ᠰᠦ ᠳᠦᠨᠧᠢ ᠶᠢᠨ ᠣᠯᠢᠮᠫᠢᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠯᠢᠮᠫᠢᠺ ᠤᠨ 27 ᠍ ᠳᠦᠭᠡᠷ ᠨᠠᠭᠠᠳᠤᠮ
Games of the XXVII Olympiad
Sunset before 2000 Summer Olympics closing ceremony.JPEG

ᠵᠣᠬᠢᠶᠠᠭᠳᠠᠭᠰᠠᠨ ᠬᠣᠲᠠ ᠠᠦᠢᠰᠲ᠋ᠷᠯᠢᠶ᠎ᠠ ᠍ ᠶᠢᠨ ᠰᠢᠳᠡᠨᠢ ᠬᠣᠲᠠ
ᠣᠷᠣᠯᠴᠠᠭᠰᠠᠨ ᠤᠯᠤᠰ 199
ᠣᠷᠣᠯᠴᠠᠭᠴᠢᠳ ᠤᠨ ᠲᠣᠭ᠎ᠠ 10,651
(6,582 ᠡᠷᠡᠭᠲᠡᠢ᠂ 4,069 ᠡᠮᠡᠭᠲᠡᠢ)
ᠵᠣᠬᠢᠶᠠᠭᠳᠠᠭᠰᠠᠨ ᠰᠫᠣᠷᠲ ᠤᠨ
ᠲᠡᠮᠡᠴᠡᠭᠡᠨ ᠨᠦᠭᠦᠳ
28 ᠲᠥᠷᠥᠯ 300 ᠪᠠᠭᠴᠠ ᠮᠧᠳᠠᠯ
ᠨᠡᠭᠡᠭᠡᠯᠲᠡ ᠶᠢᠨ ᠶᠣᠰᠣᠯᠠᠯ 2000 ᠣᠨ ᠤ ᠶᠢᠰᠦᠳᠦᠭᠡᠷ ᠰᠠᠷ᠎ᠠ ᠶᠢᠨ 15
ᠬᠠᠭᠠᠯᠲᠠ ᠶᠢᠨ ᠶᠣᠰᠣᠯᠠᠯ 2000 ᠣᠨ ᠤ ᠠᠷᠪᠠᠳᠤᠭᠠᠷ ᠰᠠᠷ᠎ᠠ ᠶᠢᠨ 1
ᠨᠠᠭᠠᠳᠤᠮ ᠢ ᠨᠡᠭᠡᠭᠡᠭᠴᠢ ᠠᠦᠢᠰᠲ᠋ᠷᠯᠢᠶ᠎ᠠ ᠶᠢᠨ ᠠᠮᠪᠠᠨ ᠵᠠᠬᠢᠷᠤᠭᠴᠢ ᠸᠢᠯᠤᠮ ᠳ᠋ᠢ ᠶᠢᠨ
ᠲᠠᠮᠢᠷᠴᠢᠳ ᠤᠨ ᠲᠠᠩᠭᠠᠷᠢᠭ ᠷᠧᠴᠧᠯᠯ ᠬᠣᠺᠰ
ᠰᠢᠭᠦᠭᠴᠢᠳ ᠦᠨ ᠲᠠᠩᠭᠠᠷᠢᠭ ᠫᠢᠲ᠋ᠧᠷ ᠺᠷᠷ
ᠪᠠᠮᠪᠠᠷ ᠠᠰᠠᠭᠠᠭᠴᠢ ᠺᠡᠲ᠋ᠢ ᠹᠷᠢᠮᠡᠨ
ᠲᠥᠪ ᠴᠡᠩᠭᠡᠯ ᠳᠦ ᠬᠢ
ᠬᠦᠷᠢᠶᠡᠯᠡᠩ
ᠠᠦᠢᠰᠲ᠋ᠷᠯᠢᠶ᠎ᠠ ᠴᠡᠩᠭᠡᠯᠳᠦᠬᠦ ᠬᠦᠷᠢᠶᠡᠯᠡᠩ

ᠰᠦ ᠳᠦᠨᠧᠢ ᠶᠢᠨ ᠣᠯᠢᠮᠫᠢᠺ (Sydney 2000 Summer Olympic Games, Millennium Games/Games of the New Millennium, ᠠᠯᠪᠠᠨ ᠶᠣᠰᠣᠭᠠᠷ Games of the XXVII Olympiad) ᠨᠢ 2000 ᠣᠨ ᠤ ᠶᠢᠰᠦᠳᠦᠭᠡᠷ ᠰᠠᠷ᠎ᠠ ᠶᠢᠨ 15 ᠍ ᠨ ᠠᠴᠠ ᠠᠷᠪᠠᠳᠤᠭᠠᠷ ᠰᠠᠷ᠎ᠠ ᠶᠢᠨ 1 ᠬᠦᠷᠲᠡᠯ᠎ᠡ ᠠᠦᠢᠰᠲ᠋ᠷᠯᠢᠶ᠎ᠠ ᠍ ᠶᠢᠨ ᠰᠢᠳᠡᠨᠢ ᠬᠣᠲᠣᠩ ᠢᠶᠠᠨ ᠵᠣᠬᠢᠶᠠᠭᠳᠠᠭᠰᠠᠨ 27 ᠳᠠᠬᠢ ᠤᠳᠠᠭ᠎ᠠ ᠶᠢᠨ ᠵᠤᠨ ᠤ ᠣᠯᠢᠮᠫᠢᠺ ᠤᠨ ᠨᠠᠭᠠᠳᠤᠮ᠃ ᠣᠯᠢᠮᠫᠢᠺ ᠤᠨ ᠨᠠᠭᠠᠳᠤᠮ ᠡᠮᠦᠨᠡᠲᠦ ᠬᠠᠭᠠᠰ ᠲᠤ ᠵᠣᠬᠢᠶᠠᠭᠳᠠᠵᠤ ᠪᠤᠢ ᠬᠣᠶᠠᠷ ᠲᠤ ᠬᠢ ᠲᠣᠬᠢᠶᠠᠯᠳᠤᠯ᠃ ᠡᠮᠦᠨᠡᠬᠢ ᠨᠢ ᠠᠦᠢᠰᠲ᠋ᠷᠯᠢᠶ᠎ᠠ ᠶᠢᠨ ᠮᠧᠯᠪᠦᠷᠨ ᠬᠣᠳᠠ ᠳᠤ 1956 ᠣᠨ ᠳᠤ ᠵᠣᠬᠢᠶᠠᠭᠳᠠᠭᠰᠠᠨ᠃

ᠭᠠᠷᠴᠠᠭ

ᠵᠣᠬᠢᠶᠠᠨ ᠪᠠᠶᠢᠭᠤᠯᠬᠤ ᠬᠣᠲᠠ ᠶᠢ ᠰᠢᠢᠳᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠳᠡᠨᠢ ᠬᠣᠲᠠ 1993 ᠣᠨ ᠤ ᠶᠢᠰᠦᠳᠦᠭᠡᠷ ᠰᠠᠷ᠎ᠠ ᠶᠢᠨ 23 ᠍ ᠳᠦ ᠮᠤᠨᠠᠺᠣᠭᠡᠶᠢᠨ ᠮᠣᠨᠲ᠋ᠧ-ᠺᠠᠷᠯᠠ ᠬᠣᠳᠠ ᠳᠤ ᠪᠣᠯᠤᠭᠰᠠᠨ ОУОХ ᠍ ᠤ 101 ᠍ ᠳᠦᠭᠡᠷ ᠴᠢᠭᠤᠯᠭᠠᠨ ᠳᠡᠭᠡᠷ᠎ᠡ 4 ᠱᠠᠲᠤ ᠲᠠᠢ ᠰᠠᠨᠠᠯ ᠬᠤᠷᠢᠶᠠᠯᠲᠠ ᠶᠢᠨ ᠳᠦᠩ ᠳᠦ ᠪᠡᠭᠡᠵᠢᠩᠪᠧᠷᠯᠢᠨᠰᠲ᠋ᠠᠮᠪᠤᠯᠮᠠᠴᠧᠰᠲ᠋ᠧᠷ ᠬᠣᠲᠤ ᠨᠤᠭᠤᠳ ᠠᠴᠠ ᠢᠯᠡᠭᠦᠦ ᠰᠠᠨᠠᠯ ᠠᠪᠴᠤ ᠰᠣᠩᠭᠣᠭᠳᠠᠵᠠᠢ᠃

2000 ᠵᠤᠨ ᠤ ᠣᠯᠢᠮᠫᠢᠺ ᠢ ᠵᠣᠬᠢᠶᠠᠨ ᠪᠠᠶᠢᠭᠤᠯᠬᠤ ᠬᠣᠲᠠ ᠶᠢ ᠲᠣᠳᠣᠷᠠᠭᠤᠯᠬᠤ ᠰᠠᠨᠠᠯ ᠬᠤᠷᠢᠶᠠᠯᠲᠠ
ᠬᠣᠲᠠ 1 ᠍ ᠳᠦᠭᠡᠷ ᠰᠢᠲᠠ 2 ᠍ ᠳᠦᠭᠡᠷ ᠰᠢᠲᠠ 3 ᠍ ᠳᠦᠭᠡᠷ ᠱᠠᠲᠤ 4 ᠍ ᠳᠦᠭᠡᠷ ᠰᠢᠲᠠ
Flag of Australia.svg ᠠᠦᠢᠰᠲ᠋ᠷᠯᠢᠶ᠎ᠠ ᠰᠢᠳᠡᠨᠢ 30 30 37 45
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ ᠪᠡᠭᠡᠵᠢᠩ 32 37 40 43
Flag of the United Kingdom.svg ᠶᠡᠬᠡ ᠪᠷᠢᠲ᠋ᠠᠨ(ᠠᠩᠭᠯᠢ) ᠮᠠᠴᠧᠰᠲ᠋ᠧᠷ 11 13 11 -
ᠭᠧᠷᠮᠠᠨ ᠭᠧᠷᠮᠠᠨ ᠪᠧᠷᠯᠢᠨ 9 9 - -
Flag of Turkey.svg ᠲᠦᠷᠺ ᠰᠲ᠋ᠠᠮᠪᠤᠯ 7 - - -

ᠨᠠᠭᠠᠳᠤᠮ ᠤᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠭᠡᠭᠡᠯᠲᠡ ᠶᠢᠨ ᠶᠣᠰᠣᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠤ ᠶᠢᠰᠦᠳᠦᠭᠡᠷ ᠰᠠᠷ᠎ᠠ ᠶᠢᠨ 15 ᠍ ᠳᠦ ᠠᠦᠢᠰᠲ᠋ᠷᠯᠢᠶ᠎ᠠ ᠴᠡᠩᠭᠡᠯᠳᠦᠬᠦ ᠬᠦᠷᠢᠶᠡᠯᠡᠩ ᠳᠦ ᠪᠣᠯᠤᠭᠰᠠᠨ 2000 ᠣᠨ ᠤ ᠵᠤᠨ ᠤ ᠣᠯᠢᠮᠫᠢᠺ ᠤᠨ ᠨᠡᠭᠡᠭᠡᠯᠲᠡ ᠶᠢᠨ ᠠᠵᠢᠯᠯᠠᠭ᠎ᠠ᠃

ᠨᠡᠭᠡᠭᠡᠯᠲᠡ ᠶᠢᠨ ᠶᠣᠰᠣᠯᠠᠯ ᠤᠨ ᠠᠵᠢᠯᠯᠠᠭ᠎ᠠ ᠨᠢ ᠠᠦᠢᠰᠲ᠋ᠷᠯᠢᠶ᠎ᠠ ᠶᠢᠨ ᠪᠡᠯᠴᠢᠭᠡᠷ ᠦᠨ ᠮᠠᠯ ᠠᠵᠤ ᠠᠬᠤᠢ ᠶᠢᠨ ᠤᠯᠠᠮᠵᠢᠯᠠᠯ ᠢ ᠬᠠᠷᠠᠭᠤᠯᠤᠭᠰᠠᠨ ᠢᠶᠠᠷ ᠡᠬᠢᠯᠡᠭᠰᠡᠨ ᠪᠥᠭᠡᠳ ᠠᠦᠢᠰᠲ᠋ᠷᠯᠢᠶ᠎ᠠ ᠶᠢᠨ ᠦᠨᠳᠦᠰᠦᠨ ᠦ ᠳᠠᠭᠤᠯᠠᠯ ᠢ ᠬᠶᠦᠮᠦᠨ ᠨ ᠡᠴᠢᠬᠡ ᠬᠠᠮᠲᠤᠯᠢᠭ ᠡᠬᠢᠯᠡᠵᠦ᠂ ᠳᠠᠷᠠᠭ᠎ᠠ ᠨᠢ ᠵᠦᠯ ᠡᠩᠲᠣᠨᠢ ᠬᠡᠮᠡᠬᠦ ᠳᠠᠭᠤᠴᠢᠨ ᠦᠷᠭᠦᠯᠵᠢᠯᠡᠭᠦᠯᠦᠨ ᠳᠠᠭᠤᠯᠠᠭᠰᠠᠨ᠃

ᠶᠣᠰᠣᠯᠠᠯ ᠤᠨ ᠠᠵᠢᠯᠯᠠᠭ᠎ᠠ ᠨᠢ ᠴᠠᠰᠢ ᠠᠦᠢᠰᠲ᠋ᠷᠯᠢᠶ᠎ᠠ ᠶᠢᠨ ᠭᠠᠵᠠᠷ ᠨᠤᠲᠤᠭ᠂ ᠬᠦᠮᠦᠨ ᠠᠮᠠ ᠶᠢᠨ ᠬᠢ ᠨᠢ ᠣᠯᠠᠨ ᠣᠨᠴᠠᠯᠢᠭ ᠢ ᠬᠠᠷᠠᠭᠤᠯᠵᠤ ᠦᠷᠭᠦᠯᠵᠢᠯᠡᠵᠡᠢ᠃ ᠲᠤᠬᠠᠶᠢᠯᠠᠯ ᠠᠩᠬ᠎ᠠ ᠠᠦᠢᠰᠲ᠋ᠷᠯᠢᠶ᠎ᠠ ᠶᠢᠨ ᠠᠭᠤᠭᠤᠯ ᠢᠷᠭᠡᠳ ᠬᠡᠷᠬᠢᠨ ᠲᠤᠰ "ᠠᠷᠠᠯ ᠲᠢᠪ ᠢ" ᠡᠵᠡᠮᠰᠢᠭᠰᠡᠨ᠂ ᠳᠠᠷᠠᠭ᠎ᠠ ᠨᠢ ᠠᠩᠬᠠᠨ ᠤ ᠷᠯᠣᠲ ᠢᠷᠡᠵᠦ᠂ ᠣᠯᠠᠨ ᠤᠯᠤᠰ ᠠᠴᠠ ᠴᠠᠭᠠᠴᠢᠳ ᠢᠷᠡᠵᠦ ᠪᠠᠶᠢᠭ᠎ᠠ᠂ ᠬᠥᠳᠡᠭᠡ ᠶᠢᠨ ᠠᠮᠢᠳᠤᠷᠠᠯ ᠤᠨ ᠬᠦᠨᠳᠦ ᠬᠡᠴᠡᠭᠦᠦ ᠪᠠᠶᠢᠳᠠᠯ ᠵᠡᠷᠭᠡ ᠶᠢ ᠬᠠᠷᠠᠭᠤᠯᠤᠭᠰᠠᠨ᠃ ᠡᠨᠡ ᠠᠷᠭ᠎ᠠ ᠬᠡᠮᠵᠢᠶᠡᠨ ᠦ ᠬᠣᠶᠠᠷ ᠳᠤᠷᠠᠰᠤᠭᠤᠰᠢᠲᠠᠢ ᠦᠵᠡᠭᠦᠯᠪᠦᠷᠢ ᠪᠣᠯ ᠲᠥᠪ ᠠᠦᠢᠰᠲ᠋ᠷᠯᠢᠶ᠎ᠠ ᠠᠴᠠ ᠢᠷᠡᠭᠰᠡᠨ 200 ᠠᠭᠤᠭᠤᠯ ᠡᠮᠡᠭᠲᠡᠢ ᠣᠯᠢᠮᠫᠢᠺ ᠤᠨ ᠲᠣᠭᠯᠠᠯᠲᠠ ᠶᠢ ᠢᠪᠡᠭᠡᠬᠦ ᠪᠤᠷᠬᠠᠨ ᠤ ᠬᠦᠴᠦᠷᠬᠡᠭ ᠰᠦᠨᠡᠰᠦᠨ ᠳᠦ ᠵᠣᠷᠢᠭᠤᠯᠵᠤ ᠪᠦᠵᠢᠭᠰᠡᠨ ᠦᠵᠡᠭᠦᠯᠪᠦᠷᠢ᠂ ᠪᠠᠷᠢᠯᠭ᠎ᠠ ᠶᠢᠨ ᠰᠠᠯᠪᠤᠷᠢ ᠶᠢᠨ ᠳᠠᠭᠤᠤ ᠴᠢᠮᠡᠭᠡ ᠶᠢ ᠲᠥᠯᠦᠭᠡᠯᠡᠭᠦᠯᠵᠦ ᠪᠦᠵᠢᠭᠯᠡᠭᠰᠡᠨ ᠬᠡᠳᠦᠨ ᠵᠠᠭᠤᠨ ᠥᠰᠪᠦᠷᠢ ᠨᠠᠰᠤᠨ ᠤ ᠲᠣᠪᠰᠢᠭᠤᠷ ᠪᠦᠵᠢᠭᠴᠢᠳ ᠦᠨ ᠦᠵᠡᠭᠦᠯᠪᠦᠷᠢ ᠶᠤᠮ᠃

ОУОХ ᠍ ᠤ ᠶᠡᠷᠦᠩᠬᠡᠶᠢᠯᠡᠭᠴᠢ ᠬᠤᠸᠠ ᠶᠢᠨ ᠠᠨᠲ᠋ᠣᠨᠢ ᠪᠠᠨ ᠰᠠᠮᠤᠷᠠᠨᠴᠢᠡᠶᠢᠨ ᠡᠬᠡᠨᠡᠷ ᠬᠦᠨᠳᠦ ᠡᠪᠡᠳᠴᠢᠲᠡᠢ ᠪᠠᠶᠢᠭᠰᠠᠨ ᠲᠤᠯᠠ ᠣᠯᠢᠮᠫᠢᠺ ᠤᠨ ᠲᠣᠭᠯᠠᠯᠲᠠᠳ ᠬᠠᠮᠲᠤ ᠢᠷᠡᠵᠦ ᠴᠢᠳᠠᠭ᠎ᠠ ᠦᠭᠡᠢ᠃ ᠬᠠᠷᠢᠨ ᠠᠦᠢᠰᠲ᠋ᠷᠯᠢᠶ᠎ᠠ ᠶᠢᠨ ᠣᠯᠢᠮᠫᠢᠺ ᠤᠨ ᠠᠪᠤᠷᠭᠤ ᠤᠰᠤᠨ ᠳᠤ ᠰᠡᠯᠢᠭᠴᠢ᠂ ᠰᠢᠨ᠎ᠡ ᠡᠮᠦᠨᠡᠲᠦ ᠸᠯᠰ ᠮᠤᠵᠢ ᠶᠢᠨ ᠫᠠᠷᠯᠠᠮᠧᠨᠲ ᠤᠨ ᠭᠡᠰᠢᠭᠦᠨ ᠳᠤᠨ ᠹᠷᠠᠢᠽᠧᠷ ᠰᠠᠮᠤᠷᠠᠨᠴᠢ ᠶᠢᠨ ᠳᠡᠷᠭᠡᠳᠡ ᠪᠠᠶᠢᠵᠤ᠂ ᠠᠦᠢᠰᠲ᠋ᠷᠯᠢᠶ᠎ᠠ ᠶᠢᠨ ᠰᠤᠶᠤᠯ ᠤᠨ ᠦᠵᠡᠭᠦᠯᠪᠦᠷᠢ ᠶᠢ ᠲᠠᠶᠢᠯᠪᠤᠷᠢᠯᠠᠵᠤ ᠪᠠᠶᠢᠯ᠎ᠠ᠃

ᠤᠷᠤᠯᠳᠤᠭᠠᠨ ᠲᠡᠮᠡᠴᠡᠭᠡᠨ ᠦ ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠢᠰᠦᠳᠦᠭᠡᠷ ᠰᠠᠷ᠎ᠠ ᠶᠢᠨ 16[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠤ ᠵᠤᠨ ᠤ ᠣᠯᠢᠮᠫᠢᠺ ᠤᠨ ᠬᠠᠮᠤᠭ ᠤᠨ ᠠᠩᠬᠠᠨ ᠤ ᠮᠧᠳᠠᠯ ᠭᠠᠷᠳᠠᠭᠤᠯᠬᠤ ᠶᠣᠰᠣᠯᠠᠯ ᠤᠨ ᠠᠵᠢᠯᠯᠠᠭ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠲᠠᠮᠢᠷᠴᠢᠨ ᠨᠡᠩᠰᠢ ᠵᠣᠩᠰᠣᠨ (ᠭᠣᠣᠯ ᠳᠤ ᠨᠢ) ᠠᠯᠲᠠ᠂ ᠰᠣᠯᠣᠩᠭᠣᠰ ᠤᠨ ᠴᠣ-ᠬᠠᠨ ᠺᠠᠨ ᠢ (ᠵᠡᠭᠦᠨ) ᠮᠥᠩᠭᠥ᠂ ᠬᠢᠲᠠᠳ ᠤᠨ ᠵᠢᠩ ᠭᠠᠣ (ᠪᠠᠷᠠᠭᠤᠨ) ᠬᠦᠷᠡᠯ ᠮᠧᠳᠠᠯ ᠬᠦᠷᠲᠡᠭᠰᠡᠨ᠃

ᠲᠤᠰ ᠣᠯᠢᠮᠫᠢᠺ ᠤᠨ ᠠᠩᠬᠠᠨ ᠤ ᠮᠧᠳᠠᠯ ᠢ ᠡᠮᠡᠭᠲᠡᠶᠢᠴᠦᠳ ᠦᠨ ᠬᠡᠢ ᠶᠢᠨ ᠤᠷᠲᠤ ᠪᠤᠤᠨ ᠤ 10 ᠮᠧᠲ᠋ᠷ ᠦᠨ ᠵᠠᠢ ᠳᠤ ᠭᠠᠷᠳᠠᠭᠤᠯᠤᠭᠰᠠᠨ ᠪᠥᠭᠡᠳ ᠡᠨᠡ ᠲᠥᠷᠥᠯ ᠳᠦ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠲᠠᠮᠢᠷᠴᠢᠨ ᠨᠡᠩᠰᠢ ᠵᠣᠩᠰᠣᠨ ᠲᠦᠷᠦᠭᠦᠯᠡᠵᠡᠢ᠃

ᠲᠷᠢᠶᠠᠲᠠᠯᠠᠨ ᠪᠤᠶᠤ ᠭᠤᠷᠪᠠᠨ ᠲᠥᠷᠥᠯ ᠳᠦ ᠠᠩᠬ᠎ᠠ ᠤᠳᠠᠭ᠎ᠠ ᠣᠯᠢᠮᠫᠢᠺ ᠤᠨ ᠲᠣᠭᠯᠠᠯᠲᠠ ᠶᠢᠨ ᠬᠥᠲᠥᠯᠪᠦᠷᠢ ᠳᠦ ᠣᠷᠣᠭᠰᠠᠨ ᠪᠥᠭᠡᠳ ᠡᠨᠡ ᠡᠳᠦᠷ ᠡᠮᠡᠭᠲᠡᠶᠢᠴᠦᠳ ᠦᠨ ᠤᠷᠤᠯᠳᠤᠭᠠᠨ ᠪᠣᠯᠤᠯ᠎ᠠ᠃ ᠰᠸᠢᠰ ᠍ ᠶᠢ ᠲᠥᠯᠦᠭᠡᠯᠡᠭᠰᠡᠨ ᠪᠷᠢᠵᠢᠲᠦ ᠳᠦ ᠮᠠᠺᠮᠢᠬᠠᠨ ᠡᠨᠡ ᠲᠡᠮᠡᠴᠡᠭᠡᠨ ᠳᠦ ᠠᠪᠤᠷᠭᠤᠯᠠᠵᠤ ᠠᠦᠢᠰᠲ᠋ᠷᠯᠢᠶ᠎ᠠ ᠶᠢᠨ ᠬᠦᠴᠦᠲᠡᠢ ᠲᠠᠮᠢᠷᠴᠢᠳ ᠢ ᠠᠷᠤ ᠳᠠᠭᠠᠨ ᠣᠷᠬᠢᠯ᠎ᠠ᠃

ᠲᠤᠰ ᠣᠯᠢᠮᠫᠢᠺ ᠤᠨ ᠠᠩᠬᠠᠨ ᠤ ᠣᠳ ᠨᠢ ᠶᠠᠩ ᠲᠣᠷᠫ ᠪᠣᠯᠤᠯ᠎ᠠ᠃ 17 ᠨᠠᠰᠤᠲᠠᠢ ᠠᠦᠢᠰᠲ᠋ᠷᠯᠢᠶ᠎ᠠ ᠶᠢᠨ ᠲᠠᠮᠢᠷᠴᠢᠨ ᠵᠠᠯᠠᠭᠤ ᠡᠬᠢᠯᠡᠭᠡᠳ 400 ᠮ ᠦᠨ ᠴᠢᠯᠦᠭᠡᠲᠦ ᠰᠡᠯᠢᠯᠲᠡ ᠳᠦ ᠳᠡᠯᠡᠬᠡᠢ ᠶᠢᠨ ᠰᠢᠨ᠎ᠡ ᠷᠧᠺᠣᠷᠳ᠋ ᠠᠮᠵᠢᠯᠲᠠ ᠲᠣᠭᠲᠠᠭᠠᠭᠰᠠᠨ ᠤ ᠪᠠᠨ ᠳᠠᠷᠠᠭ᠎ᠠ 4 x 100 ᠮ ᠪᠤᠤᠬᠢᠶ᠎ᠠ ᠴᠢᠯᠦᠭᠡᠲᠦ ᠰᠡᠯᠢᠯᠲᠡ ᠶᠢᠨ ᠲᠡᠮᠡᠴᠡᠭᠡᠨ ᠳᠦ ᠣᠷᠣᠭᠰᠠᠨ᠃ ᠪᠠᠭ ᠤᠨ ᠢᠶᠠᠨ ᠰᠡᠭᠦᠯ ᠦᠨ ᠭᠠᠷᠠᠭᠠᠨ ᠳᠤ ᠭᠠᠷᠤᠭᠰᠠᠨ ᠲᠣᠷᠫ ᠲᠦᠷᠦᠭᠦᠯᠡᠵᠦ ᠪᠠᠶᠢᠭᠰᠠᠨ ᠠᠮᠧᠷᠢᠺᠠᠴᠤᠳ ᠢ ᠭᠦᠢᠴᠡᠵᠦ᠂ ᠳᠡᠯᠡᠬᠡᠢ ᠶᠢᠨ ᠰᠢᠨ᠎ᠡ ᠷᠧᠺᠣᠷᠳ᠋ ᠲᠣᠭᠲᠠᠭᠠᠴᠠᠢ᠃ ᠡᠮᠡᠭᠲᠡᠶᠢᠴᠦᠳ ᠦᠨ ᠪᠤᠤᠬᠢᠶ᠎ᠠ ᠴᠢᠯᠦᠭᠡᠲᠦ ᠰᠡᠯᠢᠯᠲᠡ ᠳᠦ ᠠᠮᠧᠷᠢᠺᠠᠴᠤᠳ ᠨᠢᠳᠧᠷᠯᠠᠨᠲᠰᠸᠸᠳᠡᠨᠡᠶᠢᠨ ᠪᠠᠭ ᠤᠳ ᠤᠨ ᠤᠷᠳᠤ ᠣᠷᠣᠵᠤ ᠳᠡᠯᠡᠬᠡᠢ ᠶᠢᠨ ᠷᠧᠺᠣᠷᠳ᠋ ᠍ ᠢ ᠰᠢᠨᠡᠴᠢᠯᠡᠭᠰᠡᠨ᠃

ᠰᠠᠮᠤᠷᠠᠨᠴᠢ ᠬᠦᠨᠳᠦ ᠡᠪᠡᠳᠴᠢᠲᠡᠢ ᠡᠬᠡᠨᠡᠷ ᠷᠦᠦ ᠪᠡᠨ ᠪᠤᠴᠠᠨ ᠶᠠᠪᠤᠭᠰᠠᠨ ᠪᠣᠯᠪᠠᠴᠤ ᠲᠡᠭᠦᠨ ᠢ ᠢᠷᠡᠬᠦ ᠳᠦ ᠡᠬᠡᠨᠡᠷ ᠨᠢ ᠬᠡᠳᠦᠶᠢᠨ ᠥᠩᠭᠡᠷᠡᠭᠰᠡᠨ ᠪᠠᠶᠢᠯ᠎ᠠ᠃ ᠰᠠᠮᠤᠷᠠᠨᠴᠢ ᠰᠢᠳᠡᠨᠢ ᠷᠦᠦ ᠳᠥᠷᠪᠡ ᠬᠣᠨᠣᠭ ᠤᠨ ᠳᠠᠷᠠᠭ᠎ᠠ ᠪᠤᠴᠠᠵᠠᠢ᠃ ᠡᠨᠡ ᠬᠤᠭᠤᠴᠠᠭᠠᠨ ᠳᠤ ᠰᠠᠮᠤᠷᠠᠨᠴᠢ ᠶᠢᠨ ᠡᠬᠡᠨᠡᠷ ᠢ ᠬᠦᠨᠳᠦᠳᠬᠡᠭᠰᠡᠨ ᠦ ᠲᠡᠮᠳᠡᠭ ᠪᠣᠯᠭᠠᠨ ᠣᠯᠢᠮᠫᠢᠺ ᠤᠨ ᠳᠠᠯᠪᠠᠭ᠎ᠠ ᠶᠢ ᠬᠠᠭᠠᠰ ᠮᠠᠨᠳᠤᠭᠤᠯᠤᠭᠰᠠᠨ ᠶᠤᠮ᠃

ᠶᠢᠰᠦᠳᠦᠭᠡᠷ ᠰᠠᠷ᠎ᠠ ᠶᠢᠨ 17[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠨᠠᠳᠠ ᠍ ᠤᠨ ᠰᠠᠶᠢᠮᠠᠨ ᠸᠢᠲ᠋ᠹᠢᠢᠯᠡᠳ ᠡᠷᠡᠭᠲᠡᠶᠢᠴᠦᠳ ᠦᠨ ᠭᠤᠷᠪᠠᠨ ᠲᠥᠷᠥᠯᠲᠡᠳ ᠰᠡᠭᠦᠯ ᠦᠨ ᠵᠠᠭᠤᠨ ᠮᠧᠲ᠋ᠷ ᠲᠦ ᠪᠤᠰᠤᠳ ᠠᠴᠠ ᠪᠠᠨ ᠲᠠᠰᠤᠷᠠᠨ ᠭᠦᠶᠦᠵᠦ᠂ ᠣᠯᠢᠮᠫᠢᠺ ᠤᠨ ᠲᠣᠭᠯᠠᠯᠲᠠ ᠶᠢᠨ ᠭᠠᠶᠢᠬᠠᠮᠰᠢᠭᠲᠠᠢ ᠢᠯᠠᠯᠲᠠ ᠨᠤᠭᠤᠳ ᠤᠨ ᠨᠢᠭᠡ ᠶᠢ ᠠᠪᠴᠢᠷᠠᠪᠠ᠃

ᠳᠤᠭᠤᠢ ᠶᠢᠨ ᠤᠷᠤᠯᠳᠤᠭᠠᠨ ᠳᠤ ᠭᠧᠷᠮᠠᠨ ᠤ ᠲᠠᠮᠢᠷᠴᠢᠨ ᠷᠣᠪᠧᠷᠲ ᠪᠠᠷᠲ᠋ᠺᠣ ᠣᠯᠢᠮᠫᠢᠺ ᠤᠨ ᠰᠢᠨ᠎ᠡ ᠷᠧᠺᠣᠷᠳ᠋ ᠲᠣᠭᠲᠠᠭᠠᠭᠰᠠᠨ ᠪᠣᠯ ᠨᠢᠳᠧᠷᠯᠠᠨ᠋ᠳ᠋ ᠍ ᠤᠨ ᠯᠧᠣᠨᠲ᠋ᠢᠶᠡᠩ ᠵᠡᠶᠢᠯᠠᠷ ᠲᠤ ᠸᠠᠩ ᠮᠠᠷᠰᠧᠯ ᠡᠮᠡᠭᠲᠡᠶᠢᠴᠦᠳ ᠦᠨ ᠲᠥᠷᠥᠯ ᠳᠦ ᠳᠡᠯᠡᠬᠡᠢ ᠶᠢᠨ ᠷᠧᠺᠣᠷᠳ᠋ ᠲᠣᠭᠲᠠᠭᠠᠯ᠎ᠠ᠃

ᠤᠰᠤᠨ ᠰᠠᠩ ᠳᠤ ᠠᠮᠧᠷᠢᠺᠠ ᠶᠢᠨ ᠲᠣᠮᠣ ᠳᠣᠯᠤᠨ 400 ᠮ ᠦᠨ ᠬᠣᠯᠢᠮᠠᠭ ᠰᠡᠯᠢᠯᠲᠡ ᠶᠢᠨ ᠲᠥᠷᠥᠯ ᠳᠦ ᠳᠡᠯᠡᠬᠡᠢ ᠶᠢᠨ ᠷᠧᠺᠣᠷᠳ᠋ ᠍ ᠢ ᠡᠪᠳᠡᠵᠦ᠂ ᠳᠥᠷᠪᠡᠨ ᠵᠢᠯ ᠦᠨ ᠡᠮᠦᠨ᠎ᠡ ᠠᠲᠯᠠᠨ᠋ᠲ ᠲᠤ ᠬᠦᠷᠲᠡᠭᠰᠡᠨ ᠠᠪᠤᠷᠭᠤ ᠶᠢᠨ ᠲᠢᠲᠢᠮ ᠢᠶᠡᠨ ᠠᠮᠵᠢᠯᠲᠠᠲᠠᠢ ᠬᠠᠮᠠᠭᠠᠯᠠᠪᠠ᠃ ᠬᠣᠯᠠᠨᠳ᠋ ᠡᠮᠡᠭᠲᠡᠢ ᠢᠩ ᠢᠶ᠎ᠡ ᠳᠧ ᠪᠷᠤ ᠶᠢᠨ 100 ᠮ ᠶᠢᠨ ᠳᠠᠯᠠᠢ ᠶᠢᠨ ᠭᠠᠬᠠᠢ ᠰᠡᠯᠢᠯᠲᠡ ᠳᠦ ᠥᠪᠡᠷ ᠦᠨ ᠷᠧᠺᠣᠷᠳ᠋ ᠍ ᠢᠶᠠᠨ ᠨᠢᠭᠡ ᠡᠴᠡ ᠢᠯᠡᠭᠦᠦ ᠰᠧᠺᠦᠶᠢᠨᠳ᠋ ᠍ ᠢᠶᠡᠷ ᠠᠬᠢᠭᠤᠯᠵᠤ ᠳᠡᠯᠡᠬᠡᠢ ᠶᠢᠨ ᠰᠢᠨ᠎ᠡ ᠷᠧᠺᠣᠷᠳ᠋ ᠲᠣᠭᠲᠠᠭᠠᠯ᠎ᠠ᠃

ᠶᠢᠰᠦᠳᠦᠭᠡᠷ ᠰᠠᠷ᠎ᠠ ᠶᠢᠨ 18[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦᠢᠰᠲᠷᠠᠯᠢᠴᠢ ᠨᠤᠭᠤᠳ ᠤᠨ ᠬᠤᠪᠢ ᠳᠤ ᠣᠯᠢᠮᠫᠢᠺ ᠤᠨ ᠲᠣᠭᠯᠠᠯᠲᠠ ᠶᠢᠨ ᠡᠨᠡ ᠡᠳᠦᠷ ᠦᠨ ᠭᠣᠣᠯ ᠲᠡᠮᠡᠴᠡᠭᠡᠨ ᠨᠢ 200 ᠮ ᠦᠨ ᠴᠢᠯᠦᠭᠡᠲᠦ ᠰᠡᠯᠢᠯᠲᠡ ᠪᠠᠶᠢᠪᠠ᠃ ᠭᠣᠯᠯᠠᠨ᠋ᠳ᠋ᠡᠷ᠎ᠡ ᠫᠲ᠋ᠧᠷ ᠸᠠᠩ ᠳᠧᠨ ᠬᠣᠭᠧᠨᠪᠠᠨ ᠳᠤ ᠬᠠᠭᠠᠰ ᠰᠢᠭᠰᠢᠭᠡ ᠲᠡᠮᠡᠴᠡᠭᠡᠨ ᠳᠦ ᠳᠡᠯᠡᠬᠡᠢ ᠶᠢᠨ ᠷᠧᠺᠣᠷᠳ᠋ ᠍ ᠢ ᠡᠪᠳᠡᠵᠦ᠂ ᠠᠦᠢᠰᠲ᠋ᠷᠯᠢᠶ᠎ᠠ ᠶᠢᠨ ᠰᠢᠨ᠎ᠡ ᠪᠠᠭᠠᠲᠤᠷ ᠶᠠᠩ ᠲᠣᠷᠫᠣ ᠠᠴᠠ ᠲᠦᠷᠦᠭᠦᠯᠡᠪᠡ᠃ ᠰᠢᠭᠰᠢᠭᠡ ᠤᠷᠤᠯᠳᠤᠭᠠᠨ ᠳᠤ ᠬᠣᠯᠠᠨᠳ᠋ ᠡᠷ᠎ᠡ ᠬᠠᠭᠠᠰ ᠰᠢᠭᠰᠢᠭᠡ ᠳᠦ ᠰᠡᠯᠢᠭᠰᠡᠨ ᠬᠤᠭᠤᠴᠠᠭ᠎ᠠ ᠪᠠᠨ ᠳᠠᠪᠲᠠᠵᠤ᠂ ᠲᠣᠷᠫᠣ ᠠᠴᠠ ᠳᠠᠷᠤᠢ ᠬᠠᠭᠠᠰ ᠰᠧᠺᠦᠶᠢᠨᠳ᠋ ᠍ ᠤᠨ ᠡᠮᠦᠨ᠎ᠡ ᠪᠠᠷᠢᠶᠠᠨ ᠳᠤ ᠣᠷᠣᠯ᠎ᠠ᠃

ᠵᠡᠶᠢᠯᠠᠷ ᠲᠤ ᠸᠠᠩ ᠮᠠᠷᠰᠧᠯ ᠳᠤᠭᠤᠢ ᠶᠢᠨ ᠬᠠᠭᠠᠰ ᠰᠢᠭᠰᠢᠭᠡ ᠤᠷᠤᠯᠳᠤᠭᠠᠨ ᠳᠤ ᠳᠡᠯᠡᠬᠡᠢ ᠶᠢᠨ ᠷᠧᠺᠣᠷᠳ᠋ ᠲᠣᠭᠲᠠᠭᠠᠭᠰᠠᠨ ᠤ ᠪᠠᠨ ᠳᠠᠷᠠᠭ᠎ᠠ ᠰᠢᠭᠰᠢᠭᠡ ᠤᠷᠤᠯᠳᠤᠭᠠᠨ ᠳᠤ ᠠᠯᠲᠠᠨ ᠮᠧᠳᠠᠯ ᠬᠦᠷᠢᠲᠦᠵᠡᠢ᠃

ᠶᠢᠰᠦᠳᠦᠭᠡᠷ ᠰᠠᠷ᠎ᠠ ᠶᠢᠨ 23[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠯᠡᠭᠴᠢ ᠭᠦᠢ ᠳᠥᠷᠪᠡᠨ ᠰᠡᠯᠢᠭᠦᠷᠲᠦ ᠵᠠᠪᠢᠨ ᠤ ᠤᠷᠤᠯᠳᠤᠭᠠᠨ ᠳᠤ ᠶᠡᠬᠡ ᠪᠷᠢᠲ᠋ᠠᠨ(ᠠᠩᠭᠯᠢ) ᠲᠦᠷᠢᠭᠦᠯᠦᠭᠰᠡᠨ ᠢᠶᠡᠷ ᠲᠤᠰ ᠪᠠᠭ ᠤᠨ ᠭᠡᠰᠢᠭᠦᠨ ᠰᠡᠲᠡᠶᠢᠪᠡ ᠷᠧ ᠳᠦᠭᠷᠡᠢᠪ ᠲᠠᠪᠤᠨ ᠣᠯᠢᠮᠫᠢᠺ ᠳᠠᠷᠠᠭᠠᠯᠠᠨ ᠠᠯᠲᠠᠨ ᠮᠧᠳᠠᠯ ᠬᠦᠷᠲᠡᠯ᠎ᠡ᠃

4 x 100 ᠮ ᠦᠨ ᠪᠤᠤᠬᠢᠶ᠎ᠠ ᠬᠣᠯᠢᠮᠠᠭ ᠰᠡᠯᠢᠯᠲᠡ ᠶᠢᠨ ᠲᠥᠷᠥᠯ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠪ᠃ᠵ᠃ ᠪᠦᠳᠹᠣᠷ ᠲᠤ᠂ ᠮᠸᠭᠠᠨ ᠺᠣᠣᠨ᠂ ᠵᠢᠨᠨᠢ ᠲᠣᠮᠫᠠᠭᠰᠠᠨ᠂ ᠳᠠᠷᠠ ᠲᠣᠷᠷᠧᠰ ᠨᠠᠷᠠ ᠳᠡᠯᠡᠬᠡᠢ ᠶᠢᠨ ᠰᠢᠨ᠎ᠡ ᠳᠡᠭᠡᠳᠦ ᠠᠮᠵᠢᠯᠲᠠ ᠲᠣᠭᠲᠠᠭᠠᠵᠤ᠂ ᠠᠯᠲᠠᠨ ᠮᠧᠳᠠᠯ ᠬᠦᠷᠲᠡᠯ᠎ᠡ᠃

ᠶᠢᠰᠦᠳᠦᠭᠡᠷ ᠰᠠᠷ᠎ᠠ ᠶᠢᠨ 24[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠩᠭᠣᠳᠠᠭ ᠪᠥᠬᠡ ᠶᠢᠨ ᠬᠠᠮᠤᠭ ᠤᠨ ᠬᠦᠨᠳᠦ ᠵᠢᠩ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠬᠡ ᠳᠡᠭᠡᠳᠦ ᠰᠤᠷᠭᠠᠭᠤᠯᠢ ᠨᠤᠭᠤᠳ ᠤᠨ ᠴᠤ ᠠᠪᠤᠷᠭᠤ ᠪᠣᠯᠵᠤ ᠪᠠᠶᠢᠭ᠎ᠠ ᠦᠭᠡᠢ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠨᠢᠭᠡ ᠴᠤ ᠮᠧᠳᠠᠯ ᠬᠦᠷᠲᠡᠵᠦ ᠪᠠᠶᠢᠭ᠎ᠠ ᠦᠭᠡᠢ ᠷᠤᠯᠤᠨ ᠭᠠᠷᠳᠠᠨᠧᠷ ᠣᠷᠣᠰ ᠤᠨ ᠠᠯᠧᠺᠰᠠᠨᠳᠧᠷ ᠺᠠᠷᠧᠯᠢᠨ ᠍ ᠢ ᠢᠯᠠᠵᠤ ᠠᠯᠲᠠᠨ ᠮᠧᠳᠠᠯ ᠠᠪᠤᠪᠠ᠃ ᠺᠠᠷᠧᠯᠢᠨ 1988, 1992, 1996 ᠣᠨ ᠤ ᠣᠯᠢᠮᠫᠢᠺ ᠤᠨ ᠲᠣᠭᠯᠠᠯᠲᠠ ᠨᠤᠭᠤᠳ ᠲᠤ ᠳᠠᠷᠠᠭᠠᠯᠠᠨ ᠠᠯᠲᠠᠨ ᠮᠧᠳᠠᠯ ᠬᠦᠷᠢᠲᠦᠵᠦ ᠪᠠᠶᠢᠭᠰᠠᠨ᠃ ᠡᠨᠡ ᠪᠠᠷᠢᠯᠳᠤᠭᠠᠨ ᠠᠴᠠ ᠡᠮᠦᠨ᠎ᠡ ᠺᠠᠷᠧᠯᠢᠨ ᠣᠯᠠᠨ ᠤᠯᠤᠰ ᠤᠨ ᠴᠢᠨᠠᠷᠲᠠᠢ ᠨᠢᠭᠡ ᠴᠤ ᠲᠡᠮᠡᠴᠡᠭᠡᠨ ᠳᠦ ᠨᠢᠭᠡ ᠴᠤ ᠢᠯᠠᠭᠳᠠᠵᠤ ᠪᠠᠶᠢᠭ᠎ᠠ ᠦᠭᠡᠢ ᠪᠥᠭᠡᠳ 13 ᠵᠢᠯ ᠦᠨ ᠲᠤᠷᠰᠢ ᠪᠣᠰᠤᠭ᠎ᠠ ᠪᠠᠶᠢᠭᠰᠠᠨ᠂ ᠠᠷᠪᠠᠨ ᠵᠢᠯ ᠦᠨ ᠲᠤᠷᠰᠢ ᠥᠷᠢᠰᠦᠯᠳᠦᠭᠴᠢᠳ ᠢᠶᠡᠨ ᠭᠠᠭᠴᠠ ᠴᠤ ᠣᠨᠣᠭ᠎ᠠ ᠠᠯᠳᠠᠵᠤ ᠪᠠᠶᠢᠭ᠎ᠠ ᠦᠭᠡᠢ ᠢᠯᠠᠭᠳᠠᠰᠢ ᠦᠭᠡᠢ ᠲᠠᠮᠢᠷᠴᠢᠨ ᠪᠠᠶᠢᠯ᠎ᠠ᠃

ᠶᠢᠰᠦᠳᠦᠭᠡᠷ ᠰᠠᠷ᠎ᠠ ᠶᠢᠨ 25[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠩᠭᠡᠨ ᠠᠲᠯᠧᠲ᠋ᠢᠭ ᠤᠨ ᠲᠡᠮᠡᠴᠡᠭᠡᠨ ᠡᠴᠡ

ᠠᠦᠢᠰᠲ᠋ᠷᠯᠢᠶ᠎ᠠ ᠶᠢᠨ ᠺᠡᠲ᠋ᠢ ᠹᠷᠦᠮᠠᠨ 400 ᠮ ᠦᠨ ᠰᠢᠭᠰᠢᠭᠡ ᠤᠷᠤᠯᠳᠤᠭᠠᠨ ᠳᠤ ᠲᠦᠷᠦᠭᠦᠯᠡᠵᠦ᠂ ᠶᠠᠮᠠᠶᠢᠺ ᠤᠨ ᠯᠷᠷᠡᠢ ᠶᠢᠨ ᠭᠷᠡᠬᠡᠮ᠂ ᠶᠡᠬᠡ ᠪᠷᠢᠲ᠋ᠠᠨ(ᠠᠩᠭᠯᠢ) ᠤᠨ ᠺᠠᠲ᠋ᠠᠷᠢᠨ ᠮᠧᠷᠷᠢ ᠨᠠᠷ ᠤᠨ ᠤᠷᠳᠤ ᠪᠠᠷᠢᠶᠠᠨ ᠳᠤ ᠣᠷᠣᠯ᠎ᠠ᠃ ᠹᠷᠦᠮᠠᠨ ᠡᠶᠢᠨᠬᠦᠦ ᠲᠦᠷᠢᠭᠦᠯᠦᠭᠰᠡᠨ ᠢᠶᠡᠷ ᠣᠯᠢᠮᠫᠢᠺ ᠤᠨ ᠲᠡᠦᠬᠡᠨ ᠳᠦ ᠠᠩᠬ᠎ᠠ ᠤᠳᠠᠭ᠎ᠠ ᠣᠯᠢᠮᠫᠢᠺ ᠤᠨ ᠪᠠᠮᠪᠠᠷ ᠠᠰᠠᠭᠠᠭᠰᠠᠨ ᠲᠠᠮᠢᠷᠴᠢᠨ ᠠᠯᠲᠠᠨ ᠮᠧᠳᠠᠯ ᠬᠦᠷᠲᠡᠭᠰᠡᠨ ᠲᠣᠬᠢᠶᠠᠯᠳᠤᠯ ᠪᠣᠯᠤᠯ᠎ᠠ᠃

ᠶᠢᠰᠦᠳᠦᠭᠡᠷ ᠰᠠᠷ᠎ᠠ ᠶᠢᠨ 28[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠨᠠᠳᠠ ᠤᠨ ᠶᠡᠷᠦᠩᠬᠡᠢ ᠰᠠᠶᠢᠳ ᠠᠭᠰᠠᠨ ᠫᠢᠶᠧᠷ ᠲᠠᠷ ᠲᠤ ᠪᠠᠨ ᠨᠠᠰᠤ ᠪᠠᠷᠠᠭᠰᠠᠨ ᠲᠠᠢ ᠬᠣᠯᠪᠣᠭᠳᠠᠭᠤᠯᠤᠨ ᠺᠠᠨᠠᠳᠠ ᠤᠨ ᠲᠠᠮᠢᠷᠴᠢᠳ ᠬᠦᠨᠳᠦᠳᠬᠡᠯ ᠢᠯᠡᠷᠬᠡᠶᠢᠯᠡᠨ ᠣᠯᠢᠮᠫᠢᠺ ᠤᠨ ᠲᠣᠰᠬᠣᠨ ᠳᠤ ᠺᠠᠨᠠᠳᠠ ᠤᠨ ᠳᠠᠯᠪᠠᠭ᠎ᠠ ᠶᠢ ᠬᠠᠭᠠᠰ ᠮᠠᠨᠳᠤᠭᠤᠯᠤᠯ᠎ᠠ (ᠴᠠᠭ ᠤᠨ ᠵᠥᠷᠢᠭᠡᠨ ᠡᠴᠡ ᠰᠢᠯᠲᠠᠭᠠᠯᠠᠨ ᠲᠠᠷᠠᠳᠠᠭ ᠨᠠᠰᠤ ᠪᠠᠷᠠᠬᠤ ᠳᠤ ᠰᠦ ᠳᠦᠨᠧᠢ ᠳᠦ ᠶᠢᠰᠦᠳᠦᠭᠡᠷ ᠰᠠᠷ᠎ᠠ ᠶᠢᠨ 29 ᠪᠣᠯᠤᠭᠰᠠᠨ ᠪᠠᠶᠢᠪᠠ). ᠣᠯᠢᠮᠫᠢᠺ ᠤᠨ ᠦᠯᠡᠳᠡᠭᠰᠡᠨ ᠡᠳᠦᠷ ᠦᠳ ᠲᠦ ᠺᠠᠨᠠᠳᠠ ᠤᠨ ᠳᠠᠯᠪᠠᠭ᠎ᠠ ᠶᠢ ᠬᠠᠭᠠᠰ ᠮᠠᠨᠳᠤᠭᠤᠯᠤᠭᠰᠠᠨ᠃

ᠶᠢᠰᠦᠳᠦᠭᠡᠷ ᠰᠠᠷ᠎ᠠ ᠶᠢᠨ 30[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠮᠧᠷᠦᠨ ᠡᠷᠡᠭᠲᠡᠶᠢᠴᠦᠳ ᠦᠨ ᠬᠥᠯᠪᠥᠮᠪᠥᠭᠡ ᠶᠢᠨ ᠲᠡᠮᠡᠴᠡᠭᠡᠨ ᠦ ᠰᠢᠭᠰᠢᠭᠡ ᠲᠣᠭᠯᠠᠯᠲᠠᠳ ᠢᠰᠫᠠᠨᠢ ᠍ ᠶᠢᠨ ᠪᠠᠭ ᠢ ᠬᠣᠵᠢᠵᠤ ᠲᠡᠦᠬᠡᠨ ᠳᠦ ᠪᠡᠨ ᠠᠩᠬ᠎ᠠ ᠤᠳᠠᠭ᠎ᠠ ᠠᠯᠲᠠᠨ ᠮᠧᠳᠠᠯ ᠠᠪᠤᠯ᠎ᠠ᠃ ᠲᠣᠭᠯᠠᠯᠲᠠ ᠶᠢᠨ ᠬᠤᠪᠢ ᠵᠠᠶᠠᠭ᠎ᠠ ᠦᠨᠳᠦᠰᠦᠨ ᠪᠣᠯᠤᠨ ᠨᠡᠮᠡᠯᠲᠡ ᠴᠠᠭ ᠳᠠᠭᠤᠰᠤᠭᠰᠠᠨ ᠤ ᠳᠠᠷᠠᠭ᠎ᠠ ᠲᠣᠷᠭᠠᠭᠤᠯᠢ ᠶᠢᠨ ᠴᠣᠬᠢᠯᠲᠠ ᠪᠠᠷ ᠰᠢᠢᠳᠦᠭᠳᠡᠭᠰᠡᠨ ᠶᠤᠮ᠃

ᠠᠷᠪᠠᠳᠤᠭᠠᠷ ᠰᠠᠷ᠎ᠠ ᠶᠢᠨ 1[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦ ᠳᠦᠨᠧᠢ ᠶᠢᠨ ᠪᠣᠭᠣᠮᠲᠠ ᠶᠢᠨ ᠭᠦᠭᠦᠷᠭᠡᠨ ᠳᠡᠭᠡᠷᠡᠬᠢ ᠣᠯᠢᠮᠫᠢᠺ ᠤᠨ ᠴᠠᠭᠠᠷᠭᠢᠨ ᠤ ᠥᠩᠭᠡ ᠨᠦᠭᠦᠳ᠃

ᠬᠠᠭᠠᠯᠲᠠ ᠶᠢᠨ ᠠᠵᠢᠯᠯᠠᠭ᠎ᠠ ᠺᠷᠢᠰᠲ᠋ᠢᠨ ᠠᠨᠤ ᠥᠪᠡᠷ ᠦᠨ ᠬᠢᠲᠦ ᠳᠠᠭᠤᠤ ᠪᠣᠯᠬᠤ "Island Home" ᠍ ᠪᠡᠨ ᠳᠠᠭᠤᠯᠠᠭᠰᠠᠨ ᠢᠶᠠᠷ ᠡᠬᠢᠯᠡᠪᠡ᠃ ᠲᠡᠷᠡᠪᠡᠷ ᠴᠡᠩᠭᠡᠯᠳᠦᠬᠦ ᠬᠦᠷᠢᠶᠡᠯᠡᠩ ᠦᠨ ᠭᠣᠣᠯ ᠳᠤ ᠠᠭᠤᠭᠤᠯ ᠦᠨᠳᠦᠰᠦᠲᠡᠨ ᠦ ᠪᠦᠵᠢᠭᠴᠢᠳ ᠦᠨ ᠬᠠᠮᠲᠤ ᠳᠠᠭᠤ ᠪᠠᠨ ᠳᠠᠭᠤᠯᠠᠭᠰᠠᠨ ᠪᠥᠭᠡᠳ ᠡᠷᠭᠢᠨ ᠲᠣᠭᠣᠷᠢᠨ ᠨᠢ ᠬᠡᠳᠦᠨ ᠵᠠᠭᠤᠨ ᠰᠢᠬᠦᠷ᠂ ᠳ᠋ᠧᠨᠯᠦ ᠪᠠᠷᠢᠭᠰᠠᠨ ᠬᠡᠦᠬᠡᠳ ᠦᠳ ᠠᠭᠤᠭᠤᠯ ᠦᠨᠳᠦᠰᠦᠲᠡᠨ ᠦ ᠵᠡᠭᠦᠳᠦᠨ ᠦ ᠴᠠᠭ ᠤᠨ ᠳᠦᠷᠰᠦ ᠶᠢ ᠡᠭᠦᠰᠬᠡᠵᠦ ᠪᠠᠶᠢᠪᠠ᠃

ᠬᠤᠸᠠ ᠶᠢᠨ ᠠᠨᠲ᠋ᠣᠨᠢ ᠪᠠᠨ ᠰᠠᠮᠤᠷᠠᠨᠴᠢ ᠬᠠᠭᠠᠯᠲᠠ ᠶᠢᠨ ᠦᠭᠡ ᠬᠡᠯᠡᠵᠦ᠂ ᠲᠤᠰ ᠣᠯᠢᠮᠫᠢᠺ ᠢ ᠤᠷᠢᠳ ᠬᠣᠵᠢᠳ ᠪᠠᠶᠢᠭ᠎ᠠ ᠦᠭᠡᠢ ᠰᠢᠯᠢᠳᠡᠭ ᠣᠯᠢᠮᠫᠢᠺ ᠪᠣᠯᠤᠭᠰᠠᠨ ᠢ ᠲᠡᠮᠳᠡᠭᠯᠡᠨ ᠬᠡᠯᠡᠪᠡ᠃

ᠣᠯᠢᠮᠫᠢᠺ ᠤᠨ ᠰᠦᠯᠳᠡ ᠳᠠᠭᠤᠤ ᠶᠢ ᠰᠣᠫᠷᠠᠨ᠎ᠠ ᠬᠣᠭᠣᠯᠠᠢ ᠳᠤ ᠠᠶᠤᠪᠣᠨ ᠺᠧᠩᠨᠢ ᠳᠠᠭᠤᠯᠠᠭᠰᠠᠨ᠃ ᠲᠤᠰ ᠶᠣᠰᠣᠯᠠᠯ ᠤᠨ ᠠᠵᠢᠯᠯᠠᠭᠠᠨ ᠳᠤ ᠮᠥᠨ ᠵᠢᠮᠮᠢ ᠪᠠᠷᠨᠰ᠂ INXS, ᠮᠡᠳᠨᠠᠢ ᠳᠤ ᠣᠶᠢᠯᠠ᠂ ᠺᠠᠢᠯ ᠮᠢᠨᠢᠦᠭ᠂ ᠰᠯᠢᠮ ᠳᠠᠰᠲ᠋ᠢ᠂ ᠺᠷᠢᠰᠲ᠋ᠢᠨ ᠠᠨᠤ᠂ ᠨᠢᠺᠢ ᠸᠪᠰᠲᠡᠷ᠂ ᠵᠣᠩ ᠫᠣᠯ ᠶᠠᠩ ᠢ᠂ ᠮᠡᠩ ᠡᠲᠡ ᠸᠷᠺ᠂ ᠮᠧᠯᠪᠦᠷᠠᠨ ᠤ ᠳᠠᠭᠤᠴᠢᠨ ᠸᠠᠨ᠋ᠧᠰᠰᠠ ᠠᠮᠣᠷᠣᠽᠢ᠂ ᠲᠣᠮᠮᠢ ᠡᠮᠮ᠎ᠠ ᠨᠤᠭᠡᠯ᠂ ᠫᠣᠫ ᠬᠣᠣᠰᠯᠠᠯ ᠰᠠᠪᠢᠵᠤ ᠭᠠᠷᠳᠧᠨ ᠵᠡᠷᠭᠡ ᠬᠠᠮᠲᠤᠯᠢᠭ ᠳᠠᠭᠤᠴᠢᠳ ᠣᠷᠣᠯᠴᠠᠭᠰᠠᠨ᠃

ᠲᠣᠭᠯᠠᠯᠲᠠ ᠶᠢ ᠳᠠᠷᠠᠭᠠᠴᠢ ᠶᠢᠨ ᠣᠯᠢᠮᠫᠢᠺ ᠤᠨ ᠬᠣᠲᠠ ᠪᠣᠯᠬᠤ ᠠᠹᠢᠩ ᠳᠦ ᠰᠢᠯᠵᠢᠭᠦᠯᠬᠦ ᠶᠣᠰᠣᠯᠠᠯ ᠪᠣᠯᠵᠤ᠂ ᠰᠦ ᠳᠦᠨᠧᠢ ᠶᠢᠨ ᠪᠣᠭᠣᠮᠲᠠ ᠳᠡᠭᠡᠭᠦᠷ ᠠᠰᠤᠷᠤ ᠲᠣᠮᠣ ᠰᠠᠯᠢᠶᠦ᠋ᠲ ᠫᠤᠤᠳᠠᠨ ᠥᠨᠳᠥᠷᠯᠡᠪᠡ᠃

ᠮᠧᠳᠠᠯ ᠬᠦᠷᠲᠡᠭᠰᠡᠨ ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Olympic flag.svg
ᠠᠹᠢᠨ ᠤ ᠣᠯᠢᠮᠫᠢᠺ ᠠᠴᠠ
ᠮᠧᠳᠠᠯ ᠬᠦᠷᠲᠡᠭᠰᠡᠨ ᠤᠯᠤᠰ ᠣᠷᠣᠨ ᠨᠤᠭᠤᠳ
ᠪᠠᠶᠢᠷᠢ ᠤᠯᠤᠰ ᠠᠯᠲᠠ ᠮᠥᠩᠭᠥ ᠬᠦᠷᠡᠯ ᠨᠡᠶᠢᠲᠡ
1 ᠠᠮᠧᠷᠢᠺᠠ ᠠᠮᠧᠷᠢᠺᠠ 36 24 31 91
2 ᠣᠷᠣᠰ ᠣᠷᠣᠰ 32 28 28 88
3 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ 28 16 15 59
4 Flag of Australia.svg ᠠᠦᠢᠰᠲ᠋ᠷᠯᠢᠶ᠎ᠠ 16 25 17 58
5 ᠭᠧᠷᠮᠠᠨ ᠭᠧᠷᠮᠠᠨ 13 17 26 56
6 ᠹᠷᠠᠨᠼᠢ ᠹᠷᠠᠨᠼᠢ 13 14 11 38
7 Flag of Italy.svg ᠢᠲ᠋ᠠᠯᠢ 13 8 13 34
8 ᠨᠢᠳᠧᠷᠯᠠᠨᠲ ᠨᠢᠳᠧᠷᠯᠠᠨᠲ 12 9 4 25
9 ᠺᠦᠪᠠ ᠺᠦᠪᠠ 11 11 7 29
10 Flag of the United Kingdom.svg ᠶᠡᠬᠡ ᠪᠷᠢᠲ᠋ᠠᠨ(ᠠᠩᠭᠯᠢ) 11 10 7 28
ᠪᠦᠷᠢᠨ ᠵᠢᠭ᠌ᠰᠠᠭᠠᠯᠳᠠ ᠶᠢ ᠡᠨᠳᠡ ᠡᠴᠡ ᠦᠵᠡᠨ᠎ᠡ ᠦᠦ᠃
  • ᠨᠡᠶᠢᠲᠡ ᠮᠧᠳᠠᠯ ᠠᠪᠤᠭᠰᠠᠨ ᠤᠯᠤᠰ ᠤᠨ ᠲᠣᠭ᠎ᠠ : 80

2007 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠭᠤᠷᠪᠠᠨ ᠠᠯᠲᠠ᠂ ᠬᠣᠶᠠᠷ ᠬᠦᠷᠡᠯ ᠮᠧᠳᠠᠯ ᠬᠦᠷᠲᠡᠭᠰᠡᠨ ᠠᠯᠳᠠᠷᠲᠤ ᠲᠠᠮᠢᠷᠴᠢᠨ ᠮᠠᠷᠢᠶᠣᠨ ᠵᠢᠦᠩᠰ ᠲᠧᠲᠷᠠᠭᠢᠳ᠋ᠷᠤᠭᠧᠰᠲᠷᠢᠨᠣᠨ ᠬᠡᠮᠡᠬᠦ ᠬᠣᠷᠢᠭ᠎ᠠ ᠲᠠᠢ ᠪᠣᠳᠠᠰ ᠢ 2000 ᠣᠨ ᠤ ᠶᠢᠰᠦᠳᠦᠭᠡᠷ ᠰᠠᠷ᠎ᠠ ᠠᠴᠠ ᠡᠬᠢᠯᠡᠨ 2001 ᠣᠨ ᠤ ᠳᠣᠯᠣᠳᠤᠭᠠᠷ ᠰᠠᠷ᠎ᠠ ᠬᠦᠷᠲᠡᠯ᠎ᠡ ᠬᠡᠷᠡᠭᠯᠡᠭᠰᠡᠨ ᠢᠶᠡᠨ ᠬᠦᠯᠢᠶᠡᠭᠰᠡᠨ ᠢᠶᠡᠷ ᠡᠨᠡ ᠣᠯᠢᠮᠫᠢᠺ ᠠᠴᠠ ᠠᠪᠤᠭᠰᠠᠨ ᠪᠦᠬᠦ ᠮᠧᠳᠠᠯ ᠢᠶᠠᠨ ᠬᠤᠷᠢᠶᠠᠯᠭᠠᠪᠠ᠃[1] ᠣᠯᠠᠨ ᠤᠯᠤᠰ ᠤᠨ ᠣᠯᠢᠮᠫᠢᠺ ᠤᠨ ᠬᠣᠷᠢᠶ᠎ᠠ ᠵᠢᠦᠩᠰ ᠪᠣᠯᠤᠨ ᠲᠡᠭᠦᠨ ᠦ ᠪᠤᠤᠬᠢᠶ᠎ᠠ ᠭᠦᠶᠦᠯᠲᠡ ᠶᠢᠨ ᠪᠠᠭ ᠤᠨ ᠭᠡᠰᠢᠭᠦᠳ ᠦᠨ 5 ᠮᠧᠳᠠᠯ ᠢ ᠬᠤᠷᠢᠶᠠᠭᠰᠠᠨ᠃[2] ᠲᠡᠭᠦᠨᠴᠢᠯᠡᠨ ᠣᠯᠠᠨ ᠤᠯᠤᠰ ᠤᠨ ᠬᠥᠩᠭᠡᠨ ᠠᠲᠯᠧᠲ᠋ᠢᠭ ᠤᠨ ᠬᠣᠯᠪᠣᠭᠠᠨ ᠠᠴᠠ ᠵᠢᠦᠨᠡᠰᠦ ᠶᠢ ᠬᠣᠶᠠᠷ ᠵᠢᠯ ᠦᠨ ᠲᠤᠷᠰᠢ ᠲᠡᠮᠡᠴᠡᠭᠡᠨ ᠳᠦ ᠤᠷᠤᠯᠴᠠᠬᠤ ᠡᠷᠬᠡ ᠶᠢ ᠨᠢ ᠬᠠᠰᠤᠭᠰᠠᠨ ᠶᠤᠮ᠃[3]

ᠠᠮᠧᠷᠢᠺᠠ ᠶᠢᠨ ᠨᠢᠭᠡᠳᠦᠭᠰᠡᠨ ᠤᠯᠤᠰ ᠶᠢᠨ ᠡᠷᠡᠭᠲᠡᠢ 4x400 ᠮ ᠦᠨ ᠪᠤᠤᠬᠢᠶ᠎ᠠ ᠭᠦᠶᠦᠯᠲᠡ ᠶᠢᠨ ᠪᠠᠭ ᠤᠨ ᠭᠡᠰᠢᠭᠦᠨ ᠠᠨᠲ᠋ᠣᠨᠢ ᠪᠠᠨ ᠫᠡᠲᠲ᠋ᠢᠭᠷᠶᠤ ᠬᠣᠷᠢᠭ᠎ᠠ ᠲᠠᠢ ᠪᠣᠳᠠᠰ ᠬᠡᠷᠡᠭᠯᠡᠭᠰᠡᠨ ᠢᠶᠡᠨ ᠬᠦᠯᠢᠶᠡᠭᠰᠡᠨ ᠦ ᠳᠠᠷᠠᠭ᠎ᠠ 2008 ᠣᠨ ᠤ ᠨᠠᠶᠢᠮᠠᠳᠤᠭᠠᠷ ᠰᠠᠷ᠎ᠠ ᠶᠢᠨ 2 ᠍ ᠳᠦ ᠣᠯᠠᠨ ᠤᠯᠤᠰ ᠤᠨ ᠣᠯᠢᠮᠫᠢᠺ ᠤᠨ ᠬᠣᠷᠢᠶ᠎ᠠ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠭ ᠤᠨ ᠠᠯᠲᠠᠨ ᠮᠧᠳᠠᠯ ᠢ ᠬᠤᠷᠢᠶᠠᠪᠠ᠃[4] ᠰᠢᠭᠰᠢᠭᠡ ᠭᠦᠶᠦᠯᠲᠡ ᠳᠦ ᠣᠷᠣᠯᠴᠠᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠭ ᠤᠨ ᠳᠥᠷᠪᠡᠨ ᠭᠡᠰᠢᠭᠦᠨ ᠦ ᠭᠤᠷᠪᠠ ᠨᠢ ᠲᠤᠬᠠᠶᠢᠯᠠᠪᠠᠯ ᠫᠡᠲᠲ᠋ᠢᠭᠷᠶᠤ ᠪᠣᠯᠤᠨ ᠢᠬᠡᠷ᠎ᠡ ᠲᠠᠮᠢᠷᠴᠢᠳ ᠪᠣᠯᠬᠤ ᠠᠯᠸᠢᠨ ᠬᠠᠷᠷᠢᠭᠰᠠᠨᠺᠠᠯᠸᠢᠨ ᠬᠠᠷᠷᠢᠭᠰᠠᠨ ᠨᠠᠷᠠ ᠪᠣᠯᠤᠨ᠂ ᠤᠷᠢᠳᠴᠢᠯᠠᠭᠰᠠᠨ ᠱᠠᠲᠤᠨ ᠤ ᠭᠦᠶᠦᠭᠴᠢ ᠵᠢᠷᠣᠮ ᠶᠠᠩ ᠢ ᠨᠠᠷ ᠪᠦᠭᠦᠳᠡ ᠬᠦᠴᠦ ᠴᠢᠳᠠᠯ ᠰᠠᠶᠢᠵᠢᠷᠭᠠᠭᠤᠯᠬᠤ ᠪᠡᠯᠡᠳᠦᠮᠡᠯ ᠬᠡᠷᠡᠭᠯᠡᠭᠰᠡᠨ ᠢᠶᠡᠨ ᠬᠦᠯᠢᠶᠡᠭᠰᠡᠨ ᠪᠤᠶᠤ ᠡᠶᠢᠮᠦ ᠪᠣᠳᠠᠰ ᠬᠡᠷᠡᠭᠯᠡᠭᠰᠡᠨ ᠨᠢ ᠰᠢᠨᠵᠢᠯᠡᠭᠡ ᠪᠡᠷ ᠢᠯᠡᠷᠡᠵᠡᠢ᠃[4] ᠵᠥᠪᠬᠡᠨ ᠤᠷᠢᠳᠴᠢᠯᠠᠭᠰᠠᠨ ᠱᠠᠲᠤᠨ ᠳᠤ ᠭᠦᠢᠭᠰᠡᠨ ᠠᠨᠵᠧᠯᠠ ᠲᠡᠶᠢᠯᠣᠷ ᠪᠣᠯᠤᠨ ᠳᠡᠯᠡᠬᠡᠢ ᠶᠢᠨ ᠷᠧᠺᠣᠷᠳ᠋ ᠡᠵᠡᠮᠰᠢᠭᠴᠢ ᠮᠠᠶᠢᠺᠯ ᠵᠣᠩᠰᠣᠨ ᠨᠠᠷ ᠯᠠ ᠡᠨᠡ ᠠᠰᠠᠭᠤᠳᠠᠯ ᠳᠤ ᠬᠣᠯᠪᠣᠭᠳᠠᠭ᠎ᠠ ᠦᠭᠡᠢ ᠪᠠᠶᠢᠨ᠎ᠠ᠃[4] ᠡᠨᠡ ᠮᠧᠳᠠᠯ ᠨᠢ ᠵᠣᠩᠰᠣᠨ ᠤ ᠬᠤᠪᠢ ᠳᠤ ᠲᠠᠪᠤᠳᠠᠬᠢ ᠠᠯᠲᠠᠨ ᠮᠧᠳᠠᠯ ᠪᠠᠶᠢᠭᠰᠠᠨ ᠪᠥᠭᠡᠳ ᠲᠡᠷᠡᠪᠡᠷ ᠫᠡᠲᠲ᠋ᠢᠭᠷ ᠶᠢᠨ ᠮᠡᠳᠡᠭᠦᠯᠭᠡ ᠶᠢ ᠰᠣᠨᠣᠰᠤᠭᠠᠳ ᠮᠡᠬᠡᠯᠡᠭᠳᠡᠵᠦ᠂ ᠠᠷᠤ ᠪᠠᠷ ᠢᠶᠠᠨ ᠲᠠᠯᠪᠢᠭᠤᠯᠵᠤ᠂ ᠤᠷᠮ᠎ᠠ ᠬᠤᠭᠤᠷᠠᠭᠰᠠᠨ ᠲᠤᠯᠠ ᠡᠨᠡ ᠮᠧᠳᠠᠯ ᠢ ᠡᠷᠭᠢᠭᠦᠯᠵᠦ ᠥᠭᠬᠦ ᠭᠡᠵᠦ ᠪᠠᠶᠢᠭᠰᠠᠨ ᠬᠡᠮᠡᠨ ᠮᠡᠳᠡᠭᠳᠡᠪᠡ᠃[4] ᠡᠨᠡ ᠲᠡᠮᠡᠴᠡᠭᠡᠨ ᠦ ᠠᠯᠲᠠᠨᠮᠧᠳᠠᠯ ᠤᠨ ᠡᠵᠡᠨ ᠣᠳᠣ ᠴᠤ ᠲᠣᠳᠣᠷᠠᠭ᠎ᠠ ᠦᠭᠡᠢ ᠯᠠ ᠪᠠᠶᠢᠨ᠎ᠠ᠃

ᠲᠣᠭ᠎ᠠ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠵᠣᠬᠢᠶᠠᠨ ᠪᠠᠶᠢᠭᠤᠯᠬᠤ ᠵᠠᠷᠤᠳᠠᠯ : 6.6 ᠲᠡᠷᠪᠤᠮ ᠠᠦᠢᠰᠲ᠋ᠷᠯᠢᠶ᠎ᠠ ᠳ᠋ᠣᠯᠯᠠᠷ᠂ ᠡᠭᠦᠨ ᠡᠴᠡ ᠤᠯᠤᠰ ᠤᠨ ᠲᠥᠰᠥᠪ ᠡᠴᠡ 1.7-2.4 ᠲᠡᠷᠪᠤᠮ ᠠᠦᠢᠰᠲ᠋ᠷᠯᠢᠶ᠎ᠠ ᠳ᠋ᠣᠯᠯᠠᠷ ᠵᠠᠷᠤᠴᠠᠭᠤᠯᠤᠭᠰᠠᠨ[5][6]

ᠠᠯᠪᠠᠨ ᠶᠣᠰᠣᠨ ᠤ ᠯᠣᠭᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠮᠣ ᠯᠣᠭᠣ ᠨᠢ ᠰᠦ ᠳᠦᠨᠧᠢ ᠶᠢᠨ ᠣᠫᠧᠷᠠ ᠬᠠᠤᠰ ᠤᠨ ᠳᠦᠷᠰᠦ ᠶᠢ ᠠᠭᠤᠯᠠᠭᠰᠠᠨ ᠪᠣᠯ ᠠᠯᠪᠠᠨ ᠶᠣᠰᠣᠨ ᠤ ᠯᠣᠭᠣ ᠨᠢ ᠭᠦᠶᠦᠵᠦ ᠪᠤᠢ ᠭᠦᠶᠦᠯᠲᠡ ᠶᠢᠨ ᠲᠠᠮᠢᠷᠴᠢᠨ ᠤ ᠳᠦᠷᠰᠦ ᠶᠢ ᠬᠠᠷᠠᠭᠤᠯᠤᠭᠰᠠᠨ᠃

ᠠᠯᠪᠠᠨ ᠶᠣᠰᠣᠨ ᠤ ᠪᠡᠯᠭᠡᠳᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠤ ᠵᠤᠨ ᠤ ᠣᠯᠢᠮᠫᠢᠺ ᠤᠨ ᠨᠠᠭᠠᠳᠤᠮ ᠤᠨ ᠠᠯᠪᠠᠨ ᠶᠣᠰᠣᠨ ᠤ ᠪᠡᠯᠭᠡᠳᠡᠯ ᠦᠳ ᠨᠢ:[7]

  • ᠰ ᠲᠤ ᠨᠤᠭᠤᠰᠤᠨ ᠬᠣᠰᠢᠭᠤᠲᠤ — 'ᠰ ᠲᠤ' ᠨᠢ ᠲᠤᠰ ᠣᠯᠢᠮᠫᠢᠺ ᠤᠨ ᠲᠣᠭᠯᠠᠯᠲᠠ ᠶᠢᠨ ᠬᠣᠲᠠ ᠪᠣᠯᠬᠤ 'ᠰᠢᠳᠡᠨᠢ' ᠍ ᠦᠨ ᠡᠬᠢᠨ ᠦ ᠦᠶ᠎ᠡ ᠪᠡᠷ ᠨᠡᠷᠡᠯᠡᠭᠳᠡᠭᠰᠡᠨ
  • ᠮᠢᠯᠯᠢ ᠶᠢᠬᠢᠳᠠᠨ᠎ᠠ — 'ᠮᠢᠯᠯᠢ' ᠨᠢ 'ᠮᠢᠯᠯᠧᠨᠤᠮ' ᠪᠤᠶᠤ ᠮᠢᠩᠭᠠᠨ ᠭᠡᠰᠡᠨ ᠦᠭᠡᠨ ᠡᠴᠡ ᠡᠭᠦᠰᠦᠭᠰᠡᠨ ᠨᠡᠷ᠎ᠡ
  • ᠣᠯᠯᠢ ᠺᠦᠶᠢᠺᠠᠪᠦᠷᠦᠷᠠ — 'ᠣᠯᠯᠢ' ᠨᠢ 'ᠣᠯᠢᠮᠫᠢᠺ' ᠭᠡᠳᠡᠭ ᠦᠭᠡᠨ ᠡᠴᠡ ᠭᠠᠷᠤᠯᠲᠠᠢ

ᠬᠦᠷᠡᠯ ᠮᠧᠳᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1991 ᠣᠨ ᠤ ᠡᠴᠦᠰ ᠬᠦᠷᠲᠡᠯ᠎ᠡ᠂[8] ᠠᠦᠢᠰᠲ᠋ᠷᠯᠢᠶ᠎ᠠ 1, 2 ᠼᠧᠨᠲ ᠤᠨ ᠵᠣᠭᠣᠰ ᠬᠡᠷᠡᠭᠯᠡᠵᠦ ᠪᠠᠶᠢᠭᠰᠠᠨ᠃

1992 ᠣᠨ ᠳᠤ ᠡᠳᠡᠭᠡᠷ ᠵᠣᠭᠣᠰ ᠢ ᠭᠦᠢᠯᠭᠡᠭᠡᠨ ᠡᠴᠡ ᠭᠠᠷᠭᠠᠵᠤ ᠡᠬᠢᠯᠡᠵᠡᠢ᠃ ᠬᠦᠮᠦᠰ ᠢ ᠡᠳᠡᠭᠡᠷ ᠵᠣᠭᠣᠰ ᠢᠶᠠᠨ ᠭᠦᠢᠯᠭᠡᠭᠡᠨ ᠳᠦ ᠬᠡᠷᠡᠭᠯᠡᠳᠡᠭ ᠵᠣᠭᠣᠰ ᠢᠶᠠᠷ ᠰᠤᠯᠢᠵᠤ ᠠᠪᠬᠤ ᠶᠢ ᠤᠷᠢᠶᠠᠯᠠᠭᠰᠠᠨ ᠪᠠᠶᠢᠨ᠎ᠠ᠃

ᠬᠤᠷᠢᠶᠠᠨ ᠠᠪᠤᠭᠰᠠᠨ 1, 2 ᠼᠧᠨᠲ ᠤᠨ ᠵᠣᠭᠣᠰ ᠤᠳ ᠢᠶᠠᠨ ᠬᠠᠶᠢᠯᠠᠭᠤᠯᠵᠤ᠂ 2000 ᠣᠨ ᠤ ᠣᠯᠢᠮᠫᠢᠺ ᠤᠨ ᠲᠣᠭᠯᠠᠯᠲᠠᠳ ᠵᠣᠷᠢᠭᠤᠯᠵᠤ ᠬᠦᠷᠡᠯ ᠮᠧᠳᠠᠯ ᠤᠳ ᠬᠡᠶᠢᠵᠢᠭᠡ᠃[9] [10]

ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠣᠯᠠᠨ ᠤᠯᠤᠰ ᠤᠨ ᠣᠯᠢᠮᠫᠢᠺ ᠤᠨ ᠬᠣᠷᠢᠶ᠎ᠠ ᠰᠢᠳᠡᠨᠢ ᠬᠣᠲᠠ ᠪᠣᠯᠤᠨ ᠲᠡᠭᠦᠨ ᠦ ᠣᠷᠣᠰᠢᠨ ᠰᠠᠭᠤᠭᠴᠢᠳ ᠢ ᠬᠠᠮᠲᠤᠷᠠᠨ ᠠᠵᠢᠯᠯᠠᠵᠤ᠂ ᠳᠡᠯᠡᠬᠡᠢ ᠳᠠᠬᠢᠨ ᠠᠴᠠ ᠢᠷᠡᠭᠰᠡᠨ ᠪᠦᠬᠦ ᠲᠠᠮᠢᠷᠴᠢᠳ᠂ ᠵᠣᠴᠢᠳ ᠲᠤ ᠪᠠᠶᠠᠷ ᠪᠠᠶᠠᠰᠬᠤᠯᠠᠩ ᠢ ᠪᠠᠨ ᠬᠠᠷᠠᠭᠤᠯᠤᠭᠰᠠᠨ ᠤ ᠬᠢ ᠨᠢ ᠲᠥᠯᠥᠭᠡ "ᠫᠢᠶᠧᠷ ᠳᠧ ᠺᠦᠪᠧᠷᠲ᠋ᠧᠨ ᠦ ᠴᠣᠮᠣ" ᠍ ᠪᠠᠷ ᠱᠠᠩᠨᠠᠵᠠᠢ᠃

ᠰᠢᠨ᠎ᠡ ᠡᠮᠦᠨᠡᠲᠦ ᠸᠯᠰᠡᠶᠢᠨ ᠴᠠᠭᠳᠠᠭ᠎ᠠ ᠶᠢᠨ ᠬᠦᠴᠦᠨ ᠢ ᠰᠠᠶᠢᠰᠢᠶᠠᠪᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠤᠷᠢᠳ ᠬᠣᠵᠢᠳ ᠪᠠᠶᠢᠭ᠎ᠠ ᠦᠭᠡᠢ ᠠᠶᠤᠯ ᠣᠰᠣᠯ ᠦᠭᠡᠢ ᠨᠠᠭᠠᠳᠤᠮ ᠵᠣᠬᠢᠶᠠᠨ ᠪᠠᠶᠢᠭᠤᠯᠬᠤ ᠨᠥᠬᠥᠴᠡᠯ ᠢ ᠪᠦᠷᠢᠳᠦᠭᠦᠯᠦᠭᠰᠡᠨ ᠰᠢᠨ᠎ᠡ ᠡᠮᠦᠨᠡᠲᠦ ᠸᠯᠰ ᠦᠨ ᠴᠠᠭᠳᠠᠭ᠎ᠠ ᠶᠢᠨ ᠬᠦᠴᠦᠨ ᠢ ᠰᠠᠶᠢᠰᠢᠶᠠᠵᠤ᠂ ᠣᠯᠢᠮᠫᠢᠺ ᠤᠨ ᠴᠠᠭᠠᠷᠭ ᠬᠡᠷᠡᠭᠯᠡᠬᠦ ᠡᠷᠬᠡ ᠣᠯᠭᠤᠯ᠎ᠠ᠃

ᠮᠣᠩᠭᠣᠯ ᠤᠯᠤᠰ ᠰᠦ ᠳᠦᠨᠧᠢ ᠶᠢᠨ ᠣᠯᠢᠮᠫᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠵᠤᠨ ᠤ ᠣᠯᠢᠮᠫᠣᠳ 9 ᠳ᠋ᠡᠬᠢ ᠤᠳᠤᠭ᠎ᠠ ᠪᠠᠨ ᠣᠷᠣᠯᠴᠠᠵᠤ᠂ ᠲᠣᠤᠺᠢᠣ᠋ ᠍ ᠶᠢᠨ ᠣᠯᠢᠮᠫᠢᠺᠣ ᠠᠴᠠ ᠬᠣᠶᠢᠰᠢ ᠠᠩᠬ᠎ᠠ ᠤᠳᠠᠭ᠎ᠠ ᠮᠧᠳᠠᠯ ᠵᠡᠭᠦᠵᠦ ᠴᠢᠳᠠᠭ᠎ᠠ ᠦᠭᠡᠢ᠃

ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]


ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Jones returns five medals from 2000 Sydney Olympics." ESPN Track and Field News. 8 October 2007.
  2. "Jones stripped of Olympic medals." BBC Sport. 12 December 2007.
  3. "IOC strips Jones of Sydney medals." ABC News. 13 December 2008.
  4. 4.0 4.1 4.2 4.3 Wilson, Stephen. "IOC strips gold from 2000 US relay team." Associated Press. 2 August 2008.
  5. Sydney 2000 - Auditor Slams Costs liebreich.com, 2003-04-23
  6. Auditor-General’s Report to Parliament 2002 Volume Two archived Auditor's report, pages 10-11. 'Olympic Co-ordination Authority ... OCA’s current report on the actual result ... Total net impact in AUD$ million: ... 1,326.1'
  7. A Brief History of the Olympic and Paralympic Mascots. Bejing2008 (2004-08-05). 2006 ᠣᠨ ᠤ 25 October ᠍ ᠳᠦ ᠬᠠᠨᠳᠤᠭᠰᠠᠨ᠃
  8. Australian Decimal Coins
  9. "Other Olympic and Paralympic Products" — on page 17 (just before page 18) of the Gold Corporation — 2001 Annual Report — Publication by the Parliament of Western Australia
  10. Australians add local color to medals for Olympic Games — Publication date: 28 August 2000

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ