ᠰᠪᠠᠨᠧᠲ᠋ᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠭᠡᠳᠦ ᠰᠪᠠᠨᠧᠲ᠋ᠢ*
United Nations Educational Scientific and Cultural Organization ᠍ ᠶᠢᠨ ᠳᠡᠯᠡᠬᠡᠢ ᠶᠢᠨ ᠥᠪ

VittfarneGeorgien 155.jpg
ᠰᠪᠠᠨᠧᠲ᠋ᠢ ᠣᠷᠴᠢᠮ ᠤᠨ ᠺᠠᠸᠬᠠᠰ ᠤᠨ ᠠᠤᠯᠠᠯᠠᠰ
ᠲᠥᠷᠥᠯ ᠰᠤᠶᠤᠯ ᠤᠨ
ᠰᠢᠯᠭᠠᠭᠤᠷ iv, v
ᠳ᠋ᠤᠭᠠᠷ 709
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 1996  (20 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠰᠪᠠᠨᠧᠲ᠋ᠢ (ᠭᠦᠷᠦᠵᠢᠶ ᠠ ᠬᠡᠯᠡ:სვანეთი) ᠨᠢ ᠭᠦᠷᠦᠵᠢᠶ ᠠᠡᠶᠢᠨ ᠪᠠᠷᠠᠭᠤᠨ ᠬᠣᠶᠢᠳᠤ ᠬᠡᠰᠡᠭ ᠲᠦ ᠤᠷᠤᠰᠢᠬᠤ ᠡᠷᠲᠡᠨ ᠦ ᠲᠡᠦᠬᠡᠲᠦ ᠮᠤᠵᠢ ᠶᠤᠮ᠃ ᠡᠨᠳᠡ ᠭᠦᠷᠴᠢ ᠶᠢᠨ ᠰᠪᠤᠨ ᠶᠠᠰᠤᠲᠠᠨ ᠨᠤᠭᠤᠳ ᠠᠮᠢᠳᠤᠷᠠᠳᠠᠭ᠃ ᠳᠠᠯᠠᠢ ᠶᠢᠨ ᠲᠦᠪᠰᠢᠨ ᠡᠴᠡ ᠳᠡᠭᠡᠭᠰᠢ 3000-5000 ᠮ ᠡᠷᠭᠦᠭᠳᠡᠭᠰᠡᠨ ᠣᠷᠭᠢᠯ ᠤᠳ ᠤᠨ ᠳᠤᠮᠳᠠ ᠤᠷᠤᠰᠢᠬᠤ ᠰᠪᠠᠨᠧᠲ᠋ᠢ ᠨᠢ ᠧᠦ᠋ᠷᠣᠫᠠ ᠍ ᠍ ᠍ ᠤᠨ ᠬᠦᠮᠦᠨ ᠠᠮᠠ ᠣᠷᠣᠰᠢᠨ ᠰᠠᠭᠤᠳᠠᠭ ᠬᠠᠮᠤᠭ ᠤᠨ ᠥᠨᠳᠥᠷ ᠨᠤᠲᠤᠭ ᠶᠤᠮ᠃ ᠡᠨᠳᠡ ᠠᠪᠬᠠᠽ ᠍ ᠍ ᠍ ᠤᠨ ᠪᠣᠰᠤᠭᠴᠢᠳ ᠤᠨ ᠡᠭᠦᠷ ᠠᠭᠤᠷᠬᠠᠢ ᠺᠣᠳᠣᠷ ᠤᠨ ᠬᠠᠪᠴᠢᠯ ᠣᠷᠣᠰᠢᠳᠠᠭ᠃ ᠰᠪᠠᠨᠧᠲ᠋ᠢ ᠨᠢ ᠭᠦᠨ ᠬᠠᠪᠴᠢᠯ ᠤᠳ ᠢᠶᠠᠷ ᠲᠤᠰᠠᠭᠠᠷᠯᠠᠭᠳᠠᠭᠰᠠᠨ ᠥᠨᠳᠥᠷ ᠠᠤᠯᠠᠯᠠᠰ ᠠᠴᠠ ᠲᠣᠭᠲᠠᠳᠠᠭ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 1800 ᠮᠧᠲ᠋ᠷ ᠲᠦ ᠳᠡᠭᠡᠭᠰᠢ ᠤᠷᠭᠤᠬᠤ ᠰᠢᠯᠮᠦᠦᠰᠦᠲᠦ ᠪᠣᠯᠤᠨ ᠬᠣᠯᠢᠮᠠᠭ ᠣᠢ ᠶᠢᠨ ᠰᠠᠩ ᠲᠠᠢ᠃ ᠲᠠᠤᠯᠠᠢ ᠶᠢᠨ ᠪᠥᠭᠡᠷ᠎ᠡᠬᠤᠰᠤᠠᠭᠴᠢᠨᠠᠷᠠᠰᠤᠴᠠᠷᠠᠰᠤ ᠵᠣᠩᠬᠢᠯᠠᠨ ᠤᠷᠭᠤᠨ᠎ᠠ᠃ ᠬᠠᠷ᠎ᠠ ᠲᠡᠩᠭᠢᠰᠡᠶᠢᠨ ᠴᠢᠭᠢᠭᠯᠢᠭ ᠠᠭᠠᠷ ᠤᠨ ᠨᠥᠯᠥᠭᠡ ᠪᠡᠷ ᠵᠥᠭᠡᠯᠡᠨ᠂ ᠴᠢᠢᠯᠡᠭ ᠠᠭᠤᠷ ᠠᠮᠢᠰᠬᠤᠯᠲᠠᠢ ᠪᠣᠯᠤᠭᠰᠠᠨ ᠪᠠᠶᠢᠳᠠᠭ ᠪᠠ ᠵᠢᠯ ᠳᠤ ᠳᠤᠮᠳᠠᠴᠢ ᠪᠠᠷ 1000-3200 ᠮᠢᠯᠯᠢᠮᠧᠲ᠋ᠷ ᠬᠤᠷ᠎ᠠ ᠲᠤᠨᠳᠠᠰᠤ ᠤᠨᠠᠳᠠᠭ᠃ ᠡᠪᠦᠯ ᠨᠢ ᠠᠰᠤᠷᠤ ᠶᠡᠬᠡ ᠴᠠᠰᠤ ᠣᠷᠣᠳᠠᠭ ᠪᠥᠭᠡᠳ ᠬᠤᠩᠭᠠᠷ ᠭᠠᠵᠠᠷ ᠢᠶᠠᠨ 5 ᠮᠧᠲ᠋ᠷ ᠬᠦᠷᠬᠦ ᠨᠢ ᠡᠯᠪᠡᠭ᠃ ᠶᠡᠷᠦᠩᠬᠡᠢ ᠳᠤ ᠪᠡᠨ ᠵᠤᠨ ᠨᠢ ᠳᠤᠯᠠᠭᠠᠬᠠᠨ ᠪᠥᠭᠡᠳ ᠤᠷᠲᠤ ᠦᠷᠭᠦᠯᠵᠢᠯᠡᠳᠡᠭ ᠪᠣᠯ ᠡᠪᠦᠯ ᠨᠢ ᠬᠦᠢᠲᠡᠨ᠂ ᠴᠠᠰᠤᠷᠬᠠᠭ ᠪᠠᠶᠢᠳᠠᠭ᠃ ᠬᠡᠳᠦᠢ ᠪᠡᠷ ᠬᠠᠷ᠎ᠠ ᠲᠡᠩᠭᠢᠰ ᠦᠨ ᠠᠭᠤᠷ ᠠᠮᠢᠰᠬᠤᠯ ᠤᠨ ᠨᠥᠯᠥᠭᠡ ᠪᠠᠶᠢᠭ᠎ᠠ ᠴᠤ ᠥᠨᠳᠥᠷ ᠠᠭᠤᠯᠠᠨ ᠢᠶᠠᠨ ᠰᠡᠷᠢᠭᠦᠨ ᠪᠠᠶᠢᠬᠤ ᠨᠢ ᠡᠯᠪᠡᠭ ᠲᠣᠬᠢᠶᠠᠯᠳᠤᠨ᠎ᠠ᠃


ᠰᠪᠤᠩᠴᠢ ᠨᠤᠭᠤᠳ ᠤᠨ ᠲᠤᠬᠠᠢ ᠠᠩᠬ᠎ᠠ ᠡᠷᠲᠡᠨ ᠦ ᠭᠷᠧᠺᠡᠶᠢᠨ ᠲᠡᠦᠬᠡᠴᠢ ᠰᠲᠷᠠᠪᠣ ᠲᠡᠮᠳᠡᠭᠯᠡᠭᠰᠡᠨ ᠪᠠᠶᠢᠳᠠᠭ᠃ МЭ 552 ᠣᠨ ᠢ ᠬᠦᠷᠲᠡᠯ᠎ᠡ ᠤᠭ ᠮᠤᠵᠢ ᠳᠤ ᠺᠣᠯᠴᠢᠰ ᠦᠳ ᠤᠨ ᠲᠦᠰᠢᠮᠡᠭ ᠤᠯᠤᠰ ᠪᠣᠯᠬᠤ ᠯᠠᠽᠢᠺ ᠤᠨ ᠬᠠᠭᠠᠨᠲᠤ ᠤᠯᠤᠰ ᠣᠷᠣᠰᠢᠨ ᠲᠣᠭᠲᠠᠨᠢᠵᠤ ᠪᠠᠶᠢᠪᠠ᠃ ᠤᠳᠠᠯ ᠦᠭᠡᠢ ᠡᠨᠳᠡ ᠸᠢᠽᠠᠨᠲ᠋ᠢ ᠍ ᠍ ᠍ ᠶᠢᠨ ᠡᠵᠡᠨ ᠳᠦ ᠭᠦᠷᠦᠨ ᠦ ᠲᠤᠰᠠᠯᠠᠯᠴᠠᠭ᠎ᠠ ᠲᠠᠢ ᠪᠠᠷ ᠠᠪᠬᠠᠰ ᠤᠨ ᠬᠠᠭᠠᠨᠲᠤ ᠤᠯᠤᠰ ᠪᠠᠶᠢᠭᠤᠯᠤᠭᠳᠠᠵᠤ᠂ ᠰᠪᠠᠨᠧᠲ᠋ᠢ ᠭᠦᠩᠯᠢᠭ ᠬᠡᠯᠪᠡᠷᠢ ᠲᠡᠢ ᠣᠷᠣᠰᠢᠨ ᠲᠣᠭᠲᠠᠨᠢᠬᠤ ᠪᠣᠯᠵᠠᠢ᠃ ᠦᠨᠡᠨ ᠠᠯᠳᠠᠷᠲᠠᠨ ᠤ ᠱᠠᠰᠢᠨ ᠴᠡᠴᠡᠭᠯᠡᠨ ᠬᠥᠭᠵᠢᠵᠦ ᠪᠠᠶᠢᠭᠰᠠᠨ ᠭᠦᠷᠴᠢ ᠶᠢᠨ ᠬᠠᠭᠠᠨᠲᠤ ᠤᠯᠤᠰ ᠤᠨ ᠣᠷᠭᠢᠯ ᠦᠶ᠎ᠡ ᠪᠤᠶᠤ ᠬᠠᠲᠤᠨ ᠬᠠᠭᠠᠨ ᠲᠠᠮᠤᠷ ᠤᠨ ᠦᠶ᠎ᠡ ᠳᠦ ᠰᠪᠠᠨᠧᠲ᠋ᠢ ᠨᠡᠯᠢᠶᠡᠳ ᠬᠦᠴᠦᠷᠬᠡᠭᠵᠢᠪᠡ᠃ ᠮᠣᠩᠭᠣᠯ ᠤᠨ ᠮᠣᠷᠢᠨ ᠴᠡᠷᠢᠭ ᠦᠨ ᠠᠶᠠᠯᠠᠨ ᠶᠠᠪᠤᠬᠤ ᠠᠩᠭᠢ ᠺᠠᠸᠬᠠᠰ ᠢ ᠴᠥᠯᠮᠥᠨ ᠬᠣᠭᠣᠰᠣᠯᠠᠵᠤ᠂ ᠨᠡᠪᠲᠡ ᠳᠠᠭᠠᠷᠢᠨ ᠥᠩᠭᠡᠷᠡᠬᠦ ᠳᠦ ᠪᠡᠨ ᠰᠪᠠᠨᠧᠲ᠋ᠢᠳ᠋ ᠬᠦᠷᠢᠶ᠎ᠡ ᠭᠦᠢ ᠲᠤᠯᠠ ᠺᠠᠸᠬᠠᠰ ᠤᠨ ᠳᠤᠮᠳᠠᠳᠤ ᠡᠷᠲᠡᠨ ᠦ ᠪᠠᠷᠢᠯᠭ᠎ᠠ ᠪᠠᠶᠢᠭᠤᠯᠤᠮᠵᠢ ᠨᠤᠭᠤᠳ ᠥᠨᠥ ᠶᠢ ᠬᠦᠷᠲᠡᠯ᠎ᠡ ᠬᠠᠳᠠᠭᠠᠯᠠᠭᠳᠠᠨ ᠦᠯᠡᠳᠡᠭᠰᠡᠨ ᠭᠡᠳᠡᠭ᠃ 1460 ᠣᠨ ᠤ ᠦᠶ᠎ᠡ ᠳᠦ ᠭᠦᠷᠴᠢ ᠶᠢᠨ ᠬᠠᠭᠠᠨᠲᠤ ᠤᠯᠤᠰ ᠵᠠᠳᠠᠷᠠᠬᠤ ᠳᠤ ᠰᠪᠠᠨᠧᠲ᠋ᠢ ᠲᠤᠰᠠᠭᠠᠷ ᠲᠣᠭᠲᠠᠨᠢᠬᠤ ᠪᠠᠷ ᠳᠠᠶᠢᠲᠤᠵᠤ ᠡᠬᠢᠯᠡᠵᠡᠢ᠃ ᠡᠭᠦᠨ ᠦ ᠦᠷ᠎ᠡ ᠳ᠋ᠦᠩ ᠳᠦ ᠳᠡᠭᠡᠳᠦ ᠰᠪᠠᠨᠧᠲ᠋ᠢ ᠨᠢ ᠲᠤᠰᠠᠭᠠᠷ ᠲᠣᠭᠲᠠᠨᠢᠭᠰᠠᠨ ᠸᠠᠩᠯᠢᠭ ᠬᠡᠯᠪᠡᠷᠢ ᠶᠢ ᠣᠯᠵᠤ ᠠᠪᠤᠭᠰᠠᠨ ᠪᠣᠯ ᠳ᠋ᠣᠣ ᠳᠤ ᠰᠪᠠᠨᠧᠲ᠋ᠢ ᠨᠢ ᠬᠠᠷᠠᠭᠠᠲᠤ ᠤᠯᠤᠰ ᠤᠨ ᠬᠡᠯᠪᠡᠷᠢ ᠲᠡᠢ ᠣᠷᠣᠰᠢᠨ ᠲᠣᠭᠲᠠᠨᠢᠬᠤ ᠪᠣᠯᠤᠭᠰᠠᠨ ᠪᠠᠶᠢᠨ᠎ᠠ᠃


1833 ᠣᠨ ᠤ ᠠᠷᠪᠠᠨ ᠨᠢᠭᠡᠳᠦᠭᠡᠷ ᠰᠠᠷ᠎ᠠ ᠶᠢᠨ 26 ᠍ ᠍ ᠍ ᠳᠦ ᠰᠪᠠᠨᠧᠲ ᠤᠨ ᠬᠤᠨ ᠲᠠᠶᠢᠵᠢ ᠴᠢᠣᠺ ᠳᠠᠳᠧᠱᠺᠧᠯ ᠢᠶᠠᠨᠨᠢ ᠳᠣᠲᠣᠭᠠᠳᠤ ᠶᠢᠨ ᠳᠠᠶᠢᠨ ᠰᠠᠮᠠᠭᠤᠨ ᠢ ᠨᠠᠮᠵᠢᠭᠠᠬᠤ ᠶᠢᠨ ᠲᠤᠯᠠᠳᠠ ᠣᠷᠣᠰ ᠍ ᠍ ᠍ ᠤᠨ ᠡᠵᠡᠨ ᠳᠦ ᠭᠦᠷᠦᠨ ᠦ ᠢᠪᠡᠭᠡᠯ ᠳᠦ ᠪᠠᠭᠠᠳᠬᠤ ᠶᠢ ᠵᠥᠪᠰᠢᠶᠡᠷᠡᠴᠡᠢ᠃ 1857 ᠣᠨ ᠢ ᠬᠦᠷᠲᠡᠯ᠎ᠡ ᠠᠦ᠋ᠲ᠋ᠣᠨᠣᠮᠢᠲᠤ ᠡᠷᠬᠡ ᠲᠡᠢ ᠪᠠᠶᠢᠪᠠ᠃ 1875 ᠣᠨ ᠳᠤ ᠣᠷᠣᠰ ᠤᠨ ᠡᠵᠡᠨᠲᠦ ᠤᠯᠤᠰ ᠤᠨ ᠲᠠᠲᠠᠪᠤᠷᠢ ᠶᠢᠨ ᠬᠡᠮᠵᠢᠶ᠎ᠡ ᠨᠡᠮᠡᠭᠳᠡᠭᠰᠡᠨ ᠢ ᠡᠰᠡᠷᠭᠦᠴᠡᠨ ᠰᠪᠠᠨᠧᠲ᠋ᠢᠳ᠋ ᠪᠣᠰᠤᠯᠭ᠎ᠠ ᠳᠡᠭᠳᠡᠪᠡ᠃ ᠵᠢᠯ ᠦᠨ ᠳᠠᠷᠠᠭ᠎ᠠ ᠪᠣᠰᠤᠯᠭ᠎ᠠ ᠶᠢ ᠴᠢᠰᠤ ᠤᠷᠤᠰᠬᠠᠨ ᠳᠠᠷᠤᠯ᠎ᠠ᠃ ᠪᠣᠰᠤᠯᠭ᠎ᠠ ᠳᠠᠬᠢᠨ ᠭᠠᠷᠭᠠᠭᠤᠯᠬᠤ ᠦᠭᠡᠢ ᠶᠢᠨ ᠲᠤᠯᠠᠳᠠ ᠰᠪᠠᠨᠧᠲ ᠢ ᠬᠣᠶᠠᠷ ᠬᠤᠪᠢᠶᠠᠵᠤ᠂ ᠺ ᠲᠠᠢ=ᠰᠢ ᠍ ᠍ ᠍ ᠶᠢᠨ ᠠᠮᠪᠠᠨ ᠵᠠᠬᠢᠷᠤᠭᠴᠢ ᠶᠢ ᠮᠡᠳᠡᠯ ᠳᠦ ᠤᠷᠤᠰᠢᠬᠤ ᠯᠧᠨᠲ᠋ᠧᠭᠢ ᠪᠠ ᠮᠧᠰᠲ᠋ᠢᠶᠠ ᠭᠡᠬᠦ ᠬᠣᠶᠠᠷ ᠳᠡᠭᠦᠷᠭᠡ ᠪᠣᠯᠭᠠᠵᠠᠢ᠃ ᠵᠥᠪᠯᠡᠯᠲᠦ ᠵᠠᠰᠠᠭ ᠤᠨ ᠦᠶ᠎ᠡ ᠳᠦ ᠴᠤ ᠡᠨᠡ ᠪᠠᠶᠢᠳᠠᠯ ᠬᠠᠳᠠᠭᠠᠯᠠᠭᠳᠠᠭᠰᠠᠭᠠᠷ ᠪᠠᠶᠢᠪᠠ᠃ 1921 ᠣᠨ ᠳᠤ ᠵᠥᠪᠯᠡᠯᠲᠦᠡᠶᠢᠨ ᠡᠰᠡᠷᠬᠦ ᠪᠣᠰᠤᠯᠭ᠎ᠠ ᠤᠭ ᠮᠤᠵᠢ ᠳᠤ ᠳᠡᠭᠳᠡᠵᠦ ᠪᠠᠶᠢᠴᠠᠢ᠃ 1987 ᠣᠨ ᠳᠤ ᠰᠪᠠᠨᠧᠲ ᠤᠨ ᠰᠠᠯᠠᠩ ᠲᠤᠰᠠᠭᠠᠷᠯᠠᠭᠴᠢᠳ ᠤᠨ ᠲᠧᠷᠷᠣᠷᠢᠰᠲ ᠦᠢᠯᠡ ᠠᠵᠢᠯᠯᠠᠭᠠᠨ ᠤ ᠤᠯᠠᠮ ᠠᠴᠠ 70 ᠬᠦᠮᠦᠨ ᠨᠠᠰᠤ ᠪᠠᠷᠠᠭᠰᠠᠨ ᠤ ᠳᠡᠶᠢᠯᠦᠩᠬᠢ ᠨᠢ ᠬᠡᠦᠬᠡᠳ ᠦᠳ ᠪᠠᠶᠢᠪᠠ᠃ ᠵᠥᠪᠯᠡᠯᠲᠦ ᠬᠣᠯᠪᠣᠭᠠᠲᠤ ᠤᠯᠤᠰ ᠵᠠᠳᠠᠷᠠᠨ ᠤᠨᠠᠬᠤ ᠲᠠᠢ ᠵᠡᠷᠭᠡᠴᠡᠨ ᠭᠦᠷᠦᠵᠢᠶ ᠠᠢᠳᠡ ᠢᠷᠭᠡᠨ ᠦ ᠳᠠᠶᠢᠨ ᠳᠡᠭᠳᠡᠪᠡ᠃ ᠰᠪᠠᠨᠧᠲ᠋ᠢ ᠴᠤ ᠤᠭ ᠳᠠᠶᠢᠨ ᠤ ᠨᠢᠭᠡᠨ ᠲᠠᠯᠠᠪᠤᠷ ᠪᠣᠯᠵᠤ ᠪᠠᠶᠢᠭᠰᠠᠨ ᠶᠤᠮ᠃ ᠰᠪᠠᠨᠧᠲ ᠤᠨ ᠬᠦᠮᠦᠨ ᠠᠮᠠ ᠠᠭᠤᠭᠤᠯ ᠨᠤᠲᠤᠭ ᠲᠤ ᠪᠠᠨ ᠪᠡᠶ᠎ᠡ ᠳᠠᠩ ᠬᠥᠭᠵᠢᠬᠦ ᠪᠣᠯᠤᠮᠵᠢ ᠪᠠᠭᠠᠲᠠᠢ᠂ ᠦᠶᠡᠷ ᠪᠣᠯᠤᠨ ᠬᠥᠷᠰᠠᠨ ᠤ ᠭᠤᠯᠭᠤᠯᠲᠠ ᠳᠤ ᠶᠡᠬᠡᠬᠡᠨ ᠥᠷᠢᠲᠦᠮᠡᠲᠡᠭᠡᠢ ᠲᠤᠯᠠ ᠰᠡᠭᠦᠯ ᠦᠨ ᠬᠣᠷᠢᠨ ᠵᠢᠯ ᠡᠳ᠋ ᠍ ᠍ ᠍ ᠦᠨ ᠵᠠᠰᠠᠭ ᠨᠢ ᠤᠨᠠᠯᠲᠠᠨ ᠳᠤ ᠣᠷᠣᠭᠰᠠᠨ ᠬᠦᠨᠳᠦ ᠪᠠᠶᠢᠳᠠᠯ ᠲᠠᠢ ᠪᠠᠶᠢᠭᠰᠠᠨ ᠪᠥᠭᠡᠳ ᠬᠦᠮᠦᠨ ᠠᠮᠠ ᠶᠢᠨ ᠰᠢᠯᠵᠢᠬᠦ ᠬᠥᠳᠡᠯᠭᠡᠭᠡᠨ ᠶᠡᠬᠡᠬᠡᠨ ᠬᠦᠴᠦᠲᠡᠢ ᠶᠠᠪᠤᠭᠳᠠᠵᠤ ᠪᠠᠶᠢᠨ᠎ᠠ᠃ ᠣᠷᠣᠨ ᠨᠤᠲᠤᠭ ᠤᠨ ᠣᠷᠣᠰᠢᠨ ᠰᠠᠭᠤᠭᠴᠢᠳ ᠪᠣᠯᠤᠨ ᠵᠢᠭᠤᠯᠴᠢᠳ ᠤᠨ ᠠᠶᠤᠯ ᠦᠭᠡᠢ ᠪᠠᠶᠢᠳᠠᠯ ᠢ ᠬᠠᠩᠭᠠᠬᠤ᠂ ᠬᠤᠷᠳᠤᠴᠠ ᠲᠠᠢ ᠥᠰᠦᠨ ᠨᠡᠮᠡᠭᠳᠡᠵᠦ ᠪᠠᠶᠢᠭ᠎ᠠ ᠭᠡᠮᠲᠦ ᠬᠡᠷᠡᠭ ᠢ ᠪᠠᠭᠠᠰᠬᠠᠬᠤ ᠶᠢᠨ ᠲᠤᠯᠠᠳᠠ ᠭᠦᠷᠴᠢ ᠶᠢᠨ ᠲᠤᠰᠬᠠᠢ ᠬᠦᠴᠦᠨ ᠦ ᠬᠢᠨ 2004 ᠣᠨ ᠳᠤ ᠲᠤᠰᠬᠠᠢ ᠠᠵᠢᠯᠯᠠᠭ᠎ᠠ ᠶᠠᠪᠤᠭᠤᠯᠤᠭᠰᠠᠨ ᠪᠠᠶᠢᠨ᠎ᠠ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠰᠪᠠᠨᠧᠲ᠋ᠢ»

ᠪᠢᠴᠢᠭᠡᠰᠦ