ᠰᠣᠶᠣᠮᠪᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠣᠶᠣᠮᠪᠣ ᠨᠢ ᠵᠠᠨᠠᠪᠠᠽᠠᠷ ᠤᠨ ᠵᠣᠬᠢᠶᠠᠭᠰᠠᠨ᠂ ᠮᠣᠩᠭᠣᠯᠰᠠᠨᠰᠺᠷᠢᠳ᠋, ᠲᠥᠪᠡᠳ ᠦᠭᠡ ᠪᠢᠴᠢᠬᠦ ᠳᠦ ᠵᠣᠷᠢᠭᠤᠯᠤᠭᠳᠠᠭᠰᠠᠨ ᠪᠢᠴᠢᠭ ᠶᠤᠮ᠃

ᠰᠣᠶᠣᠮᠪᠣ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠶᠣᠮᠪᠣ ᠦᠰᠦᠭ ᠦᠨ ᠴᠠᠭᠠᠨ ᠲᠣᠯᠣᠭᠠᠢ

ᠪᠣᠷᠵᠢᠭᠢᠨ ᠣᠪᠣᠭᠲᠤ ᠭᠣᠮᠪᠣᠳᠣᠷᠵᠢ ᠶᠢᠨ ᠵᠠᠨᠠᠪᠠᠽᠠᠷ 1686 ᠣᠨ ᠳᠤ ᠮᠣᠩᠭᠣᠯ᠂ ᠰᠠᠨᠰᠺᠷᠢ ᠳᠤ᠂ ᠲᠥᠪᠡᠳ ᠦᠭᠡ ᠪᠢᠴᠢᠬᠦ ᠳᠦ ᠵᠣᠷᠢᠭᠤᠯᠤᠨ ᠡᠨᠡᠳᠬᠡᠭ᠂ ᠯᠠᠨᠵᠠ᠂ ᠨᠠᠭᠠᠷ ᠦᠰᠦᠭ ᠦᠳ ᠡᠴᠡ ᠰᠠᠨᠠᠭ᠎ᠠ ᠠᠪᠴᠤ 90 ᠦᠰᠦᠭ ᠪᠦᠬᠦᠢ ᠰᠣᠶᠣᠮᠪᠣ ᠦᠰᠦᠭ ᠢ ᠵᠣᠬᠢᠶᠠᠵᠠᠢ᠃ ᠰᠣᠶᠣᠮᠪᠣ ᠦᠰᠦᠭ ᠰᠠᠨᠰᠺᠷᠢᠳ᠋ ᠬᠡᠯᠡᠡᠭᠡᠷᠡ 《ᠥᠪᠡᠷ ᠢᠶᠡᠨ ᠪᠤᠢ ᠪᠣᠯᠤᠭᠰᠠᠨ ᠭᠡᠭᠡᠨ ᠦᠰᠦᠭ》 (ᠰᠪᠠᠶᠠᠩᠪᠬᠤ) ᠭᠡᠰᠡᠨ ᠤᠳᠬ᠎ᠠ ᠲᠠᠢ᠃ ᠵᠠᠨᠠᠪᠠᠽᠠᠷ ᠡᠯ᠎ᠡ ᠪᠢᠴᠢᠭ ᠢᠶᠡᠨ ᠵᠣᠬᠢᠶᠠᠭᠰᠠᠨ ᠤᠴᠢᠷ ᠢᠶᠠᠨ ᠲᠠᠶᠢᠯᠪᠤᠷᠢᠯᠠᠬᠤ ᠳᠤ ᠪᠠᠨ ᠲᠥᠪᠡᠳ᠂ ᠰᠠᠮᠭᠠᠷᠳᠢ ᠬᠡᠯᠡᠨ ᠦ ᠦᠭᠡ ᠶᠢ ᠲᠡᠮᠳᠡᠭᠯᠡᠬᠦ ᠪᠣᠯᠤᠮᠵᠢ ᠶᠢ ᠤᠯᠠᠮ ᠨᠠᠷᠢᠨ ᠪᠣᠯᠭᠠᠬᠤ ᠰᠠᠨᠠᠭ᠎ᠠ ᠠᠭᠤᠯᠤᠭᠰᠠᠨ ᠢᠶᠠᠨ ᠳᠤᠷᠠᠳᠤᠭᠰᠠᠨ ᠪᠠᠶᠢᠳᠠᠭ᠃

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠰᠣᠶᠣᠮᠪᠣ ᠦᠰᠦᠭ ᠢᠶᠡᠷ ᠮᠣᠩᠭᠣᠯ ᠬᠡᠮᠡᠬᠦ ᠤᠳᠬ᠎ᠠ

ᠰᠣᠶᠣᠮᠪᠣ ᠦᠰᠦᠭ ᠢ 200 ᠍ ᠊ᠭᠠᠳ ᠵᠢᠯ ᠭᠣᠣᠯᠳᠠᠭᠤ ᠬᠠᠯᠬ᠎ᠠ ᠶᠢᠨ ᠬᠦᠷᠢᠶ᠎ᠡ ᠬᠡᠶᠢᠳ ᠲᠦ ᠰᠦᠮ᠎ᠡ ᠶᠢᠨ ᠪᠠᠷᠢᠯᠭ᠎ᠠ ᠶᠢᠨ ᠴᠢᠮᠡᠭᠯᠡᠯ ᠳᠦ ᠬᠡᠷᠡᠭᠯᠡᠵᠦ ᠪᠠᠶᠢᠭᠰᠠᠨ ᠪᠥᠭᠡᠳ ᠲᠥᠷᠥ ᠶᠢᠨ ᠲᠠᠮᠠᠭ᠎ᠠ᠂ ᠨᠣᠮ ᠰᠤᠳᠤᠷ ᠤᠨ ᠲᠣᠯᠣᠭᠠᠢ ᠦᠰᠦᠭ ᠢ ᠪᠢᠴᠢᠵᠦ ᠤᠯᠠᠮᠵᠢᠯᠠᠭᠰᠠᠨ ᠨᠢ ᠪᠢᠳᠡᠨ ᠦ ᠦᠶ᠎ᠡ ᠳᠦ ᠭᠣᠶᠣ ᠰᠠᠶᠢᠬᠠᠨ ᠦᠰᠦᠭ ᠦᠨ ᠳᠤᠷᠠᠰᠬᠠᠯ ᠪᠣᠯᠤᠨ ᠦᠯᠡᠳᠡᠭᠰᠡᠨ ᠶᠤᠮ᠃

ᠰᠣᠶᠣᠮᠪᠣ ᠦᠰᠦᠭ ᠦᠨ ᠪᠢᠴᠢᠯᠭᠡ ᠨᠢ ᠵᠡᠭᠦᠨ ᠡᠴᠡ ᠪᠠᠷᠠᠭᠤᠨ ᠲᠡᠰᠢ ᠪᠢᠴᠢᠬᠦ ᠵᠢᠷᠤᠮ ᠲᠠᠢ ᠪᠥᠭᠡᠳ ᠵᠢᠷᠤᠯᠭ᠎ᠠ ᠨᠢ ᠬᠢᠴᠢᠶᠡᠩᠭᠦᠢ ᠪᠢᠴᠢᠭ ᠦᠨ ᠬᠡᠯᠪᠡᠷᠢ ᠶᠢ ᠪᠠᠷᠢᠮᠲᠠᠯᠠᠨ᠎ᠠ᠃ ᠡᠯ᠎ᠡ ᠦᠰᠦᠭ ᠢᠶᠡᠷ ᠪᠤᠷᠬᠠᠨ ᠤ ᠱᠠᠰᠢᠨ ᠤ ᠴᠥᠭᠡᠨ ᠪᠤᠰᠤ ᠨᠣᠮ ᠰᠤᠳᠤᠷ ᠪᠢᠴᠢᠭᠳᠡᠭᠰᠡᠨ ᠭᠡᠬᠦ ᠮᠡᠳᠡᠭᠡ ᠪᠠᠶᠢᠬᠤ ᠪᠣᠯᠪᠠᠴᠤ ᠬᠠᠷᠠᠮᠰᠠᠯᠲᠠᠢ ᠨᠢ ᠤᠯᠠᠮᠵᠢᠯᠠᠨ ᠬᠠᠳᠠᠭᠠᠯᠠᠭᠳᠠᠵᠤ ᠢᠷᠡᠰᠦᠨ ᠢvᠢ᠃ ᠡᠨᠡ ᠨᠢᠭᠡᠨ ᠵᠦᠢᠯ ᠦᠶᠡᠲᠦ ᠦᠰᠦᠭ ᠨᠢ ᠵᠢᠷᠤᠯᠭ᠎ᠠ ᠶᠡᠬᠡ ᠲᠥᠪᠡᠭᠲᠡᠢ ᠪᠠᠶᠢᠭᠰᠠᠨ ᠠᠴᠠ ᠪᠣᠯᠵᠤ ᠶᠡᠬᠡ ᠳᠡᠯᠭᠡᠷᠡᠭᠰᠡᠨ ᠦᠭᠡᠢ᠃

ᠰᠣᠶᠣᠮᠪᠣ ᠲᠡᠮᠳᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠣᠶᠣᠮᠪᠣ ᠲᠡᠮᠳᠡᠭ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠾᠦᠩᠨᠦ ᠶᠢᠨ ᠠᠯᠲᠠᠨ ᠨᠠᠷᠠ ᠰᠠᠷᠠ ᠲᠠᠢ ᠰᠦᠯᠳᠡ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠥᠨᠳᠥᠷ ᠭᠡᠭᠡᠨ ᠦ ᠵᠣᠬᠢᠶᠠᠭᠰᠠᠨ ᠰᠣᠶᠣᠮᠪᠣ ᠪᠢᠴᠢᠭ ᠦᠨ ᠡᠬᠢᠨ ᠦ ᠪᠢᠷᠭ᠎ᠠ ᠲᠡᠮᠳᠡᠭ ᠨᠢ ᠥᠨᠥ ᠶᠢ ᠬᠦᠷᠲᠡᠯ᠎ᠡ ᠮᠣᠩᠭᠣᠯ ᠤᠯᠤᠰ ᠤᠨ ᠲᠤᠭ ᠳᠠᠯᠪᠠᠭᠠᠨ ᠳᠡᠭᠡᠷ᠎ᠡ ᠲᠤᠰᠠᠭᠠᠷ ᠲᠣᠭᠲᠠᠨᠢᠯ ᠤᠨ ᠪᠡᠯᠭᠡ ᠲᠡᠮᠳᠡᠭ ᠪᠣᠯᠤᠨ ᠲᠠᠰᠤᠷᠠᠯᠲᠠ ᠦᠭᠡᠢ ᠤᠯᠠᠮᠵᠢᠯᠠᠭᠰᠠᠭᠠᠷ ᠥᠨᠥᠳᠥᠷ ᠢ ᠬᠦᠷᠦᠭᠰᠡᠨ ᠠᠯᠲᠠᠨ ᠰᠣᠶᠣᠮᠪᠣ ᠶᠤᠮ᠃ ᠾᠦᠩᠨᠦ ᠮᠣᠩᠭᠣᠯᠴᠤᠳ ᠨᠠᠷᠠ᠂ ᠰᠠᠷᠠ᠂ ᠭᠠᠯ ᠤᠨ ᠳᠦᠷᠰᠦ ᠲᠡᠢ ᠰᠦᠯᠳᠡ ᠲᠡᠢ ᠪᠠᠶᠢᠭᠰᠠᠨ ᠨᠢ ᠶᠡᠬᠡ ᠮᠣᠩᠭᠣᠯ ᠤᠯᠤᠰ ᠤᠨ ᠳᠠᠯᠪᠠᠭᠠᠨ ᠳᠡᠭᠡᠷ᠎ᠡ ᠴᠤ ᠳᠦᠷᠰᠦᠯᠡᠭᠳᠡᠭᠰᠡᠨ ᠪᠠᠶᠢᠳᠠᠭ᠃ ᠬᠣᠵᠢᠮ ᠡᠨᠡ ᠰᠦᠯᠳᠡ ᠰᠣᠶᠣᠮᠪᠣᠩ ᠳᠤ ᠬᠡᠷᠡᠭᠳᠡᠭᠳᠡᠬᠦ ᠪᠣᠯᠵᠠᠢ᠃

《ᠰᠣᠶᠣᠮᠪᠣ》 ᠬᠡᠮᠡᠬᠦ ᠰᠠᠨᠰᠺᠷᠢᠳ᠋ ᠦᠭᠡ ᠨᠢ 《ᠥᠪᠡᠷ ᠢᠶᠡᠨ ᠭᠠᠷᠤᠭᠰᠠᠨ ᠭᠡᠭᠡᠨ》 ᠭᠡᠳᠡᠭ ᠤᠳᠬ᠎ᠠ ᠶᠢ ᠠᠭᠤᠯᠠᠳᠠᠭ ᠪᠥᠭᠡᠳ ᠤᠯᠤᠰ ᠲᠥᠷᠥ᠂ ᠭᠦᠨ ᠤᠬᠠᠭᠠᠨ᠂ ᠱᠠᠰᠢᠨ ᠤ ᠣᠯᠠᠨ ᠪᠡᠯᠭᠡᠳᠡᠯ ᠢ ᠠᠭᠤᠯᠠᠭᠰᠠᠨ᠃ ᠰᠣᠶᠣᠮᠪᠣ ᠨᠢ ᠶᠢᠷᠲᠢᠨᠴᠦ ᠶᠢᠨ ᠡᠭᠦᠰᠬᠦ ᠡᠬᠢ ᠰᠤᠷᠪᠤᠯᠵᠢ ᠬᠡᠮᠡᠨ ᠳᠣᠷᠣᠨ᠎ᠠ ᠳᠠᠬᠢᠨ ᠤ ᠭᠦᠨ ᠤᠬᠠᠭᠠᠨ ᠳᠤ ᠦᠵᠡᠳᠡᠭ ᠬᠡᠢᠭᠠᠯᠰᠢᠷᠣᠢᠤᠰᠤ ᠭᠡᠰᠡᠨ ᠢᠵᠠᠭᠤᠷ ᠮᠠᠬᠠᠪᠣᠳ ᠤᠳ ᠢ ᠳᠣᠣᠷ᠎ᠠ ᠨᠢ ᠪᠠᠶᠢᠷᠢᠯᠠᠭᠤᠯᠵᠤ᠂ ᠰᠠᠪᠠ ᠶᠢᠷᠲᠢᠨᠴᠦ ᠶᠢᠨ ᠣᠷᠣᠰᠢᠯ ᠢ ᠪᠡᠯᠡᠭᠳᠡᠭᠰᠡᠨ ᠰᠢᠷᠣᠢ᠂ ᠤᠰᠤ᠂ ᠭᠠᠯ᠂ ᠬᠡᠢ ᠣᠭᠲᠠᠷᠭᠤᠢ ᠶᠢ ᠳᠡᠭᠡᠷ᠎ᠡ ᠨᠢ ᠳᠦᠷᠰᠦᠯᠡᠨ᠂ ᠳᠤᠮᠳᠠ ᠨᠢ ᠰᠢᠮ᠎ᠡ ᠶᠢᠷᠲᠢᠨᠴᠦ ᠪᠤᠶᠤ ᠬᠦᠮᠦᠨ ᠦ ᠠᠷᠭ᠎ᠠ ᠪᠢᠯᠢᠭ ᠢ ᠳᠦᠷᠰᠦᠯᠡᠵᠡᠢ᠃

ᠤᠯᠤᠰ ᠲᠥᠷᠥ ᠶᠢᠨ ᠪᠡᠯᠭᠡᠳᠡᠯ ᠨᠢ᠂ ᠰᠣᠶᠣᠮᠪᠣ ᠶᠢᠨ ᠳᠡᠭᠡᠳᠦ ᠲᠠᠯ᠎ᠠ ᠳᠤ ᠨᠢ ᠠᠶᠢᠯ ᠡᠷᠦᠬᠡ᠂ ᠤᠯᠤᠰ ᠬᠣᠲᠠᠯᠠ ᠪᠠᠷ ᠢᠶᠠᠨ ᠥᠩᠭᠡᠷᠡᠭᠰᠡᠨ ᠣᠳᠣ ᠢᠷᠡᠭᠡᠳᠦᠢ ᠳᠦ ᠡᠭᠦᠷᠢᠳᠡ ᠮᠠᠨᠳᠤᠨ ᠪᠠᠳᠠᠷᠠᠬᠤ ᠶᠢ᠂ ᠨᠠᠷ ᠰᠠᠷᠠ ᠨᠢ ᠮᠣᠩᠭᠣᠯ ᠤᠨ ᠠᠷᠠᠳ ᠲᠦᠮᠡᠨ ᠴᠡᠴᠡᠭᠯᠡᠨ ᠬᠥᠭᠵᠢᠬᠦ᠂ ᠭᠤᠷᠪᠠᠯᠵᠢᠨ ᠨᠢ ᠰᠤᠮᠤ ᠮᠡᠲᠦ ᠬᠤᠷᠴᠠ ᠡᠷᠡᠮᠡᠭᠡᠢ ᠪᠠᠶᠢᠬᠤ ᠶᠢ᠂ ᠳᠤᠮᠳᠠᠬᠢ ᠵᠢᠭᠠᠰᠤ ᠨᠢ ᠥᠨᠢᠷ ᠥᠳᠬᠡᠨ᠂ ᠰᠣᠨᠣᠷ ᠰᠣᠷᠭᠣᠭ ᠢ᠂ ᠬᠠᠵᠠᠭᠤ ᠶᠢᠨ ᠪᠣᠰᠤᠭ᠎ᠠ ᠱᠤᠭᠤᠮ ᠨᠢ ᠬᠡᠷᠡᠮ ᠮᠡᠲᠦ ᠪᠠᠲᠤ ᠪᠥᠬᠡ ᠪᠠᠶᠢᠬᠤ ᠶᠢ ᠲᠥᠰᠦᠭᠡᠯᠡᠳᠡᠭ᠃ ᠰᠣᠶᠣᠮᠪᠣ ᠶᠢᠨ ᠪᠠᠮ ᠦᠰᠦᠭ ᠨᠢ ᠠᠷᠭ᠎ᠠ ᠪᠢᠯᠢᠭ ᠬᠣᠣᠰᠯᠠᠬᠤ ᠶᠢ᠂ ᠳᠣᠣᠷᠠᠬᠢ ᠪᠠᠳᠮ᠎ᠠ ᠨᠢ ᠢᠵᠠᠭᠤᠷ ᠤᠨ ᠲᠥᠷᠥ ᠱᠠᠰᠢᠨ ᠢᠶᠠᠨ ᠮᠠᠨᠳᠤᠭᠤᠯᠤᠨ ᠬᠥᠭᠵᠢᠭᠦᠯᠬᠦ ᠶᠢ ᠪᠡᠯᠡᠭᠳᠡᠵᠡᠢ᠃

ᠡᠶᠢᠨᠬᠦᠦ ᠰᠣᠶᠣᠮᠪᠣ ᠰᠦᠯᠳᠡ ᠨᠢ ᠳᠣᠷᠣᠨ᠎ᠠ ᠳᠠᠬᠢᠨ ᠤ ᠲᠥᠷᠥ᠂ ᠤᠯᠤᠰ ᠦᠨᠳᠦᠰᠦᠲᠡᠨ ᠦ ᠪᠣᠯᠤᠨ ᠭᠦᠨ ᠤᠬᠠᠭᠠᠨ ᠤ ᠪᠦᠬᠦ ᠪᠡᠯᠭᠡᠳᠡᠯ ᠢ ᠥᠪᠡᠷᠲᠡᠭᠡᠨ ᠪᠠᠭᠲᠠᠭᠠᠭᠰᠠᠨ ᠲᠡᠮᠳᠡᠭ ᠶᠤᠮ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]


en:Soyombo script
http://wiki.uhaan.com/index.php?title=ᠰᠣᠶᠣᠮᠪᠣ&oldid=436633》 ᠍  ᠡᠴᠡ ᠠᠪᠤᠭᠰᠠᠨ

ᠪᠢᠴᠢᠭᠡᠰᠦ