ᠰᠤᠤᠳᠢ ᠠᠷᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠤᠤᠳᠢ ᠠᠷᠠᠪ ᠤᠨ ᠸᠠᠩᠲᠤ ᠤᠯᠤᠰ
المملكة العربية السعودية
ᠠᠯᠠ-ᠮᠠᠮᠯᠠᠺᠠ ᠠᠯᠠ-‘ᠠᠷᠠᠪᠢᠶ᠎ᠠ ᠠᠰ-ᠰᠠ‘ᠤᠳᠤᠢᠶ᠎ᠠ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: 《ᠠᠯᠯᠠᠾ ᠠᠴᠠ ᠥᠭᠡᠷ᠎ᠡ ᠪᠤᠷᠬᠠᠨ ᠦᠭᠡᠢ: ᠮᠤᠬᠠᠮ ᠳᠤ ᠪᠣᠯ ᠲᠡᠭᠦᠨ ᠦ ᠡᠯᠴᠢ》 (لا إله إلا الله , محمد رسول الله)
ᠲᠥᠷᠥ ᠶᠢᠨ ᠳᠠᠭᠤᠯᠠᠯ ᠤᠨ ᠨᠡᠷ᠎ᠡ:
《ᠸᠠᠩ ᠤᠷᠲᠤ ᠨᠠᠰᠤᠯᠠᠬᠤ ᠪᠣᠯᠲᠤᠭᠠᠢ》
(عاش الملك‎‎ ᠠᠭᠠᠰᠢ ᠠᠯᠠ ᠮᠠᠯᠢᠢᠺ)
Aash Al Maleek (instrumental)

ᠨᠡᠶᠢᠰᠯᠡᠯ 
(ᠶᠡᠬᠡ ᠬᠣᠲᠠ)
ᠡᠷ᠎ᠡ-ᠷᠢᠶᠠᠳᠤ᠋
ᠠᠯᠪᠠᠨ ᠬᠡᠯᠡ ᠠᠷᠠᠪ
ᠠᠷᠠᠳ ᠲᠦᠮᠡᠨ  69% ᠤᠯᠤᠰ ᠤᠨ ᠢᠷᠭᠡᠳ
31% ᠭᠠᠳᠠᠭᠠᠳᠤ ᠶᠢᠨ ᠢᠷᠭᠡᠳ
ᠲᠥᠷᠥ ᠵᠠᠰᠠᠭ ᠬᠡᠮᠵᠢᠶ᠎ᠡ ᠦᠭᠡᠢ ᠡᠷᠬᠡᠲᠦ ᠬᠠᠭᠠᠨᠲᠤ ᠵᠠᠰᠠᠭ
 -  ᠸᠠᠩ ᠠᠪᠳᠤᠯᠠᠯ ᠪᠢᠩ
ᠠᠪᠳᠤᠯ ᠠᠽᠢᠽ
 -  ᠬᠤᠩᠲᠠᠶᠢᠵᠢ ᠨᠠᠶᠢᠹ ᠪᠢᠩ
ᠠᠪᠳᠤᠯ ᠠᠽᠢᠽ
ᠤᠯᠤᠰ ᠤᠨ ᠬᠤᠷᠠᠯ ᠣᠭᠲᠣ ᠦᠭᠡᠢ
(ᠸᠠᠩ ᠤᠨ ᠲᠤᠩᠬᠠᠭ ᠢ ᠶᠣᠰᠣᠴᠢᠯᠠᠨ᠎ᠠ)
ᠦᠨᠳᠦᠰᠦᠯᠡᠭᠳᠡᠭᠰᠡᠨ ᠨᠢ
 -  ᠬᠠᠭᠠᠨᠲᠤ ᠤᠯᠤᠰ ᠪᠠᠶᠢᠭᠤᠯᠤᠭᠳᠠᠭᠰᠠᠨ 1932 ᠣᠨ ᠤ 8 ᠰᠠᠷ᠎ᠠ ᠶᠢᠨ 14 
ᠨᠤᠲᠤᠭ ᠳᠡᠪᠢᠰᠬᠡᠷ
 -  ᠪᠦᠬᠦ ᠲᠠᠯᠠᠪᠠᠢ 2,149,690 km2 (13)
 -  ᠭᠠᠳᠠᠷᠭᠤ ᠶᠢᠨ ᠤᠰᠤ (%) 0.7
ᠬᠦᠮᠦᠨ ᠠᠮᠠ
 -  ᠲᠣᠭᠠᠴᠠᠭ᠎ᠠ (2010) 27,136,977[1] (46)
 -  ᠨᠢᠭᠲᠠᠴᠠ ᠰᠡᠶᠢᠷᠡᠭ 12 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $676.223 ᠲᠡᠷᠪᠤᠮ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 22  ᠳᠦ
 -  ᠨᠢᠭᠡ ᠬᠦᠨᠳᠦ $25,345[2] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $578.566 ᠲᠡᠷᠪᠤᠮ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ23 ᠳᠦ
 -  ᠨᠢᠭᠡ ᠬᠦᠨᠳᠦ $21,685[2] 
ᠬᠡᠦᠬᠡᠳ ᠦᠨ ᠬᠥᠭᠵᠢᠯ ᠦᠨ ᠢᠨᠳᠧᠺᠰ (2011) 0.770[3] (ᠳᠡᠭᠡᠭᠦᠷ) (56)
ᠮᠥᠩᠭᠥᠨ ᠦ ᠨᠢᠭᠡᠴᠡ ᠰᠠᠦ᠋ᠳᠢ ᠷᠢᠶᠯ (SAR)
ᠴᠠᠭ ᠤᠨ ᠪᠥᠰᠡ +3
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .sa
ᠤᠲᠠᠰᠤᠨ ᠤ ᠲᠣᠮᠢᠶ᠎ᠠ 966

ᠰᠤᠤᠳᠢ ᠠᠷᠠᠪ, ᠠᠯᠪᠠᠨ ᠶᠣᠰᠣᠭᠠᠷ ᠰᠤᠤᠳᠢ ᠠᠷᠠᠪ ᠤᠨ ᠬᠠᠭᠠᠨᠲᠤ ᠤᠯᠤᠰ ᠨᠢ ᠠᠷᠠᠪ ᠤᠨ ᠬᠣᠶᠢᠭᠡᠶᠢᠨ ᠶᠡᠬᠡᠩᠬᠢ ᠶᠢ ᠡᠵᠡᠯᠡᠨ ᠤᠷᠤᠰᠢᠬᠤ ᠪᠠᠷᠠᠭᠤᠨ ᠠᠽᠢᠶ᠎ᠠ ᠍ ᠍ ᠶᠢᠨ ᠣᠷᠣᠨ ᠶᠤᠮ᠃ ᠪᠠᠷᠠᠭᠤᠨ ᠬᠣᠶᠢᠳᠤ ᠲᠠᠯ᠎ᠠ ᠪᠠᠷ ᠢᠶᠠᠨ ᠢᠣᠷᠳᠠᠨ᠂ ᠬᠣᠶᠢᠳᠤ ᠪᠠ ᠵᠡᠭᠦᠨ ᠬᠣᠶᠢᠳᠤ ᠲᠠᠯ᠎ᠠ ᠪᠠᠷ ᠢᠶᠠᠨ ᠢᠷᠠᠺ᠂ ᠵᠡᠭᠦᠨ ᠲᠠᠯ᠎ᠠ ᠪᠠᠷ ᠢᠶᠠᠨ ᠺᠦᠪᠠᠶᠢᠲᠺᠠᠲ᠋ᠠᠷᠪᠠᠾᠷᠧᠶᠢᠨᠠᠷᠠᠪ ᠤᠨ ᠨᠢᠭᠡᠳᠦᠭᠰᠡᠨ ᠡᠮᠢᠷᠲ ᠤᠯᠤᠰ᠂ ᠵᠡᠭᠦᠨ ᠡᠮᠦᠨᠡᠲᠦ ᠲᠠᠯ᠎ᠠ ᠪᠠᠷ ᠢᠶᠠᠨ ᠣᠮᠠᠨ᠂ ᠡᠮᠦᠨᠡᠲᠦ ᠲᠠᠯ᠎ᠠ ᠪᠠᠷ ᠢᠶᠠᠨ ᠶᠸᠮᠸᠨ ᠣᠷᠣᠨ ᠨᠤᠭᠤᠳ ᠲᠠᠢ ᠬᠢᠯᠢᠯᠡᠳᠡᠭ᠃ ᠵᠡᠭᠦᠨ ᠬᠣᠶᠢᠳᠤ ᠲᠠᠯ᠎ᠠ ᠳᠤ ᠨᠢ ᠫᠧᠷᠰ ᠦᠨ ᠪᠤᠯᠤᠨ᠂ ᠪᠠᠷᠠᠭᠤᠨ ᠲᠠᠯ᠎ᠠ ᠳᠤ ᠨᠢ ᠤᠯᠠᠭᠠᠨ ᠲᠡᠩᠭᠢᠰ ᠣᠷᠣᠰᠢᠳᠠᠭ᠃ ᠰᠤᠤᠳᠢ ᠠᠷᠠᠪ ᠤᠨ ᠬᠦᠮᠦᠨ ᠠᠮᠠ ᠨᠢ ᠣᠶᠢᠷᠠᠯᠴᠠᠭ᠎ᠠ ᠪᠠᠷ 27.6 ᠰᠠᠶ᠎ᠠ ᠪᠥᠭᠡᠳ ᠭᠠᠵᠠᠷ ᠨᠤᠲᠤᠭ ᠨᠢ 2,150,000 ᠺᠦᠸᠠᠳ᠋ ᠺᠢᠯᠣᠮᠧᠲ᠋ᠷ ᠣᠷᠴᠢᠮ᠃

ᠰᠤᠤᠳᠢ ᠠᠷᠠᠪ ᠲᠤ ᠮᠧᠺᠺᠠᠮᠧᠳᠢᠨᠠ ᠭᠡᠰᠡᠨ ᠢᠰᠯᠠᠮ ᠍ ᠍ ᠤᠨ ᠱᠠᠰᠢᠨ ᠤ ᠬᠠᠮᠤᠭ ᠤᠨ ᠠᠷᠢᠭᠤᠨ ᠭᠠᠵᠠᠷ ᠤᠳ ᠣᠷᠣᠰᠢᠳᠠᠭ ᠲᠤᠯᠠ ᠵᠠᠷᠢᠮ ᠳᠤ ᠪᠠᠨ 《ᠬᠣᠶᠠᠷ ᠠᠷᠢᠭᠤᠨ ᠰᠦᠮ᠎ᠡ ᠶᠢᠨ ᠨᠤᠲᠤᠭ》 ᠬᠡᠮᠡᠭᠳᠡᠳᠡᠭ᠃ ᠬᠠᠷᠢᠨ ᠮᠣᠩᠭᠣᠯ ᠬᠡᠯᠡᠠᠩᠭᠯᠢ ᠬᠡᠯᠡᠡᠭᠡᠷᠡ ᠭᠣᠣᠯᠳᠠᠭᠤ ᠰᠤᠤᠳᠢ ᠠᠷᠠᠪ ᠭᠡᠭᠳᠡᠳᠡᠭ᠃ ᠡᠨᠡ ᠬᠠᠭᠠᠨᠲᠤ ᠤᠯᠤᠰ ᠢ ᠠᠩᠬ᠎ᠠ ᠠᠪᠳᠤᠯ-ᠠᠽᠢᠽ ᠪᠢᠩ ᠰᠠᠦ᠋ᠳ ᠪᠠᠶᠢᠭᠤᠯᠵᠠᠢ᠃ ᠲᠡᠭᠦᠨ ᠦ ᠵᠢᠳᠬᠦᠯ ᠨᠢ 1902 ᠣᠨ ᠳᠤ ᠠᠯᠠ-ᠰ ᠤᠳ ᠤᠨ ᠤᠳᠤᠮ ᠤᠨ ᠨᠤᠲᠤᠭ ᠪᠣᠯᠬᠤ ᠷᠢᠶᠠᠳ ᠢ ᠡᠵᠡᠯᠡᠭᠰᠡᠨ ᠢᠶᠡᠷ ᠡᠬᠢᠯᠡᠭᠰᠡᠨ ᠪᠥᠭᠡᠳ 1932 ᠣᠨ ᠳᠤ ᠰᠤᠤᠳᠢ ᠠᠷᠠᠪ ᠤᠨ ᠬᠠᠭᠠᠨᠲᠤ ᠤᠯᠤᠰ ᠲᠤᠩᠬᠠᠭᠯᠠᠭᠳᠠᠵᠤ᠂ ᠬᠦᠯᠢᠶᠡᠨ ᠵᠥᠪᠰᠢᠶᠡᠷᠡᠭᠳᠡᠭᠰᠡᠨ ᠢᠶᠡᠷ ᠳᠠᠭᠤᠰᠤᠭᠰᠠᠨ ᠠᠵᠢ᠃

ᠰᠤᠤᠳᠢ ᠠᠷᠠᠪ ᠨᠢ ᠭᠠᠵᠠᠷ ᠤᠨ ᠲᠣᠰᠤᠨ ᠤ ᠡᠺᠰᠫᠣᠷᠲ ᠢᠶᠠᠷ ᠳᠡᠯᠡᠬᠡᠢ ᠳᠦ ᠲᠡᠷᠢᠭᠦᠯᠡᠳᠡᠭ ᠪᠥᠭᠡᠳ ᠡᠨᠡ ᠨᠢ ᠡᠳ᠋ ᠍ ᠍ ᠦᠨ ᠵᠠᠰᠠᠭ ᠢ ᠨᠢ ᠬᠠᠩᠭᠠᠳᠠᠭ᠃ ᠨᠡᠶᠢᠲᠡ ᠡᠺᠰᠫᠣᠷᠲ ᠤᠨ 90 ᠭᠠᠷᠤᠢ ᠬᠤᠪᠢ ᠶᠢ ᠴᠢᠯᠠᠭᠣᠨ ᠲᠣᠰᠣ ᠡᠵᠡᠯᠡᠳᠡᠭ ᠪᠥᠭᠡᠳ ᠵᠠᠰᠠᠭ ᠤᠨ ᠭᠠᠵᠠᠷ ᠤᠨ ᠣᠷᠣᠯᠭ᠎ᠠ ᠶᠢᠨ ᠪᠠᠷᠤᠭ 75 ᠬᠤᠪᠢ ᠶᠢ ᠡᠵᠡᠯᠡᠳᠡᠭ᠃ ᠡᠭᠦᠨ ᠦ ᠦᠷ᠎ᠡ ᠳ᠋ᠦᠩ ᠳᠦ ᠤᠯᠤᠰ ᠨᠢ ᠬᠦᠮᠦᠨ ᠠᠷᠠᠳ ᠢ ᠪᠠᠨ ᠬᠠᠩᠭᠠᠳᠠᠭ ᠪᠥᠭᠡᠳ ᠴᠢᠯᠠᠭᠣᠨ ᠲᠣᠰᠣᠨ ᠤ ᠦᠨ᠎ᠡ ᠪᠠᠭᠤᠷᠠᠭᠰᠠᠨ ᠦᠶ᠎ᠡ ᠳᠦ ᠪᠠᠭ᠎ᠠ ᠵᠡᠷᠭᠡ ᠬᠡᠴᠡᠭᠦᠦ ᠪᠣᠯᠳᠠᠭ᠃ ᠰᠤᠤᠳᠢ ᠠᠷᠠᠪ ᠳᠠᠬᠢ ᠬᠦᠮᠦᠨ ᠦ ᠡᠷᠬᠡᠡᠶᠢᠨ ᠪᠠᠶᠢᠳᠠᠯ ᠳᠤ ᠠᠮᠠᠨ᠋ᠧᠰᠲ᠋ᠢ ᠢᠨᠲ᠋ᠧᠷᠨᠠᠰᠤᠨᠠᠯᠢ (Amnesty International), ᠬᠦᠮᠦᠨ ᠦ ᠡᠷᠬᠡ ᠶᠢᠨ ᠬᠢᠨᠠᠯᠲᠠ (Human Rights Watch) ᠵᠡᠷᠭᠡ ᠪᠠᠶᠢᠭᠤᠯᠤᠯᠭ᠎ᠠ ᠨᠤᠭᠤᠳ ᠤᠳᠠᠭ᠎ᠠ ᠳᠠᠷᠠᠭ᠎ᠠ ᠰᠠᠨᠠᠭ᠎ᠠ ᠲᠠᠯᠪᠢᠭᠰᠠᠨ ᠪᠠᠶᠢᠳᠠᠯ ᠲᠠᠢ ᠬᠠᠨᠳᠤᠵᠤ ᠪᠠᠶᠢᠭᠰᠠᠨ ᠪᠣᠯᠪᠠᠴᠤ ᠡᠳᠡᠭᠡᠷ ᠢ ᠵᠠᠰᠠᠭ ᠤᠨ ᠭᠠᠵᠠᠷ ᠨᠢᠴᠤᠭᠠᠵᠤ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Central Department Of Statistics & information as updated 2010
  2. 2.0 2.1 2.2 2.3 Saudi Arabia. International Monetary Fund. 11 June 2011 ᠍ ᠳᠦ ᠬᠠᠨᠳᠤᠭᠰᠠᠨ᠃
  3. HDRO (Human Development Report Office United Nations Development Programme. United Nations (2011). 2 November 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠰᠤᠤᠳᠢ ᠠᠷᠠᠪ

ᠪᠢᠴᠢᠭᠡᠰᠦ