠳᠤᠷᠤᠭ ᠤᠨᠤᠷᠯᠠᠨᠴᠺ᠃ᠶᠡ᠃ᠸᠣᠷᠣᠰᠢᠯᠠᠪᠠ ᠨᠠᠷ ᠲᠠᠢ ᠬᠠᠮᠲᠤ ᠰᠲ᠋ᠠᠯᠢᠩᠷᠠᠳ᠋, ᠪᠠᠺᠦ᠋ ᠣᠷᠣᠵᠤ᠂ ᠲᠡᠨᠳᠡ ᠡᠴᠡ ᠣᠩᠭᠣᠴᠠ ᠪᠠᠷ ᠲᠧᠭᠧᠷᠠᠨ (ᠢᠷᠡᠨ) ᠣᠷᠣᠵᠠᠢ᠃ ᠲᠡᠨᠳᠡ 1943 ᠣᠨ ᠤ ᠠᠷᠪᠠᠨ ᠨᠢᠭᠡᠳᠦᠭᠡᠷ ᠰᠠᠷ᠎ᠠ ᠶᠢᠨ 28 ᠍ ᠠᠴᠠ ᠠᠷᠪᠠᠨ ᠬᠣᠶᠠᠳᠤᠭᠠᠷ ᠰᠠᠷ᠎ᠠ ᠶᠢᠨ 1 ᠍ ᠳᠦ ᠰᠲ᠋ᠠᠯᠢᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰᠠᠮᠧᠷᠢᠺᠠ ᠶᠢᠨ ᠨᠢᠭᠡᠳᠦᠭᠰᠡᠨ ᠤᠯᠤᠰᠶᠡᠬᠡ ᠪᠷᠢᠲ᠋ᠠᠨ ᠍ ᠦ ᠲᠡᠷᠢᠭᠦᠨ ᠨᠦᠭᠦᠳ ᠣᠷᠣᠯᠴᠠᠭᠰᠠᠨ 《ᠶᠡᠬᠡ ᠭᠤᠷᠪᠠ ᠶᠢᠨ》 ᠲᠧᠭᠧᠷᠠᠨ ᠤ ᠪᠠᠭ᠎ᠠ ᠬᠤᠷᠠᠯ ᠳᠤ ᠣᠷᠣᠯᠴᠠᠭᠰᠠᠨ ᠶᠤᠮ᠃ 1945 ᠣᠨ ᠤ ᠬᠣᠶᠠᠳᠤᠭᠠᠷ ᠰᠠᠷ᠎ᠠ ᠶᠢᠨ 4-11 ᠍ ᠳᠦ ᠰᠲ᠋ᠠᠯᠢᠨ ᠬᠣᠯᠪᠣᠭᠠᠲᠠᠨ ᠭᠦᠷᠦᠨ ᠨᠦᠭᠦᠳ ᠦᠨ ᠶᠠᠯᠠᠲᠤ ᠶᠢᠨ ᠪᠠᠭ᠎ᠠ ᠬᠤᠷᠠᠯ ᠳᠤ ᠣᠷᠣᠯᠴᠠᠭᠰᠠᠨ ᠪᠠᠶᠢᠨ᠎ᠠ᠃ 1943 ᠣᠨ ᠤ ᠭᠤᠷᠪᠠᠳᠤᠭᠠᠷ ᠰᠠᠷ᠎ᠠ ᠶᠢᠨ 6 ᠍ ᠳᠦ ᠰᠲ᠋ᠠᠯᠢᠨ ᠵᠥᠪᠯᠡᠯᠲᠦ ᠬᠣᠯᠪᠣᠭᠠᠲᠤ ᠤᠯᠤᠰ ᠤᠨ ᠮᠠᠷᠱᠠᠯ ᠴᠣᠯᠠ ᠬᠦᠷᠢᠲᠦᠪᠡ᠃1945 ᠣᠨ ᠤ ᠵᠢᠷᠭᠤᠳᠠᠤᠭᠠᠷ ᠰᠠᠷ᠎ᠠ ᠶᠢᠨ 26 ᠍ ᠳᠦ ᠰᠲ᠋ᠠᠯᠢᠨ ᠳᠤ ᠵᠥᠪᠯᠡᠯᠲᠦ ᠬᠣᠯᠪᠣᠭᠠᠲᠤ ᠤᠯᠤᠰ ᠍ ᠤᠨ ᠪᠠᠭᠠᠲᠤᠷ ᠴᠣᠯᠠ ᠣᠯᠭᠤᠪᠠ᠃ 1945 ᠣᠨ ᠤ ᠳᠣᠯᠣᠭ᠎ᠠ ᠳᠤᠭᠠᠷ ᠰᠠᠷ᠎ᠠ ᠶᠢᠨ 27 ᠍ ᠳᠦ ᠰᠢᠨ᠎ᠡ ᠪᠡᠷ ᠪᠤᠢ ᠪᠣᠯᠭᠠᠭᠰᠠᠨ ᠵᠥᠪᠯᠡᠯᠲᠦ ᠬᠣᠯᠪᠣᠭᠠᠲᠤ ᠤᠯᠤᠰ ᠤᠨ ᠭᠧᠨᠧᠷᠠᠯᠢᠰᠰᠢᠮᠤᠶᠢᠰ ᠴᠣᠯᠠ ᠣᠯᠭᠤᠵᠠᠢ᠃ ᠳᠠᠶᠢᠨ ᠤ ᠳᠠᠷᠠᠭ᠎ᠠ ᠰᠲ᠋ᠠᠯᠢᠨ ᠢᠶᠠᠷ ᠤᠳᠤᠷᠢᠳᠤᠭᠤᠯᠰᠤᠢ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠍ ᠤᠨ ᠰᠠᠶᠢᠳ ᠨᠠᠷᠰᠢ ᠵᠥᠪᠯᠡᠯ᠂ ᠪᠦᠬᠦ ᠣᠷᠣᠰ ᠤᠨ ᠡᠪ ᠬᠠᠮᠳᠣ ᠨᠠᠮ(ᠪ) ᠳᠠᠶᠢᠨ ᠳᠤ ᠰᠦᠢᠳᠡᠭᠰᠡᠨ ᠤᠯᠤᠰ ᠣᠷᠣᠨ ᠤ ᠡᠳ᠋ ᠍ ᠦᠨ ᠵᠠᠰᠠᠭ ᠢ ᠶᠠᠭᠠᠷᠠᠪᠴᠢᠯᠠᠨ ᠰᠡᠷᠭᠦᠭᠡᠨ ᠪᠣᠰᠬᠠᠬᠤ ᠠᠵᠢᠯ ᠳᠤ ᠣᠷᠣᠭᠰᠠᠨ ᠶᠤᠮ᠃1945 ᠣᠨ ᠤ ᠠᠷᠪᠠᠳᠤᠭᠠᠷ ᠰᠠᠷ᠎ᠠ ᠶᠢᠨ 10-15 ᠍ ᠤ ᠬᠣᠭᠣᠷᠣᠨᠳᠣ ᠰᠲ᠋ᠠᠯᠢᠨ ᠳᠤ ᠠᠩᠬ᠎ᠠ ᠤᠳᠠᠭ᠎ᠠ ᠵᠢᠵᠢᠭ ᠬᠡᠮᠵᠢᠶᠡᠨ ᠦ ᠴᠢᠰᠤ ᠬᠠᠷᠪᠤᠯᠲᠠ ᠪᠣᠯᠵᠠᠢ᠂ 1951 ᠣᠨ ᠤ ᠨᠠᠶᠢᠮᠠᠳᠤᠭᠠᠷ ᠰᠠᠷ᠎ᠠ ᠶᠢᠨ 9 ᠢᠩ ᠳᠦ ᠰᠲ᠋ᠠᠯᠢᠨ ᠡᠷᠡᠭᠦᠯ ᠮᠡᠨᠳᠦ ᠶᠢᠨ ᠰᠢᠯᠲᠠᠭᠠᠨ ᠢᠶᠠᠷ ᠤᠳᠠᠭᠠᠨ ᠬᠤᠭᠤᠴᠠᠭᠠᠨ ᠤ ᠠᠮᠠᠷᠠᠯᠲᠠ ᠠᠪᠴᠠᠢ᠃ ᠲᠡᠷᠡ 1952 ᠣᠨ ᠤ ᠬᠣᠶᠠᠳᠤᠭᠠᠷ ᠰᠠᠷ᠎ᠠ ᠶᠢᠨ 12 ᠍ ᠳᠦ ᠯᠠ ᠠᠵᠢᠯ ᠳᠤ ᠪᠠᠨ ᠣᠷᠣᠭᠰᠠᠨ ᠪᠠᠶᠢᠨ᠎ᠠ᠃ 1952 ᠣᠨ ᠤ ᠠᠷᠪᠠᠳᠤᠭᠠᠷ ᠰᠠᠷ᠎ᠠ ᠳᠤ ᠵᠥᠪᠯᠡᠯᠲᠦ ᠬᠣᠯᠪᠣᠭᠠᠲᠤ ᠤᠯᠤᠰ ᠤᠨ ᠺᠣᠮᠮᠤᠨᠢᠰ ᠲᠤ ᠨᠠᠮ ᠍ ᠤᠨ XIX ᠶᠡᠬᠡ ᠬᠤᠷᠠᠯ ᠳᠡᠭᠡᠷ᠎ᠡ ᠰᠲ᠋ᠠᠯᠢᠨ ‘ᠬᠥᠭᠰᠢᠷᠡᠵᠦ᠂ ᠶᠠᠳᠠᠷᠠᠭᠰᠠᠨ" ᠲᠤᠯᠠ "ᠲᠡᠭᠦᠨ ᠦ ᠬᠤᠰᠦᠯᠲᠡ ᠶᠢ ᠬᠦᠨᠳᠦᠳᠭᠡᠵᠦ》 ᠪᠦᠬᠦ ᠣᠷᠣᠰ ᠤᠨ ᠺᠣᠮᠮᠤᠨᠢᠰ ᠲᠤ ᠨᠠᠮ(ᠪ)~ ᠍ ᠤᠨ ТХ ᠍ ᠤ ᠨᠠᠷᠢᠨ ᠪᠢᠴᠢᠭ ᠦᠨ ᠳᠠᠷᠤᠭ᠎ᠠ ᠶᠢᠨ ᠠᠵᠢᠯ ᠠᠴᠠ ᠴᠢᠯᠦᠭᠡᠯᠡᠵᠦ ᠥᠭᠬᠦ ᠶᠢ ᠬᠦᠰᠡᠭᠰᠡᠨ ᠪᠠᠶᠢᠨ᠎ᠠ 3 ХУКН ᠍ ᠶᠢᠨ IX ᠨ ᠤ ᠪᠦᠭᠦᠳᠡ ᠬᠤᠷᠠᠯ ᠲᠠᠭᠤᠨ ᠬᠤᠰᠦᠯᠲᠡ ᠶᠢ ᠬᠤᠯᠢᠶᠡᠵᠦ ᠠᠪᠤᠭ᠎ᠠ ᠦᠭᠡᠢ ᠪᠥᠭᠡᠳ ᠨᠠᠮ ᠤᠨ ᠰᠢᠨ᠎ᠡ ᠳᠦᠷᠢᠮ ᠦᠨ ᠳᠠᠭᠠᠤ ᠲᠤᠬᠦᠨ ᠢ ᠵᠥᠪᠯᠡᠯᠲᠦ ᠬᠣᠯᠪᠣᠭᠠᠲᠤ ᠤᠯᠤᠰ ᠤᠨ ᠺᠣᠮᠮᠤᠨᠢᠰ ᠲᠤ ᠨᠠᠮ ᠶᠢᠨ ᠲX ᠍ ᠤ ᠨᠠᠷᠢᠨ ᠪᠢᠴᠢᠭ ᠦᠨ ᠳᠠᠷᠤᠭ᠎ᠠ ᠪᠠᠷ ᠰᠣᠩᠭᠣᠵᠠᠢ᠃


ᠲᠠᠭᠠᠯᠠᠯ ᠲᠡᠭᠦᠰᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠳᠤᠭᠠᠷ ᠰᠠᠷ᠎ᠠ ᠶᠢᠨ 26 ᠍ ᠳᠦ ᠰᠲ᠋ᠠᠯᠢᠨ "ᠪᠯᠢᠵᠢᠩᠶ᠎ᠠ ᠳᠠᠴᠠ" ᠵᠤᠰᠠᠯᠠᠩ ᠳᠡᠭᠡᠷ᠎ᠡ 3 ХУКН ᠍ ᠤᠨ ᠲᠦᠶᠤᠶᠢ ᠬᠣᠷᠢᠶᠠᠨ ᠤ ᠲᠣᠪᠴᠢᠶ᠎ᠠ ᠶᠢ ᠬᠤᠷᠠᠯᠳᠤᠭᠤᠯᠵᠠᠢ ᠬᠤᠷᠠᠯ ᠳᠤ ᠰᠲ᠋ᠠᠯᠢᠨ᠂ ᠮᠢᠯᠧᠩᠺᠣᠸ᠂ ᠪᠠᠷᠢᠶ᠎ᠠ᠂ ᠪᠤᠯᠠᠭᠠᠨᠢᠨ᠂ ᠾᠷᠦ᠋ᠱᠸᠧ ᠣᠷᠣᠯᠴᠠᠭᠰᠠᠨ ᠪᠠᠶᠢᠨ᠎ᠠ᠂ 1953 ᠣᠨ ᠤ ᠭᠤᠷᠪᠠᠳᠤᠭᠠᠷ ᠰᠠᠷ᠎ᠠ ᠶᠢᠨ 1 ᠍ ᠳᠦ "ᠪᠯᠢᠵᠢᠩᠶ᠎ᠠ ᠳᠠᠴᠠ" ᠵᠤᠰᠠᠯᠠᠩ ᠤᠨ ᠭᠠᠯ ᠲᠣᠭᠣᠭᠠᠨ ᠤ ᠥᠷᠥᠭᠡᠨ ᠳᠦ ᠬᠡᠪᠲᠡᠵᠦ ᠪᠠᠶᠢᠭ᠎ᠠ ᠬᠠᠮᠠᠭᠠᠯᠠᠯᠲᠠ ᠶᠢᠨ ᠠᠯᠪᠠᠨ ᠤ ᠠᠵᠢᠯᠲᠠᠨ ᠫ᠃ᠸ᠃ᠯᠣᠵᠠᠭᠠᠴᠡᠧ ᠣᠯᠵᠤ ᠬᠠᠷᠠᠭᠰᠠᠨ ᠪᠠᠶᠢᠨ᠎ᠠ᠃ ᠭᠤᠷᠪᠠᠳᠤᠭᠠᠷ ᠰᠠᠷ᠎ᠠ ᠶᠢᠨ 2 ᠍ ᠤ ᠥᠷᠯᠥᠭᠡ ᠡᠮᠴᠢ ᠨᠠᠷ ᠢᠷᠡᠵᠦ᠂ ᠪᠡᠶ᠎ᠡ ᠶᠢᠨ ᠪᠠᠷᠠᠭᠤᠨ ᠲᠠᠯ᠎ᠠ ᠮᠡᠳᠡᠭᠡ ᠦᠭᠡᠢ ᠪᠣᠯᠤᠭᠰᠠᠨ ᠢ ᠲᠣᠭᠲᠠᠭᠠᠭᠰᠠᠨ ᠪᠠᠶᠢᠨ᠎ᠠ᠃ ᠰᠲ᠋ᠠᠯᠢᠨ ᠭᠤᠷᠪᠠᠳᠤᠭᠠᠷ ᠰᠠᠷ᠎ᠠ ᠶᠢᠨ 5 ᠍ ᠤ ᠣᠷᠣᠢ 21 ᠴᠠᠭ 50 ᠮᠢᠨᠦ᠋ᠲ ᠲᠤ ᠨᠠᠰᠤ ᠪᠠᠷᠠᠵᠠᠢ᠃ ᠲᠠᠷᠢᠬᠢᠨ ᠳᠤ ᠨᠢ ᠴᠢᠰᠤ ᠬᠠᠷᠪᠤᠭᠰᠠᠨ ᠲᠤᠯᠠ ᠨᠠᠰᠤ ᠪᠠᠷᠠᠭᠰᠠᠨ ᠭᠡᠰᠡᠨ ᠡᠮᠨᠡᠯᠭᠡ ᠶᠢᠨ ᠳ᠋ᠦᠩᠨᠡᠯᠲᠡ ᠭᠠᠷᠴᠠᠢ᠃ ᠵᠠᠨᠳᠠᠯᠠᠰᠢᠭᠤᠯᠤᠭᠰᠠᠨ ᠴᠣᠭᠴᠠᠰ ᠢ ᠨᠢ ᠯᠧᠨᠢᠨ ᠦ ᠪᠤᠩᠬᠤᠨ ᠳᠤ ᠲᠠᠯᠪᠢᠭᠰᠠᠨ ᠪᠠᠶᠢᠨ᠎ᠠ᠃ 1953 ᠍ ᠠᠴᠠ 1961 ᠣᠨ ᠬᠦᠷᠲᠡᠯ᠎ᠡ ᠪᠤᠩᠬᠤᠨ ᠢ ᠸ᠃ᠢ᠃ᠯᠧᠨᠢᠨ, ᠢ᠃ᠸ᠃ᠰᠲ᠋ᠠᠯᠢᠨ ᠤ ᠮᠠᠪᠵᠣᠯᠧᠢ ᠭᠡᠵᠦ ᠨᠡᠷᠡᠯᠡᠵᠦ ᠪᠠᠶᠢᠪᠠ᠃ 1961 ᠣᠨ ᠤ ᠠᠷᠪᠠᠳᠤᠭᠠᠷ ᠰᠠᠷ᠎ᠠ ᠶᠢᠨ 30 ᠍ ᠶᠢᠨ ᠳ ᠵᠥᠪᠯᠡᠯᠲᠦ ᠬᠣᠯᠪᠣᠭᠠᠲᠤ ᠤᠯᠤᠰ ᠤᠨ ᠺᠣᠮᠮᠤᠨᠢᠰ ᠲᠤ ᠨᠠᠮ ᠍ ᠤᠨ XXII ᠶᠡᠬᠡ ᠬᠤᠷᠠᠯ "ᠰᠲ᠋ᠠᠯᠢᠨ ᠯᠧᠨᠢᠨ ᠦ ᠭᠡᠷᠢᠶᠡᠰᠦᠯ ᠢ ᠨᠣᠴᠢᠲᠠᠢ ᠵᠥᠷᠢᠴᠡᠵᠦ ᠪᠠᠶᠢᠰᠠᠶᠢᠨ ᠲᠤᠯᠠ ᠲᠡᠭᠦᠨ ᠦ ᠴᠣᠭᠴᠠᠰ ᠢ ᠪᠤᠩᠬᠤᠨ ᠳᠤ ᠪᠠᠶᠢᠯᠭᠠᠬᠤ ᠪᠣᠯᠤᠮᠵᠢ ᠦᠭᠡᠢ ᠭᠡᠵᠦ ᠲᠣᠭᠲᠠᠭᠠᠴᠠᠢ᠃ 1961 ᠣᠨ ᠤ ᠠᠷᠪᠠᠳᠤᠭᠠᠷ ᠰᠠᠷ᠎ᠠ ᠶᠢᠨ 31 ᠍ ᠡᠴᠡ ᠠᠷᠪᠠᠨ ᠨᠢᠭᠡᠳᠦᠭᠡᠷ ᠰᠠᠷ᠎ᠠ ᠶᠢᠨ 1 ᠍ ᠳᠦ ᠰᠢᠯᠵᠢᠬᠦ ᠰᠥᠨᠢ ᠰᠲ᠋ᠠᠯᠢᠨ ᠤ ᠴᠣᠭᠴᠠᠰ ᠢ ᠪᠤᠩᠬᠤᠨ ᠠᠴᠠ ᠭᠠᠷᠠᠭᠠᠵᠤ ᠺᠷᠧᠮᠡᠯ ᠦᠨ ᠬᠠᠨᠠᠨ ᠤ ᠬᠠᠨ᠎ᠠ ᠪᠠᠨ ᠨᠢᠭᠡᠲᠡᠭᠡ ᠣᠷᠣᠰᠢᠭᠤᠯᠵᠠᠢ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠮᠠᠷᠠᠳᠤ ᠬᠥᠷᠰᠢ  9 ᠍ ᠳᠦᠭᠡᠷ ᠰᠠᠷ᠎ᠠ ᠶᠢᠨ ᠳ᠋ᠤᠭᠠᠷ 09[70] 2012
http://wiki.uhaan.com/index.php?title=ᠰᠲ᠋ᠠᠯᠢᠨ&oldid=443195》 ᠍  ᠡᠴᠡ ᠠᠪᠤᠭᠰᠠᠨ

ᠪᠢᠴᠢᠭᠡᠰᠦ