ᠰᠤᠨᠳᠠᠷᠪᠠᠨᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠤᠨᠳᠠᠷᠪᠠᠨᠰ*
United Nations Educational Scientific and Cultural Organization ᠍ ᠶᠢᠨ ᠳᠡᠯᠡᠬᠡᠢ ᠶᠢᠨ ᠥᠪ

Sundarbans 09.jpg
ᠰᠤᠨᠳᠠᠷᠪᠠᠨᠰ
ᠲᠥᠷᠥᠯ ᠪᠠᠶᠢᠭᠠᠯᠢ ᠶᠢᠨ
ᠰᠢᠯᠭᠠᠭᠤᠷ ix, x
ᠳ᠋ᠤᠭᠠᠷ [1] 798[1]
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 1997  (21 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠰᠤᠨᠳᠠᠷᠪᠠᠨᠰ (ᠠᠩᠭᠯᠢ ᠪᠠᠷ the Sundarbans; ᠪᠧᠩᠭᠠᠯ ᠬᠡᠯᠡ:সুন্দরবন) ᠨᠢ ᠳᠡᠯᠡᠬᠡᠢᠨ ᠬᠠᠮᠤᠭ ᠤᠨ ᠲᠣᠮᠣ ᠬᠠᠯᠠᠭᠤᠨ ᠣᠷᠣᠨ ᠤ ᠮᠥᠩᠬᠡ ᠨᠣᠭᠣᠭᠠᠨ ᠣᠢᠨ ᠰᠠᠨ ᠪᠥᠭᠡᠳ 《ᠰᠤᠨᠳᠠᠷᠪᠠᠨᠰ》 ᠭᠡᠳᠡᠭ ᠨᠢ ᠪᠧᠩᠭᠠᠯ ᠬᠡᠯᠡᠨ ᠢᠶᠡᠨ 《ᠦᠵᠡᠰᠬᠦᠯᠡᠩ ᠭᠣᠸ᠎ᠠ ᠣᠢ ᠰᠢᠭᠤᠢ》 ᠭᠡᠰᠡᠨ ᠤᠳᠬ᠎ᠠ ᠲᠠᠢ᠃ ᠤᠭ ᠨᠡᠷ᠎ᠡ ᠨᠢ ᠡᠨᠡ ᠭᠠᠵᠠᠷ ᠲᠤ ᠨᠣᠶᠠᠯᠠᠬᠤ ᠮᠣᠳᠣᠯᠢᠭ ᠤᠷᠭᠤᠮᠠᠯ ᠪᠣᠯᠬᠤ ᠰᠤᠨᠳᠠᠷᠢᠭ ᠤᠨ ᠨᠡᠷ᠎ᠡ ᠡᠴᠡ ᠭᠠᠷᠤᠯ ᠲᠠᠢ ᠭᠡᠵᠦ ᠦᠵᠡᠳᠡᠭ᠃ ᠠᠯᠳᠠᠷᠲᠤ ᠭᠠᠩᠭ᠎ᠠ ᠮᠥᠷᠡᠨ ᠦ ᠴᠢᠳᠬᠤᠯᠠᠩ ᠳᠤ ᠤᠷᠤᠰᠢᠬᠤ ᠤᠭ ᠰᠢᠷᠢᠩᠭᠢ ᠨᠢ ᠪᠧᠩᠭᠠᠯ ᠲᠡᠳᠦᠢ ᠦᠭᠡᠢ ᠡᠨᠡᠳᠬᠡᠭᠡᠶᠢᠨ ᠪᠠᠷᠠᠭᠤᠨ ᠪᠧᠩᠭᠠᠯ ᠳᠤ ᠬᠦᠷᠲᠡᠯ᠎ᠡ ᠦᠷᠭᠦᠯᠵᠢᠯᠡᠬᠦ ᠪᠥᠭᠡᠳ ᠭᠠᠩᠭ᠎ᠠ ᠮᠥᠷᠡᠨ ᠦ ᠠᠳᠠᠭ᠂ ᠲᠡᠩᠭᠢᠰ ᠦᠨ ᠬᠥᠪᠥᠭᠡ ᠶᠢ ᠲᠡᠷᠡ ᠴᠢᠭ ᠢᠶᠡᠷ ᠨᠢ ᠪᠦᠷᠬᠡᠭᠰᠡᠨ ᠪᠠᠶᠢᠳᠠᠭ᠃ ᠣᠢ ᠨᠢ 10000 ᠺᠦᠸᠠᠳ᠋ ᠺᠢᠯᠣᠮᠧᠲ᠋ᠷ ᠨᠤᠲᠤᠭ ᠳᠡᠪᠢᠰᠬᠡᠷ ᠢ ᠬᠠᠮᠤᠷᠬᠤ ᠪᠥᠭᠡᠳ ᠡᠭᠦᠨ ᠦ 6000 ᠣᠷᠴᠢᠮ ᠨᠢ ᠪᠠᠩᠭᠠᠯᠳᠧᠱᠲ ᠬᠠᠷᠢᠶᠠᠯᠠᠭᠳᠠᠳᠠᠭ᠃ ᠰᠤᠨᠳᠠᠷᠪᠠᠨ ᠳᠤ ᠣᠯᠠᠨ ᠲᠣᠭᠠᠨ ᠤ ᠤᠷᠭᠤᠮᠠᠯ ᠠᠴᠠ ᠭᠠᠳᠠᠨ᠎ᠠ ᠨᠡᠩ ᠬᠣᠪᠣᠷ ᠪᠧᠨᠭᠠᠯ ᠤᠨ ᠪᠠᠷᠰᠲᠣᠯᠪᠣᠲᠤ ᠪᠤᠭᠤᠮᠠᠲᠠᠷᠮᠣᠭᠠᠢ ᠲᠡᠷᠢᠭᠦᠲᠡᠢ ᠣᠯᠠᠨ ᠵᠦᠢᠯ ᠠᠮᠢᠲᠠᠳ ᠠᠮᠢᠳᠤᠷᠠᠳᠠᠭ᠃ ᠡᠨᠡ ᠨᠤᠲᠤᠭ ᠲᠤ ᠣᠶᠢᠷᠠᠯᠴᠠᠭ᠎ᠠ ᠪᠠᠷ 30000 ᠣᠷᠴᠢᠮ ᠲᠣᠯᠪᠣᠲᠤ ᠪᠤᠭᠤ᠂ 500 ᠣᠷᠴᠢᠮ ᠪᠧᠨᠭᠠᠯ ᠤᠨ ᠪᠠᠷᠰ ᠦᠯᠡᠳᠡᠵᠦ ᠬᠣᠴᠣᠷᠴᠠᠢ᠃ ᠥᠩᠭᠡᠷᠡᠭᠰᠡᠨ ᠵᠠᠭᠤᠨ ᠤ ᠲᠤᠷᠰᠢ ᠶᠠᠪᠤᠭᠳᠠᠭᠰᠠᠨ ᠬᠦᠮᠦᠨ ᠦ ᠢᠳᠡᠪᠬᠢᠲᠡᠢ ᠦᠢᠯᠡ ᠠᠵᠢᠯᠯᠠᠭᠠᠨ ᠠᠴᠠ ᠰᠢᠯᠲᠠᠭᠠᠯᠠᠨ ᠬᠠᠯᠠᠭᠤᠨ ᠣᠷᠣᠨ ᠤ ᠰᠢᠷᠢᠩᠭᠢ ᠣᠢ ᠶᠢᠨ ᠬᠡᠮᠵᠢᠶ᠎ᠡ ᠨᠢ ᠡᠷᠡᠰ ᠪᠠᠭᠠᠰᠤᠭᠰᠠᠨ ᠪᠥᠭᠡᠳ ᠬᠠᠯᠠᠭᠤᠨ ᠣᠷᠣᠨ ᠤ ᠮᠥᠩᠬᠡ ᠨᠣᠭᠣᠭᠠᠨ ᠣᠢ᠂ ᠪᠧᠨᠭᠠᠯ ᠤᠨ ᠪᠠᠷᠰ ᠤᠨ ᠢᠷᠡᠭᠡᠳᠦᠢ ᠮᠥᠬᠥᠯ ᠦᠨ ᠢᠷᠮᠡᠭ ᠲᠦ ᠬᠦᠷᠢᠶ᠎ᠡ ᠳᠦ ᠪᠠᠶᠢᠨ᠎ᠠ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ