ᠰᠤᠷᠢᠨᠠᠮ ᠳ᠋ᠣᠯᠯᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠤᠷᠢᠨᠠᠮ ᠳ᠋ᠣᠯᠯᠠᠷ
Surinaamse dollar (ᠨᠢᠳᠧᠷᠯᠠᠨᠲ ᠬᠡᠯᠡ)
25 ᠼᠧᠨᠲ ᠤᠨ ᠵᠣᠭᠣᠰ
25 ᠼᠧᠨᠲ ᠤᠨ ᠵᠣᠭᠣᠰ
ISO 4217 ᠺᠣᠳ᠋ SRD
ᠬᠡᠷᠡᠭᠯᠡᠭᠴᠢ(ᠢᠳᠡ) Flag of Suriname.svg ᠰᠤᠷᠢᠨᠠᠮ
ᠬᠠᠩᠰᠢ ᠤᠨᠠᠯᠲᠠ 9.5%
ᠡᠬᠢ ᠰᠤᠷᠪᠤᠯᠵᠢ The World Factbook, 2005 est.
ᠳ᠋ᠣᠣ ᠳᠤ ᠨᠢᠭᠡᠴᠡ
1/100 ᠼᠧᠨᠲ
ᠲᠡᠮᠳᠡᠭᠯᠡᠭᠡ $
ᠵᠣᠭᠣᠰ 1, 5, 10, 25 ᠼᠧᠨᠲ᠂ 1, 2½ ᠳ᠋ᠣᠯᠯᠠᠷ
ᠴᠠᠭᠠᠰᠤᠨ ᠳᠡᠪᠢᠰᠬᠡᠷᠲᠦ 1, 2½᠂ 5, 10, 20, 50, 100 ᠳ᠋ᠣᠯᠯᠠᠷ
ᠲᠥᠪ ᠪᠠᠩᠬᠢ ᠰᠤᠷᠢᠨᠠᠮ ᠤᠨ ᠲᠥᠪ ᠪᠠᠩᠬᠢ
ᠸᠪᠰᠠᠢ ᠳᠤ www.cbvs.sr

ᠳ᠋ᠣᠯᠯᠠᠷ (ISO 4217 ᠺᠣᠳ᠋: SRD) ᠨᠢ 2004 ᠣᠨ ᠠᠴᠠ ᠬᠣᠶᠢᠰᠢ ᠰᠤᠷᠢᠨᠠᠮ ᠤᠯᠤᠰ ᠤᠨ ᠮᠥᠩᠭᠥᠨ ᠲᠡᠮᠳᠡᠭᠲᠦᠡᠭᠡᠷᠡ ᠠᠰᠢᠭᠯᠠᠭᠳᠠᠵᠤ ᠪᠠᠶᠢᠨ᠎ᠠ᠃ ᠨᠢᠭᠡ ᠳ᠋ᠣᠯᠯᠠᠷ ᠨᠢ 100 ᠼᠧᠨᠲᠡᠳ᠋ ᠬᠤᠪᠢᠶᠠᠭᠳᠠᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ 1 ᠰᠠᠷ᠎ᠠ ᠶᠢᠨ 1 ᠍ ᠨ ᠡᠴᠡ ᠬᠠᠭᠤᠴᠢᠨ ᠠᠰᠢᠭᠯᠠᠭᠳᠠᠵᠤ ᠪᠠᠶᠢᠭᠰᠠᠨ ᠰᠤᠷᠢᠨᠠᠮ ᠭᠢᠯᠳᠧᠷᠡᠶᠢᠭ ᠬᠠᠯᠠᠵᠤ᠂ ᠠᠰᠢᠭᠯᠠᠯᠲᠠ ᠳᠤ ᠣᠷᠣᠭᠰᠠᠨ ᠪᠥᠭᠡᠳ 1 ᠳ᠋ᠣᠯᠯᠠᠷ 1000 ᠭᠢᠯᠳᠧᠷ ᠲᠡᠢ ᠲᠡᠩᠴᠡᠨ᠎ᠡ᠃ ᠺᠠᠨᠠᠳᠠ ᠤᠨ ᠪᠠᠩᠬᠢᠨ ᠤ ᠬᠡᠪᠯᠡᠭᠦᠷ ᠲᠤ ᠠᠰᠠᠭᠤᠳᠠᠯ ᠭᠠᠷᠤᠭᠰᠠᠨ ᠤ ᠤᠯᠠᠮ ᠠᠴᠠ ᠮᠥᠨ ᠣᠨ ᠤ 2 ᠰᠠᠷ᠎ᠠ ᠶᠢᠨ ᠳᠤᠮᠳᠠ ᠬᠦᠷᠲᠡᠯ᠎ᠡ ᠵᠥᠪᠬᠡᠨ ᠵᠣᠭᠣᠰᠤᠨ ᠮᠥᠩᠭᠥ ᠯᠠ ᠠᠰᠢᠭᠯᠠᠭᠳᠠᠵᠤ ᠪᠠᠶᠢᠴᠠᠢ᠃

ᠬᠠᠭᠤᠴᠢᠨ ᠬᠡᠷᠡᠭᠯᠡᠭᠳᠡᠵᠦ ᠪᠠᠶᠢᠭᠰᠠᠨ ᠼᠧᠨᠲ (1/100 ᠭᠢᠯᠳᠧᠷ) ᠨᠢ ᠰᠢᠨ᠎ᠡ ᠵᠣᠭᠣᠰᠤᠨ ᠮᠥᠩᠭᠥ ᠦᠢᠯᠡᠳᠪᠦᠷᠢᠯᠡᠬᠦ ᠵᠠᠷᠤᠳᠠᠯ ᠢ ᠪᠠᠭᠤᠷᠠᠭᠤᠯᠬᠤ ᠡᠭᠦᠳᠡᠨ ᠡᠴᠡ ᠬᠦᠴᠦᠨᠲᠡᠢ ᠬᠡᠪ ᠢᠶᠡᠷ ᠠᠰᠢᠭᠯᠠᠭᠳᠠᠵᠤ ᠪᠠᠶᠢᠭ᠎ᠠ᠃ ᠥᠭᠡᠷ᠎ᠡ ᠪᠡᠷ ᠬᠡᠯᠡᠪᠡᠯ᠂ ᠬᠠᠭᠤᠴᠢᠨ 25 ᠼᠧᠨᠲ ᠤᠨ ᠵᠣᠭᠣᠰ ᠨᠢ ᠡᠳᠦᠭᠡ 1000 ᠳᠠᠬᠢᠨ ᠦᠨ᠎ᠡ ᠲᠡᠢ ᠪᠤᠶᠤ᠂ ᠳ᠋ᠣᠯᠯᠠᠷ ᠤᠨ ᠳᠥᠷᠪᠡᠨ ᠦ ᠨᠢᠭᠡ ᠲᠡᠢ ᠲᠡᠩᠴᠡᠵᠦ ᠪᠠᠶᠢᠨ᠎ᠠ᠃

ISO 4217 ᠍ ᠦᠨ 121 ᠍ ᠳᠦᠭᠡᠷ ᠨᠡᠮᠡᠯᠲᠡ ᠥᠭᠡᠷᠡᠴᠢᠯᠡᠯᠲᠡ ᠪᠡᠷ ᠰᠤᠷᠢᠨᠠᠮ ᠭᠢᠯᠳᠧᠷ (SRG) ᠍ ᠶᠢᠨ ᠣᠷᠣᠨ ᠳᠤ ᠰᠤᠷᠢᠨᠠᠮ ᠳ᠋ᠣᠯᠯᠠᠷ (SRD) ᠣᠷᠣᠵᠠᠢ᠃

ᠵᠣᠭᠣᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠦᠭᠡ 1, 5, 10, 25, 100, 250 ᠼᠧᠨᠲ ᠤᠨ ᠵᠣᠭᠣᠰᠤᠨ ᠨᠤᠭᠤᠳ ᠠᠰᠢᠭᠯᠠᠭᠳᠠᠵᠤ ᠪᠠᠶᠢᠨ᠎ᠠ᠃

ᠴᠠᠭᠠᠰᠤᠨ ᠳᠡᠪᠢᠰᠬᠡᠷᠲᠦ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠳᠤ ᠰᠤᠷᠢᠨᠠᠮ ᠤᠨ ᠵᠠᠰᠠᠭ ᠤᠨ ᠭᠠᠵᠠᠷ 1, 2½ ᠳ᠋ᠣᠯᠯᠠᠷ ᠤᠨ ᠳᠡᠪᠢᠰᠬᠡᠷᠲᠦ ᠭᠠᠷᠭᠠᠭᠰᠠᠨ ᠪᠣᠯ ᠰᠤᠷᠢᠨᠠᠮ ᠤᠨ ᠲᠥᠪ ᠪᠠᠩᠬᠢ 5, 10, 20, 50, 100 ᠳ᠋ᠣᠯᠯᠠᠷ ᠤᠨ ᠳᠡᠪᠢᠰᠬᠡᠷᠲᠦ ᠨᠦᠭᠦᠳ ᠢ ᠬᠡᠪᠯᠡᠳᠡᠭ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ