ᠰᠤᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠤᠤᠯ ᠬᠣᠲᠠ
ᠣᠨᠴᠠᠭᠠᠢ ᠬᠣᠲᠠ
 • ᠰᠣᠯᠣᠩᠭᠣᠰ ᠦᠰᠦᠭ 서울특별시
 • ᠬᠠᠨᠵᠤ ᠦᠰᠦᠭ 서울特別市
 • 2000 ᠣᠨ ᠤ ᠭᠠᠯᠢᠭ Seoul Teukbyeolsi
 • 1938 ᠣᠨ ᠤ ᠭᠠᠯᠢᠭ Sŏul T'ŭkpyŏlsi
 • ᠮᠣᠩᠭᠣᠯ ᠭᠠᠯᠢᠭ ᠰᠣᠦᠯ ᠲ ᠢᠪᠶ᠋ᠢᠯᠰᠢ
 • ᠠᠩᠭᠯᠢ ᠪᠠᠷ Seoul Special City
ᠡᠵᠡᠨ ᠤᠯᠤᠰ ᠡᠮᠦᠨᠡᠲᠦ ᠰᠣᠯᠣᠩᠭᠣᠰ ᠡᠮᠦᠨ᠎ᠡ ᠰᠣᠯᠣᠩᠭᠣᠰ
ᠤᠷᠤᠰᠢᠬᠤ ᠪᠥᠰᠡ᠂ ᠮᠤᠵᠢ ᠰᠦᠳᠦᠶᠢᠺᠣᠣᠨᠢ
ᠨᠤᠲᠤᠭ ᠤᠨ ᠬᠤᠪᠢᠶᠠᠷᠢ ᠨᠡᠷ᠎ᠡ ᠪᠦᠬᠦᠢ 25 ᠳᠡᠭᠦᠷᠭᠡ
ᠭᠠᠵᠠᠷ ᠨᠤᠲᠤᠭ 605.25 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠴᠠ᠃) 2011 ᠣᠨ ᠳᠤ 10,581,728 ᠬᠦᠮᠦᠨ
ᠨᠢᠭᠲᠠᠴᠠ ᠰᠡᠶᠢᠷᠡᠭ 2011 ᠣᠨ ᠳᠤ 17483 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠰᠣᠯᠣᠩᠭᠣᠰ
ᠨᠤᠲᠤᠭ ᠤᠨ ᠣᠯᠠᠨ ᠰᠡᠭᠦᠯ ᠤᠨ ᠬᠢᠨ
ᠴᠠᠭ ᠤᠨ ᠪᠥᠰᠡ ᠰᠣᠯᠣᠩᠭᠣᠰ ᠤᠨ ᠴᠠᠭ (ГЦ+9)
ᠤᠲᠠᠰᠤᠨ ᠳ᠋ᠣᠭᠠᠷ +82 02
ᠴᠠᠬᠢᠮ ᠭᠠᠵᠠᠷ seoul.go.kr (ᠰᠣᠯᠣᠩᠭᠣᠰ ᠢᠶᠠᠷ)
ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠍ ᠤᠨ ᠨᠡᠶᠢᠰᠯᠡᠯ᠂ ᠵᠢᠷᠦᠬᠡᠨ ᠬᠣᠲᠠ ᠍ ᠢ ᠨᠢ ᠰᠤᠤᠯ (ᠤᠷᠢᠳᠤ ᠨᠢ ᠰᠧᠤᠯ; ᠰᠣᠯᠣᠩᠭᠣᠰ ᠢᠶᠠᠷ 서울᠂
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 [ᠰᠣᠦᠯ], «ᠨᠡᠶᠢᠰᠯᠡᠯ») ᠭᠡᠨ᠎ᠡ᠃ ᠤᠯᠤᠰ ᠳᠣᠲᠣᠷ᠎ᠠ ᠪᠠᠨ ᠶᠠᠮᠠᠷ ᠨᠢᠭᠡᠨ ᠠᠶᠢᠮᠠᠭ ᠲᠤ ᠬᠠᠷᠢᠶᠠᠯᠠᠭᠳᠠᠳᠠᠳᠠᠭ ᠦᠭᠡᠢ ᠬᠡᠳᠦᠨ ᠬᠣᠲᠠ ᠪᠠᠶᠢᠳᠠᠭ ᠠᠴᠠ ᠰᠤᠤᠯ ᠭᠠᠭᠴᠠᠭᠠᠷ ᠢᠶᠠᠨ «ᠣᠨᠴᠠᠭᠠᠢ ᠬᠣᠲᠠ» (특별–ᠲᠤᠰᠬᠠᠢ/ᠣᠨᠴᠠᠭᠠᠢ, 시–ᠬᠣᠲᠠ) ᠭᠡᠰᠡᠨ ᠨᠡᠷ᠎ᠡ ᠪᠡᠷ ᠵᠦᠢᠯᠴᠢᠯᠡᠭᠳᠡᠳᠡᠭ᠃ ᠡᠶᠢᠮᠦ ᠤᠴᠢᠷ ᠰᠣᠯᠣᠩᠭᠣᠰ ᠪᠦᠲᠦᠨ ᠨᠡᠷ᠎ᠡ ᠶᠢ ᠨᠢ ᠮᠣᠩᠭᠣᠯᠴᠢᠯᠠᠪᠠᠯ ᠰᠤᠤᠯ ᠣᠨᠴᠠᠭᠠᠢ ᠬᠣᠲᠠ (서울특별시, ᠰᠣᠦᠯ ᠲ ᠢᠪᠶ᠋ᠢᠯᠰᠢ) ᠭᠡᠬᠦ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠷᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠭᠠᠵᠠᠷ ᠲᠡᠦᠬᠡᠨ ᠣᠯᠠᠨ ᠨᠡᠷᠡᠲᠡᠢ᠃ ᠫᠡᠩᠵᠢ ᠤᠯᠤᠰ ᠍ ᠤᠨ ᠦᠶ᠎ᠡ ᠳᠦ «ᠸᠢᠷᠧᠰᠤᠨ» (위례성᠂ 慰禮城) ᠭᠡᠵᠦ ᠪᠠᠶᠢᠪᠠ᠃ ᠲᠡᠭᠦᠨ ᠡᠴᠡ ᠨᠠᠰᠢ ᠰᠢᠯᠠᠯ ᠤᠯᠤᠰ ᠍ ᠤᠨ «ᠬᠠᠵᠦ» (한주᠂ 漢州), ᠭᠠᠤᠯᠢᠨ ᠤᠯᠤᠰ ᠍ ᠤᠨ «ᠨᠠᠮ ᠢᠶᠣᠨ» (남경᠂ 南京), ᠴᠢᠰᠣᠨᠢ ᠤᠯᠤᠰ ᠍ ᠤᠨ «ᠬᠠᠨᠢᠰᠠᠨ» (한성᠂ 漢城), «ᠬᠠᠨᠢᠶᠠᠨ» (한양, 漢陽), ᠶᠠᠫᠣᠨ ᠤ ᠡᠵᠡᠷᠬᠡᠯ ᠦᠨ ᠦᠶ᠎ᠡ ᠶᠢᠨ «ᠺᠶᠣᠩᠰᠠᠨ» (경성᠂ 京城)[1] ᠭᠡᠰᠡᠨ ᠨᠡᠷᠡᠰ ᠢ ᠭᠡᠲᠦᠯᠦᠭᠡᠳ БНСУ ᠍ ᠤᠨ ᠡᠨᠡ ᠦᠶ᠎ᠡ ᠳᠦ «ᠰᠣᠷᠠᠪᠠᠯ» (서라벌, 徐羅伐) ᠬᠡᠮᠡᠬᠦ ᠡᠷᠲᠡᠨ ᠦ ᠦᠭᠡ ᠡᠴᠡ ᠤᠯᠪᠠᠭᠠᠯᠠᠵᠤ «ᠰᠣᠦᠯ» (ᠰᠤᠤᠯ) ᠭᠡᠭᠳᠡᠵᠡᠢ᠃[2]

ᠪᠠᠶᠢᠷᠢ ᠰᠠᠭᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 18 ᠣᠨ ᠳᠤ ᠫᠡᠩᠵᠢ ᠤᠯᠤᠰ ᠬᠣᠲᠠ ᠶᠢᠨ ᠵᠡᠭᠦᠨ ᠤᠷᠢᠳᠤ ᠬᠡᠰᠡᠭ᠂ ᠲᠡᠷᠡ ᠦᠶ᠎ᠡ ᠶᠢᠨ ᠸᠢᠷᠧᠰᠤᠨ ᠳᠤ ᠲᠥᠪᠯᠡᠵᠡᠢ᠃ 1394 ᠣᠨ ᠳᠤ ᠬᠠᠨᠢᠶᠠᠨ ᠴᠢᠰᠣᠨᠢ ᠤᠯᠤᠰ ᠍ ᠤᠨ ᠨᠡᠶᠢᠰᠯᠡᠯ ᠪᠣᠯᠤᠭᠰᠠᠨ ᠠᠴᠠ ᠬᠣᠶᠢᠰᠢ ᠰᠤᠤᠯ ᠬᠣᠲᠠ ᠰᠣᠯᠣᠩᠭᠣᠰ ᠣᠷᠣᠨ ᠤ ᠭᠣᠣᠯ ᠬᠣᠲᠠ᠂ ᠨᠡᠶᠢᠰᠯᠡᠯ ᠪᠣᠯᠤᠭᠰᠠᠨ᠃ ᠰᠣᠯᠣᠩᠭᠣᠰ ᠬᠣᠶᠠᠷ ᠬᠤᠪᠢᠶᠠᠭᠳᠠᠭᠰᠠᠨ ᠤ ᠳᠠᠷᠠᠭ᠎ᠠ ᠴᠤ ᠭᠡᠰᠡᠨ 1948-1972 ᠣᠨ ᠳᠤ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠰᠡᠭᠦᠯ ᠢ ᠤᠯᠤᠰ ᠤᠨ ᠢᠶᠠᠨ ᠨᠡᠶᠢᠰᠯᠡᠯ ᠭᠡᠵᠦ ᠵᠠᠷᠯᠠᠵᠤ ᠪᠠᠶᠢᠪᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠤᠯ ᠬᠣᠲᠠ ᠡᠮᠦᠨ᠎ᠡ ᠰᠣᠯᠣᠩᠭᠣᠰ ᠣᠷᠣᠨ ᠤ ᠪᠠᠨ ᠥᠷᠥᠨ᠎ᠡ ᠤᠮᠠᠷᠠᠳᠤ ᠬᠡᠰᠡᠭ ᠲᠦ ᠳᠠᠯᠠᠢ ᠶᠢᠨ ᠲᠦᠪᠰᠢᠨ ᠡᠴᠡ ᠳᠡᠭᠡᠭᠰᠢ 20-40 ᠮ ᠥᠨᠳᠥᠷ ᠲᠦ᠂ ᠬᠣᠶᠠᠷ ᠰᠣᠯᠣᠩᠭᠣᠰ ᠤᠨ ᠬᠢᠯᠢ ᠡᠴᠡ 50 ᠺᠢᠯᠣᠮᠧᠲ᠋ᠷ ᠵᠠᠢ ᠶᠢᠨ ᠳᠤ ᠣᠷᠣᠰᠢᠳᠠᠭ᠃ ᠬᠣᠲᠠ ᠶᠢᠨ ᠳᠤᠮᠳᠠᠭᠤᠷ ᠬᠠᠨ ᠮᠥᠷᠡᠨ ᠤᠷᠤᠰᠴᠤ ᠡᠮᠦᠨᠡᠲᠦ ᠤᠮᠠᠷᠠᠳᠤ ᠬᠣᠶᠠᠷ ᠲᠠᠯ᠎ᠠ ᠪᠣᠯᠭᠠᠨ ᠬᠤᠪᠢᠶᠠᠳᠠᠭ᠃ ᠰᠤᠤᠯ ᠬᠣᠲᠠ ᠠᠩᠬ᠎ᠠ 1394 ᠣᠨ ᠳᠤ ᠢᠸᠠᠩᠰᠠᠨ᠂ ᠨᠠᠮᠰᠠᠨ᠂ ᠨᠠᠺᠰᠠᠨ᠂ ᠫᠤᠶᠢᠭᠠᠰᠤᠨ ᠭᠡᠰᠡᠨ ᠳᠥᠷᠪᠡᠨ ᠠᠭᠤᠯᠠ ᠶᠢᠨ ᠳᠤᠮᠳᠠ ᠵᠠᠢ ᠳᠤ ᠪᠠᠭᠳᠠᠵᠣ ᠪᠠᠶᠢᠭᠰᠠᠨ ᠪᠣᠯ ᠲᠡᠯᠡᠭᠰᠡᠭᠡᠷ ᠣᠳᠣ ᠨᠠᠶᠢᠮᠠᠨ ᠠᠭᠤᠯᠠ ᠶᠢᠨ ᠳᠤᠮᠳᠠ ᠭᠡᠵᠦ ᠶᠠᠷᠢᠭᠳᠠᠵᠤ᠂ 15 ᠺᠢᠯᠣᠮᠧᠲ᠋ᠷ ᠷᠠᠳᠢᠦ᠋ᠰ ᠲᠠᠢ ᠲᠣᠭᠣᠷᠢᠭ ᠲᠤ ᠪᠠᠭᠠᠳᠬᠤ 605 ᠺᠦᠸᠠᠳ᠋ ᠺᠢᠯᠣᠮᠧᠲ᠋ᠷ ᠭᠠᠵᠠᠷ ᠢ ᠬᠠᠷᠢᠶᠠᠯᠠᠳᠠᠭ ᠪᠣᠯᠵᠠᠢ᠃ ᠭᠡᠬᠦ ᠳᠦ ᠪᠡᠨ ᠬᠣᠲᠠ ᠶᠢᠨ ᠪᠠᠷᠠᠭᠤᠨ ᠬᠡᠰᠡᠭ ᠮᠥᠷᠡᠨ ᠦ ᠠᠳᠠᠭ ᠲᠤᠯᠠ ᠠᠭᠤᠯᠠ ᠲᠣᠯᠣᠭᠠᠳ ᠭᠦᠢ ᠨᠠᠮ ᠳᠣᠣᠷ᠎ᠠ ᠭᠠᠵᠠᠷ ᠪᠠᠶᠢᠳᠠᠭ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠤᠯ ᠨᠢ ᠡᠮᠦᠨᠡᠲᠦ ᠰᠣᠯᠣᠩᠭᠣᠰ ᠤᠨ ᠪᠤᠰᠤᠳ ᠨᠤᠲᠤᠭ ᠲᠠᠢ ᠢᠵᠢᠯ᠂ ᠴᠢᠭᠢᠭᠯᠢᠭ ᠠᠭᠤᠷ ᠠᠮᠢᠰᠬᠤᠯᠲᠠᠢ᠃ ᠤᠴᠢᠷ ᠨᠢ ᠰᠣᠯᠣᠩᠭᠣᠰ ᠤᠨ ᠬᠣᠶᠢᠭ ᠭᠤᠷᠪᠠᠨ ᠲᠠᠯ᠎ᠠ ᠪᠠᠷ ᠢᠶᠠᠨ ᠳᠠᠯᠠᠢ ᠪᠠᠷ ᠬᠦᠷᠢᠶᠡᠯᠡᠭᠳᠡᠨ᠎ᠡ[3]᠃ ᠵᠤᠨ ᠳᠤ ᠪᠠᠨ ᠬᠠᠯᠠᠭᠤᠨ᠂ ᠴᠢᠭᠢᠭᠯᠢᠭ᠂ ᠨᠠᠶᠢᠮᠠᠳᠤᠭᠠᠷ ᠰᠠᠷ᠎ᠠ ᠳᠤ ᠬᠠᠮᠤᠭ ᠤᠨ ᠶᠡᠬᠡ ᠬᠠᠯᠠᠨ᠎ᠠ᠃ ᠡᠨᠡ ᠦᠶ᠎ᠡ ᠳᠦ ᠳᠤᠮᠳᠠᠴᠢ ᠲᠣᠯᠠᠭᠠᠨ ᠤ ᠬᠡᠮᠵᠢᠶ᠎ᠡ 22-30 °C ᠪᠠᠶᠢᠨ᠎ᠠ᠃ ᠡᠪᠦᠯ ᠳᠦ ᠪᠡᠨ ᠳᠤᠮᠳᠠᠴᠢ ᠪᠠᠷ -7 °C-1 °C ᠪᠠᠶᠢᠨ᠎ᠠ᠃ ᠡᠪᠦᠯ ᠳᠦ ᠪᠡᠨ ᠬᠠᠷᠢᠴᠠᠩᠭᠤᠢ ᠬᠠᠭᠤᠷᠠᠢ ᠪᠠᠶᠢᠬᠤ ᠪᠠ ᠵᠢᠯ ᠳᠤ ᠳᠤᠮᠳᠠᠴᠢ ᠪᠠᠷ 28 ᠡᠳᠦᠷ ᠴᠠᠰᠤ ᠣᠷᠣᠨ᠎ᠠ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠭᠦᠯ ᠤᠨ ᠳᠡᠭᠦᠷᠭᠡ ᠨᠦᠭᠦᠳ

ᠰᠤᠤᠯ ᠡᠬᠢᠯᠡᠭᠡᠳ 25 ᠳᠡᠭᠦᠷᠭᠡ (구 ᠺᠦ)[4], ᠳᠡᠭᠦᠷᠭᠡ ᠨᠢ ᠴᠠᠰᠢ ᠬᠣᠷᠢᠶ᠎ᠠ ᠪᠣᠯᠵᠤ (동 ᠳᠤᠩ) ᠬᠤᠪᠢᠶᠠᠭᠳᠠᠨ᠎ᠠ᠃ ᠳᠣᠣᠷᠠᠬᠢ ᠳᠦᠭᠦᠷᠭᠡ ᠨᠦᠭᠦᠳ ᠡᠴᠡ ᠬᠠᠮᠤᠭ ᠤᠨ ᠲᠣᠮᠣ ᠨᠢ ᠰᠥᠴᠤ ᠭᠦ᠂ ᠬᠠᠮᠤᠭ ᠤᠨ ᠵᠢᠵᠢᠭ ᠨᠢ ᠴᠤᠩ ᠭᠦ ᠳᠡᠭᠦᠷᠭᠡ ᠶᠤᠮ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2009 ᠣᠨ ᠳᠤ 10.2 ᠰᠠᠶ᠋ᠢ ᠣᠷᠣᠰᠢᠨ ᠰᠠᠭᠤᠭᠴᠢ ᠲᠠᠢ ᠪᠠᠶᠢᠭᠰᠠᠨ ᠳᠡᠯᠡᠬᠡᠢ ᠳᠦ 8 ᠍ ᠳᠦᠭᠡᠷ ᠣᠯᠠᠨ).[5]

ᠰᠤᠤᠯ ᠬᠣᠲᠠ ᠶᠢᠨ ᠪᠥᠭᠡᠭᠡᠨᠡᠷᠡᠯ 25 ᠰᠠᠶ᠎ᠠ ᠬᠦᠮᠦᠨᠲᠡᠢ ᠪᠡᠷ ᠢᠶᠡᠨ ᠳᠡᠯᠡᠬᠡᠢ ᠳᠦ 2 ᠍ ᠷᠲ (ᠲᠣᠤᠺᠢᠣ᠋ᠭᠡᠶᠢᠨ ᠳᠠᠷᠠᠭ᠎ᠠ) ᠲᠣᠭᠣᠭᠳᠠᠨ᠎ᠠ᠃[6] ᠡᠭᠦᠨ ᠳᠦ ᠰᠡᠭᠦᠯ ᠲᠠᠢ ᠬᠠᠶᠠᠭ᠎ᠠ ᠵᠠᠯᠭᠠᠭ᠎ᠠ ᠢᠩᠴᠢᠨ ᠬᠣᠲᠠ᠂ ᠺᠶᠣᠩᠭᠢ ᠠᠶᠢᠮᠠᠭ ᠤᠨ ᠬᠡᠳᠦᠨ ᠬᠣᠲᠠ ᠣᠷᠣᠳᠠᠭ᠃ ᠰᠡᠭᠦᠯ ᠤᠨ ᠣᠷᠣᠰᠢᠨ ᠰᠠᠭᠤᠭᠴᠢᠳ ᠦᠨᠳᠦᠰᠦᠨ ᠳᠦ ᠪᠡᠨ ᠰᠣᠯᠣᠩᠭᠣᠰᠴᠤᠤ ᠳᠤ ᠪᠥᠭᠡᠳ ᠴᠥᠭᠡᠨ ᠲᠣᠭᠠᠨ ᠤ ᠬᠢᠲᠠᠳᠶᠠᠫᠣᠨᠴᠤᠤ ᠳᠤ ᠠᠮᠢᠳᠤᠷᠠᠨ᠎ᠠ᠃ ᠭᠠᠳᠠᠭᠠᠳᠤ ᠶᠢᠨ ᠢᠷᠭᠡᠳ ᠰᠡᠭᠦᠯ ᠤᠨ ᠨᠡᠶᠢᠲᠡ ᠬᠦᠮᠦᠨ ᠠᠮᠠ ᠶᠢᠨ 2% ᠍ ᠢ ᠡᠵᠡᠯᠡᠨ᠎ᠡ[7]᠃ ᠰᠡᠭᠦᠯ ᠤᠨ ᠣᠷᠣᠰᠢᠨ ᠰᠠᠭᠤᠭᠴᠢᠳ ᠤᠨ ᠲᠣᠭ᠎ᠠ 2007 ᠣᠨ ᠤ ᠡᠴᠦᠰ ᠢᠶᠡᠷ 10,421,000 ᠪᠠᠶᠢᠭᠰᠠᠨ ᠪᠠ 229,000 ᠭᠠᠳᠠᠭᠠᠳᠤ ᠶᠢᠨ ᠬᠢᠨ ᠠᠮᠢᠳᠤᠷᠠᠵᠤ ᠪᠠᠶᠢᠵᠠᠢ[1].

ᠰᠡᠭᠦᠯ ᠳᠤ ᠭᠡᠮᠲᠦ ᠬᠡᠷᠡᠭ ᠮᠠᠰᠢ ᠪᠠᠭ᠎ᠠ᠃ ᠭᠣᠣᠯ ᠬᠣᠶᠠᠷ ᠱᠠᠰᠢᠨ ᠨᠢ ᠪᠤᠳ᠋ᠳ᠋ᠾᠠ ᠶᠢᠨ ᠪᠣᠯᠤᠨ ᠾᠷᠢᠰᠤᠰ ᠤᠨ ᠱᠠᠰᠢᠨ ᠪᠠᠶᠢᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Seoul

ᠵᠠᠭᠪᠤᠷ:БНСУ ᠍ ᠤᠨ ᠬᠣᠲᠠ

  1. Seoul. Encyclopædia Britannica (2009). 《The city was popularly called Seoul in Korean during both the Chosŏn (Yi) dynasty (1392–1910) and the period of Japanese rule (1910–45), although the official names in those periods were Hansŏng (Hanseong) and Kyŏngsŏng (Gyeongseong), respectively.》
  2. yahoo. Uk.holidaysguide.yahoo.com.
  3. http://web.archive.org/web/20060423072450/http://www.bbc.co.uk/weather/world/country_guides/results.shtml?tt=TT002800 BBC Weather - Country Guide
  4. Administrative Districts (English). Seoul Metropolitan Government. 2008-05-02 ᠍ ᠳᠦ ᠬᠠᠨᠳᠤᠭᠰᠠᠨ᠃
  5. Seoul Statistics (Population). Seoul Metropolitan Government. 24 March 2010 ᠍ ᠳᠦ ᠬᠠᠨᠳᠤᠭᠰᠠᠨ᠃
  6. Current population of the Seoul National Capital Area. Statistics Korea.
  7. Park, Chung-a. "Foreign Population in Seoul Stands at 175,000", Korea Times, 2007-07-24. 2008-01-06 ᠍ ᠳᠦ ᠠᠪᠤᠭᠰᠠᠨ᠃ (English) 
http://wiki.uhaan.com/index.php?title=ᠰᠤᠤᠯ&oldid=432209》 ᠍  ᠡᠴᠡ ᠠᠪᠤᠭᠰᠠᠨ

ᠪᠢᠴᠢᠭᠡᠰᠦ