ᠰᠦ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠰᠢᠭᠡ ᠡᠬᠡ ᠶᠢ ᠪᠡᠨ ᠬᠥᠬᠥᠵᠦ ᠪᠠᠶᠢᠨ᠎ᠠ

ᠰᠦ᠋ ᠪᠣᠯ ᠡᠮᠡᠭᠴᠢᠨ ᠬᠥᠬᠥᠲᠡᠨ ᠠᠮᠢᠲᠠᠨ ᠦ ᠬᠥᠬᠦᠨ ᠦ ᠪᠤᠯᠴᠢᠷᠬᠠᠢ ᠠᠴᠠ ᠢᠯᠭᠠᠷᠠᠳᠠᠭ ᠲᠡᠵᠢᠭᠡᠯᠯᠢᠭ ᠰᠢᠩᠭᠡᠨ᠃ ᠬᠥᠬᠥᠲᠡᠨ ᠠᠮᠢᠲᠠᠳ ᠤᠨ ᠡᠮᠡᠭᠴᠢᠨ ᠨᠢ ᠰᠦ᠋ ᠢᠯᠭᠠᠷᠠᠭᠤᠯᠬᠤ ᠡᠨᠡᠬᠦ ᠴᠢᠳᠠᠪᠤᠷᠢ ᠨᠢ ᠲᠡᠳᠡᠨ ᠢ ᠬᠥᠬᠥᠲᠡᠨ ᠠᠮᠢᠲᠠᠨ ᠬᠡᠮᠡᠨ ᠲᠣᠳᠣᠷᠬᠠᠶᠢᠯᠠᠭᠴᠢ ᠰᠢᠨᠵᠢ ᠨᠦᠭᠦᠳ ᠦᠨ ᠨᠢᠭᠡ ᠨᠢ ᠶᠤᠮ᠃ ᠨᠢᠷᠠᠢ ᠲᠥᠯ ᠠᠮᠢᠲᠠᠳ ᠦᠨᠳᠦᠰᠦᠨ ᠬᠦᠨᠡᠰᠦ ᠲᠡᠵᠢᠭᠡᠯ ᠢᠶᠡᠨ ᠢᠳᠡᠵᠦ ᠰᠣᠷᠳᠠᠯ᠎ᠠ ᠰᠦ᠋ ᠨᠢ ᠲᠡᠵᠢᠭᠡᠯ ᠦᠨ ᠭᠣᠣᠯ ᠡᠬᠢ ᠡᠭᠦᠰᠪᠦᠷᠢ ᠪᠣᠯᠳᠠᠭ᠃ ᠲᠦᠷᠦᠭᠰᠡᠨ ᠦ ᠳᠠᠷᠠᠭ᠎ᠠ ᠳᠡᠯᠡᠩᠨᠡᠬᠦ ᠰᠦ᠋ ᠍ ᠶᠢ ᠤᠭᠤᠷᠠᠭ ᠭᠡᠳᠡᠭ᠃ ᠤᠭᠤᠷᠠᠭ ᠨᠢ ᠡᠬᠡ ᠠᠮᠢᠲᠠᠨ ᠤ ᠨᠢᠷᠠᠢ ᠦᠷ᠎ᠡ ᠲᠥᠯ ᠳᠦ ᠪᠡᠨ ᠳᠠᠮᠵᠢᠭᠤᠯᠤᠭᠴᠢ ᠰᠦ᠋ ᠶᠤᠮ᠃ ᠡᠨᠡ ᠨᠢ ᠡᠬᠡ᠂ ᠦᠷ᠎ᠡ ᠲᠥᠯ ᠬᠣᠶᠠᠷ ᠲᠥᠷᠥᠯ ᠪᠦᠷᠢ ᠶᠢᠨ ᠡᠪᠡᠳᠴᠢᠨ ᠦ ᠬᠠᠯᠳᠠᠪᠤᠷᠢ ᠠᠪᠬᠤ ᠡᠷᠡᠰᠳᠡᠯ ᠢ ᠪᠠᠭᠠᠰᠬᠠᠳᠠᠭ᠃

ᠲᠦᠭᠦᠬᠡᠢ ᠰᠦ᠋ ᠶᠢᠨ ᠨᠠᠶᠢᠷᠠᠯᠭ᠎ᠠ ᠨᠢ ᠲᠤᠬᠠᠢ ᠶᠢᠨ ᠠᠮᠢᠲᠠᠨ ᠤ ᠲᠥᠷᠥᠯ᠂ ᠵᠦᠢᠯ ᠡᠴᠡ ᠬᠠᠮᠢᠶᠠᠷᠤᠨ ᠥᠭᠡᠷ᠎ᠡ ᠥᠭᠡᠷ᠎ᠡ ᠪᠠᠶᠢᠳᠠᠭ᠃ ᠭᠡᠬᠦ ᠳᠦ ᠪᠡᠨ ᠲᠦᠭᠦᠬᠡᠢ ᠰᠦ᠋ ᠨᠢ ᠶᠡᠷᠦᠩᠬᠡᠢ ᠳᠤ ᠪᠡᠨ ᠲᠣᠳᠣᠷᠬᠠᠢ ᠬᠡᠮᠵᠢᠶᠡᠨ ᠦ ᠬᠠᠨᠤᠭ᠎ᠠ ᠦᠭᠡᠢ ᠲᠣᠰᠣᠯᠢᠭ(不饱和脂肪酸)᠂ ᠣᠭᠣᠷᠠᠭᠺᠠᠯᠼᠢ ᠵᠡᠷᠭᠡ ᠶᠢ ᠠᠭᠤᠯᠠᠳᠠᠭ᠃ ᠬᠠᠯᠢᠮᠤᠳᠠᠯᠠᠢ ᠶᠢᠨ ᠭᠠᠬᠠᠢ ᠭᠡᠬᠦ ᠮᠡᠲᠦ ᠤᠰᠤᠨ ᠤ ᠬᠥᠬᠥᠲᠡᠨ ᠠᠮᠢᠲᠠᠳ ᠤᠨ ᠰᠦ᠋ ᠍ ᠶᠢ ᠭᠠᠵᠠᠷ ᠤᠨ ᠬᠢ ᠲᠠᠢ ᠬᠠᠷᠢᠴᠠᠭᠤᠯᠪᠠᠯ ᠮᠠᠰᠢ ᠶᠡᠬᠡ ᠲᠣᠰᠣᠯᠢᠭ ᠲᠠᠢ᠂ ᠮᠥᠨ ᠪᠤᠰᠤᠳ ᠬᠠᠲᠠᠭᠤ ᠲᠡᠵᠢᠭᠡᠯᠯᠢᠭ ᠪᠣᠳᠠᠰ ᠢ ᠠᠭᠤᠯᠠᠭᠰᠠᠨ ᠪᠠᠶᠢᠳᠠᠭ᠃

ᠪᠤᠰᠤᠳ ᠬᠥᠬᠥᠲᠡᠨ ᠠᠮᠢᠲᠠᠳ ᠲᠡᠢ ᠠᠳᠠᠯᠢ ᠬᠦᠮᠦᠰ ᠴᠤ ᠭᠡᠰᠡᠨ ᠨᠢᠷᠠᠢ ᠪᠠᠯᠴᠢᠷ ᠦᠶ᠎ᠡ ᠳ᠋ᠡᠭᠡᠨ ᠡᠬᠡ ᠶᠢᠨ ᠢᠶᠡᠨ ᠰᠦ᠋ ᠍ ᠶᠢ ᠬᠡᠷᠡᠭᠯᠡᠳᠡᠭ᠃ ᠣᠯᠠᠨ ᠤᠭᠰᠠᠭᠠᠲᠠᠨ᠂ ᠶᠠᠰᠤᠲᠠᠨ ᠨᠤᠭᠤᠳ ᠤᠨ ᠬᠤᠪᠢ ᠳᠤ ᠬᠦᠮᠦᠰ ᠨᠢᠷᠠᠢ ᠨᠠᠰᠤᠨ ᠤ ᠪᠠᠨ ᠳᠠᠷᠠᠭ᠎ᠠ ᠰᠦ᠋ ᠰᠢᠩᠭᠡᠭᠡᠵᠦ᠂ ᠪᠣᠯᠪᠠᠰᠤᠷᠠᠭᠤᠯᠬᠤ (ᠨᠡᠭᠦᠷᠡᠰᠦ-ᠤᠰᠤ ᠦᠯᠦ ᠲᠡᠪᠴᠢᠬᠦ) ᠴᠢᠳᠠᠪᠤᠷᠢ ᠪᠠᠨ ᠠᠯᠠᠳᠠᠳᠠᠭ᠃ ᠲᠡᠶᠢᠮᠦ ᠡᠴᠡ ᠣᠯᠠᠨ ᠣᠷᠣᠨ ᠤ ᠤᠯᠠᠮᠵᠢᠯᠠᠯᠲᠤ ᠬᠣᠭᠣᠯᠠ ᠬᠦᠨᠡᠰᠦᠨ ᠳᠦ ᠰᠦᠨ ᠪᠦᠲᠦᠭᠡᠭᠳᠡᠬᠦᠨ ᠥᠷᠭᠡᠨ ᠬᠡᠷᠡᠭᠯᠡᠭᠳᠡᠭᠡ ᠦᠭᠡᠢ᠃ ᠬᠠᠷᠢᠨ ᠡᠳᠦᠷ ᠲᠤᠲᠤᠮ ᠤᠨ ᠬᠣᠭᠣᠯᠠ ᠬᠦᠨᠡᠰᠦᠨ ᠳᠦ ᠪᠡᠨ ᠰᠦ᠋ ᠬᠡᠷᠡᠭᠯᠡᠳᠡᠭ ᠵᠠᠩᠰᠢᠯ ᠲᠠᠢ ᠭᠠᠵᠠᠷ ᠣᠷᠣᠨ ᠨᠤᠭᠤᠳ ᠢᠯᠠᠩᠭᠤᠶ᠎ᠠ ᠦᠨᠢᠶ᠎ᠡ᠂ ᠮᠥᠨ ᠬᠣᠨᠢᠢᠮᠠᠭ᠎ᠠᠰᠠᠷᠯᠤᠭᠠᠳᠤᠭᠤᠲᠡᠮᠡᠭᠡ ᠭᠡᠬᠦ ᠮᠡᠲᠦ ᠶᠢᠨ ᠭᠠᠷᠰᠢᠭᠤᠯᠤᠭᠰᠠᠨ ᠠᠮᠢᠲᠠᠳ ᠍ ᠤᠨ ᠰᠦ᠋ ᠍ ᠶᠢ ᠥᠷᠭᠡᠨ ᠬᠡᠷᠡᠭᠯᠡᠳᠡᠭ᠃ ᠣᠯᠠᠨ ᠵᠠᠭᠤᠨ ᠤ ᠲᠤᠷᠰᠢ ᠦᠨᠢᠶᠡᠨ ᠰᠦ᠋ ᠍ ᠶᠢ ᠪᠣᠯᠪᠠᠰᠤᠷᠠᠭᠤᠯᠤᠨ ᠲᠥᠷᠥᠯ ᠪᠦᠷᠢ ᠶᠢᠨ ᠰᠦᠨ ᠪᠦᠲᠦᠭᠡᠭᠳᠡᠬᠦᠨ ᠬᠢᠵᠦ ᠢᠷᠡᠭᠰᠡᠨ᠃ ᠲᠤᠬᠠᠶᠢᠯᠠᠪᠠᠯ ᠴᠥᠴᠥᠭᠡᠢᠲᠠᠷᠠᠭᠵᠠᠶᠢᠷᠮᠠᠭ᠂ ᠮᠥᠨ ᠬᠠᠷᠢᠴᠠᠩᠭᠤᠢ ᠤᠳᠠᠭᠠᠨ ᠬᠤᠭᠤᠴᠠᠭᠠᠨ ᠳᠤ ᠬᠠᠳᠠᠭᠠᠯᠠᠵᠤ ᠪᠣᠯᠬᠤ ᠪᠢᠰᠢᠯᠠᠭ ᠭᠡᠬᠦ ᠮᠡᠲᠦ᠃ ᠠᠵᠤ ᠦᠢᠯᠡᠳᠪᠦᠷᠢ ᠬᠥᠭᠵᠢᠬᠦ ᠬᠢᠷᠢ ᠪᠡᠷ ᠠᠭᠠᠷᠴᠠᠰᠢᠷ᠎ᠠ ᠰᠦᠨ ᠦ ᠤᠭᠤᠷᠠᠭᠯᠠᠺᠲ᠋ᠣᠽᠥᠳᠬᠡᠷᠡᠭᠦᠯᠦᠭᠰᠡᠨ ᠰᠦ᠋ᠬᠠᠭᠤᠷᠠᠢ ᠰᠦ᠋ ᠭᠡᠬᠦ ᠮᠡᠲᠦ ᠰᠦᠨ ᠪᠦᠲᠦᠭᠡᠭᠳᠡᠬᠦᠨ ᠨᠦᠭᠦᠳ ᠪᠣᠯᠤᠨ ᠬᠦᠨᠡᠰᠦᠨ ᠦ ᠨᠡᠮᠡᠯᠲᠡ ᠲᠡᠵᠢᠭᠡᠯ ᠦᠳ ᠪᠤᠢ ᠪᠣᠯᠵᠤ ᠪᠠᠶᠢᠨ᠎ᠠ᠃

ᠰᠦ᠋ ᠭᠡᠳᠡᠭ ᠦᠭᠡ ᠨᠢ ᠰᠢᠷ᠎ᠠ ᠪᠤᠷᠴᠠᠭ ᠤᠨ ᠰᠦ᠋᠂ ᠪᠤᠳᠠᠭᠠᠨ ᠤ ᠰᠦ᠋ᠪᠦᠢᠯᠡᠰᠦᠨ ᠦ ᠰᠦ᠋ᠨᠠᠷᠭᠢᠯ ᠮᠣᠳᠣᠨ ᠤ ᠰᠠᠮᠠᠷᠤᠨ ᠤ ᠰᠦ᠋ ᠭᠡᠬᠦ ᠮᠡᠲᠦ ᠠᠮᠢᠲᠠᠨ ᠤ ᠪᠤᠰᠤ ᠭᠠᠷᠤᠯ ᠲᠠᠢ ᠣᠷᠣᠯᠠᠭᠤᠯᠤᠭᠴᠢ ᠨᠡᠷ᠎ᠡ ᠳᠦ ᠮᠥᠨ ᠬᠡᠷᠡᠭᠯᠡᠭᠳᠡᠭ᠃ ᠮᠥᠨ ᠲᠠᠭᠲᠠᠭ᠎ᠠ ᠰᠢᠪᠠᠭᠤ ᠦᠷ᠎ᠡ ᠲᠥᠯ ᠢᠶᠡᠨ ᠠᠮᠠᠨ ᠠᠴᠠ ᠪᠠᠨ ᠭᠤᠯᠭᠢᠵᠤ ᠭᠠᠷᠭᠠᠭᠰᠠᠨ ᠰᠢᠩᠭᠡᠨ ᠢᠶᠡᠷ ᠢᠶᠡᠨ ᠬᠣᠭᠣᠯᠠᠯᠠᠳᠠᠭ ᠪᠠ ᠡᠨᠡ ᠰᠢᠩᠭᠡᠨ ᠢ ᠨᠢ ᠲᠠᠷᠢᠶᠠᠨ ᠰᠦ᠋ ᠭᠡᠵᠦ ᠨᠡᠷᠡᠯᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠷ᠎ᠠ ᠲᠠᠷᠯᠠᠨ ᠦᠬᠡᠷ ᠰᠦᠨ ᠦ ᠹᠧᠷᠮ(农场 ᠲᠠᠷᠢᠶᠠᠯᠠᠩ ᠤᠨ ᠲᠠᠯᠠᠪᠣᠷ) ᠳᠦ ᠥᠷᠭᠡᠨ ᠠᠰᠢᠭᠯᠠᠭᠳᠠᠳᠠᠭ

ᠠᠮᠢᠲᠠᠳ ᠢ ᠭᠠᠷᠰᠢᠭᠤᠯᠵᠤ ᠡᠬᠢᠯᠡᠵᠦ ᠪᠠᠶᠢᠬᠤ ᠳᠤ ᠪᠠᠨ ᠬᠦᠮᠦᠰ ᠠᠩᠬ᠎ᠠ ᠠᠮᠢᠲᠠᠨ ᠤ ᠰᠦ᠋ ᠍ ᠶᠢ ᠬᠦᠨᠡᠰᠦᠨ ᠳᠦ ᠪᠡᠨ ᠬᠡᠷᠡᠭᠯᠡᠵᠦ ᠡᠬᠢᠯᠡᠵᠡᠢ᠃ ᠦᠨᠢᠶᠡᠨ ᠰᠦ᠋ ᠶᠢ ᠠᠩᠬ᠎ᠠ ᠪᠠᠭ᠎ᠠ ᠠᠽᠢᠶ᠎ᠠ ᠶᠢᠨ ᠣᠷᠣᠨ ᠨᠤᠭᠤᠳ ᠲᠤ ᠬᠦᠮᠦᠰ ᠬᠡᠷᠡᠭᠯᠡᠵᠦ ᠡᠬᠢᠯᠡᠭᠰᠡᠨ᠃ ᠡᠨᠡ ᠨᠤᠲᠤᠭ ᠲᠤ ᠮᠥᠨ ᠢᠮᠠᠭ᠎ᠠ ᠪᠣᠯᠤᠨ ᠬᠣᠨᠢ ᠶᠢ ᠮᠠᠨ ᠤ ᠡᠷᠡᠨ ᠦ ᠡᠮᠦᠨ᠎ᠡ 9000 ᠠᠴᠠ 8000 ᠵᠢᠯ ᠦᠨ ᠲᠡᠷᠲᠡᠭᠡ ᠭᠠᠷᠰᠢᠭᠤᠯᠤᠭᠰᠠᠨ ᠪᠠᠶᠢᠨ᠎ᠠ᠃ ᠬᠣᠨᠢ᠂ ᠢᠮᠠᠭ᠎ᠠ ᠨᠢ ᠬᠠᠭᠤᠷᠠᠢ ᠡᠪᠡᠰᠦᠨ ᠲᠡᠵᠢᠭᠡᠯ ᠢᠳᠡᠵᠦ᠂ ᠳᠠᠰᠤᠨ ᠵᠣᠬᠢᠴᠠᠭᠰᠠᠨ ᠬᠥᠬᠥᠲᠡᠨ ᠠᠮᠢᠲᠠᠨ ᠪᠥᠭᠡᠳ ᠬᠡᠪᠢᠭᠴᠢ ᠠᠮᠢᠲᠠᠨ ᠬᠡᠮᠡᠭᠳᠡᠳᠡᠭ᠃ ᠠᠩᠬᠠᠨ ᠳᠤ ᠪᠠᠨ ᠡᠳᠡᠭᠡᠷ ᠠᠮᠢᠲᠠᠳ ᠢ ᠮᠢᠬ᠎ᠠ ᠪᠣᠯᠤᠨ ᠠᠷᠠᠰᠤ ᠰᠢᠷᠢ ᠶᠢ ᠨᠢ ᠬᠡᠷᠡᠭᠯᠡᠬᠦ ᠵᠣᠷᠢᠯᠭ᠎ᠠ ᠪᠠᠷ ᠭᠠᠷᠰᠢᠭᠤᠯᠤᠭᠰᠠᠨ ᠪᠠᠶᠢᠵᠤ ᠪᠣᠯᠵᠣᠰᠢ ᠦᠭᠡᠢ ᠶᠤᠮ᠃

ᠮᠠᠨ ᠤ ᠡᠷᠡᠨ ᠦ ᠡᠮᠦᠨ᠎ᠡ 7000 ᠵᠢᠯ ᠦᠨ ᠲᠡᠷᠲᠡᠭᠡ ᠳᠦ ᠣᠳᠣ ᠶᠢᠨ ᠲᠦᠷᠺ ᠤᠯᠤᠰ ᠤᠨ ᠵᠠᠷᠢᠮ ᠨᠤᠲᠤᠭ ᠲᠤ ᠦᠬᠡᠷ ᠢ ᠮᠠᠯᠯᠠᠵᠤ ᠡᠬᠢᠯᠡᠭᠰᠡᠨ᠃ ᠰᠢᠨ᠎ᠡ ᠴᠢᠯᠠᠭᠤᠨ ᠵᠡᠪᠰᠡᠭ ᠦᠨ ᠦᠶ᠎ᠡ ᠳᠤ ᠪᠷᠢᠲ᠋ᠠᠨ(ᠠᠩᠭᠯᠢ) ᠤᠨ ᠠᠷᠠᠯ ᠤᠳ ᠳᠡᠭᠡᠷ᠎ᠡ ᠰᠦ᠋ ᠍ ᠶᠢ ᠬᠦᠨᠡᠰᠦᠨ ᠳᠦ ᠬᠡᠷᠡᠭᠯᠡᠵᠦ ᠪᠠᠶᠢᠭᠰᠠᠨ ᠪᠠᠷᠢᠮᠲᠠ ᠪᠠᠶᠢᠳᠠᠭ᠃ ᠧᠦᠢᠷᠣᠫᠠ ᠪᠣᠯᠤᠨ ᠠᠽᠢᠶ᠎ᠠ᠂ ᠠᠹᠷᠢᠺᠠ ᠶᠢᠨ ᠵᠠᠷᠢᠮ ᠭᠠᠵᠠᠷ ᠪᠢᠰᠢᠯᠠᠭ ᠬᠡᠷᠡᠭᠯᠡᠵᠦ ᠡᠬᠢᠯᠡᠭᠰᠡᠨ ᠪᠠᠶᠢᠨ᠎ᠠ᠃

ᠥᠨᠥᠳᠥᠷ ᠪᠠᠷᠠᠭᠤᠨ ᠤ ᠶᠢᠷᠳᠢᠨᠴᠦ ᠳᠦ ᠦᠨᠢᠶᠡᠨ ᠰᠦ᠋ ᠍ ᠶᠢ ᠠᠵᠤ ᠦᠢᠯᠡᠳᠪᠦᠷᠢ ᠶᠢᠨ ᠬᠡᠮᠵᠢᠶᠡᠨ ᠳᠦ ᠦᠢᠯᠡᠳᠪᠦᠷᠢᠯᠡᠵᠦ ᠪᠣᠯᠪᠠᠰᠤᠷᠠᠭᠤᠯᠵᠤ ᠪᠠᠶᠢᠨ᠎ᠠ᠃ ᠬᠥᠭᠵᠢᠯᠲᠡᠢ ᠣᠷᠣᠨ ᠨᠤᠭᠤᠳ ᠲᠤ ᠠᠷᠠᠯᠵᠢᠶᠠᠨ ᠤ ᠵᠣᠷᠢᠭᠤᠯᠤᠯᠲᠠ ᠲᠠᠢ ᠰᠦᠨ ᠦ ᠴᠢᠭᠯᠡᠯ ᠦᠨ ᠹᠧᠷᠮ ᠦᠳ ᠠᠦ᠋ᠲ᠋ᠣᠮᠠᠲ ᠲᠣᠨᠣᠭ ᠲᠥᠬᠥᠭᠡᠷᠦᠮᠵᠢ ᠨᠦᠭᠦᠳ ᠢ ᠬᠡᠷᠡᠭᠯᠡᠭᠰᠡᠨ ᠢᠶᠡᠷ ᠰᠦᠨ ᠦ ᠵᠠᠬ᠎ᠠ ᠵᠡᠭᠡᠯᠢ ᠶᠢᠨ ᠳᠡᠶᠢᠯᠦᠩᠬᠢ ᠶᠢ ᠬᠠᠩᠭᠠᠵᠤ ᠪᠠᠶᠢᠨ᠎ᠠ᠃ ᠲᠤᠬᠠᠶᠢᠯᠠᠪᠠᠯ ᠬᠠᠷ᠎ᠠ ᠲᠠᠷᠯᠠᠨ ᠮᠡᠲᠦ ᠶᠢᠨ ᠥᠨᠳᠥᠷ ᠰᠦᠨ ᠦ ᠭᠠᠷᠤᠴᠠ ᠲᠠᠢ ᠶᠠᠩᠵᠤ ᠪᠦᠷᠢ ᠶᠢᠨ ᠡᠭᠦᠯᠳᠡᠷ ᠦᠳ ᠰᠦᠨ ᠦ ᠦᠢᠯᠡᠳᠪᠦᠷᠢᠯᠡᠯ ᠳᠦ ᠠᠰᠢᠭᠯᠠᠭᠳᠠᠵᠤ ᠪᠠᠶᠢᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠰᠦᠨ ᠦ ᠴᠢᠭᠯᠡᠯ ᠦᠨ ᠦᠬᠡᠷ ᠤᠨ 90% ᠨᠢ᠂ ᠮᠥᠨ ᠶᠡᠬᠡ ᠪᠷᠢᠲ᠋ᠠᠨ(ᠠᠩᠭᠯᠢ) ᠳᠤ 85% ᠍ ᠨᠢ ᠬᠠᠷ᠎ᠠ ᠲᠠᠷᠯᠠᠨ ᠡᠭᠦᠯᠳᠡᠷ ᠦᠨ ᠦᠬᠡᠷ ᠪᠠᠶᠢᠨ᠎ᠠ᠃ ᠰᠦ᠋᠂ ᠰᠦᠨ ᠪᠦᠲᠦᠭᠡᠭᠳᠡᠬᠦᠨ ᠦᠢᠯᠡᠳᠪᠦᠷᠢᠯᠡᠯ ᠢᠶᠡᠷ ᠡᠨᠡᠳᠬᠡᠭ᠂ ᠲᠡᠭᠦᠨ ᠦ ᠳᠠᠷᠠᠭ᠎ᠠ ᠠᠮᠧᠷᠢᠺᠠ ᠶᠢᠨ ᠨᠢᠭᠡᠳᠦᠭᠰᠡᠨ ᠤᠯᠤᠰ ᠪᠣᠯᠤᠨ ᠰᠢᠨ᠎ ᠡ ᠽᠢᠯᠠᠨᠳ᠋ ᠣᠷᠣᠵᠤ ᠪᠠᠶᠢᠨ᠎ᠠ᠃

ᠪᠤᠰᠤᠳ ᠠᠮᠢᠲᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠮᠠᠭᠠᠨ ᠤ ᠰᠦ᠋ ᠍ ᠶᠢ ᠪᠢᠰᠢᠯᠠᠭ ᠵᠡᠷᠭᠡ ᠪᠤᠰᠤᠳ ᠰᠦᠨ ᠪᠦᠲᠦᠭᠡᠭᠳᠡᠬᠦᠨ ᠬᠢᠬᠦ ᠳᠦ ᠠᠰᠢᠭᠯᠠᠳᠠᠭ᠃

ᠦᠨᠢᠶᠡᠨ ᠡᠴᠡ ᠭᠠᠳᠠᠨ᠎ᠠ ᠳᠠᠷᠠᠭᠠᠬᠢ ᠠᠮᠢᠲᠠᠳ ᠤᠨ ᠰᠦ᠋ ᠍ ᠶᠢ ᠬᠦᠨᠡᠰᠦᠨ ᠳᠦ ᠬᠡᠷᠡᠭᠯᠡᠳᠡᠭ:

ᠣᠷᠣᠰ ᠬᠣᠯᠪᠣᠭᠠᠨ ᠤ ᠤᠯᠤᠰ ᠪᠣᠯᠤᠨ ᠰᠸᠸᠳᠡᠨ ᠳᠦ ᠬᠠᠨᠳᠠᠭᠠᠢ ᠶᠢᠨ ᠰᠦ᠋ ᠍ ᠶᠢ ᠪᠠᠭ᠎ᠠ ᠵᠡᠷᠭᠡ ᠬᠡᠷᠡᠭᠯᠡᠳᠡᠭ᠃ ᠡᠯᠵᠢᠭᠡ ᠪᠣᠯᠤᠨ ᠠᠳᠤᠭᠤᠨ ᠤ ᠰᠠᠭᠠᠮ᠎ᠠ (ᠰᠦ᠋) ᠨᠢ ᠬᠠᠮᠤᠭ ᠤᠨ ᠪᠠᠭ᠎ᠠ ᠲᠣᠰᠣᠯᠢᠭ ᠲᠠᠢ ᠪᠣᠯ ᠬᠠᠷᠢᠨ ᠳᠠᠯᠠᠢ ᠶᠢᠨ ᠬᠠᠪᠠ ᠶᠢᠨ ᠰᠦ᠋ 50% ᠍ ᠠᠴᠠ ᠳᠡᠭᠡᠭᠰᠢ ᠲᠣᠰᠣᠯᠢᠭ ᠲᠠᠢ ᠪᠠᠶᠢᠳᠠᠭ ᠪᠠᠶᠢᠨ᠎ᠠ᠃

ᠬᠠᠯᠢᠮᠤ ᠶᠢᠨ ᠰᠦ᠋ ᠨᠢ ᠬᠡᠳᠦᠢ ᠬᠦᠮᠦᠨ ᠦ ᠬᠦᠨᠡᠰᠦᠨ ᠳᠦ ᠬᠡᠷᠡᠭᠯᠡᠭᠳᠡᠳᠡᠭ ᠦᠭᠡᠢ ᠴᠤ ᠬᠠᠮᠤᠭ ᠤᠨ ᠥᠨᠳᠥᠷ ᠲᠣᠰᠣᠯᠢᠭ ᠲᠠᠢ ᠰᠦᠨ ᠦ ᠨᠢᠭᠡ ᠶᠤᠮ ᠪᠠᠶᠢᠨ᠎ᠠ᠃ ᠡᠨᠡ ᠨᠢ ᠳᠤᠮᠳᠠᠴᠢ ᠪᠠᠷ 10.9% ᠤᠭᠤᠷᠠᠭ᠂ 42.3% ᠥᠭᠡᠬᠦ ᠲᠣᠰᠣ᠂ 2.0% ᠨᠡᠭᠦᠷᠡᠰᠦ ᠤᠰᠤ ᠠᠭᠤᠯᠠᠳᠠᠭ ᠪᠠ 4.43 kcal/ᠭᠷᠠᠮ ᠢᠯᠴᠢᠯᠢᠭ ᠲᠡᠢ᠃

ᠬᠦᠮᠦᠨ ᠦ ᠰᠦ᠋ ᠍ ᠶᠢ ᠮᠡᠳᠡᠭᠡᠵᠢ ᠠᠷᠠᠯᠵᠢᠶᠠᠨ ᠤ ᠵᠣᠷᠢᠯᠭ᠎ᠠ ᠪᠠᠷ ᠡᠰᠡᠪᠡᠯ ᠠᠵᠤ ᠦᠢᠯᠡᠳᠪᠦᠷᠢ ᠶᠢᠨ ᠬᠡᠮᠵᠢᠶᠡᠨ ᠳᠦ ᠦᠢᠯᠡᠳᠪᠦᠷᠢᠯᠡᠨ᠎ᠡ ᠭᠡᠵᠦ ᠦᠭᠡᠢ᠃ ᠭᠡᠬᠦ ᠳᠦ ᠪᠡᠨ ᠬᠠᠨᠳᠢᠪ ᠤᠨ ᠮᠠᠶ᠋ᠢᠭ ᠢᠶᠠᠷ ᠬᠦᠮᠦᠨ ᠦ ᠰᠦ᠋ ᠍ ᠶᠢ ᠴᠤᠭᠯᠠᠭᠤᠯᠵᠤ ᠪᠡᠶ᠎ᠡ ᠶᠢᠨ ᠬᠥᠭᠵᠢᠯ ᠳᠣᠷᠣᠢ᠂ ᠶᠠᠳᠠᠷᠠᠭᠤ ᠨᠢᠷᠠᠢ ᠬᠡᠦᠬᠡᠳ ᠲᠦ ᠬᠡᠷᠡᠭᠯᠡᠭᠦᠯᠬᠦ ᠵᠣᠷᠢᠯᠭ᠎ᠠ ᠪᠠᠷ ᠠᠰᠢᠭᠯᠠᠳᠠᠭ᠃ ᠬᠠᠮᠤᠭ ᠤᠨ ᠭᠣᠣᠯ ᠨᠢ ᠰᠦ᠋ ᠨᠢ ᠬᠦᠮᠦᠨ ᠲᠥᠷᠦᠯᠬᠢᠲᠡᠨ ᠦ ᠡᠷᠲᠡᠨ ᠡᠴᠡ ᠬᠡᠷᠡᠭᠯᠡᠵᠦ ᠪᠠᠶᠢᠭ᠎ᠠ ᠬᠦᠨᠡᠰᠦᠨ ᠦ ᠦᠢᠯᠡᠳᠪᠦᠷᠢᠯᠡᠯ ᠦᠨ ᠬᠠᠮᠤᠭ ᠤᠨ ᠭᠣᠣᠯᠯᠠᠬᠤ ᠪᠦᠲᠦᠭᠡᠭᠳᠡᠬᠦᠨ ᠮᠥᠨ ᠶᠤᠮ᠃

http://wiki.uhaan.com/index.php?title=ᠰᠦ᠋&oldid=474779》 ᠍  ᠡᠴᠡ ᠠᠪᠤᠭᠰᠠᠨ

ᠪᠢᠴᠢᠭᠡᠰᠦ