ᠰᠦᠮᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠦᠮᠣ ᠨᠢ ᠶᠠᠫᠣᠨ ᠤ ᠦᠨᠳᠦᠰᠦᠨ ᠦ ᠰᠫᠣᠷᠲ ᠤᠨ ᠲᠥᠷᠥᠯ ᠪᠥᠭᠡᠳ ᠶᠠᠫᠣᠨ ᠠᠴᠠ ᠭᠠᠷᠤᠯ ᠪᠦᠬᠦᠢ ᠲᠤᠯᠤᠭᠠᠨ ᠤ ᠤᠷᠠᠯᠢᠭ ᠶᠤᠮ᠃ ᠮᠡᠷᠭᠡᠵᠢᠯ ᠦᠨ ᠰᠦᠮᠣ ᠨᠢ ᠶᠠᠫᠣᠨ ᠳᠤ "ᠣᠣᠵᠦᠮᠣ" ᠭᠡᠭᠳᠡᠳᠡᠭ᠃ ᠶᠠᠫᠣᠨ ᠬᠡᠯᠡᠨ ᠳᠦ ᠬᠣᠭᠣᠷᠣᠨᠳᠣ ᠪᠠᠨ ᠵᠣᠯᠭᠠᠨ ᠪᠠᠷᠢᠯᠳᠤᠳᠠᠭ ᠲᠤᠯᠤᠭᠠᠨ ᠤ ᠤᠷᠠᠯᠢᠭ ᠢ "ᠰᠦᠮᠣ" ᠭᠡᠬᠦ ᠪᠠ "ᠦᠳᠡ ᠰᠦᠮᠣ - ᠭᠠᠷ ᠪᠠᠷᠢᠯᠳᠤᠭᠠᠨ", "ᠠᠰᠢ ᠰᠦᠮᠣ - ᠬᠥᠯ ᠪᠠᠷᠢᠯᠳᠤᠭᠠᠨ", "ᠶᠤᠪᠢ ᠰᠦᠮᠣ - ᠬᠤᠷᠤᠭᠤ ᠪᠠᠷᠢᠯᠳᠤᠭᠠᠨ" ᠭᠡᠵᠦ ᠪᠤᠢ᠃ ᠳᠡᠯᠡᠬᠡᠢ ᠳᠠᠬᠢᠨ ᠳᠤ ᠰᠦᠮᠣ᠋ ᠍ ᠲᠠᠢ ᠢᠵᠢᠯ ᠲᠥᠷᠥᠯ ᠦᠨ ᠲᠤᠯᠤᠭᠠᠨ ᠤ ᠤᠷᠠᠯᠢᠭ ᠣᠯᠠᠨ ᠪᠤᠢ᠃ ᠮᠣᠩᠭᠣᠯ ᠪᠥᠬᠡ᠂ ᠬᠢᠲᠠᠳ ᠤᠨ ᠱᠢᠠᠶᠢᠰᠢᠣ᠂ ᠰᠣᠯᠣᠩᠭᠣᠰ ᠤᠨ ᠰ ᠤᠷ ᠤᠮ᠂ ᠤᠺᠢᠨᠠᠸᠠ ᠠᠷᠠᠯ ᠤᠨ ᠰᠢᠮᠠ ᠵᠡᠷᠭᠡ ᠶᠤᠮ᠃

ᠰᠦᠮᠠᠭ ᠤᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠡᠷᠭᠡᠵᠢᠯ ᠦᠨ ᠰᠦᠮᠠᠭ ᠤᠨ ᠲᠡᠦᠬᠡ ᠶᠢᠨ ᠲᠤᠬᠠᠢ ᠣ ᠵᠦᠮᠣ ᠡᠨᠳᠡ ᠡᠴᠡ ᠤᠩᠰᠢᠨ᠎ᠠ ᠤᠤ᠃

ᠡᠷᠲᠡᠨ ᠦ ᠦᠶ᠎ᠡ ᠶᠢᠨ ᠰᠦᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠰᠦᠮᠣ ᠠᠩᠬ᠎ᠠ ᠡᠭᠦᠰᠦᠭᠰᠡᠨ ᠦᠶ᠎ᠡ ᠨᠢ ᠮᠠᠰᠢ ᠡᠷᠲᠡᠨ ᠦ ᠦᠶ᠎ᠡ ᠶᠤᠮ᠃ ᠶᠠᠫᠣᠨ ᠤ ᠲᠣᠭᠠᠯᠠᠯ ᠤᠨ ᠺᠣᠪᠦᠩ ᠡᠷᠢᠨ(МТ 3 ᠍ ᠳᠦᠭᠡᠷ ᠵᠠᠭᠤᠨ ᠤ ᠳᠤᠮᠳᠠ - 6 ᠍ ᠳᠦᠭᠡᠷ ᠵᠠᠭᠤᠨ ᠲᠡᠭᠦᠰᠬᠡᠯ)ᠢᠢ ᠦᠶ᠎ᠡ ᠳᠦ ᠬᠢᠭᠳᠡᠭᠰᠡᠨ (ᠬᠠᠨᠢᠪᠠ᠂ ᠰᠦ᠋ᠧᠺᠢ᠂ ᠳᠣᠭᠦ ᠵᠡᠷᠭᠡ) ᠰᠢᠪᠠᠷ ᠡᠳ᠋ᠯᠡᠯ ᠪᠣᠯᠤᠨ ᠪᠠᠷᠢᠮᠠᠯ ᠤᠳ ᠳᠡᠭᠡᠷ᠎ᠡ ᠰᠦᠮᠠᠭ ᠤᠨ ᠳᠦᠷᠰᠦ᠂ ᠵᠢᠷᠤᠭᠯᠠᠯ ᠤᠳ ᠪᠠᠶᠢᠳᠠᠭ᠃
 • "ᠺᠣᠵᠢᠺᠢ" ᠬᠡᠮᠡᠬᠦ ᠶᠠᠫᠣᠨ ᠤ ᠲᠡᠦᠬᠡ ᠶᠢᠨ ᠵᠣᠬᠢᠶᠠᠯ ᠤᠨ ᠣᠷᠣᠰᠢᠯ ᠬᠡᠰᠡᠭ ᠪᠣᠯᠬᠤ "ᠶᠠᠫᠣᠨ ᠤ ᠳᠣᠮᠣᠭ" ᠍ ᠳᠦ ᠲᠠᠺᠧᠮᠢᠺᠠᠽᠦᠴᠢ ᠲᠠᠺᠧᠮᠢᠨᠠᠺᠠᠲ᠋ᠠ ᠬᠡᠮᠡᠬᠦ 2 ᠪᠤᠷᠬᠠᠨ ᠬᠣᠭᠣᠷᠣᠨᠳᠣ ᠪᠠᠨ ᠬᠦᠴᠦ ᠪᠡᠨ ᠦᠵᠡᠵᠦ ᠪᠤᠢ ᠵᠢᠷᠤᠭ ᠪᠤᠢ᠃ ᠡᠨᠡ ᠨᠢ ᠰᠦᠮᠠᠭ ᠤᠨ ᠡᠭᠦᠰᠦᠯ ᠪᠣᠯᠤᠭᠰᠠᠨ ᠭᠡᠭᠳᠡᠳᠡᠭ᠃
 • ᠨᠠᠷᠠ ᠡᠷᠡᠨ ᠳᠦ ᠵᠣᠬᠢᠶᠠᠭᠳᠠᠭᠰᠠᠨ "ᠵᠠᠭᠤᠨ ᠤ ᠶᠠᠫᠣᠨ ᠤ ᠪᠢᠴᠢᠭ" ᠬᠡᠮᠡᠬᠦ ᠲᠡᠦᠬᠡ ᠶᠢᠨ ᠪᠣᠲᠢ ᠠᠴᠠ ᠦᠵᠡᠬᠦ ᠳᠦ᠂ ᠪᠤᠷᠬᠠᠳ ᠪᠢᠰᠢ ᠬᠦᠮᠦᠰ ᠬᠣᠭᠣᠷᠣᠨᠳᠣ ᠶᠢᠨ ᠬᠠᠮᠤᠭ ᠤᠨ ᠡᠷᠲᠡᠨ ᠦ ᠪᠠᠷᠢᠯᠳᠤᠭᠠᠨ ᠢ ᠰᠦᠢᠨᠢᠨ ᠬᠠᠭᠠᠨᠢ ᠲᠣᠭᠠᠯᠠᠯ ᠤᠨ 7 ᠣᠨ(ᠮᠠᠨ ᠤ ᠲᠣᠭᠠᠯᠠᠯ ᠤᠨ ᠡᠮᠦᠨᠡᠬᠢ 22 ᠣᠨ)ᠳ ᠪᠣᠯᠤᠭᠰᠠᠨ ᠨᠣᠮᠣᠨᠢ ᠰᠦ᠋ᠺᠦᠨ᠎ᠡ ᠪᠣᠯᠤᠨ ᠲᠠᠶᠢᠮᠠᠨ᠎ᠠ ᠺᠠᠬᠠᠶ᠎ᠠ 2 ᠍ ᠶᠢᠨ ᠪᠠᠷᠢᠯᠳᠤᠭᠠᠨ ᠭᠡᠵᠦ ᠪᠢᠴᠢᠵᠡᠢ᠃ ᠡᠨᠳᠡ "ᠰᠦ᠋ᠺᠦᠨ᠎ᠡ ᠨᠢ ᠺᠠᠬᠠᠶ᠋ᠢᠭ "ᠬᠥᠯ ᠮᠡᠬᠡ" ᠍ ᠳᠦᠭᠡᠷ ᠬᠠᠶᠠᠬᠤ ᠳᠤ ᠪᠠᠨ ᠨᠢᠷᠤᠭᠤᠨ ᠤ ᠶᠠᠰᠤ ᠶᠢ ᠨᠢ ᠬᠤᠭᠤᠯᠤᠨ ᠬᠣᠷᠢᠶᠠᠭᠰᠠᠨ" ᠬᠡᠮᠡᠨ ᠪᠢᠴᠢᠭᠰᠡᠨ ᠪᠠᠶᠢᠳᠠᠭ᠃ ᠮᠡᠳᠡᠭᠡᠵᠢ ᠣᠳᠣ ᠶᠢᠨ ᠰᠦᠮᠣ᠋ ᠍ ᠠᠴᠠ ᠢᠯᠭᠠᠭ᠎ᠠ ᠲᠠᠢ ᠲᠤᠯᠤᠭᠠᠨ ᠤ ᠤᠷᠠᠯᠢᠭ ᠪᠠᠶᠢᠭᠰᠠᠨ ᠨᠢ ᠣᠶᠢᠯᠠᠭᠠᠮᠵᠢᠲᠠᠢ᠃ ᠮᠥᠨ ᠡᠨᠡᠬᠦ ᠪᠠᠷᠢᠯᠳᠤᠭᠠᠨ ᠢ ᠵᠢᠦ᠋ᠳᠣ᠋ᠭᠡᠶᠢᠨ ᠡᠬᠢᠯᠡᠯ ᠪᠠᠶᠢᠭᠰᠠᠨ ᠴᠤ ᠭᠡᠬᠦ ᠨᠢ ᠪᠤᠢ᠃ ᠰᠦ᠋ᠺᠥᠩ ᠢ ᠰᠦᠮᠠᠭ ᠡᠬᠢᠯᠡᠭᠦᠯᠦᠭᠰᠡᠨ ᠡᠪᠦᠭᠡ ᠳᠡᠭᠡᠳᠦᠰ ᠬᠡᠮᠡᠨ ᠰᠢᠲᠦᠭᠰᠡᠭᠡᠷ ᠢᠷᠡᠭᠰᠡᠨ᠃
 • "ᠡᠷᠲᠡᠨ ᠦ ᠪᠢᠴᠢᠭ" ᠍ ᠦᠨ ᠰᠦᠢᠨᠢᠨ ᠬᠠᠭᠠᠨ ᠤ ᠪᠢᠴᠢᠭᠡᠰᠦ ᠳᠦ ᠠᠩᠬᠠᠯᠠᠨ ᠰᠦᠮᠠᠭ ᠤᠨ ᠲᠠᠮᠢᠷᠴᠢᠨ ᠢ "ᠷᠢᠺᠠᠰᠢ - ᠬᠦᠴᠦᠲᠡᠨ" ᠬᠡᠮᠡᠬᠦ ᠬᠡᠯᠡᠯᠭᠡ ᠶᠢ ᠬᠡᠷᠡᠭᠯᠡᠭᠰᠡᠨ ᠪᠠᠶᠢᠨ᠎ᠠ᠃
 • ᠳᠡᠭᠡᠷᠡᠬᠢ ᠲᠦᠭᠦᠬᠡᠢ ᠪᠣᠲᠢ ᠨᠤᠭᠤᠳ ᠲᠤ ᠺ ᠡᠴᠢᠺᠣ ᠬᠠᠭᠠᠨ ᠤ ᠲᠣᠭᠠᠯᠠᠯ ᠤᠨ 40 ᠣᠨ ᠳᠤ (МТ 110 ᠣᠨ) ᠢᠮᠠᠲ᠋ᠣ ᠲᠠᠺᠢᠷᠨᠣᠮᠢᠺᠣᠲ᠋ᠣ ᠨᠢ ᠢᠮᠠᠲ᠋ᠣᠨᠣᠺᠥᠨᠢ(ᠣᠳᠣ ᠶᠢᠨ ᠨᠠᠷᠠ ᠠᠶᠢᠮᠠᠭ) ᠍ ᠦᠨ ᠢᠪᠦᠺᠢ ᠬᠡᠮᠡᠬᠦ ᠤᠤᠯ ᠤᠨ ᠪᠤᠷᠬᠠᠨ ᠢ ᠨᠢᠴᠦᠭᠦᠨ ᠭᠠᠷ ᠢᠶᠠᠷ ᠢᠶᠠᠨ ᠪᠠᠭᠤᠯᠭᠠᠵᠤ ᠠᠪᠬᠤ ᠪᠠᠷ ᠵᠡᠷ ᠵᠡᠪᠰᠡᠭ ᠢᠶᠡᠨ ᠣᠷᠬᠢᠨ ᠶᠠᠪᠤᠭᠰᠠᠨ ᠲᠤᠬᠠᠢ ᠪᠢᠴᠢᠭᠰᠡᠨ ᠪᠠᠶᠢᠳᠠᠭ᠃
 • "ᠵᠠᠭᠤᠨ ᠤ ᠶᠠᠫᠣᠨ ᠤ ᠪᠢᠴᠢᠭ" ᠍ ᠳᠦ᠂ ᠶᠦᠷ ᠲᠺᠦ ᠬᠠᠭᠠᠨ ᠤ ᠲᠣᠭᠠᠯᠠᠯ ᠤᠨ 13 ᠣᠨ ᠤ (469 ᠣᠨ) ᠨᠠᠮᠤᠷ 9 ᠰᠠᠷ᠎ᠠ ᠳᠤ ᠶᠦᠷ ᠲᠺᠦ ᠬᠠᠭᠠᠨ ᠤ ᠲᠤᠰᠢᠶᠠᠯ ᠢᠶᠠᠷ ᠦᠨᠡᠮᠡ ᠪᠤᠶᠤ ᠬᠠᠭᠠᠨ ᠤ ᠣᠷᠳᠣᠨ ᠤ ᠦᠢᠯᠡᠴᠢᠯᠡᠭᠴᠢ 2 ᠡᠮᠡᠭᠲᠡᠢ ᠳᠦ ᠹᠦᠨᠳᠣᠰᠢ ᠪᠤᠶᠤ ᠲᠤᠬᠠᠢ ᠶᠢᠨ ᠦᠶ᠎ᠡ ᠶᠢᠨ ᠡᠷᠡᠭᠲᠡᠢ ᠬᠦᠮᠦᠨ ᠦ ᠳᠣᠲᠣᠭᠤᠷ ᠥᠮᠥᠳᠥ ᠶᠢ ᠡᠮᠦᠰᠦᠭᠦᠯᠦᠨ ᠥᠪᠡᠷᠰᠡᠳ ᠢ ᠪᠡᠨ ᠮᠠᠭᠲᠠᠨ ᠶᠠᠷᠢᠬᠤ ᠢᠨᠠᠪᠤᠨ᠎ᠠ ᠮᠠᠨᠡᠭᠡᠶᠢᠨ ᠤᠷᠳᠤ ᠰᠦᠮᠠᠭ ᠢᠶᠠᠷ ᠪᠠᠷᠢᠯᠳᠤᠭᠤᠯᠤᠭᠰᠠᠨ ᠪᠠᠶᠢᠨ᠎ᠠ᠃
 • "ᠵᠠᠭᠤᠨ ᠤ ᠶᠠᠫᠣᠨ ᠤ ᠪᠢᠴᠢᠭ" ᠍ ᠦᠨ ᠺᠣᠣᠺᠶᠣᠺᠦ ᠬᠠᠭᠠᠨ ᠤ ᠲᠣᠭᠠᠯᠠᠯ ᠤᠨ 1 ᠍ ᠳᠦᠭᠡᠷ ᠣᠨ (642 ᠣᠨ)ᠳ ᠪᠢᠴᠢᠭᠰᠡᠨᠴᠢᠯᠡᠨ ᠬᠢᠺᠥᠰᠠᠢ ᠤᠯᠤᠰ ᠍ ᠤᠨ ᠬᠠᠭᠠᠨ ᠤ ᠣᠪᠤᠭ ᠤᠨ ᠬᠢᠨ ᠢ ᠬᠠᠮᠠᠭᠠᠯᠠᠬᠤ ᠴᠡᠷᠢᠭ ᠲᠦ ᠬᠦᠮᠦᠨ ᠰᠢᠯᠭᠠᠵᠤ ᠡᠯᠰᠡᠭᠦᠯᠬᠦ ᠶᠢᠨ ᠲᠤᠯᠠᠳᠠ ᠵᠠᠯᠠᠭᠤ ᠴᠡᠷᠢᠭ ᠦᠳ ᠢ ᠰᠦᠮᠠᠭ ᠢᠶᠠᠷ ᠪᠠᠷᠢᠯᠳᠤᠭᠤᠯᠵᠤ ᠪᠠᠶᠢᠴᠠᠢ᠃

ᠨᠠᠷᠠ ᠪᠣᠯᠤᠨ ᠬᠡᠢᠨ ᠡᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 • "ᠮᠠᠨ ᠶᠣ ᠱᠶᠦ" ᠬᠡᠮᠡᠬᠦ ᠶᠠᠫᠣᠨ ᠤ ᠡᠷᠲᠡᠨ ᠦ ᠳᠠᠭᠤᠨ ᠤ ᠳᠡᠭᠡᠵᠢᠰ ᠦᠨ 5 ᠍ ᠳᠦᠭᠡᠷ ᠪᠣᠲᠢ ᠳᠤ 730 ᠣᠨ ᠪᠣᠯᠤᠨ 731 ᠣᠨ ᠤ ᠰᠦᠮᠣ ᠪᠠᠷᠢᠯᠳᠤᠵᠤ ᠪᠠᠶᠢᠭᠰᠠᠨ ᠲᠤᠬᠠᠢ ᠲᠡᠮᠳᠡᠭᠯᠡᠯ ᠪᠤᠢ᠃
 • ᠱᠶᠠᠮᠦ ᠡᠵᠡᠨ ᠬᠠᠭᠠᠨ (724 ᠣᠨ - 749 ᠣᠨ) ᠨᠢ ᠭᠠᠵᠠᠷ ᠨᠤᠲᠤᠭ ᠪᠦᠷᠢ ᠶᠢᠨ ᠲᠣᠰᠬᠣᠳ ᠠᠴᠠ ᠰᠦᠮᠣ ᠪᠠᠷᠢᠯᠳᠤᠳᠠᠭ ᠬᠦᠮᠦᠰ ᠢ ᠬᠦᠴᠦ ᠪᠡᠷ ᠴᠤᠭᠯᠠᠭᠤᠯᠬᠤ ᠵᠠᠷᠯᠢᠭ ᠭᠠᠷᠭᠠᠨ᠂ ᠵᠢᠯ ᠪᠦᠷᠢ ᠶᠢᠨ 7 ᠰᠠᠷ᠎ᠠ ᠶᠢᠨ 7 ᠍ ᠤ ᠣᠷᠣᠢ ᠶᠢᠨ ᠶᠣᠰᠣᠯᠠᠯ ᠤᠨ ᠦᠶ᠎ᠡ ᠳᠦ ᠰᠦᠮᠣ ᠪᠠᠷᠢᠯᠳᠤᠭᠤᠯᠵᠤ ᠪᠠᠶᠢᠬᠤ ᠪᠠᠷᠪᠣᠯᠵᠠᠢ᠃
 • ᠬᠡᠢᠨ ᠡᠷᠢᠨ ᠤ ᠦᠶ᠎ᠡ ᠳᠦ ᠰᠦᠮᠣ ᠨᠢ ᠬᠠᠭᠠᠨ ᠤ ᠣᠷᠳᠣᠨ ᠤ ᠳᠣᠲᠣᠷ᠎ᠠ ᠴᠢᠬᠤᠯᠠ ᠪᠠᠶᠢᠷᠢ ᠰᠠᠭᠤᠷᠢ ᠡᠵᠡᠯᠡᠬᠦ ᠶᠣᠰᠣᠯᠠᠯ ᠪᠣᠯᠵᠠᠢ᠃
 • ᠬᠠᠭᠠᠨ ᠤ ᠣᠷᠳᠣᠨ ᠳᠠᠬᠢ ᠰᠦᠮᠣ᠋ ᠍ ᠠᠴᠠ ᠭᠠᠳᠠᠨ᠎ᠠ ᠵᠢᠷ ᠦᠨ ᠢᠷᠭᠡᠳ ᠦᠨ ᠳᠤᠮᠳᠠ ᠴᠤ ᠰᠦᠮᠣ ᠳᠡᠯᠭᠡᠷᠴᠢ᠂ "ᠰᠢᠷᠤᠶᠢᠨ ᠤ ᠰᠦᠮᠣ" "ᠡᠪᠡᠰᠦᠨ ᠦ ᠰᠦᠮᠣ" ᠭᠡᠵᠦ ᠨᠡᠷᠡᠯᠡᠵᠦ ᠪᠠᠶᠢᠴᠠᠢ᠃ ᠲᠡᠭᠦᠨ ᠡᠴᠡ ᠭᠠᠳᠠᠨ᠎ᠠ ᠰᠠᠮᠤᠷᠠᠢ ᠨᠠᠷ ᠨᠢ ᠪᠡᠶ᠎ᠡ ᠪᠢᠯᠳᠠᠷ ᠪᠣᠯᠤᠨ ᠰᠡᠳᠬᠢᠯ ᠵᠦᠢ ᠶᠢᠨ ᠬᠠᠲᠠᠭᠤᠵᠢᠯ ᠤᠯᠬᠤ ᠪᠢᠯᠳᠠᠷᠵᠢᠭᠤᠯᠬᠤ ᠤᠷᠠᠯᠢᠭ ᠪᠣᠯᠭᠠᠨ ᠰᠦᠮᠠᠭ ᠢᠶᠠᠷ ᠬᠢᠴᠢᠶᠡᠯᠯᠡᠵᠦ ᠪᠠᠶᠢᠴᠠᠢ᠃ ᠮᠥᠨ "ᠪᠤᠷᠬᠠᠨ ᠤ ᠰᠦᠮᠣ" ᠭᠡᠵᠦ ᠪᠠᠶᠢᠭᠰᠠᠨ ᠨᠢ ᠭᠠᠵᠠᠷ ᠲᠠᠷᠢᠶᠠᠯᠠᠩ ᠡᠷᠬᠢᠯᠡᠭᠴᠢ ᠠᠷᠠᠳ ᠤᠳ ᠦᠷ᠎ᠡ ᠲᠠᠷᠢᠶ᠎ᠠ ᠠᠷᠪᠢᠨ ᠬᠤᠷᠢᠶᠠᠬᠤ ᠶᠢ ᠪᠡᠯᠭᠡᠰᠢᠶᠡᠵᠦ ᠰᠦᠮᠣ ᠪᠠᠷᠢᠯᠳᠤᠨ ᠶᠣᠰᠣᠯᠠᠳᠠᠭ ᠪᠠᠶᠢᠴᠠᠢ᠃

ᠺᠠᠮᠠᠺᠥᠷᠠ ᠪᠣᠯᠤᠨ ᠮᠷᠣᠮᠠᠴᠢᠭ ᠤᠨ ᠡᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠺᠠᠮᠠᠺᠥᠷᠠᠭᠡᠶᠢᠨ ᠡᠷᠢᠩᠭᠡ ᠶᠢᠨ ᠦᠶ᠎ᠡ ᠳᠦ ᠮᠢᠨᠠᠮᠣ᠋ ᠍ ᠲᠠᠨ᠎ᠠ ᠶᠣᠷᠢᠮᠣᠲ᠋ᠣ ᠨᠢ ᠰᠦᠮᠠᠭ ᠬᠥᠬᠥᠦᠯᠡᠨ ᠳᠡᠮᠵᠢᠵᠦ ᠪᠠᠶᠢᠪᠠ᠃
 • ᠮᠷᠣᠮᠠᠴᠢᠭ ᠤᠨ ᠡᠷᠡᠨ ᠡᠴᠡ ᠡᠮᠦᠨ᠎ᠡ ᠨᠢ ᠡᠩ ᠦᠨ ᠬᠤᠪᠴᠠᠰᠤ ᠲᠠᠢ ᠪᠠᠷ ᠰᠦᠮᠣ ᠪᠠᠷᠢᠯᠳᠤᠵᠤ ᠪᠠᠶᠢᠴᠠᠢ᠃ ᠮᠥᠨ "ᠳᠬᠶ᠎ᠠ" ᠪᠤᠶᠤ ᠲᠤᠰᠬᠠᠢ ᠳᠡᠪᠵᠢᠶ᠎ᠡ ᠭᠦᠢ ᠪᠠᠶᠢᠭᠰᠠᠨ ᠪᠠᠶᠢᠨ᠎ᠠ᠃
 • ᠰᠡᠩᠭᠣᠺᠦ ᠡᠷᠡᠨ ᠳᠦ ᠣᠳᠠ ᠨᠣᠪᠦᠨᠠᠭ᠎ᠠ ᠨᠢ ᠰᠦᠮᠠᠭ ᠬᠥᠬᠥᠦᠯᠡᠨ ᠳᠡᠮᠵᠢᠵᠦ᠂ ᠠᠩᠬᠠᠯᠠᠨ "ᠳᠬᠶ᠎ᠠ" ᠳᠡᠭᠡᠷ᠎ᠡ ᠪᠠᠷᠢᠯᠳᠤᠬᠤ ᠰᠠᠨᠠᠯ ᠢ ᠭᠠᠷᠭᠠᠵᠤ ᠪᠠᠶᠢᠴᠠᠢ᠃

ᠰᠡᠩᠭᠣᠺᠦ ᠪᠣᠯᠤᠨ ᠡᠳᠣ ᠡᠷᠡᠨ ᠡᠴᠡ ᠬᠣᠶᠢᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠡᠳᠣ ᠡᠷᠢᠩᠭᠡ ᠡᠴᠡ ᠰᠦᠮᠣ ᠨᠢ ᠮᠡᠷᠭᠡᠵᠢᠯ ᠦᠨ ᠠᠵᠢᠯ ᠪᠣᠯᠤᠨ ᠬᠥᠭᠵᠢᠵᠡᠢ᠃ ᠨᠠᠷᠢᠨ ᠮᠡᠳᠡᠭᠡᠯᠡᠯ ᠢ ᠮᠡᠷᠭᠡᠵᠢᠯ ᠦᠨ ᠰᠦᠮᠣ ᠰᠡᠳᠦᠪ ᠡᠴᠡ ᠤᠩᠰᠢᠨ᠎ᠠ ᠤᠤ᠃
 • ᠱᠶᠠᠪᠠᠭᠡᠶᠢᠨ 11 ᠣᠨ ᠤ 6 ᠰᠠᠷ᠎ᠠ ᠳᠤ᠂ ᠲᠤᠬᠠᠢ ᠶᠢᠨ ᠦᠶ᠎ᠡ ᠶᠢᠨ ᠪᠠᠭ᠎ᠠ ᠰᠤᠷᠭᠠᠭᠤᠯᠢ ᠳᠤ ᠰᠦᠮᠣ ᠨᠢ ᠠᠯᠪᠠᠨ ᠶᠣᠰᠣᠨ ᠤ ᠬᠢᠴᠢᠶᠡᠯ ᠪᠣᠯᠵᠤ ᠣᠷᠣᠵᠤ ᠡᠬᠢᠯᠡᠭᠰᠡᠨ᠃
 • ᠡᠳᠣ ᠡᠷᠡᠨ ᠡᠴᠡ ᠳᠡᠯᠡᠬᠡᠢ ᠶᠢᠨ 2 ᠍ ᠳᠦᠭᠡᠷ ᠳᠠᠶᠢᠨ ᠬᠦᠷᠲᠡᠯ᠎ᠡ ᠡᠮᠡᠭᠲᠡᠢ ᠰᠦᠮᠣ ᠪᠠᠶᠢᠭᠰᠠᠨ᠃ ᠣᠶᠢᠷ᠎ᠠ ᠶᠢᠨ ᠬᠡᠳᠦᠨ ᠵᠢᠯ ᠳᠤ ᠰᠣᠨᠢᠷᠬᠠᠭᠴᠢᠳ ᠤᠨ ᠡᠮᠡᠭᠲᠡᠢ ᠰᠦᠮᠣ ᠪᠤᠶᠤ "ᠰᠢᠨ᠎ᠡ ᠰᠦᠮᠣ" ᠨᠢ ᠳᠡᠯᠭᠡᠷᠴᠢ ᠪᠠᠶᠢᠭ᠎ᠠ᠃

ᠰᠦᠮᠠᠭ ᠤᠨ ᠨᠡᠷᠡᠰᠢᠯ ᠦᠳ ᠦᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 • "ᠰᠦᠮᠣ" ᠭᠡᠳᠡᠭ ᠦᠭᠡ ᠨᠢ ᠡᠷᠲᠡᠨ ᠦ "ᠰᠦᠮᠠᠬᠢ" ᠭᠡᠳᠡᠭ ᠡᠴᠡ "ᠰᠦᠮᠠᠹᠦ" ᠪᠣᠯᠵᠤ᠂ ᠳᠠᠷᠠᠭ᠎ᠠ ᠨᠢ "ᠰᠦᠮᠣ" ᠪᠣᠯᠵᠠᠢ᠃
 • ᠮᠥᠨ ᠰᠦᠮᠣ ᠨᠢ "ᠲᠡᠭᠣᠢ" ᠭᠡᠵᠦ ᠨᠢᠴᠦᠭᠦᠨ ᠭᠠᠷ ᠢᠶᠠᠷ ᠢᠶᠠᠨ ᠲᠤᠯᠤᠯᠳᠤᠬᠤ ᠭᠡᠰᠡᠨ ᠤᠳᠬ᠎ᠠ ᠲᠠᠢ ᠦᠭᠡ ᠪᠡᠷ ᠢᠯᠡᠷᠬᠡᠶᠢᠯᠡᠵᠦ ᠪᠠᠶᠢᠴᠠᠢ᠃
 • ᠮᠡᠷᠭᠡᠵᠢᠯ ᠦᠨ ᠰᠦᠮᠠᠭ ᠤᠨ ᠲᠠᠮᠢᠷᠴᠢᠨ ᠢ ᠶᠠᠫᠣᠨ ᠢᠶᠠᠷ "ᠷᠢᠺᠠᠰᠢ", "ᠰᠦᠮᠣᠲ᠋ᠣᠷᠢ" ᠭᠡᠵᠦ ᠨᠡᠷᠡᠯᠡᠳᠡᠭ᠃ ᠡᠩ ᠦᠨ ᠶᠠᠷᠢᠶᠠᠨ ᠳᠤ ᠪᠣᠯ "ᠣ ᠰᠦᠮᠣ ᠰᠠᠨ", ᠮᠣᠩᠭᠣᠯᠴᠤᠳ ᠪᠣᠯ ᠰᠦᠮᠣᠴᠢᠨ᠂ ᠰᠦᠮᠣ ᠪᠥᠬᠡ ᠭᠡᠵᠦ ᠨᠡᠷᠡᠯᠡᠬᠦ ᠨᠢ ᠶᠡᠬᠡ᠃

ᠰᠦᠮᠠᠭ ᠢᠶᠠᠷ ᠪᠠᠷᠢᠯᠳᠤᠬᠤ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 • 4.55 ᠮ ᠳ᠋ᠢᠶᠠᠮᠧᠲ᠋ᠷ ᠲᠡᠢ ᠳᠤᠭᠤᠢ ᠬᠡᠯᠪᠡᠷᠢ ᠲᠡᠢ ᠳᠡᠪᠵᠢᠶ᠎ᠡ ᠪᠤᠶᠤ "ᠳᠬᠶ᠎ᠠ" ᠳᠡᠭᠡᠷ᠎ᠡ ᠰᠦᠮᠠᠭ ᠤᠨ ᠡᠮᠦᠰᠬᠡᠯ ᠪᠣᠯᠬᠤ ᠮᠠᠸᠠᠰᠢ ᠡᠮᠦᠰᠦᠨ ᠪᠠᠷᠢᠯᠳᠤᠨ᠎ᠠ᠃ ᠳᠡᠪᠵᠢᠭᠡᠨ ᠡᠴᠡ ᠭᠠᠷᠬᠤ ᠪᠣᠯᠤᠨ ᠡᠪᠦᠳᠦᠭᠡᠨ ᠡᠴᠡ ᠳᠡᠭᠡᠭᠰᠢ ᠪᠡᠶ᠎ᠡ ᠶᠢᠨ ᠬᠡᠰᠡᠭ ᠨᠢ ᠳᠡᠪᠵᠢᠭᠡᠨ ᠳᠦ ᠬᠦᠷᠦᠭᠰᠡᠨ ᠨᠢ ᠢᠯᠠᠭᠳᠠᠳᠠᠭ᠃ ᠬᠣᠷᠢᠭ᠎ᠠ ᠲᠠᠢ ᠮᠡᠬᠡ ᠬᠢᠭᠰᠡᠨ ᠲᠣᠬᠢᠶᠠᠯᠳᠤᠯ ᠳᠤ "ᠭᠶᠠᠵᠢ" ᠪᠤᠶᠤ ᠵᠠᠰᠠᠭᠤᠯ ᠨᠢ ᠰᠢᠢᠳᠦᠨ᠎ᠡ᠃
 • ᠬᠣᠷᠢᠭ᠎ᠠ ᠲᠠᠢ ᠮᠡᠬᠡ ᠶᠢ ᠳᠦᠷᠢᠮᠴᠢᠯᠡᠨ ᠲᠣᠭᠲᠠᠭᠠᠬᠤ ᠠᠴᠠ ᠡᠮᠦᠨ᠎ᠡ ᠪᠣᠯ ᠴᠢᠴᠢᠬᠦ᠂ ᠴᠤᠬᠢᠬᠤ᠂ ᠢᠰᠭᠦᠯᠬᠦ ᠨᠢ ᠬᠣᠷᠢᠭᠠᠲᠠᠢ ᠪᠠᠶᠢᠵᠠᠢ.

ᠡᠩ ᠦᠨ ᠪᠠᠷᠢᠯᠳᠤᠭᠠᠨ ᠨᠢ ᠳᠠᠷᠠᠭᠠᠬᠢ ᠳᠠᠷᠠᠭᠠᠯᠠᠯ ᠲᠠᠢ ᠪᠠᠷ ᠶᠠᠪᠤᠭᠳᠠᠳᠠᠭ᠃

ᠱᠢᠺᠢᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠳᠤᠭᠤᠢ ᠬᠡᠯᠪᠡᠷᠢ ᠲᠡᠢ ᠳᠡᠪᠵᠢᠶ᠎ᠡ ᠷᠦᠦ ᠣᠷᠣᠵᠤ ᠬᠣᠭᠣᠷᠣᠨᠳᠣ ᠪᠠᠨ ᠨᠡᠯᠢᠶᠡᠨ ᠬᠣᠯᠠᠬᠠᠨ ᠵᠣᠭᠰᠣᠵᠤ ᠨᠢᠭᠤᠷ ᠨᠡᠭᠦᠷᠢ ᠪᠡᠨ ᠬᠠᠷᠠᠯᠴᠠᠳᠠᠨ᠂ ᠬᠠᠭᠠᠰ ᠰᠠᠭᠤᠵᠤ ᠠᠳᠬᠤᠭᠰᠠᠨ ᠭᠠᠷ ᠢᠶᠠᠨ "ᠱᠢᠺᠢᠷᠢ ᠰᠡᠨ" ᠪᠤᠶᠤ ᠪᠡᠯᠡᠳᠬᠡᠯ ᠦᠨ ᠵᠢᠷᠤᠭᠠᠰᠤᠨ ᠳᠤ ᠬᠦᠷᠭᠡᠨ᠎ᠡ᠃ ᠡᠭᠦᠨ ᠢ "ᠱᠢᠺᠢᠷᠢ" ᠭᠡᠳᠡᠭ᠃ ᠬᠡᠳᠦᠨ ᠴᠤ ᠤᠳᠠᠭ᠎ᠠ ᠬᠢᠵᠦ ᠪᠣᠯᠬᠤ ᠴᠤ᠂ ᠶᠡᠬᠡᠩᠬᠢ ᠳᠦ ᠪᠡᠨ ᠴᠠᠭ ᠤᠨ ᠬᠢᠵᠠᠭᠠᠷ ᠲᠣᠭᠲᠠᠭᠠᠭᠰᠠᠨ ᠪᠠᠶᠢᠳᠠᠭ᠃

ᠪᠠᠷᠢᠯᠳᠤᠭᠠᠨ ᠤ ᠲᠠᠴᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠠᠳᠬᠤᠭᠰᠠᠨ ᠭᠠᠷ ᠢᠶᠠᠨ ᠳᠡᠪᠵᠢᠭᠡᠨ ᠳᠦ ᠬᠦᠷᠦᠭᠰᠡᠨ ᠪᠠᠶᠢᠳᠠᠯ ᠲᠠᠢ ᠪᠠᠷ 2 ᠰᠦᠮᠣᠴᠢᠨ ᠨᠢ ᠬᠠᠷᠠᠴᠠ ᠲᠤᠯᠭᠠᠷᠠᠭᠰᠠᠨ ᠦᠶᠡᠳᠡᠭᠡ ᠵᠡᠷᠭᠡ ᠪᠣᠰᠴᠢ ᠪᠠᠷᠢᠯᠳᠤᠭᠠᠨ ᠡᠬᠢᠯᠡᠳᠡᠭ (ᠲᠠᠴᠢᠶ᠎ᠠ ᠭᠡᠳᠡᠭ ᠨᠢ ᠶᠠᠫᠣᠨ ᠢᠶᠠᠷ ᠨᠡᠶᠢᠯᠡᠵᠦ ᠪᠣᠰᠬᠤ ᠤᠳᠬ᠎ᠠ ᠲᠠᠢ ᠭᠡᠰᠡᠨ ᠦᠭᠡ). ᠡᠭᠦᠨ ᠢ "ᠲᠠᠴᠢᠶ᠎ᠠ" ᠭᠡᠨ᠎ᠡ᠃
 • ᠲᠠᠴᠢᠶ᠎ᠠ ᠨᠢ ᠳᠡᠯᠡᠬᠡᠢ ᠪᠤᠰᠤᠳ ᠣᠷᠣᠨ ᠳᠤ ᠪᠠᠶᠢᠳᠠᠭ ᠦᠭᠡᠢ᠂ ᠶᠠᠫᠣᠨ ᠤ ᠣᠨᠴᠠᠯᠢᠭ ᠪᠦᠬᠦᠢ ᠠᠷᠭ᠎ᠠ ᠶᠤᠮ᠃ 2 ᠲᠠᠯ᠎ᠠ ᠨᠢ ᠬᠣᠭᠣᠷᠣᠨᠳᠣ ᠪᠠᠨ ᠶᠠᠮᠠᠷ ᠨᠢᠭᠡ ᠳᠣᠬᠢᠶ᠎ᠠ ᠵᠠᠩᠭᠠᠭ᠎ᠠ ᠦᠭᠡᠢ ᠪᠡᠷ ᠡᠬᠢᠯᠡᠳᠡᠭ ᠲᠦ ᠪᠠᠶᠢᠭ᠎ᠠ ᠶᠤᠮ᠃ "ᠱᠢᠺᠢᠷᠢ"ᠭ ᠬᠡᠳᠦ ᠬᠡᠳᠦᠨ ᠤᠳᠠᠭ᠎ᠠ ᠬᠢᠬᠦ ᠬᠣᠭᠣᠷᠣᠨᠳᠣ 2 ᠰᠦᠮᠣᠴᠢᠨ ᠨᠢ ᠬᠣᠶᠠᠭᠤᠯᠠ ᠪᠠᠨ ᠪᠠᠷᠢᠯᠳᠤᠬᠤ ᠪᠠᠷ ᠰᠢᠢᠳᠡᠭᠰᠡᠨ ᠦᠶᠡᠳᠡᠭᠡ ᠯᠠ ᠪᠣᠰᠳᠠᠭ ᠪᠠ ᠵᠠᠰᠠᠭᠤᠯ ᠨᠢ ᠶᠡᠬᠡᠩᠬᠢ ᠰᠫᠣᠷᠲᠣᠳ ᠪᠠᠶᠢᠳᠠᠭᠴᠢᠯᠠᠨ ᠲᠡᠮᠡᠴᠡᠭᠡᠨ ᠡᠬᠢᠯᠡᠭᠰᠡᠨ ᠢ ᠵᠠᠷᠯᠠᠬᠤ ᠪᠢᠰᠢ ᠮᠠᠭᠠᠳᠯᠠᠬᠤ ᠯᠠ ᠡᠭᠦᠷᠭᠡ ᠲᠡᠢ ᠶᠤᠮ᠃
 • ᠰᠦᠮᠠᠭ ᠤᠨ ᠷᠢᠺᠠᠰᠢ ᠨᠢ ᠨᠠᠰᠤ᠂ ᠥᠨᠳᠥᠷ᠂ ᠵᠢᠩ ᠬᠠᠷᠠᠭᠠᠯᠵᠠᠬᠤ ᠦᠭᠡᠢ ᠪᠡᠷ ᠬᠣᠭᠣᠷᠣᠨᠳᠣ ᠪᠠᠨ ᠪᠠᠷᠢᠯᠳᠤᠳᠠᠭ᠃

ᠰᠦᠮᠠᠭ ᠤᠨ ᠳᠠᠭᠠᠷᠢᠬᠤ/ᠳᠣᠪᠲᠣᠯᠭ᠎ᠠ ᠮᠡᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠵᠠᠶᠢᠨ ᠠᠴᠠ ᠪᠡᠶ᠎ᠡ ᠪᠡᠶ᠎ᠡ ᠪᠡᠨ ᠭᠠᠷ ᠢᠶᠠᠨ ᠲᠦᠯᠬᠢᠬᠦ ᠪᠣᠯᠤᠨ ᠵᠠᠶᠢᠯᠠᠵᠤ ᠴᠤᠬᠢᠬᠤ ᠭᠡᠬᠦ ᠮᠡᠲᠦ ᠣᠯᠠᠨ ᠮᠡᠬᠡ ᠪᠠᠶᠢᠳᠠᠭ᠃ ᠮᠣᠩᠭᠣᠯ ᠪᠥᠬᠡ ᠶᠢᠨ ᠰᠡᠷᠡᠪᠡᠦ ᠪᠠᠷᠢᠴᠠᠨ ᠠᠴᠠ ᠬᠢᠳᠡᠭ ᠶᠡᠬᠡᠩᠬᠢ ᠮᠡᠬᠡ ᠳᠡᠭᠡᠷ᠎ᠡ ᠲᠦᠯᠬᠦᠬᠦ ᠮᠡᠬᠡ ᠬᠡᠷᠡᠭᠯᠡᠨ ᠳᠠᠪᠠᠭᠤ ᠪᠠᠷᠢᠴᠠ ᠪᠠᠶᠢᠷᠢᠯᠠᠯ ᠣᠯᠵᠤ ᠠᠪᠬᠤ ᠶᠢ ᠵᠣᠷᠢᠨ᠎ᠠ᠃
 • "ᠮᠠᠸᠠᠰᠢ" ᠍ ᠠᠴᠠ ᠪᠠᠷᠢᠯᠴᠠᠨ (ᠵᠣᠯᠭᠠᠵᠤ) ᠬᠣᠭᠣᠷᠣᠨᠳᠣ ᠪᠠᠨ ᠮᠡᠬᠡ ᠬᠢᠯᠴᠡᠨ᠎ᠡ᠃

ᠮᠡᠬᠡ ᠶᠢᠨ ᠲᠥᠷᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠱᠢ ᠳᠦ ᠬᠢ᠂ ᠬᠥᠯ ᠪᠣᠯᠤᠨ ᠭᠠᠷ ᠢᠶᠠᠷ ᠡᠲᠡᠬᠦ᠂ ᠮᠤᠷᠢᠬᠤ᠂ ᠡᠷᠡᠭᠦᠳᠡᠬᠦ (投げ・掛け・反り・捻り) ᠲᠥᠷᠥᠯ ᠦᠨ ᠮᠡᠬᠡ ᠨᠦᠭᠦᠳ ᠭᠣᠣᠯᠯᠠᠨ᠎ᠠ᠃
 • 1928 ᠣᠨ ᠤ 1 ᠰᠠᠷ᠎ᠠ ᠶᠢᠨ 12 ᠍ ᠨᠣᠣᠰᠣ ᠡᠬᠢᠯᠡᠨ NHK ᠨᠢ ᠷᠠᠳᠢᠣ᠋ᠣᠣᠷ ᠰᠦᠮᠠᠭ ᠤᠨ ᠲᠡᠮᠡᠴᠡᠭᠡᠨ ᠢ ᠰᠢᠭᠤᠳ ᠳᠠᠮᠵᠢᠭᠤᠯᠵᠤ ᠡᠬᠢᠯᠡᠵᠡᠢ᠃ ᠡᠭᠦᠨ ᠲᠡᠢ ᠬᠣᠯᠪᠣᠭᠳᠠᠭᠤᠯᠤᠨ ᠨᠢᠭᠡ ᠪᠠᠷᠢᠯᠳᠤᠭᠠᠨ ᠳᠠᠬᠢ ᠴᠠᠭ ᠤᠨ ᠬᠢᠵᠠᠭᠠᠷ ᠢ ᠲᠣᠭᠲᠠᠭᠠᠭᠰᠠᠨ ᠪᠠᠶᠢᠨ᠎ᠠ᠃ ᠮᠠᠺᠦᠦ᠋ᠴᠢ ᠵᠢᠩᠳᠠᠭᠠᠨ ᠨᠢ 10 ᠮᠢᠨᠦ᠋ᠲ ᠲᠦ᠂ ᠵᠦᠷᠶᠣ 7 ᠮᠢᠨᠦ᠋ᠲ ᠲᠦ ᠭᠡᠵᠦ ᠲᠣᠭᠲᠠᠭᠠᠴᠠᠢ᠃ ᠡᠭᠦᠨ ᠡᠴᠡ ᠡᠮᠦᠨ᠎ᠡ ᠪᠣᠯ ᠲᠠᠴᠢᠶ᠎ᠠ ᠨᠢ ᠲᠣᠯᠣᠭᠠᠢ ᠶᠢ ᠪᠠᠨ ᠨᠡᠶᠢᠯᠡᠭᠦᠯᠦᠭᠰᠡᠨ ᠪᠠᠶᠢᠳᠠᠯ ᠠᠴᠠ ᠡᠬᠢᠯᠡᠨ᠂ ᠴᠠᠭ ᠤᠨ ᠬᠢᠵᠠᠭᠠᠷ ᠦᠭᠡᠢ ᠪᠠᠷᠢᠯᠳᠤᠵᠤ ᠪᠠᠶᠢᠴᠠᠢ᠃

ᠰᠦᠮᠠᠭ ᠤᠨ ᠵᠡᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠮᠠᠭ ᠤᠨ ᠬᠡᠯᠡᠯᠭᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠮᠣ ᠪᠣᠯᠤᠨ ᠶᠠᠫᠣᠨ ᠤ ᠴᠠᠭᠠᠴᠢ ᠢᠷᠭᠡᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠮᠣ ᠨᠢ ᠴᠠᠭᠠᠴᠢ ᠢᠷᠭᠡᠳ ᠲᠡᠢ ᠬᠠᠮᠲᠤ ᠪᠷᠠᠽᠢᠯ ᠳᠤ ᠣᠴᠢᠵᠤ᠂ ᠤᠯᠠᠮ ᠢᠶᠠᠷ ᠡᠮᠦᠨᠡᠲᠦ ᠠᠮᠧᠷᠢᠺᠠ ᠲᠤ ᠳᠡᠯᠭᠡᠷᠡᠭᠰᠡᠨ᠃

ᠪᠷᠠᠽᠢᠯ ᠳᠤ ᠰᠦᠮᠠᠭ ᠤᠨ ᠠᠩᠬᠠᠨ ᠤ ᠲᠡᠮᠡᠴᠡᠭᠡᠨ 1914 ᠣᠨ ᠤ 8 ᠰᠠᠷ᠎ᠠ ᠶᠢᠨ 31 ᠍ ᠳᠦ ᠰᠠᠩ-ᠫᠠᠤᠯᠤ ᠳᠤ ᠵᠣᠬᠢᠶᠠᠭᠳᠠᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Sumo World Championships}

http://wiki.uhaan.com/index.php?title=ᠰᠦᠮᠣ&oldid=394316》 ᠍  ᠡᠴᠡ ᠠᠪᠤᠭᠰᠠᠨ

ᠪᠢᠴᠢᠭᠡᠰᠦ