ᠰᠣᠶᠽ-39

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠣᠶᠽ-39
ᠨᠢᠰᠦᠯᠭᠡ ᠶᠢᠨ ᠯᠣᠭᠣ
Soyuz39 patch.png
ᠨᠢᠰᠦᠯᠭᠡ ᠶᠢᠨ ᠦᠵᠡᠭᠦᠯᠦᠯᠲᠡ ᠨᠦᠭᠦᠳ
ᠨᠢᠰᠦᠯᠭᠡ ᠶᠢᠨ ᠨᠡᠷ᠎ᠡ ᠰᠣᠶᠽ-39
ᠨᠢᠰᠬᠦ ᠪᠠᠭ ᠤᠨ ᠭᠡᠰᠢᠭᠦᠳ ᠦᠨ ᠲᠣᠭ᠎ᠠ 2
ᠲᠠᠭᠤᠳᠠᠬᠤ ᠺᠣᠳ᠋ ᠫᠠᠮᠢᠷ
ᠬᠥᠭᠡᠷᠦᠭᠰᠡᠨ 1981 ᠣᠨ ᠤ 3 ᠰᠠᠷ᠎ᠠ ᠶᠢᠨ 22
14:58:55 UTC
ᠭᠠᠭᠠᠷᠢᠨ ᠤ ᠬᠥᠭᠡᠷᠬᠦ ᠲᠠᠪᠴᠠᠩ
ᠭᠠᠵᠠᠷᠳᠠᠭᠰᠠᠨ March 30, 1981
11:40:58 UTC
ᠵᠧᠽᠺᠠᠵᠠᠭᠠᠨᠠ ᠠᠴᠠ ᠵᠡᠭᠦᠨ ᠡᠮᠦᠨ᠎ᠡ ᠵᠦᠭ ᠲᠤ 175 ᠺᠢᠯᠣᠮᠧᠲ᠋ᠷ
ᠨᠢᠰᠦᠯᠭᠡ ᠶᠢᠨ ᠬᠤᠭᠤᠴᠠᠭ᠎ᠠ 7 ᠡᠳᠦᠷ/20:42:03
ᠣᠷᠪᠢᠲ ᠤᠨ ᠲᠣᠭ᠎ᠠ 124
ᠬᠣᠯᠪᠣᠭᠳᠠᠬᠤ ᠨᠢᠰᠦᠯᠭᠡ ᠨᠦᠭᠦᠳ
ᠡᠮᠦᠨᠡᠬᠢ ᠨᠢᠰᠦᠯᠭᠡ ᠳᠠᠷᠠᠭᠠᠬᠢ ᠨᠢᠰᠦᠯᠭᠡ
ᠰᠣᠶᠽ ᠲ-4 Soyuz40 patch2.pngᠰᠣᠶᠽ-40

ᠰᠣᠶᠽ-39 ᠨᠢ ᠵᠥᠪᠯᠡᠯᠲᠦ-ᠮᠣᠩᠭᠣᠯ ᠤᠨ ᠰᠠᠨᠰᠠᠷ ᠤᠨ ᠨᠢᠰᠦᠯᠭᠡ ᠶᠤᠮ᠃ 1981 ᠣᠨ ᠤ 3 ᠍ ᠳᠦᠭᠡᠷ ᠰᠠᠷ᠎ᠠ ᠶᠢᠨ 22 ᠍ ᠳᠦ ᠬᠥᠷᠴᠢ 1981 ᠣᠨ ᠤ 3 ᠍ ᠳᠦᠭᠡᠷ ᠰᠠᠷ᠎ᠠ ᠶᠢᠨ 30 ᠍ ᠤ 11:40 ᠮᠢᠨᠦ᠋ᠲᠤᠨ ᠳᠤ ᠭᠠᠵᠠᠷᠳᠠᠵᠠᠢ᠃ ᠸᠯᠠᠳᠢᠮᠢᠷ ᠠᠯᠧᠺᠰᠠᠨᠳᠠᠷᠪᠢᠴ ᠳᠵᠠᠨᠢᠪᠧᠺᠣᠸ ᠬᠥᠯᠥᠭ ᠦᠨ ᠠᠬᠠᠮᠠᠳ ᠢᠶᠠᠷ᠂ ᠬᠠᠷᠢᠨ ᠵᠦᠭᠳᠡᠷᠳᠡᠮᠡᠳ ᠦᠨ ᠭᠦᠷᠦᠷᠠᠭᠴᠠ ᠲᠤᠰᠠᠯᠠᠬᠤ ᠰᠠᠨᠰᠠᠷ ᠤᠨ ᠨᠢᠰᠦᠭᠴᠢ ᠪᠡᠷ ᠨᠢᠰᠴᠡᠢ᠃ ᠵᠦᠭᠳᠡᠷᠳᠡᠮᠡᠳ ᠦᠨ ᠭᠦᠷᠦᠷᠠᠭᠴᠠ ᠨᠢ ᠮᠣᠩᠭᠣᠯ ᠤᠯᠤᠰ ᠠᠴᠠ ᠰᠠᠨᠰᠠᠷ ᠲᠤ ᠨᠢᠰᠦᠭᠰᠡᠨ ᠠᠩᠬᠠᠨ ᠤ᠂ ᠠᠽᠢᠶ᠎ᠠ ᠶᠢᠨ ᠬᠣᠶᠠᠷ ᠲᠤ ᠬᠢ ᠰᠠᠨᠰᠠᠷ ᠤᠨ ᠨᠢᠰᠬᠡᠭᠴᠢ ᠶᠤᠮ᠃ ᠸ᠃ᠵᠠᠨᠢᠪᠧᠺᠣᠸ᠂ ᠵ᠃ᠭᠦᠷᠦᠷᠠᠭᠴᠠ ᠨᠠᠷ ᠰᠠᠨᠰᠠᠷ ᠲᠤ 7 ᠬᠣᠨᠣᠭ᠂ 20 ᠴᠠᠭ 42 ᠮᠢᠨᠦ᠋ᠲ ᠢ ᠥᠩᠭᠡᠷᠡᠭᠦᠯᠵᠦ᠂ ᠳᠡᠯᠡᠬᠡᠢ ᠶᠢ 124 ᠤᠳᠠᠭ᠎ᠠ ᠲᠣᠭᠣᠷᠢᠭᠰᠠᠨ ᠤ ᠳᠠᠷᠠᠭ᠎ᠠ ᠡᠬᠡ ᠳᠡᠯᠡᠬᠡᠢ ᠳᠦ ᠪᠡᠨ ᠠᠮᠵᠢᠯᠲᠠ ᠲᠠᠢ ᠭᠠᠵᠠᠷᠳᠠᠭᠰᠠᠨ ᠶᠤᠮ᠃ ᠵ᠃ᠭᠦᠷᠦᠷᠠᠭᠴᠠ ᠰᠠᠨᠰᠠᠷ ᠲᠤ ᠨᠢᠰᠦᠭᠰᠡᠨ ᠳᠡᠯᠡᠬᠡᠢ ᠶᠢᠨ 101 ᠳ᠋ᠡᠬᠢ ᠬᠦᠮᠦᠨ ᠶᠤᠮ᠃ 1978 ᠣᠨ ᠠᠴᠠ ᠲᠡᠷᠡ ᠪᠡᠷ ᠵᠥᠪᠯᠡᠯᠲᠦ ᠬᠣᠯᠪᠣᠭᠠᠲᠤ ᠤᠯᠤᠰ ᠳᠦ ᠶᠦᠷᠡᠢ ᠭᠠᠭᠠᠷᠢᠨ ᠤ ᠨᠡᠷᠡᠮᠵᠢᠲᠦ ᠰᠠᠨᠰᠠᠷ ᠤᠨ ᠨᠢᠰᠬᠡᠭᠴᠢᠳ ᠢ ᠪᠡᠯᠡᠳᠬᠡᠬᠦ ᠰᠤᠷᠭᠠᠯᠲᠠ ᠶᠢᠨ ᠲᠥᠪ ᠲᠦ ᠰᠣᠶᠽ ᠬᠥᠯᠥᠭ ᠦᠨ ᠨᠢᠰᠬᠡᠭᠴᠢ ᠪᠡᠷ ᠮ᠃ᠭᠠᠩᠵᠣᠷᠢᠭ ᠤᠨ ᠬᠠᠮᠲᠤ ᠪᠠᠷ ᠪᠡᠯᠡᠳᠬᠡᠭᠳᠡᠵᠦ ᠡᠬᠢᠯᠡᠭᠰᠡᠨ ᠪᠠᠶᠢᠨ᠎ᠠ᠃ ᠡᠶᠢᠨᠬᠦᠦ ᠤᠳᠠᠯ ᠦᠭᠡᠢ ᠵ᠃ᠭᠦᠷᠦᠷᠠᠭᠴᠠ ᠰᠣᠩᠭᠣᠭᠳᠠᠵᠤ ᠰᠣᠶᠽ-39 ᠬᠥᠯᠭᠡᠷ᠎ᠡ ᠵᠥᠪᠯᠡᠯᠲᠦ ᠶᠢᠨ ᠪᠠᠭᠠᠲᠤᠷ ᠸᠯᠠᠳᠢᠮᠢᠷ ᠠᠯᠧᠺᠰᠠᠨᠳᠠᠷᠪᠢᠴ ᠳᠵᠠᠨᠢᠪᠧᠺᠣᠸ ᠲᠠᠢ ᠬᠠᠮᠲᠤ ᠨᠢᠰᠬᠦ ᠪᠡᠷ ᠪᠣᠯᠵᠠᠢ᠃ 1981 ᠣᠨ ᠤ 3 ᠍ ᠳᠦᠭᠡᠷ ᠰᠠᠷ᠎ᠠ ᠶᠢᠨ 23 ᠍ ᠳᠦ ᠸᠯᠠᠳᠢᠮᠢᠷ ᠺᠣᠸᠠᠯᠶᠣᠨᠣᠺ ᠠᠬᠠᠯᠠᠭᠴᠢ ᠲᠠᠢ ᠰᠠᠯᠢᠶᠦ᠋ᠲ-6-ᠲ-4 ᠰᠠᠨᠰᠠᠷ ᠤᠨ ᠰᠲ᠋ᠠᠨᠼᠢ ᠲᠠᠢ ᠬᠣᠯᠪᠣᠭᠳᠠᠵᠠᠢ᠃

http://wiki.uhaan.com/index.php?title=ᠰᠣᠶᠽ-39&oldid=364416》 ᠍  ᠡᠴᠡ ᠠᠪᠤᠭᠰᠠᠨ

ᠪᠢᠴᠢᠭᠡᠰᠦ