ᠰᠣᠯᠢᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠨᠠᠳᠠ ᠤᠯᠤᠰ ᠍ ᠤᠨ ᠣᠲ ᠲᠪᠠ ᠬᠣᠲᠠ ᠍ ᠤᠨ ᠪᠠᠶᠢᠭᠠᠯᠢ ᠶᠢᠨ ᠲᠡᠦᠬᠡ ᠶᠢᠨ ᠮᠦᠽᠧᠢ ᠶᠢᠨ ᠦᠵᠡᠮᠦᠷᠢ᠃

ᠰᠣᠯᠢᠷᠲᠩᠷᠢᠡ ᠡᠴᠡ ᠤᠨᠤᠭᠴᠢ ᠴᠢᠯᠠᠭᠤ ᠶᠤᠮ᠃[1][2][3]

ᠭᠠᠷᠠᠭ ᠬᠣᠭᠣᠷᠣᠨᠳᠣ ᠶᠢᠨ ᠣᠷᠣᠨ ᠵᠠᠢ ᠳᠤ ᠶᠠᠩᠵᠤ ᠪᠦᠷᠢ ᠶᠢᠨ ᠨᠠᠰᠤ ᠪᠦᠬᠦᠢ ᠡᠯᠳᠡᠪ ᠲᠥᠷᠦᠯ ᠦᠨ ᠲᠣᠭᠣᠰᠣ᠂ ᠰᠢᠷᠣᠢ᠂ ᠲᠣᠮᠣ ᠵᠢᠵᠢᠭ ᠬᠠᠲᠠᠭᠤ ᠪᠡᠶᠡᠲᠦ ᠨᠦᠭᠦᠳ ᠣᠷᠣᠰᠢᠳᠠᠭ᠃ ᠳᠡᠯᠡᠬᠡᠢᠨ ᠭᠠᠳᠠᠷᠭᠤ ᠲᠣᠭᠣᠰᠣᠨ ᠤ ᠰᠢᠷᠬᠡᠭ ᠡᠴᠡ ᠬᠡᠳᠦᠨ ᠺᠭ ᠵᠢᠩ ᠲᠠᠲᠠᠬᠤ ᠴᠢᠯᠠᠭᠤ ᠬᠦᠷᠲᠡᠯᠡᠬᠢ ᠶᠠᠩᠵᠤ ᠪᠦᠷᠢ ᠶᠢᠨ ᠬᠡᠮᠵᠢᠶ᠎ᠡ ᠲᠡᠢ ᠰᠠᠨᠰᠠᠷ ᠤᠨ ᠪᠡᠶᠡᠲᠦ ᠪᠡᠷ ᠪᠠᠶᠢᠩᠭᠤ "ᠪᠥᠮᠪᠦᠭᠡᠳᠡᠭᠦᠯᠵᠦ" ᠪᠠᠶᠢᠳᠠᠭ᠃[4] [5][6][7][8] ᠡᠳᠡᠭᠡᠷ ᠪᠡᠶᠡᠲᠦ ᠨᠦᠭᠦᠳ ᠨᠢ ᠳᠡᠯᠡᠬᠡᠢ ᠶᠢᠨ ᠬᠡᠢ ᠶᠢᠨ ᠮᠠᠨᠳᠠᠯ ᠳᠤ ᠴᠠᠭ ᠲᠤ 60,000 km ᠪᠠ ᠲᠡᠭᠦᠨ ᠡᠴᠡ ᠴᠤ ᠶᠡᠬᠡ ᠬᠤᠷᠳᠤᠲᠠᠶᠢᠭ᠎ᠠ ᠪᠠᠷ ᠣᠷᠣᠵᠤ ᠢᠷᠡᠨ ᠠᠭᠠᠷ ᠤᠨ ᠦᠷᠦᠯᠲᠡ ᠶᠢᠨ ᠤᠯᠠᠮ ᠠᠴᠠ ᠬᠠᠶᠢᠯᠠᠵᠤ ᠰᠢᠲᠠᠨ᠎ᠠ᠃ ᠡᠳᠡᠭᠡᠷ ᠢ ᠳᠣᠲᠣᠷ᠎ᠠ ᠨᠢ ᠭᠤᠷᠪᠠ ᠠᠩᠭᠢᠯᠠᠨ᠎ᠠ᠃[4] ᠡᠭᠦᠨ ᠳᠦ:

 • ᠰᠣᠯᠢᠷ ᠤᠨ ᠪᠡᠶᠡᠲᠦ ᠨᠦᠭᠦᠳ — ᠰᠠᠨᠰᠠᠷ ᠤᠨ ᠣᠷᠣᠨ ᠵᠠᠢ ᠳᠤ ᠪᠤᠢ ᠲᠣᠭᠣᠰᠣᠨ ᠤ ᠬᠤᠷᠠᠮᠳᠤᠯᠠᠯ ᠪᠤᠶᠤ ᠴᠢᠯᠠᠭᠤᠯᠢᠭ ᠤᠨ ᠬᠡᠯᠲᠡᠷᠬᠡᠢ ᠶᠤᠮ᠃
 • ᠲᠣᠯᠢᠷᠠ — ᠬᠡᠢ ᠶᠢᠨ ᠮᠠᠨᠳᠠᠯ ᠳᠤ ᠣᠷᠣᠵᠤ ᠢᠷᠡᠨ ᠰᠢᠲᠠᠵᠤ ᠪᠤᠢ ᠪᠡᠶᠡᠲᠦ ᠶᠢᠨ ᠬᠠᠷᠠᠭᠳᠠᠬᠤ ᠬᠡᠰᠡᠭ ᠶᠤᠮ᠃ "ᠣᠳᠣ ᠬᠠᠷᠪᠤᠬᠤ" ᠬᠠᠷᠪᠤᠬᠤ ᠨᠢ ᠴᠤᠬᠤᠮ ᠳᠠᠭᠠᠨ ᠲᠣᠯᠢᠷᠠ ᠰᠢᠲᠠᠵᠤ ᠪᠤᠢ ᠶᠢᠨ ᠢᠯᠡᠷᠡᠯ ᠶᠤᠮ᠃
 • ᠰᠣᠯᠢᠷ — ᠰᠢᠲᠠᠵᠤ ᠳᠠᠭᠤᠰᠤᠯ ᠦᠭᠡᠢ ᠪᠡᠷ ᠳᠡᠯᠡᠬᠡᠢ ᠶᠢᠨ ᠭᠠᠳᠠᠷᠭᠤ ᠳᠡᠭᠡᠷ᠎ᠡ ᠤᠨᠠᠵᠤ ᠢᠷᠡᠬᠦ ᠲᠣᠯᠢᠷ ᠤᠨ ᠪᠡᠶᠡᠲᠦ ᠶᠢ ᠰᠣᠯᠢᠷ ᠭᠡᠳᠡᠭ᠃ ᠰᠣᠯᠢᠷ ᠢ ᠤᠨᠠᠭᠰᠠᠨ ᠭᠠᠵᠠᠷ ᠤᠨ ᠬᠢ ᠨᠢ ᠨᠡᠷ᠎ᠡ ᠪᠡᠷ ᠭᠣᠣᠯᠳᠠᠭᠤ ᠨᠡᠷᠡᠯᠡᠨ᠎ᠡ᠃ ᠡᠶᠢᠮᠦ ᠵᠠᠮ ᠢᠶᠠᠷ ᠳᠡᠯᠡᠬᠡᠢ ᠳᠡᠭᠡᠷ᠎ᠡ ᠤᠨᠠᠵᠤ ᠢᠷᠡᠳᠡᠭ 200 ᠲᠨ ᠣᠷᠴᠢᠮ ᠪᠡᠶᠡᠲᠦ ᠶᠢᠨ ᠶᠡᠬᠡᠩᠬᠢ ᠨᠢ ᠲᠣᠭᠣᠰᠣᠨ ᠤ ᠵᠢᠵᠢᠭ ᠰᠢᠷᠬᠡᠭ ᠲᠡᠳᠦᠢ ᠴᠤ 20 ᠣᠷᠴᠢᠮ ᠨᠢ ᠰᠣᠯᠢᠷ ᠪᠠᠶᠢᠳᠠᠭ᠃

ᠨᠠᠶᠢᠷᠠᠯᠭ᠎ᠠ ᠠᠴᠠ ᠨᠢ ᠬᠠᠮᠢᠶᠠᠷᠴᠢ ᠰᠣᠯᠢᠷ ᠢ 3 ᠲᠥᠷᠦᠯ ᠳᠦ ᠬᠤᠪᠢᠶᠠᠳᠠᠭ᠃ ᠡᠭᠦᠨ ᠳᠦ:

ᠴᠢᠯᠠᠭᠤᠨ ᠰᠣᠯᠢᠷ ᠶᠡᠬᠡ ᠪᠠᠶᠢᠬᠤ ᠮᠠᠭᠠᠳᠯᠠᠯ ᠲᠠᠢ ᠪᠣᠯᠪᠠᠴᠤ ᠣᠯᠳᠠᠭᠰᠠᠨ ᠰᠣᠯᠢᠷ ᠤᠳ ᠶᠡᠬᠡᠩᠬᠢ ᠳᠦ ᠪᠡᠨ ᠲᠡᠮᠦᠷ ᠰᠣᠯᠢᠷ ᠪᠠᠶᠢᠳᠠᠭ᠃

ᠰᠣᠯᠢᠷ ᠤᠨ ᠪᠡᠶ᠎ᠡ ᠳᠦ ᠨᠢ ᠳᠡᠯᠡᠬᠡᠢ ᠶᠢᠨ ᠠᠭᠠᠷ ᠮᠠᠨᠳᠠᠯ ᠢ ᠨᠡᠪᠲᠡᠯᠦᠨ ᠭᠠᠵᠠᠷ ᠲᠤ ᠪᠠᠭᠤᠨ ᠰᠣᠯᠢᠷ ᠪᠣᠯᠵᠤ ᠪᠤᠢ ᠦᠵᠡᠭᠳᠡᠯ ᠃

ᠳᠡᠯᠡᠬᠡᠢ ᠶᠢᠨ ᠭᠠᠳᠠᠷᠭᠤ ᠳᠡᠭᠡᠷ᠎ᠡ ᠲᠣᠮᠣ ᠰᠣᠯᠢᠷ ᠤᠨᠠᠭᠰᠠᠨ ᠠᠴᠠ ᠡᠭᠦᠰᠦᠭᠰᠡᠨ ᠥᠪᠡᠷᠮᠢᠴᠡ ᠬᠡᠯᠪᠡᠷᠢ ᠨᠢ ᠰᠠᠷᠠᠨ ᠤ ᠭᠠᠳᠠᠷᠭᠤ ᠳᠤ ᠵᠣᠩᠬᠢᠯᠠᠳᠠᠭ ᠡᠷᠦᠬᠡ ᠲᠣᠭᠣᠭᠠᠨ ᠠᠴᠠ ᠢᠯᠭᠠᠭ᠎ᠠ ᠦᠭᠡᠢ ᠪᠠᠶᠢᠳᠠᠭ᠃

ᠮᠣᠩᠭᠣᠯ ᠳᠤ ᠰᠣᠯᠢᠷ ᠤᠨᠠᠵᠤ ᠪᠠᠶᠢᠭᠰᠠᠨ ᠮᠡᠳᠡᠭᠡ ᠣᠯᠠᠨ᠃ ᠵᠢᠱᠢᠶ᠎ᠡ ᠨᠢ᠂ 1933 ᠣᠨ ᠳᠤ ᠡᠮᠦᠨᠡᠭᠣᠪᠢ ᠠᠶᠢᠮᠠᠭ ᠲᠤ ᠨᠣᠶᠠᠨ ᠪᠣᠭᠳᠠᠭᠣᠪᠢ-ᠠᠯᠲᠠᠢ ᠳᠤ ᠠᠵᠤ ᠪᠣᠭᠳᠠ (582 ᠺᠭ ᠵᠢᠩ ᠲᠡᠢ) ᠵᠡᠷᠭᠡ ᠰᠣᠯᠢᠷ ᠤᠨᠠᠵᠠᠢ᠃ ᠬᠠᠮᠤᠭ ᠤᠨ ᠲᠣᠮᠣ ᠨᠢ ᠬᠣᠪᠲᠣ ᠠᠶᠢᠮᠠᠭ ᠤᠨ ᠪᠤᠯᠠᠭᠠᠨ ᠰᠤᠮᠤ ᠍ ᠤᠨ ᠨᠤᠲᠤᠭ ᠳᠠᠬᠢ 20 ᠲᠨ ᠮᠥᠩᠭᠥᠨ ᠳᠥᠰᠢ ᠰᠣᠯᠢᠷ ᠶᠤᠮ᠃[4]

ᠰᠣᠯᠢᠷ ᠲᠠᠢ ᠬᠣᠯᠪᠣᠭᠳᠠᠯ ᠲᠠᠢ ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. meteoroid. Science Dictionary.
 2. Coffey, Jerry (2009-07-30). What Is The Difference Between Asteroids and Meteorites. Universe Today. 《...asteroids are smaller than planets but larger than meteoroids》
 3. meteoroids. The free dictionary.
 4. 4.0 4.1 4.2 ᠶᠡ᠃ᠪᠠᠲᠤᠴᠢᠯᠠᠭᠤᠨ (2009). ᠳᠡᠯᠡᠬᠡᠢ ᠰᠤᠳᠤᠯᠤᠯ. ᠮᠥᠩᠬᠡ ᠶᠢᠨ ᠦᠰᠦᠭ. 
 5. http://education.nationalgeographic.co.uk/education/encyclopedia/meteoroid/?ar_a=1
 6. http://solarsystem.nasa.gov/planets/profile.cfm?Object=Meteors&Display=OverviewLong
 7. Asteroid Fast Facts. NASA.
 8. Infographic: What's the Difference Between a Comet, Asteroid and Meteor?. Universe Today (20 February 2013).

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠰᠣᠯᠢᠷ»
http://wiki.uhaan.com/index.php?title=ᠰᠣᠯᠢᠷ&oldid=385287》 ᠍  ᠡᠴᠡ ᠠᠪᠤᠭᠰᠠᠨ

ᠪᠢᠴᠢᠭᠡᠰᠦ