ᠰᠦᠬᠡᠪᠠᠭᠠᠲᠤᠷ ᠤᠨ ᠪᠠᠲᠤᠪᠠᠯ ᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠦᠬᠡᠪᠠᠭᠠᠲᠤᠷ ᠤᠨ ᠪᠠᠲᠤᠪᠠᠯ ᠳᠤ


ᠠᠯᠪᠠᠨ ᠲᠤᠰᠢᠶᠠᠯ ᠬᠠᠰᠢᠭᠰᠠᠨ
2009 ᠣᠨ ᠤ 10 ᠰᠠᠷ᠎ᠠ ᠶᠢᠨ 29 – 2012 ᠣᠨ ᠤ 8 ᠰᠠᠷ᠎ᠠ ᠶᠢᠨ 9
ᠶᠡᠷᠦᠩᠬᠡᠶᠢᠯᠡᠭᠴᠢ ᠴᠠᠬᠢᠭ᠎ᠠ ᠶᠢᠨ ᠡᠯᠪᠡᠭᠳᠣᠷᠵᠢ
ᠡᠮᠦᠨᠡᠬᠢ ᠰᠠᠩᠵᠠ ᠶᠢᠨ ᠪᠠᠶᠠᠷ
ᠳᠠᠷᠠᠭᠠᠬᠢ ᠨᠣᠷᠪᠤ ᠶᠢᠨ ᠠᠯᠲᠠᠨᠬᠤᠶᠠᠭ

ᠮᠣᠩᠭᠣᠯ ᠠᠷᠠᠳ ᠤᠨ ᠨᠠᠮ ᠍ ᠍ ᠤᠨ ᠳᠠᠷᠤᠭ᠎ᠠ
ᠠᠯᠪᠠᠨ ᠲᠤᠰᠢᠶᠠᠯ ᠬᠠᠰᠢᠭᠰᠠᠨ
2010 ᠣᠨ ᠤ 4 ᠰᠠᠷ᠎ᠠ ᠶᠢᠨ 8 – 2012 ᠣᠨ ᠤ 7 ᠰᠠᠷ᠎ᠠ ᠶᠢᠨ 25
ᠡᠮᠦᠨᠡᠬᠢ ᠰᠠᠩᠵᠠ ᠶᠢᠨ ᠪᠠᠶᠠᠷ
ᠳᠠᠷᠠᠭᠠᠬᠢ ᠥᠯᠵᠡᠶᠢᠰᠠᠶᠢᠬᠠᠨ ᠤ ᠡᠩᠬᠡᠲᠦᠪᠰᠢᠨ

ᠲᠦᠷᠦᠭᠰᠡᠨ 1963 ᠣᠨ ᠤ 6 ᠰᠠᠷ᠎ᠠ ᠶᠢᠨ 24 (1963-06-24) (56 ᠨᠠᠰᠣᠳᠠᠢ)
ᠮᠣᠩᠭᠣᠯᠤᠯᠠᠭᠠᠨᠪᠠᠭᠠᠲᠤᠷ
ᠤᠯᠤᠰ ᠲᠥᠷᠥ ᠶᠢᠨ ᠨᠠᠮ ᠠᠷᠠᠳ ᠤᠨ ᠨᠠᠮ
ᠲᠡᠭᠦᠰᠦᠭᠰᠡᠨ ᠰᠤᠷᠭᠠᠭᠤᠯᠢ ᠮᠣᠰᠺᠸᠠ ᠶᠢᠨ ᠣᠯᠠᠨ ᠤᠯᠤᠰ ᠤᠨ ᠬᠠᠷᠢᠯᠴᠠᠭᠠᠨ ᠤ ᠳᠡᠭᠡᠳᠦ ᠰᠤᠷᠭᠠᠭᠤᠯᠢ
ᠯᠣᠨᠳᠣᠨ ᠤ ᠪᠢᠽᠢᠨ᠋ᠧᠰ ᠦᠨ ᠶᠡᠬᠡ ᠰᠤᠷᠭᠠᠭᠤᠯᠢ
ᠣᠷᠣᠰ ᠤᠨ ᠭᠠᠳᠠᠭᠠᠳᠤ ᠬᠡᠷᠡᠭ ᠦᠨ ᠶᠠᠮᠤᠨ ᠤ ᠳ᠋ᠢᠫᠯᠣᠮᠠᠲ ᠤᠨ ᠠᠺᠠᠳᠧᠮᠢ
ᠸᠪᠰᠠᠢ ᠳᠤ ᠠᠯᠪᠠᠨ ᠶᠣᠰᠣᠨ ᠤ ᠴᠠᠬᠢᠮ ᠬᠠᠭᠤᠳᠠᠰᠤ

ᠰᠦᠬᠡᠪᠠᠭᠠᠲᠤᠷ ᠤᠨ ᠪᠠᠲᠤᠪᠠᠯ ᠳᠤ (1963 ᠣᠨ ᠤ 6 ᠰᠠᠷ᠎ᠠ ᠶᠢᠨ 24 - ) ᠨᠢ ᠮᠣᠩᠭᠣᠯ ᠤᠨ ᠤᠯᠤᠰ ᠲᠥᠷᠦᠴᠢᠪᠢᠽᠢᠨ᠋ᠧᠰᠮᠡᠨ᠂ ᠮᠣᠩᠭᠣᠯ ᠤᠯᠤᠰ ᠤᠨ 26 ᠳᠠᠬᠢ ᠶᠡᠷᠦᠩᠬᠡᠢ ᠰᠠᠶᠢᠳ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ 1963 ᠣᠨ ᠳᠤ ᠤᠯᠠᠭᠠᠨᠪᠠᠭᠠᠲᠤᠷ ᠬᠣᠳᠠ ᠳᠤ ᠲᠥᠷᠦᠵᠢᠭᠡ᠃ 1980 ᠣᠨ ᠳᠤ ᠤᠯᠠᠭᠠᠨᠪᠠᠭᠠᠲᠤᠷ ᠬᠣᠲᠠ ᠶᠢᠨ 10 ᠵᠢᠯ ᠦᠨ 14 ᠳᠦᠭᠡᠷ ᠳᠤᠮᠳᠠ ᠰᠤᠷᠭᠠᠭᠤᠯᠢ᠂ 1986 ᠣᠨ ᠳᠤ ᠮᠣᠰᠺᠸᠠᠭᠡᠶᠢᠨ ᠣᠯᠠᠨ ᠤᠯᠤᠰ ᠤᠨ ᠬᠠᠷᠢᠯᠴᠠᠭᠠᠨ ᠤ ᠳᠡᠭᠡᠳᠦ ᠰᠤᠷᠭᠠᠭᠤᠯᠢ ᠶᠢ ᠲᠡᠭᠦᠰ ᠢᠶᠡᠨ ᠳᠦ 1988 ᠣᠨ ᠬᠦᠷᠲᠡᠯ᠎ᠡ ᠡᠳ᠋ ᠍ ᠍ ᠦᠨ ᠵᠠᠰᠠᠭ ᠤᠨ ᠭᠠᠳᠠᠭᠠᠳᠤ ᠬᠠᠷᠢᠯᠴᠠᠭᠠᠨ ᠤ ᠬᠠᠩᠭᠠᠮᠵᠢ ᠶᠢᠨ ᠶᠠᠮᠤᠨ ᠳᠤ ᠮᠡᠷᠭᠡᠵᠢᠯᠲᠡᠨ ᠢᠶᠡᠷ ᠠᠵᠢᠯᠯᠠᠵᠤ ᠪᠠᠶᠢᠭᠠᠳ ᠲᠤᠰ ᠶᠠᠮᠤᠨ ᠤ 《ᠮᠣᠩᠭᠣᠯ ᠢᠮᠫᠧᠺᠰ》 ᠨᠢᠭᠡᠳᠦᠯ ᠳᠦ ᠡᠺᠰᠫᠣᠷᠲ ᠹᠢᠷᠮ ᠦᠨ ᠳᠠᠷᠤᠭ᠎ᠠ ᠪᠣᠯᠪᠠ᠃

ᠮᠣᠩᠭᠣᠯ ᠤᠯᠤᠰ ᠠᠷᠠᠳᠴᠢᠯᠠᠯ ᠳᠤ ᠰᠢᠯᠵᠢᠭᠰᠡᠨ ᠦ ᠳᠠᠷᠠᠭ᠎ᠠ 1991 ᠣᠨ ᠳᠤ ᠯᠣᠨᠳᠣᠨᠢ ᠪᠢᠽᠢᠨ᠋ᠧᠰ ᠦᠨ ᠶᠡᠬᠡ ᠰᠤᠷᠭᠠᠭᠤᠯᠢ ᠳᠦᠭᠦᠷᠭᠡᠭᠡᠳ 1992 ᠣᠨ ᠳᠤ ᠬᠤᠪᠢ ᠤᠨ ᠬᠡᠪᠰᠢᠯ ᠦᠨ ᠰᠠᠯᠪᠤᠷᠢ ᠳᠤ ᠰᠢᠯᠵᠢᠵᠦ᠂ 《ᠠᠯᠲᠠᠢ ᠲᠷᠧᠢᠳᠢᠨ ᠢ》 ХХК ᠍ ᠍ ᠶᠢ ᠪᠠᠶᠢᠭᠤᠯᠵᠤ᠂ ᠶᠡᠷᠦᠩᠬᠡᠢ ᠵᠠᠬᠢᠷᠤᠯ ᠢᠶᠠᠷ ᠠᠵᠢᠯᠯᠠᠵᠤ ᠪᠠᠶᠢᠭᠠᠳ 2000 ᠣᠨ ᠳᠤ ᠤᠯᠤᠰ ᠲᠥᠷᠥ ᠳᠦ ᠣᠷᠣᠵᠠᠢ᠃

2000 - 2004 ᠣᠨ ᠳᠤ ᠭᠠᠳᠠᠭᠠᠳᠤ ᠬᠡᠷᠡᠭ ᠦᠨ ᠶᠠᠮᠤᠨ ᠤ ᠳᠡᠳ᠋ ᠰᠠᠶᠢᠳ ᠢᠶᠠᠷ ᠠᠵᠢᠯᠯᠠᠵᠤ ᠪᠠᠶᠢᠬᠤ ᠬᠤᠭᠤᠴᠠᠭᠠᠨ ᠳᠤ ᠪᠠᠨ 2002 ᠣᠨ ᠳᠤ ᠮᠣᠰᠺᠸᠠ ᠶᠢᠨ ᠳ᠋ᠢᠫᠯᠣᠮᠠᠲ ᠤᠨ ᠠᠺᠠᠳᠧᠮᠢ ᠍ ᠍ ᠶᠢ ᠲᠡᠭᠦᠰᠴᠡᠢ᠃

2004 ᠣᠨ ᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠳᠤ ᠤᠯᠠᠭᠠᠨᠪᠠᠭᠠᠲᠤᠷ ᠬᠣᠲᠠ ᠶᠢᠨ ᠰᠦᠬᠡᠪᠠᠭᠠᠲᠤᠷ ᠳᠡᠭᠦᠷᠭᠡ ᠲᠤ ᠮᠣᠩᠭᠣᠯ ᠠᠷᠠᠳ ᠤᠨ ᠬᠤᠪᠢᠰᠬᠠᠯᠲᠤ ᠨᠠᠮ ᠍ ᠍ ᠠᠴᠠ ᠨᠡᠷ᠎ᠡ ᠳᠡᠪᠰᠢᠨ ᠥᠷᠢᠰᠦᠯᠳᠦᠵᠦ ᠢᠯᠠᠯᠲᠠ ᠪᠠᠶᠢᠭᠤᠯᠤᠭᠰᠠᠨ ᠢᠶᠠᠷ ᠤᠯᠤᠰ ᠤᠨ ᠶᠡᠬᠡ ᠬᠤᠷᠠᠯ ᠶᠢᠨ ᠭᠡᠰᠢᠭᠦᠨ ᠪᠣᠯᠵᠠᠢ᠃ 2004 - 2006 ᠣᠨ ᠳᠤ ᠴᠠᠬᠢᠭ᠎ᠠ ᠶᠢᠨ ᠡᠯᠪᠡᠭᠳᠣᠷᠵᠢᠡᠶᠢᠨ ᠲᠡᠷᠢᠭᠦᠯᠡᠭᠰᠡᠨ᠂ ᠡᠪᠰᠡᠯ ᠦᠨ ᠵᠠᠰᠠᠭ ᠤᠨ ᠭᠠᠵᠠᠷ ᠲᠤ ᠵᠠᠰᠠᠭ ᠤᠨ ᠭᠠᠵᠠᠷ ᠤᠨ ᠭᠡᠰᠢᠭᠦᠨ᠂ ᠦᠢᠯᠡᠳᠪᠦᠷᠢ᠂ ᠬᠤᠳᠠᠯᠳᠤᠭᠠᠨ ᠤ ᠰᠠᠶᠢᠳ ᠢᠶᠠᠷ ᠠᠵᠢᠯᠯᠠᠵᠤ ᠪᠠᠶᠢᠭᠰᠠᠨ᠃

ᠲᠡᠷᠡ ᠪᠡᠷ 2008 ᠣᠨ ᠤ ᠰᠣᠩᠭᠣᠭᠤᠯᠢ ᠳᠤ ᠮᠥᠨ ᠰᠦᠬᠡᠪᠠᠭᠠᠲᠤᠷ ᠳᠡᠭᠦᠷᠭᠡ ᠶᠢᠨ 23 ᠍ ᠍ ᠳᠦᠭᠡᠷ ᠲᠣᠭᠣᠷᠢᠭ ᠠᠴᠠ ᠤᠯᠠᠷᠢᠨ ᠰᠣᠩᠭᠣᠭᠳᠠᠭᠰᠠᠨ᠃ ᠤᠯᠤᠰ ᠤᠨ ᠶᠡᠬᠡ ᠬᠤᠷᠠᠯ ᠤᠨ 2008 ᠣᠨ ᠤ 9 ᠰᠠᠷ᠎ᠠ ᠶᠢᠨ 19 ᠍ ᠍ ᠦ ᠡᠳᠦᠷ ᠦᠨ ᠨᠢᠭᠡᠳᠦᠭᠰᠡᠨ ᠴᠢᠭᠤᠯᠭᠠᠨ ᠤ ᠬᠤᠷᠠᠯᠳᠤᠭᠠᠨ ᠢᠶᠠᠷ ᠰᠠᠩᠵᠠ ᠶᠢᠨ ᠪᠠᠶᠠᠷ ᠍ ᠍ ᠤᠨ ᠲᠡᠷᠢᠭᠦᠯᠡᠭᠰᠡᠨ ᠵᠠᠰᠠᠭ ᠤᠨ ᠭᠠᠵᠠᠷ ᠤᠨ ᠭᠡᠰᠢᠭᠦᠨ᠂ ᠭᠠᠳᠠᠭᠠᠳᠤ ᠬᠠᠷᠢᠯᠴᠠᠭ᠎ᠠᠨ ᠤ ᠰᠠᠶᠢᠳ ᠢᠶᠠᠷ ᠲᠣᠮᠢᠯᠠᠭᠳᠠᠨ ᠠᠵᠢᠯᠯᠠᠵᠤ ᠪᠠᠶᠢᠪᠠ᠃

ᠮᠣᠩᠭᠣᠯ ᠤᠯᠤᠰ ᠤᠨ 25 ᠳᠠᠬᠢ ᠶᠡᠷᠦᠩᠬᠡᠢ ᠰᠠᠶᠢᠳ ᠰ᠃ᠪᠠᠶᠠᠷ ᠡᠪᠡᠳᠴᠢᠨ ᠦ ᠤᠯᠠᠮ ᠠᠴᠠ ᠡᠭᠦᠷᠭᠡᠲᠦ ᠠᠵᠢᠯ ᠠᠴᠠ ᠪᠠᠨ ᠴᠢᠯᠦᠭᠡᠯᠡᠭᠳᠡᠬᠦ ᠬᠦᠰᠡᠯᠲᠡ ᠭᠠᠷᠭᠠᠨ᠂ 2009 ᠣᠨ ᠤ 10 ᠰᠠᠷ᠎ᠠ ᠶᠢᠨ 28 ᠍ ᠍ ᠳᠦ ᠠᠯᠪᠠᠨ ᠲᠤᠰᠢᠶᠠᠯ ᠢᠶᠠᠨ ᠥᠭᠭᠦᠭᠰᠡᠨ ᠦ ᠳᠠᠷᠠᠭ᠎ᠠ ᠮᠣᠩᠭᠣᠯ ᠠᠷᠠᠳ ᠤᠨ ᠬᠤᠪᠢᠰᠬᠠᠯᠲᠤ ᠨᠠᠮ ᠠᠴᠠ ᠲᠡᠭᠦᠨ ᠦ ᠨᠡᠷ᠎ᠡ ᠶᠢ ᠶᠡᠷᠦᠩᠬᠡᠢ ᠰᠠᠶᠢᠳ ᠲᠤ ᠨᠡᠷ᠎ᠡ ᠳᠡᠪᠰᠢᠭᠦᠯᠦᠨ᠂ ᠤᠯᠤᠰ ᠤᠨ ᠶᠡᠬᠡ ᠬᠤᠷᠠᠯ ᠤᠨ ᠭᠡᠰᠢᠭᠦᠳ ᠦᠨ 93.9 ᠬᠤᠪᠢ ᠤᠨ ᠳᠡᠮᠵᠢᠯᠭᠡ ᠶᠢ ᠬᠦᠯᠢᠶᠡᠵᠦ᠂ 2009 ᠣᠨ ᠤ 10 ᠰᠠᠷ᠎ᠠ ᠶᠢᠨ 29 ᠍ ᠍ ᠳᠦ ᠮᠣᠩᠭᠣᠯ ᠤᠯᠤᠰ ᠤᠨ 26 ᠳᠠᠬᠢ ᠶᠡᠷᠦᠩᠬᠡᠢ ᠰᠠᠶᠢᠳ ᠢᠶᠠᠷ ᠲᠣᠮᠢᠯᠠᠭᠳᠠᠨ ᠠᠵᠢᠯᠯᠠᠵᠤ ᠪᠠᠶᠢᠪᠠ᠃ 2012 ᠣᠨ ᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠳᠤ ᠲᠡᠭᠦᠨ ᠦ ᠤᠳᠤᠷᠢᠳᠤᠭᠰᠠᠨ ᠮᠣᠩᠭᠣᠯ ᠠᠷᠠᠳ ᠤᠨ ᠨᠠᠮ ᠢᠯᠠᠭᠳᠠᠯ ᠬᠦᠯᠢᠶᠡᠭᠰᠡᠨ ᠢᠶᠡᠷ ᠲᠡᠷᠡᠪᠡᠷ ᠨᠠᠮ ᠤᠨ ᠳᠠᠷᠤᠭ᠎ᠠ ᠪᠣᠯᠤᠨ ᠶᠡᠷᠦᠩᠬᠡᠢ ᠰᠠᠶᠢᠳ ᠤᠨ ᠠᠯᠪᠠ ᠪᠠᠨ ᠰᠢᠯᠵᠢᠭᠦᠯᠦᠨ ᠥᠭᠴᠡᠢ᠃

ᠪᠢᠴᠢᠭᠡᠰᠦ