ᠰᠦᠷᠢᠶ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠦᠷᠢᠶ᠎ᠡ (ᠠᠩᠭᠯᠢ ᠪᠠᠷ Tuberculosis) ᠨᠢ Mycobacterium tuberculosis ᠨᠢᠶᠠᠨ ᠢᠶᠠᠷ ᠡᠭᠦᠰᠬᠡᠭᠳᠡᠳᠡᠭ᠂ ᠶᠠᠩᠵᠤ ᠪᠦᠷᠢ ᠶᠢᠨ ᠡᠷᠬᠡᠲᠡᠨ᠂ ᠢᠯᠠᠩᠭᠤᠶ᠎ᠠ ᠠᠭᠤᠰᠭᠢᠠᠨᠳᠠ ᠦᠷᠪᠢᠰᠦᠯ ᠦᠨ ᠭᠣᠯᠣᠮᠲᠠ ᠡᠭᠦᠰᠬᠡᠳᠡᠭ ᠠᠮᠢᠰᠬᠤᠯ ᠤᠨ ᠵᠠᠮ ᠢᠶᠠᠷ ᠲᠠᠷᠬᠠᠳᠠᠭ ᠨᠡᠶᠢᠭᠡᠮ ᠤᠨ ᠬᠠᠯᠳᠠᠪᠤᠷᠢᠲᠤ ᠡᠪᠡᠳᠴᠢᠨ ᠶᠤᠮ᠃ 1882 ᠣᠨ ᠤ 3 ᠍ ᠍ ᠳᠦᠭᠡᠷ ᠰᠠᠷ᠎ᠠ ᠶᠢᠨ 24 ᠍ ᠍ ᠳᠦ ᠭᠧᠷᠮᠠᠨᠢ ᠡᠷᠳᠡᠮᠲᠡᠨ ᠷᠣᠪᠧᠷᠲ ᠺᠣᠬᠤ ᠰᠦᠷᠢᠶ᠎ᠡ ᠡᠪᠡᠳᠴᠢᠨ ᠦ ᠡᠭᠦᠰᠬᠡᠭᠴᠢ ᠶᠢ ᠠᠩᠬ᠎ᠠ ᠨ ᠡᠴᠡᠢ᠃ ᠺᠣᠬᠤ ᠶᠢᠨ ᠰᠠᠪᠬᠠᠨᠴᠢᠷ ᠪᠤᠶᠤ ᠰᠦᠷᠢᠶ᠎ᠡ ᠶᠢᠨ ᠨᠢᠶᠠᠨ ᠨᠢ ᠭᠠᠳᠠᠭᠠᠳᠤ ᠤᠷᠴᠢᠨ ᠳᠤ ᠮᠠᠰᠢ ᠶᠡᠬᠡ ᠲᠡᠰᠪᠦᠷᠢᠲᠡᠢ /ᠲᠣᠭᠣᠰᠣᠨ ᠳᠤ 100 ᠬᠣᠨᠣᠭ᠂ ᠬᠥᠷᠦᠰᠦᠨ ᠳᠦ 6 ᠰᠠᠷ᠎ᠠ᠂ ᠤᠰᠤᠨ ᠳᠤ 150 ᠬᠣᠨᠣᠭ ᠭᠡᠬᠦ ᠮᠡᠲᠦ/ , ᠤᠳᠠᠭᠠᠨ ᠬᠤᠭᠤᠴᠠᠭᠠᠨ ᠳᠤ ᠬᠤᠪᠢᠶᠠᠭᠳᠠᠨ ᠦᠷᠡᠵᠢᠳᠡᠭ /20-24 ᠴᠠᠭ ᠲᠤ ᠨᠢᠭᠡ ᠤᠳᠠᠭ᠎ᠠ/ᠣᠨᠴᠠᠯᠢᠭ ᠲᠠᠢ᠃ ᠰᠦᠷᠢᠶ᠎ᠡ ᠶᠢᠨ ᠨᠢᠶᠠᠨ ᠨᠢ ᠴᠠᠷᠴᠠᠮᠠᠬᠠᠢ ᠥᠭᠡᠬᠦ ᠲᠣᠰ ᠶᠡᠬᠡ ᠪᠡᠷ ᠠᠭᠤᠯᠠᠳᠠᠭ ᠲᠤᠯᠠ ᠹᠢᠽᠢᠺ ᠬᠢᠮᠢ ᠶᠢᠨ ᠬᠦᠴᠦᠨ ᠵᠦᠢᠯᠡᠰ᠂ ᠬᠦᠴᠢᠯ᠂ ᠱᠦᠯᠲᠡᠨ ᠳᠦ ᠲᠡᠰᠪᠦᠷᠢᠲᠡᠢ ᠪᠠᠶᠢᠳᠠᠭ᠃ ᠬᠠᠷᠢᠨ ᠪᠤᠴᠠᠯᠭᠠᠬᠤ ᠳᠤ 10 ᠮᠢᠨᠦ᠋ᠲ᠂ ᠴᠢᠭᠢᠭ ᠲᠡᠢ ᠨᠥᠬᠥᠴᠡᠯ ᠳᠦ 75 ᠰ ᠬᠡᠮ ᠳᠦ 30 ᠮᠢᠨᠦ᠋ᠲ᠂ ᠨᠠᠷᠠᠨ ᠤ ᠰᠢᠭᠤᠳ ᠭᠡᠷᠡᠯ ᠪᠣᠯᠤᠨ ᠬᠦᠷᠢᠨ ᠤ ᠭᠠᠳᠠᠨᠠᠬᠢ ᠲᠤᠶᠠᠭᠠᠨ ᠳᠤ 1 ᠴᠠᠭ ᠤᠨ ᠳᠣᠲᠣᠷ᠎ᠠ ᠤᠰᠠᠳᠤᠨ᠎ᠠ᠃

ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠷᠢᠶ᠎ᠡ ᠡᠪᠡᠳᠴᠢᠨ ᠨᠢ ᠨᠢᠭᠡ ᠡᠴᠡ ᠨᠥᠭᠥᠭᠡ ᠳᠦ ᠠᠮᠢᠰᠬᠤᠯ ᠤᠨ ᠵᠠᠮ ᠢᠶᠠᠷ ᠬᠠᠯᠳᠠᠪᠤᠷᠢᠯᠠᠳᠠᠭ᠃ ᠠᠭᠤᠰᠬᠢᠨ ᠤ ᠬᠡᠯᠪᠡᠷᠢ ᠶᠢᠨ ᠰᠦᠷᠢᠶ᠎ᠡ ᠲᠡᠢ ᠡᠪᠡᠳᠴᠢᠲᠡᠢ ᠬᠦᠮᠦᠨ ᠢ ᠶᠠᠷᠢᠬᠤ᠂ ᠬᠠᠨᠢᠶᠠᠬᠤ᠂ ᠨᠠᠶᠢᠲᠠᠭᠠᠬᠤ ᠳᠤ ᠡᠷᠭᠢᠨ ᠲᠣᠭᠣᠷᠢᠨ ᠳᠤ ᠨᠢ ᠶᠡᠬᠡ ᠬᠡᠮᠵᠢᠶᠡᠨ ᠦ ᠰᠦᠷᠢᠶ᠎ᠡ ᠶᠢᠨ ᠨᠢᠶᠠᠨ ᠲᠠᠷᠬᠠᠵᠤ ᠪᠠᠶᠢᠳᠠᠭ᠃ ᠡᠪᠡᠳᠴᠢᠲᠡᠨ ᠲᠡᠢ ᠣᠶᠢᠷ᠎ᠠ ᠪᠠᠶᠢᠭᠰᠠᠨ ᠬᠦᠮᠦᠰ ᠤᠭ ᠨᠢᠶᠠᠨ ᠠᠭᠤᠯᠠᠭᠰᠠᠨ ᠠᠭᠠᠷ ᠢᠶᠠᠷ ᠠᠮᠢᠰᠬᠤᠯᠠᠭᠰᠠᠨ ᠢᠶᠠᠷ ᠬᠠᠯᠳᠠᠪᠤᠷᠢ ᠠᠪᠳᠠᠭ᠃ ᠰᠢᠨ᠎ᠡ ᠡᠵᠡᠨ ᠦ ᠪᠡᠶ᠎ᠡ ᠳᠦ ᠨᠢᠩ ᠦᠨ ᠦᠷᠡᠵᠢᠬᠦ ᠲᠣᠬᠢᠷᠠᠮᠵᠢᠲᠠᠢ ᠬᠡᠰᠡᠭ ᠨᠢ ᠠᠭᠤᠰᠭᠢ ᠶᠤᠮ᠃ ᠠᠭᠤᠰᠭᠢᠨ ᠠᠴᠠ ᠨᠢᠶᠠᠨ ᠴᠢᠰᠤ ᠪᠠᠷ ᠳᠠᠮᠵᠢᠨ ᠪᠤᠰᠤᠳ ᠡᠷᠬᠡᠲᠡᠨ ᠰᠢᠰᠲ᠋ᠧᠮ ᠳᠦ ᠣᠴᠢᠳᠠᠭ᠃ ᠠᠭᠤᠰᠭᠢᠨ ᠤ ᠬᠡᠯᠪᠡᠷᠢ ᠶᠢᠨ ᠰᠦᠷᠢᠶ᠎ᠡ ᠨᠢ ᠬᠠᠯᠳᠠᠪᠤᠷᠢᠲᠠᠢ ᠪᠠ ᠪᠤᠰᠤᠳ ᠡᠷᠬᠡᠲᠡᠨ ᠦ ᠰᠦᠷᠢᠶ᠎ᠡ ᠨᠢ ᠬᠠᠯᠳᠠᠪᠤᠷᠢ ᠦᠭᠡᠢ᠃ ᠠᠭᠤᠰᠭᠢᠨ ᠤ ᠬᠡᠯᠪᠡᠷᠢ ᠶᠢᠨ ᠰᠦᠷᠢᠶ᠎ᠡ ᠲᠡᠢ ᠡᠪᠡᠳᠴᠢᠲᠡᠨ ᠲᠡᠢ ᠣᠶᠢᠷ᠎ᠠ ᠪᠠᠶᠢᠭ᠎ᠠ ᠬᠦᠮᠦᠰ ᠬᠠᠯᠳᠠᠪᠤᠷᠢ ᠠᠪᠬᠤ ᠪᠣᠯᠤᠮᠵᠢ ᠶᠡᠬᠡ ᠪᠠᠶᠢᠳᠠᠭ᠃ /ᠡᠭᠦᠨ ᠳᠦ ᠭᠡᠷ ᠪᠦᠯᠢ ᠶᠢᠨ ᠭᠡᠰᠢᠭᠦᠳ᠂ ᠨᠠᠶᠢᠵᠠ ᠨᠥᠬᠥᠳ᠂ ᠬᠠᠮᠲᠤ ᠠᠵᠢᠯᠯᠠᠭᠰᠠᠳ ᠭᠡᠬᠦ ᠮᠡᠲᠦ/ ᠰᠦᠷᠢᠶ᠎ᠡ ᠶᠢᠨ ᠨᠢᠩ ᠦᠨ ᠬᠠᠯᠳᠠᠪᠤᠷᠢ ᠠᠪᠤᠭᠰᠠᠨ ᠬᠦᠮᠦᠨ ᠪᠣᠯᠭᠠᠨ ᠰᠦᠷᠢᠶ᠎ᠡ ᠪᠡᠷ ᠡᠪᠡᠳᠴᠢᠯᠡᠬᠦ ᠦᠭᠡᠢ᠃ ᠡᠨᠡ ᠨᠢ ᠬᠦᠮᠦᠨ ᠦ ᠳᠠᠷᠬᠠᠯᠠᠯ ᠤᠨ ᠰᠢᠰᠲ᠋ᠧᠮ ᠪᠤᠶᠤ ᠪᠡᠶ᠎ᠡ ᠶᠢᠨ ᠡᠰᠡᠷᠭᠦᠴᠡᠯ ᠲᠡᠢ ᠶᠡᠬᠡᠬᠡᠨ ᠬᠣᠯᠪᠣᠭ᠎ᠠ ᠲᠠᠢ᠃ ᠬᠦᠮᠦᠰ ᠦᠨ ᠳᠠᠷᠬᠠᠯᠠᠯ ᠨᠢ ᠡᠪᠡᠳᠴᠢᠨ ᠡᠭᠦᠰᠬᠡᠭᠴᠢ ᠨᠢᠩ ᠦᠨ ᠢᠳᠡᠪᠬᠢᠵᠢᠯ ᠢ ᠵᠣᠭᠰᠣᠭᠠᠨ ᠤᠳᠠᠭᠠᠨ ᠬᠤᠭᠤᠴᠠᠭ᠎ᠠ ᠪᠠᠷ ᠬᠢᠨᠠᠯᠲᠠᠨ ᠳᠤ ᠪᠠᠨ ᠪᠠᠷᠢᠵᠤ ᠪᠠᠶᠢᠳᠠᠭ᠃ ᠭᠡᠪᠡᠴᠦ ᠶᠠᠮᠠᠷ ᠨᠢᠭᠡ ᠬᠦᠴᠦᠨ ᠵᠦᠢᠯ ᠦᠨ ᠨᠥᠯᠥᠭᠡ ᠪᠡᠷ ᠳᠠᠷᠬᠠᠯᠠᠯ ᠤᠨ ᠰᠢᠰᠲ᠋ᠧᠮ ᠨᠢ ᠰᠤᠯᠠᠷᠠᠪᠠᠯ 《ᠵᠡᠭᠦᠷᠮᠡᠭᠯᠡᠵᠦ ᠪᠠᠶᠢᠭᠰᠠᠨ》 ᠰᠦᠷᠢᠶ᠎ᠡ ᠶᠢᠨ ᠨᠢᠶᠠᠨ ᠢᠳᠡᠪᠬᠢᠲᠡᠢ ᠦᠷᠡᠵᠢᠵᠦ ᠡᠪᠡᠳᠴᠢᠨ ᠢ ᠡᠭᠦᠰᠬᠡᠨ᠎ᠡ᠃

ᠰᠦᠷᠢᠶ᠎ᠡ ᠡᠪᠡᠳᠴᠢᠨ ᠡᠭᠦᠰᠬᠦ ᠳᠦ:

  • ᠨᠡᠶᠢᠭᠡᠮ ᠪᠣᠯᠤᠨ ᠣᠷᠴᠢᠨ ᠤ ᠡᠷᠡᠭᠦᠯ ᠠᠬᠤᠢ ᠶᠢᠨ ᠲᠠᠭ᠎ᠠ ᠦᠭᠡᠢ ᠪᠠᠶᠢᠳᠠᠯ
  • ᠬᠣᠭᠣᠯᠠ ᠲᠡᠵᠢᠭᠡᠯ ᠦᠨ ᠳᠤᠲᠠᠭᠳᠠᠯ
  • ДОХ/ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠤᠨ ᠬᠠᠯᠳᠠᠪᠤᠷᠢ
  • ᠠᠷᠢᠬᠢ᠂ ᠲᠠᠮᠠᠬᠢᠮᠠᠩᠰᠢᠭᠤᠷᠠᠭᠤᠯᠬᠤ ᠪᠣᠳᠠᠰ ᠬᠡᠷᠡᠭᠯᠡᠬᠦ
  • ᠳᠠᠷᠬᠠᠯᠠᠭ᠎ᠠ ᠰᠤᠯᠠᠷᠠᠬᠤ
  • ᠰᠲᠷᠧᠰ
  • ᠵᠢᠷᠮᠦᠰᠦᠯᠡᠯᠲᠡ
  • ᠳᠠᠭᠠᠯᠳᠤᠬᠤ ᠡᠪᠡᠳᠴᠢᠨ ᠨᠦᠭᠦᠳ ᠲᠡᠢ ᠪᠠᠶᠢᠬᠤ (ᠰᠢᠬᠢᠷ ᠦᠨ ᠰᠢᠵᠢᠩᠬᠣᠳᠣᠭᠣᠳᠣ ᠭᠡᠳᠡᠰᠦᠨ ᠦ ᠰᠢᠷᠬᠠᠯᠠᠭ᠎ᠠ ᠡᠪᠡᠳᠴᠢᠨ᠂ ᠠᠭᠤᠰᠭᠢᠨ ᠤ ᠡᠪᠡᠳᠴᠢᠨ᠂ ᠬᠠᠪᠤᠳᠠᠷ) ᠵᠡᠷᠭᠡ ᠣᠯᠠᠨ ᠬᠦᠴᠦᠨ ᠵᠦᠢᠯᠡᠰ ᠨᠥᠯᠦᠭᠡᠯᠡᠳᠡᠭ᠃
ᠰᠦᠷᠢᠶ᠎ᠡ ᠡᠪᠡᠳᠴᠢᠨ ᠡᠭᠦᠰᠬᠦ ᠳᠦ ᠪᠡᠶ᠎ᠡ ᠶᠢᠨ ᠡᠰᠡᠷᠭᠦᠴᠡᠯ ᠪᠣᠯᠤᠨ ᠬᠠᠯᠳᠠᠪᠤᠷᠢᠯᠠᠭᠤᠯᠤᠭᠰᠠᠨ ᠨᠢᠩ ᠦᠨ ᠬᠠᠷᠢᠯᠴᠠᠨ ᠨᠥᠯᠥᠭᠡᠯᠡᠯ
ᠬᠠᠯᠳᠠᠪᠤᠷᠢᠯᠠᠭᠤᠯᠤᠭᠰᠠᠨ ᠨᠢᠩ ᠦᠨ ᠲᠣᠭ᠎ᠠ	 ᠡᠪᠡᠳᠴᠢᠨ ᠡᠭᠦᠰᠬᠦ ᠪᠣᠯᠤᠮᠵᠢ	 ᠪᠡᠶ᠎ᠡ ᠶᠢᠨ ᠡᠰᠡᠷᠭᠦᠴᠡᠯ
ᠮᠠᠰᠢ ᠶᠡᠬᠡ	 ᠪᠣᠯᠤᠮᠵᠢ ᠮᠠᠰᠢ ᠶᠡᠬᠡ	 ᠮᠠᠰᠢ ᠮᠠᠭᠤ
ᠣᠯᠠᠨ	 ᠪᠣᠯᠵᠣᠰᠢ ᠦᠭᠡᠢ	 ᠮᠠᠭᠤ
ᠴᠥᠭᠡᠨ	 ᠪᠣᠯᠤᠮᠵᠢ ᠪᠠᠭ᠎ᠠ	 ᠰᠠᠶᠢᠨ
ᠮᠠᠰᠢ ᠴᠥᠭᠡᠨ	 ᠪᠣᠯᠤᠮᠵᠢ ᠮᠠᠰᠢ ᠪᠠᠭ᠎ᠠ	 ᠮᠠᠰᠢ ᠰᠠᠶᠢᠨ

ᠰᠢᠨᠵᠢ ᠲᠡᠮᠳᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠳᠠᠪᠤᠷᠢᠲᠠᠢ ᠪᠤᠶᠤ ᠠᠭᠤᠰᠭᠢᠨ ᠤ ᠬᠡᠯᠪᠡᠷᠢ ᠶᠢᠨ ᠰᠦᠷᠢᠶ᠎ᠡ ᠶᠢᠨ ᠦᠶ᠎ᠡ ᠳᠦ ᠢᠯᠡᠷᠡᠬᠦ ᠦᠨᠳᠦᠰᠦᠨ ᠰᠢᠨᠵᠢ ᠲᠡᠮᠳᠡᠭ ᠨᠢ:

  • 2 ᠪᠠ ᠲᠡᠭᠦᠨ ᠡᠴᠡ ᠳᠡᠭᠡᠭᠰᠢ ᠳᠣᠯᠣᠭ᠎ᠠ ᠬᠣᠨᠣᠭ ᠢᠶᠠᠷ ᠬᠠᠨᠢᠶᠠᠯᠭᠠᠬᠤ
  • ᠴᠡᠷ ᠪᠣᠯᠤᠨ ᠴᠢᠰᠤ ᠲᠠᠢ ᠴᠡᠷ ᠭᠠᠷᠬᠤ
  • ᠴᠡᠭᠡᠵᠢ ᠪᠡᠷ ᠡᠪᠡᠳᠬᠦ

ᠪᠤᠰᠤᠳ ᠪᠤᠶᠤ ᠪᠡᠶ᠎ᠡ ᠶᠢᠨ ᠶᠡᠷᠦᠩᠬᠡᠢ ᠰᠢᠨᠵᠢ ᠲᠡᠮᠳᠡᠭ:

  • ᠪᠡᠶ᠎ᠡ ᠰᠤᠯᠢᠳᠠᠬᠤ᠂ ᠠᠮᠠᠷᠬᠠᠨ ᠶᠠᠳᠠᠷᠠᠳᠠᠭ ᠪᠣᠯᠬᠤ
  • ᠬᠣᠭᠣᠯᠠᠯᠠᠬᠤ ᠳᠤᠷ᠎ᠠ ᠪᠠᠭᠠᠰᠬᠤ᠂
  • ᠵᠢᠩ ᠪᠠᠭᠤᠷᠠᠬᠤ᠂ ᠪᠣᠭᠣᠨᠢ ᠬᠤᠭᠤᠴᠠᠭᠠᠨ ᠳᠤ ᠲᠤᠷᠠᠬᠤ
  • ᠰᠥᠨᠢ ᠪᠡᠷ ᠬᠥᠯᠥᠷᠡᠬᠦ
  • ᠬᠠᠯᠠᠭᠤᠷᠠᠬᠤ

ᠣᠨᠣᠰᠢᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠷᠢᠶ᠎ᠡ ᠡᠪᠡᠳᠴᠢᠨ ᠢ ᠣᠨᠣᠰᠢᠯᠠᠬᠤ ᠠᠷᠭ᠎ᠠ ᠨᠤᠭᠤᠳ ᠢ ᠰᠢᠭᠤᠳ ᠪᠠ ᠰᠢᠭᠤᠳ ᠪᠤᠰᠤ ᠭᠡᠵᠦ ᠬᠤᠪᠢᠶᠠᠬᠤ ᠪᠥᠭᠡᠳ ᠰᠢᠭᠤᠳ ᠭᠡᠳᠡᠭ ᠨᠢ ᠰᠦᠷᠢᠶ᠎ᠡ ᠶᠢᠨ ᠨᠢᠩ ᠢ ᠢᠯᠡᠷᠡᠭᠦᠯᠬᠦ ᠠᠷᠭ᠎ᠠ ᠶᠤᠮ᠃ ᠬᠠᠷᠢᠨ ᠰᠢᠭᠤᠳ ᠪᠤᠰᠤ ᠠᠷᠭ᠎ᠠ ᠨᠢ ᠤᠭ ᠨᠢᠶᠠᠨ ᠢᠶᠠᠷ ᠡᠭᠦᠰᠬᠡᠭᠳᠡᠭᠰᠡᠨ ᠡᠮᠭᠡᠭ ᠥᠭᠡᠷᠡᠴᠢᠯᠡᠯᠲᠡ ᠨᠦᠭᠦᠳ ᠢ ᠣᠨᠣᠰᠢᠯᠠᠬᠤ ᠶᠢ ᠬᠡᠯᠡᠨ᠎ᠡ᠃ ᠰᠢᠭᠤᠳ ᠠᠷᠭ᠎ᠠ:

  • ᠲᠦᠷᠬᠢᠴᠡ ᠶᠢᠨ ᠰᠢᠨᠵᠢᠯᠡᠭᠡ
  • ᠥᠰᠪᠦᠷᠯᠡᠬᠦ ᠰᠢᠨᠵᠢᠯᠡᠭᠡ
  • ᠡᠳ᠋ᠡᠰ ᠦᠨ ᠰᠢᠨᠵᠢᠯᠡᠭᠡ
  • ᠮᠣᠯᠧᠺᠤᠯ ᠪᠢᠣᠯᠣᠭᠢ ᠶᠢᠨ ᠰᠢᠨᠵᠢᠯᠡᠭᠡ

ᠰᠢᠭᠤᠳ ᠪᠤᠰᠤ ᠠᠷᠭ᠎ᠠ:

  • ᠷᠧᠨ᠋ᠲ᠋ᠭᠧᠨ ᠰᠢᠨᠵᠢᠯᠡᠭᠡ
  • ᠲᠢᠪᠧᠷᠺᠦᠶᠢᠯᠢᠨ ᠤ ᠰᠣᠷᠢᠯ
  • ᠢᠮᠮᠦᠶᠢᠨᠣᠯᠣᠭ ᠤᠨ ᠠᠷᠭ᠎ᠠ ᠭᠡᠬᠦ ᠮᠡᠲᠦ ᠣᠷᠣᠨ᠎ᠠ᠃

ᠡᠳᠡᠭᠡᠷ ᠠᠷᠭ᠎ᠠ ᠠᠴᠠ ᠬᠠᠮᠤᠭ ᠤᠨ ᠬᠢᠮᠳᠠ ,ᠬᠤᠷᠳᠤᠨ᠂ ᠬᠢᠯᠪᠠᠷ ᠠᠷᠭ᠎ᠠ ᠪᠣᠯ ᠲᠦᠷᠬᠢᠴᠡ ᠶᠢᠨ ᠰᠢᠨᠵᠢᠯᠡᠭᠡ ᠶᠤᠮ᠃ ᠡᠨᠡ ᠨᠢ ᠡᠪᠡᠳᠴᠢᠲᠡᠨ ᠦ ᠰᠣᠷᠢᠴᠠ /ᠴᠡᠷ᠂ ᠢᠳᠡᠭᠡ᠂ᠨᠤᠭᠤᠰᠤᠨ ᠤ ᠤᠰᠤ᠂ ᠫᠯᠶᠧᠸᠷ ᠤᠨ ᠰᠢᠩᠭᠡᠨ᠂ ᠰᠢᠭᠡᠰᠦ/ ᠍ ᠍ ᠠᠴᠠ ᠲᠦᠷᠬᠢᠴᠡ ᠪᠡᠯᠡᠳᠬᠡᠭᠡᠳ ᠮᠢᠺᠷᠣᠰᠺᠣᠫ ᠤᠨ ᠲᠤᠰᠯᠠᠵᠢ ᠲᠠᠢ ᠰᠦᠷᠢᠶ᠎ᠡ ᠶᠢᠨ ᠨᠢᠩ ᠢ ᠢᠯᠡᠷᠡᠭᠦᠯᠳᠡᠭ ᠰᠢᠨᠵᠢᠯᠡᠭᠡ ᠶᠤᠮ᠃

ᠡᠮᠴᠢᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠷᠢᠶ᠎ᠡ ᠲᠡᠢ ᠡᠪᠡᠳᠴᠢᠲᠡᠨ ᠢ ᠡᠷᠲᠡ ᠣᠨᠣᠰᠢᠯᠠᠵᠤ ᠵᠥᠪ ᠡᠮᠴᠢᠯᠡᠭᠡ ᠬᠢᠪᠡᠯ ᠡᠳᠡᠭᠡᠷᠡᠬᠦ ᠪᠣᠯᠤᠮᠵᠢ ᠥᠨᠳᠥᠷ ᠪᠠ ᠨᠠᠰᠤ ᠪᠠᠷᠠᠯ ᠳᠤ ᠪᠠᠭ᠎ᠠ ᠪᠠᠶᠢᠬᠤ ᠪᠣᠯᠤᠮᠵᠢ ᠲᠠᠢ᠃ ᠬᠠᠷᠢᠨ ᠪᠤᠷᠤᠭᠤ ᠡᠮᠡᠴᠢᠯᠡᠬᠦ᠂ ᠡᠮᠴᠢᠯᠡᠭᠡ ᠬᠢᠬᠦ ᠦᠭᠡᠢ ᠪᠣᠯ ᠨᠠᠰᠤ ᠪᠠᠷᠠᠯ ᠳᠤ ᠥᠨᠳᠥᠷ ᠲᠡᠢ ᠡᠪᠡᠳᠴᠢᠨ ᠶᠤᠮ᠃

ᠰᠦᠷᠢᠶ᠎ᠡ ᠶᠢᠨ ᠡᠰᠡᠷᠬᠦ ᠦᠨᠳᠦᠰᠦᠨ ᠡᠮ ᠦᠳ: - ᠢᠽᠣᠨᠢᠶᠠᠽᠢ ᠳᠤ (H),ᠷᠢᠹᠠᠮᠫᠢᠼᠢᠨ (R), ᠫᠢᠷᠠᠽᠢᠨᠠᠮᠢᠳ (Z), ᠰᠲᠷᠧᠫᠲ᠋ᠣᠮᠢᠼᠢᠨ (S), ᠡᠳᠠᠮᠪᠤᠲ᠋ᠣᠯ (E) ᠭᠡᠰᠡᠨ 5 ᠡᠮ ᠪᠠᠶᠢᠳᠠᠭ᠃

ᠡᠳᠡᠭᠡᠷ ᠡᠮ ᠦᠳ ᠨᠢᠶᠠᠨ ᠤᠰᠠᠳᠬᠠᠬᠤ᠂ ᠠᠷᠢᠭᠤᠳᠬᠠᠬᠤ᠂ ᠡᠮ ᠦᠨ ᠳᠠᠰᠤᠯ ᠡᠭᠦᠰᠬᠡᠬᠦ ᠡᠴᠡ ᠰᠡᠷᠭᠡᠶᠢᠯᠡᠬᠦ ᠭᠡᠰᠡᠨ ᠦᠨᠳᠦᠰᠦᠨ ᠴᠢᠨᠠᠷ ᠢ ᠶᠠᠩᠵᠤ ᠪᠦᠷᠢ ᠶᠢᠨ ᠬᠡᠮᠵᠢᠶ᠎ᠡ ᠪᠡᠷ ᠠᠭᠤᠯᠠᠭᠰᠠᠨ ᠪᠠᠶᠢᠳᠠᠭ ᠲᠤᠯᠠ ᠡᠮ ᠦᠨ ᠦᠢᠯᠡᠴᠢᠯᠡᠭᠡ ᠶᠢ ᠨᠡᠮᠡᠭᠳᠡᠭᠦᠯᠵᠦ᠂ ᠰᠠᠶᠢᠵᠢᠷᠭᠠᠭᠤᠯᠬᠤ ᠵᠣᠷᠢᠯᠭ᠎ᠠ ᠪᠠᠷ ᠬᠠᠪᠰᠤᠷᠤᠭᠤᠯᠤᠨ ᠬᠡᠷᠡᠭᠯᠡᠨ᠎ᠡ᠃ ᠰᠦᠷᠢᠶ᠎ᠡ ᠡᠪᠡᠳᠴᠢᠨ ᠦ ᠡᠮᠴᠢᠯᠡᠭᠡ ᠨᠢ ᠡᠷᠴᠢᠮᠲᠦ ᠪᠠ ᠦᠷᠭᠦᠯᠵᠢᠯᠡᠬᠦ ᠰᠢᠲᠠ ᠭᠡᠰᠡᠨ 2 ᠬᠡᠰᠡᠭ ᠡᠴᠡ ᠲᠣᠭᠲᠠᠨ᠎ᠠ᠃ ᠡᠷᠴᠢᠮᠲᠦ ᠡᠮᠴᠢᠯᠡᠭᠡᠨ ᠦ ᠱᠠᠲᠤᠨ ᠳᠤ 4 ᠡᠮ᠎ᠡ ᠤᠤᠭᠤᠬᠤ ᠪᠠ 2 ᠰᠠᠷ᠎ᠠ ᠦᠷᠭᠦᠯᠵᠢᠯᠡᠳᠡᠭ᠃ ᠡᠨᠡ ᠱᠠᠲᠤᠨ ᠳᠤ ᠡᠪᠡᠳᠴᠢᠲᠡᠨ ᠦ ᠵᠠᠪᠠᠭᠤᠷᠢ᠂ ᠰᠢᠨᠵᠢ ᠲᠡᠮᠳᠡᠭ ᠠᠷᠢᠯᠳᠠᠭ᠃ ᠦᠷᠭᠦᠯᠵᠢᠯᠡᠬᠦ ᠱᠠᠲᠤᠨ ᠳᠤ 2 ᠡᠮ ᠢ 4-6 ᠰᠠᠷ᠎ᠠ ᠬᠡᠷᠡᠭᠯᠡᠬᠦ ᠬᠡᠷᠡᠭᠲᠡᠢ᠃ ᠤᠴᠢᠷ ᠨᠢ ᠡᠮ ᠦᠨ ᠠᠷᠢᠭᠤᠳᠬᠠᠬᠤ ᠦᠢᠯᠡᠴᠢᠯᠡᠭᠡᠨ ᠦ ᠦᠷ᠎ᠡ ᠳ᠋ᠦᠩ ᠳᠦ ᠰᠦᠷᠢᠶ᠎ᠡ ᠶᠢᠨ ᠦᠯᠡᠳᠡᠭᠰᠡᠨ ᠨᠢᠩ ᠢ ᠤᠰᠠᠳᠬᠠᠵᠤ ᠤᠯᠠᠮ ᠢᠶᠠᠷ ᠡᠪᠡᠳᠴᠢᠨ ᠳᠠᠬᠢᠬᠤ ᠠᠴᠠ ᠰᠡᠷᠭᠡᠶᠢᠯᠡᠨ᠎ᠡ᠃

ᠰᠦᠷᠢᠶ᠎ᠡ ᠡᠪᠡᠳᠴᠢᠨ ᠢ ᠡᠮᠴᠢᠯᠡᠭᠡ ᠶᠢ ᠬᠠᠯᠳᠠᠪᠤᠷᠢ ᠲᠠᠷᠠᠭᠠᠬᠤ ᠪᠠᠶᠢᠳᠠᠯ ᠪᠣᠯᠤᠨ ᠡᠪᠡᠳᠴᠢᠨ ᠦ ᠣᠨᠣᠰᠢ ᠶᠢ ᠦᠨᠳᠦᠰᠦᠯᠡᠨ 1-3 ᠡᠮᠴᠢᠯᠡᠭᠡᠨ ᠦ ᠪᠦᠯᠦᠭ ᠲᠦ ᠬᠤᠪᠢᠶᠠᠳᠠᠭ᠃ ᠪᠦᠯᠦᠭ ᠲᠤᠰ ᠪᠦᠷᠢ ᠳᠦ ᠲᠣᠬᠢᠷᠠᠭᠰᠠᠨ ᠡᠮ ᠦᠨ ᠬᠣᠣᠰᠯᠠᠯ ᠬᠡᠷᠡᠭᠯᠡᠬᠦ ᠡᠮᠴᠢᠯᠡᠭᠡᠨ ᠦ ᠭᠣᠷᠢᠮ ᠲᠠᠢ᠃

  • 1 ᠍ ᠍ ᠳᠦᠭᠡᠷ ᠪᠦᠯᠦᠭ: ᠡᠮᠴᠢᠯᠡᠭᠡᠨ ᠦ ᠭᠣᠷᠢᠮ ᠡᠷᠴᠢᠮᠲᠦ ᠰᠢᠲᠠ-2 ᠰᠠᠷ᠎ᠠ HRZE; ᠦᠷᠭᠦᠯᠵᠢᠯᠡᠬᠦ ᠱᠠᠲᠤ-4 ᠰᠠᠷ᠎ᠠ HR ᠡᠰᠡᠪᠡᠯ 6 ᠰᠠᠷ᠎ᠠ HE ᠡᠮ ᠦᠨ ᠬᠣᠣᠰᠯᠠᠯ ᠢᠶᠠᠷ ᠡᠮᠴᠢᠯᠡᠨ᠎ᠡ᠃
  • 2 ᠍ ᠍ ᠳᠦᠭᠡᠷ ᠪᠦᠯᠦᠭ: ᠡᠮᠴᠢᠯᠡᠭᠡᠨ ᠦ ᠭᠣᠷᠢᠮ ᠡᠷᠴᠢᠮᠲᠦ ᠰᠢᠲᠠ-2 ᠰᠠᠷ᠎ᠠHRZSE/1 ᠰᠠᠷ᠎ᠠHRZE; ᠦᠷᠭᠡᠵᠢᠯᠡᠬᠦ ᠱᠠᠲᠤ -5 ᠰᠠᠷ᠎ᠠHRE
  • 3 ᠍ ᠍ ᠳᠦᠭᠡᠷ ᠪᠦᠯᠦᠭ: ᠡᠮᠴᠢᠯᠡᠭᠡᠨ ᠦ ᠭᠣᠷᠢᠮ ᠡᠷᠴᠢᠮᠲᠦ ᠰᠢᠲᠠ-2 ᠰᠠᠷ᠎ᠠHRZ; ᠦᠷᠭᠡᠵᠢᠯᠡᠬᠦ ᠱᠠᠲᠤ -4 ᠰᠠᠷ᠎ᠠHRE

ᠡᠮᠴᠢᠯᠡᠭᠡ ᠠᠮᠵᠢᠯᠲᠠ ᠲᠠᠢ ᠪᠣᠯᠬᠤ ᠶᠢᠨ ᠭᠣᠣᠯ ᠦᠨᠳᠦᠰᠦ ᠪᠣᠯ ᠡᠪᠡᠳᠴᠢᠲᠡᠨ ᠡᠮᠴᠢ ᠶᠢᠨ ᠵᠢᠭᠠᠪᠤᠷᠢ ᠶᠢ ᠳᠠᠭᠠᠵᠤ ᠮᠥᠷ ᠲᠦ ᠬᠢ ᠶᠠᠪᠤᠳᠠᠯ ᠪᠥᠭᠡᠳ ᠡᠮᠴᠢᠯᠡᠭᠡ ᠶᠢ ᠦᠷ᠎ᠡ ᠳ᠋ᠦᠩ ᠲᠡᠢ ᠶᠠᠪᠤᠭᠤᠯᠬᠤ ᠰᠣᠩᠭᠣᠮᠠᠯ ᠠᠷᠭ᠎ᠠ ᠰᠢᠭᠤᠳ ᠬᠢᠨᠠᠯᠲᠠ ᠲᠠᠢ ᠡᠮᠴᠢᠯᠡᠭᠡ ᠶᠤᠮ᠃ ᠡᠮᠴᠢᠯᠡᠭᠡ ᠶᠢ ᠬᠢᠨᠠᠨ᠎ᠠ ᠭᠡᠳᠡᠭ ᠨᠢ ᠡᠮᠴᠢ᠂ ᠡᠮᠨᠡᠯᠭᠡ ᠶᠢᠨ ᠠᠵᠢᠯᠲᠠᠨ ᠡᠪᠡᠳᠴᠢᠲᠡᠨ ᠦ ᠡᠮ ᠢ ᠬᠠᠷᠠᠵᠤ ᠠᠭᠤᠯᠭᠠᠬᠤ ᠶᠢ ᠬᠡᠯᠡᠨ᠎ᠡ᠃ ᠰᠦᠷᠢᠶ᠎ᠡ ᠶᠢᠨ ᠡᠮᠴᠢᠯᠡᠭᠡ ᠬᠢᠯᠭᠡᠭᠡᠳ ᠰᠠᠷ᠎ᠠ ᠶᠢᠨ ᠳᠣᠲᠣᠷ᠎ᠠ ᠵᠠᠪᠠᠭᠤᠷᠢ ᠠᠷᠢᠯᠳᠠᠭ᠃ ᠡᠪᠡᠳᠴᠢᠲᠡᠨ ᠵᠠᠪᠠᠭᠤᠷᠢ ᠠᠷᠢᠯᠤᠭᠰᠠᠨ ᠢ ᠡᠳᠡᠭᠡᠷᠡᠯ᠎ᠡ ᠭᠡᠵᠦ ᠣᠶᠢᠯᠠᠭᠠᠭᠠᠳ ᠡᠮᠡᠭᠡ ᠤᠭᠤᠬᠤ ᠦᠭᠡᠢ ᠣᠷᠬᠢᠳᠠᠭ᠃ ᠡᠨᠡ ᠨᠢ ᠴᠢᠨᠠᠭᠰᠢᠳᠠ ᠡᠮᠴᠢᠯᠡᠭᠡ ᠦᠷ᠎ᠡ ᠳ᠋ᠦᠩ ᠦᠭᠡᠢ ᠪᠣᠯᠬᠤ᠂ᠤᠯᠠᠮ ᠢᠶᠠᠷ ᠡᠮ ᠦᠨ ᠳᠠᠰᠤᠯ ᠲᠠᠢ ᠰᠦᠷᠢᠶ᠎ᠡ ᠡᠭᠦᠰᠬᠦ ᠪᠣᠯᠤᠮᠵᠢ ᠶᠢ ᠶᠡᠬᠡᠰᠬᠡᠨ᠎ᠡ᠃ ᠡᠶᠢᠮᠦ ᠡᠴᠡ ᠰᠦᠷᠢᠶ᠎ᠡ ᠶᠢᠨ ᠡᠮᠴᠢᠯᠡᠭᠡᠨ ᠦ ᠨᠢᠭᠡ ᠥᠪᠡᠷᠮᠢᠴᠡ ᠣᠨᠴᠠᠯᠢᠭ ᠪᠣᠯ ᠡᠪᠡᠳᠴᠢᠲᠡᠨ ᠢ ᠬᠢᠨᠠᠯᠲᠠ ᠲᠠᠢ ᠡᠮᠴᠢᠯᠡᠬᠦ ᠶᠤᠮ᠃ ᠢᠩᠭᠢᠭᠰᠡᠨ ᠢᠶᠡᠷ ᠳᠡᠭᠡᠷᠡᠬᠢ ᠬᠣᠣᠷ ᠤᠷᠰᠢᠭ ᠠᠴᠠ ᠰᠡᠷᠭᠡᠶᠢᠯᠡᠵᠦ ᠴᠢᠳᠠᠨ᠎ᠠ᠃ ᠡᠮᠴᠢᠯᠡᠭᠡ ᠶᠢ ᠬᠢᠨᠠᠯᠲᠠ ᠲᠠᠢ ᠬᠢᠬᠦ ᠨᠢ ᠬᠤᠪᠢ ᠬᠦᠮᠦᠨ ᠲᠡᠳᠦᠢ ᠦᠭᠡᠢ ᠨᠡᠶᠢᠭᠡᠮ ᠳᠦ ᠶᠡᠬᠡᠬᠡᠨ ᠠᠴᠢ ᠲᠤᠰᠠ ᠲᠠᠢ ᠶᠤᠮ᠃ ᠲᠡᠶᠢᠮᠦ ᠡᠴᠡ ᠴᠤ ᠳᠡᠯᠡᠬᠡᠢ ᠶᠢᠨ ᠪᠠᠩᠬᠢᠨ ᠠᠴᠠ ᠰᠢᠭᠤᠳ ᠬᠢᠨᠠᠯᠲᠠ ᠲᠠᠢ ᠡᠮᠴᠢᠯᠡᠭᠡ ᠨᠢ ᠡᠳ᠋ ᠍ ᠍ ᠦᠨ ᠵᠠᠰᠠᠭ ᠤᠨ ᠬᠠᠮᠤᠭ ᠤᠨ ᠦᠷ᠎ᠡ ᠠᠰᠢᠭᠲᠠᠢ ᠠᠷᠭ᠎ᠠ ᠭᠡᠳᠡᠭ ᠢ ᠲᠣᠳᠣᠷᠬᠠᠶᠢᠯᠠᠭᠠᠳ ᠡᠮᠨᠡᠯᠭᠡ ᠶᠢᠨ ᠠᠩᠬᠠᠨ ᠱᠠᠲᠤᠨ ᠤ ᠨᠢᠭᠡᠴᠡ ᠶᠢᠨ ᠨᠡᠩ ᠴᠢᠬᠤᠯᠠ ᠦᠢᠯᠡᠴᠢᠯᠡᠭᠡᠨ ᠦ ᠬᠡᠰᠡᠭ ᠨᠢ ᠰᠦᠷᠢᠶ᠎ᠡ ᠶᠢᠨ ᠦᠷ᠎ᠡ ᠦᠨ ᠲᠡᠢ ᠡᠮᠴᠢᠯᠡᠭᠡ ᠶᠤᠮ ᠭᠡᠵᠦ ᠳ᠋ᠦᠩᠨᠡᠭᠰᠡᠨ᠃ ᠰᠦᠷᠢᠶ᠎ᠡ ᠶᠢᠨ ᠡᠮᠴᠢᠯᠡᠭᠡ ᠡᠬᠢᠯᠡᠭᠰᠡᠨ ᠪᠣᠯ ᠪᠦᠷᠢᠨ ᠲᠡᠭᠦᠰ ᠬᠢᠵᠦ ᠳᠠᠭᠤᠰᠬᠠᠬᠤ ᠨᠢ ᠮᠠᠰᠢ ᠴᠢᠬᠤᠯᠠ ᠪᠥᠭᠡᠳ ᠡᠮᠴᠢᠯᠡᠭᠡ ᠪᠡᠨ ᠳᠠᠭᠤᠰᠬᠠᠬᠤ ᠪᠣᠯᠤᠮᠵᠢ ᠦᠭᠡᠢ ᠦᠶ᠎ᠡ ᠳᠦ ᠡᠬᠢᠯᠡᠬᠦ ᠦᠭᠡᠢ ᠪᠠᠶᠢᠬᠤ ᠨᠢ ᠳᠡᠭᠡᠷ᠎ᠡ ᠶᠤᠮ᠃ ᠤᠴᠢᠷ ᠨᠢ ᠲᠡᠭᠦᠰ ᠪᠤᠰᠤ᠂ ᠵᠡᠷᠡᠮᠳᠡᠭ ᠡᠮᠴᠢᠯᠡᠭᠡ ᠨᠢ ᠡᠮᠡᠨ ᠳᠦ ᠳᠠᠰᠤᠯ ᠲᠠᠢ ᠰᠦᠷᠢᠶ᠎ᠡ ᠶᠢᠨ ᠠᠶᠤᠯ ᠢ ᠨᠡᠮᠡᠭᠳᠡᠭᠦᠯᠳᠡᠭ᠃

ᠡᠮᠡᠨ ᠳᠦ ᠳᠠᠰᠤᠯ ᠲᠠᠢ ᠰᠦᠷᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠷᠢᠶ᠎ᠡ ᠶᠢᠨ ᠡᠰᠡᠷᠬᠦ ᠡᠮᠡᠨ ᠳᠦ ᠲᠡᠰᠪᠦᠷᠢᠲᠡᠢ ᠨᠢᠶᠠᠨ ᠢᠶᠠᠷ ᠡᠭᠦᠰᠬᠡᠭᠳᠡᠨ᠎ᠡ᠃ ᠡᠮᠡᠨ ᠳᠦ ᠳᠠᠰᠤᠯ ᠲᠠᠢ ᠰᠦᠷᠢᠶ᠎ᠡ ᠨᠢ ᠬᠦᠮᠦᠨ ᠦ ᠪᠤᠷᠤᠭᠤ ᠲᠠᠢ ᠦᠢᠯᠡ ᠠᠵᠢᠯᠯᠠᠭᠠᠨ ᠠᠴᠠ ᠪᠣᠯᠵᠤ ᠡᠭᠦᠰᠳᠡᠭ᠃ ᠡᠭᠦᠨ ᠳᠦ:

  • ᠡᠮᠨᠡᠯᠭᠡ ᠶᠢᠨ ᠪᠠᠶᠢᠭᠤᠯᠤᠯᠭ᠎ᠠ ᠠᠴᠠ ᠬᠠᠮᠢᠶᠠᠷᠤᠯ ᠲᠠᠢ: ᠡᠮᠴᠢᠯᠡᠭᠡ ᠶᠢ ᠬᠢᠨᠠᠯᠲᠠ ᠲᠠᠢ ᠬᠢᠭᠡ ᠦᠭᠡᠢ᠂ ᠰᠲ᠋ᠠᠨᠳᠠᠷᠲ ᠤᠨ ᠪᠤᠰᠤ ᠡᠮᠴᠢᠯᠡᠭᠡ ᠶᠠᠪᠤᠭᠤᠯᠬᠤ᠂ ᠡᠮᠨᠡᠯᠭᠡ ᠶᠢᠨ ᠬᠠᠯᠳᠠᠪᠤᠷᠢ ᠬᠢᠨᠠᠯᠲᠠ ᠶᠢᠨ ᠲᠣᠭᠲᠠᠯᠴᠠᠭ᠎ᠠ ᠬᠠᠩᠭᠠᠯᠲᠠ ᠦᠭᠡᠢ ᠪᠠᠶᠢᠬᠤ᠃
  • ᠡᠪᠡᠳᠴᠢᠲᠡᠨ ᠡᠴᠡ ᠬᠠᠮᠢᠶᠠᠷᠤᠯ ᠲᠠᠢ: ᠡᠮᠴᠢᠯᠡᠭᠡᠨ ᠦ ᠵᠢᠭᠠᠪᠤᠷᠢ ᠵᠢᠷᠤᠮ ᠢ ᠴᠢᠩᠳᠠ ᠮᠥᠷᠳᠡᠬᠦ ᠦᠭᠡᠢ ᠡᠮᠴᠢᠯᠡᠭᠡ ᠪᠡᠨ ᠲᠠᠰᠤᠯᠬᠤ᠂ ᠡᠮ ᠢ ᠡᠳᠦᠷ ᠪᠦᠷᠢ ᠤᠭᠤᠬᠤ ᠦᠭᠡᠢ ᠪᠠᠶᠢᠬᠤ ᠪᠤᠶᠤ ᠡᠮ ᠦᠨ ᠲᠣᠭᠲᠠᠮᠠᠯ ᠪᠤᠰᠤ ᠬᠡᠷᠡᠭᠯᠡᠭᠡ ᠤᠷᠤᠬᠤ ᠪᠠ ᠡᠪᠡᠳᠴᠢᠲᠡᠨ ᠡᠴᠡ ᠬᠠᠮᠢᠶᠠᠷᠤᠯ ᠲᠠᠢ ᠰᠢᠯᠲᠠᠭᠠᠨ ᠳᠡᠶᠢᠯᠦᠩᠬᠢ ᠬᠤᠪᠢ ᠶᠢ ᠡᠵᠡᠯᠡᠳᠡᠭ᠃

ᠡᠮᠴᠢᠯᠡᠭᠡ ᠶᠢ ᠪᠦᠷᠢᠨ ᠬᠢᠯᠭᠡᠯ ᠦᠭᠡᠢ ᠳᠤᠲᠠᠭᠤ ᠤᠷᠬᠢᠬᠤ ᠲᠤᠰᠤᠮ ᠡᠮᠡᠨ ᠳᠦ ᠮᠡᠳᠡᠷᠡᠭ ᠨᠢᠩ ᠦᠨ ᠲᠣᠭ᠎ᠠ ᠬᠡᠮᠵᠢᠶ᠎ᠡ ᠪᠠᠭᠠᠰᠴᠢ᠂ ᠡᠮᠡᠨ ᠳᠦ ᠳᠠᠰᠤᠯ ᠲᠠᠢ ᠨᠢᠩ ᠦᠨ ᠲᠣᠭ᠎ᠠ ᠬᠡᠮᠵᠢᠶ᠎ᠡ ᠶᠡᠬᠡᠰᠴᠢ ᠡᠮᠡᠨ ᠳᠦ ᠳᠠᠰᠤᠯ ᠲᠠᠢ ᠰᠦᠷᠢᠶ᠎ᠡ ᠡᠭᠦᠰᠬᠦ ᠡᠬᠡ ᠦᠨᠳᠦᠰᠦ ᠲᠠᠯᠪᠢᠭᠳᠠᠨ᠎ᠠ᠃ ᠡᠮᠴᠢᠯᠡᠭᠡ ᠪᠡᠨ ᠳᠤᠲᠠᠭᠤ ᠤᠷᠬᠢᠬᠤ᠂ ᠲᠠᠰᠤᠯᠬᠤ᠂ ᠬᠢᠨᠠᠯᠲᠠ ᠦᠭᠡᠢ ᠬᠢᠬᠦ ᠵᠡᠷᠭᠡ ᠰᠢᠯᠲᠠᠭᠠᠨ ᠠᠴᠠ ᠪᠣᠯᠵᠤ ᠡᠮᠡᠨ ᠳᠦ ᠣᠯᠳᠠᠮᠠᠯ ᠳᠠᠰᠤᠯ ᠡᠭᠦᠰᠦᠨ᠎ᠡ᠃ ᠡᠨᠡᠬᠦ ᠣᠯᠳᠠᠮᠠᠯ ᠡᠮᠡᠨ ᠳᠦ ᠳᠠᠰᠤᠯ ᠲᠠᠢ ᠰᠦᠷᠢᠶ᠎ᠡ ᠲᠡᠢ ᠡᠪᠡᠳᠴᠢᠲᠡᠨ ᠡᠷᠡᠭᠦᠯ ᠬᠦᠮᠦᠨ ᠢ ᠬᠠᠯᠳᠠᠪᠤᠷᠢᠯᠠᠭᠤᠯᠵᠤ ᠡᠮᠡᠨ ᠳᠦ ᠠᠩᠬᠠᠳᠠᠭᠴᠢ ᠳᠠᠰᠤᠯ ᠡᠭᠦᠰᠬᠡᠳᠡᠭ᠃ ᠡᠶᠢᠮᠦ ᠡᠴᠡ ᠡᠮᠴᠢᠯᠡᠭᠡ ᠪᠡᠨ ᠪᠦᠷᠢᠨ ᠭᠦᠢᠴᠡᠳ ᠬᠢᠯᠭᠡᠯ ᠦᠭᠡᠢ ᠳᠤᠲᠠᠭᠤ ᠣᠷᠬᠢᠭᠰᠠᠨ ᠠᠴᠠ ᠡᠮᠡᠨ ᠳᠦ ᠳᠠᠰᠤᠯ ᠲᠠᠢ ᠰᠦᠷᠢᠶ᠎ᠡ ᠪᠡᠷ ᠡᠪᠡᠳᠴᠢᠯᠡᠭᠰᠡᠨ ᠬᠦᠮᠦᠨ ᠪᠤᠰᠤᠳ ᠲᠤ ᠬᠠᠯᠳᠠᠪᠤᠷᠢ ᠲᠠᠷᠠᠭᠠᠵᠤ ᠪᠠᠶᠢᠳᠠᠭ ᠨᠢ ᠬᠠᠮᠤᠭ ᠤᠨ ᠠᠶᠤᠯ ᠲᠠᠢ ᠭᠠᠮᠰᠢᠭ ᠶᠤᠮ᠃ ᠡᠮᠡᠨ ᠳᠦ ᠳᠠᠰᠤᠯ ᠲᠠᠢ ᠰᠦᠷᠢᠶ᠎ᠡ ᠪᠡᠷ ᠡᠪᠡᠳᠴᠢᠯᠡᠭᠰᠡᠨ ᠬᠦᠮᠦᠨ ᠡᠮᠴᠢᠯᠡᠭᠡ ᠪᠡᠨ ᠬᠡᠴᠢᠨᠡᠨ ᠰᠠᠶᠢᠨ ᠬᠢᠯᠭᠡᠭᠰᠡᠨ ᠴᠤ ᠡᠪᠡᠳᠴᠢᠨ ᠡᠭᠦᠰᠬᠡᠭᠰᠡᠨ ᠨᠢᠶᠠᠨ ᠨᠢ ᠡᠮᠡᠨ ᠳᠦ ᠳᠠᠰᠤᠯ ᠲᠠᠢ ᠲᠤᠯᠠ ᠡᠳᠡᠭᠡᠷᠡᠬᠦ ᠪᠣᠯᠤᠮᠵᠢ ᠨᠢ ᠪᠠᠭᠠᠰᠳᠠᠭ᠃

ᠡᠮᠡᠨ ᠳᠦ ᠳᠠᠰᠤᠯ ᠲᠠᠢ ᠰᠦᠷᠢᠶ᠎ᠡ ᠶᠠᠭᠤᠨ ᠳᠤ ᠬᠦᠷᠭᠡᠬᠦ ᠪᠤᠢ?

  • ᠨᠠᠰᠤ ᠪᠠᠷᠠᠯ ᠳᠤ- ᠡᠮ ᠦᠨ ᠳᠠᠰᠤᠯ ᠶᠡᠬᠡᠪᠴᠢᠯᠡᠨ ᠦᠬᠦᠯ ᠳᠦ ᠬᠦᠷᠭᠡᠨ᠎ᠡ᠃
  • ᠬᠠᠯᠳᠠᠪᠤᠷᠢ - ᠡᠪᠡᠳᠴᠢᠨ ᠦ ᠶᠠᠪᠤᠴᠠ ᠤᠳᠠᠭᠠᠰᠢᠷᠠᠵᠤ᠂ ᠬᠦᠮᠦᠰ ᠲᠦ ᠡᠮ ᠦᠨ ᠳᠠᠰᠤᠯ ᠲᠠᠢ ᠨᠢᠶᠠᠨ ᠬᠠᠯᠳᠠᠭᠠᠵᠤ ᠡᠪᠡᠳᠴᠢᠯᠡᠭᠦᠯᠦᠨ᠎ᠡ᠃
  • ᠥᠷᠲᠡᠭ - ᠡᠮᠴᠢᠯᠡᠭᠡᠨ ᠦ ᠬᠤᠭᠤᠴᠠᠭ᠎ᠠ ᠤᠷᠲᠤ ᠪᠠ ᠥᠨᠳᠥᠷ ᠦᠨ᠎ᠡ ᠲᠡᠢ 2 ᠍ ᠍ ᠳᠦᠭᠡᠷ ᠡᠩᠨᠡᠭᠡᠨ ᠦ ᠡᠮ ᠢᠶᠡᠷ ᠡᠮᠴᠢᠯᠡᠭᠡ ᠬᠢᠭᠳᠡᠬᠦ ᠲᠤᠯᠠ ᠭᠠᠷᠬᠤ ᠵᠠᠷᠤᠳᠠᠯ ᠶᠡᠬᠡ ᠪᠠᠶᠢᠳᠠᠭ᠃

ᠡᠮᠡᠨ ᠳᠦ ᠳᠠᠰᠤᠯ ᠲᠠᠢ ᠰᠦᠷᠢᠶ᠎ᠡ ᠶᠢ ᠡᠮᠴᠢᠯᠡᠬᠦ ᠳᠦ 2 ᠍ ᠍ ᠳᠦᠭᠡᠷ ᠡᠩᠨᠡᠭᠡᠨ ᠦ ᠡᠮ ᠦᠳ ᠬᠡᠷᠡᠭᠲᠡᠢ ᠪᠥᠭᠡᠳ ᠡᠮᠴᠢᠯᠡᠭᠡᠨ ᠦ ᠬᠤᠭᠤᠴᠠᠭ᠎ᠠ 18-24 ᠰᠠᠷ᠎ᠠ ᠬᠡᠷᠡᠭᠯᠡᠵᠦ ᠪᠠᠶᠢᠭ᠎ᠠ ᠡᠮ ᠨᠢ ᠭᠠᠵᠢ ᠨᠥᠯᠥᠭᠡ ᠶᠡᠬᠡ ᠲᠡᠢ᠃

ᠡᠮ ᠦᠨ ᠳᠠᠰᠤᠯ ᠲᠠᠢ ᠰᠦᠷᠢᠶ᠎ᠡ ᠶᠢ ᠡᠭᠦᠰᠬᠡᠬᠦ ᠦᠭᠡᠢ ᠪᠠᠶᠢᠬᠤ ᠲᠡᠭᠦᠨ ᠡᠴᠡ ᠰᠡᠷᠭᠡᠶᠢᠯᠡᠬᠦ ᠬᠠᠮᠤᠭ ᠤᠨ ᠬᠢᠮᠳᠠ ᠠᠷᠭ᠎ᠠ ᠵᠠᠮ ᠪᠣᠯ ᠰᠢᠨ᠎ᠡ ᠪᠡᠷ ᠡᠪᠡᠳᠴᠢᠯᠡᠭᠰᠡᠨ ᠰᠦᠷᠢᠶ᠎ᠡ ᠲᠡᠢ ᠡᠪᠡᠳᠴᠢᠲᠡᠨ ᠢ ᠰᠢᠭᠤᠳ ᠬᠢᠨᠠᠯᠲᠠ ᠲᠠᠢ ᠡᠮᠴᠢᠯᠡᠭᠡ/ДОТС/ ᠪᠢᠯᠡ᠃ ДОТС ᠍ ᠍ ᠢ ᠬᠡᠷᠡᠭᠯᠡᠭᠰᠡᠨ ᠢᠶᠡᠷ ᠰᠦᠷᠢᠶ᠎ᠡ ᠪᠡᠷ ᠡᠪᠡᠳᠴᠢᠯᠡᠭᠰᠡᠨ ᠬᠦᠮᠦᠨ ᠢ ᠪᠦᠷᠢᠨ ᠡᠳᠡᠭᠡᠷᠡᠭᠦᠯᠵᠦ᠂ ᠡᠪᠡᠳᠴᠢᠨ ᠠᠷᠬᠠᠭᠰᠢᠬᠦ ᠶᠢ ᠵᠣᠭᠰᠣᠭᠠᠵᠤ᠂ᠡᠷᠡᠭᠦᠯ ᠬᠦᠮᠦᠰ ᠲᠦ ᠡᠮᠡᠨ ᠳᠦ ᠳᠠᠰᠤᠯ ᠲᠠᠢ ᠰᠦᠷᠢᠶ᠎ᠡ ᠬᠠᠯᠳᠠᠪᠤᠷᠢᠯᠠᠬᠤ ᠵᠠᠮ ᠢ ᠲᠠᠰᠤᠯᠵᠤ ᠴᠢᠳᠠᠨ᠎ᠠ᠃a

http://wiki.uhaan.com/index.php?title=ᠰᠦᠷᠢᠶ᠎ᠡ&oldid=432205》 ᠍  ᠡᠴᠡ ᠠᠪᠤᠭᠰᠠᠨ

ᠪᠢᠴᠢᠭᠡᠰᠦ