ᠰᠣᠯᠢᠢᠨ ᠳᠠᠨᠽᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠣᠯᠢᠢᠨ ᠳᠠᠨᠽᠠᠨ
ᠦᠨᠳᠦᠰᠦᠨ ᠦ ᠬᠤᠪᠢᠰᠬᠠᠯ ᠤᠨ ᠠᠩᠬᠠᠨ ᠤ ᠵᠢᠳᠬᠦᠯᠲᠡᠨ ᠨᠦᠭᠦᠳ:ᠰᠣᠯᠢᠢᠨ ᠳᠠᠨᠽᠠᠨ ᠨᠢ ᠰᠦᠬᠡ ᠶᠢᠨ ᠬᠠᠵᠠᠭᠤ ᠳᠤ ᠪᠦᠷᠬᠡ ᠮᠠᠯᠠᠭᠠᠢ ᠲᠠᠢ ᠪᠠᠶᠢᠨ᠎ᠠ᠃

ᠰᠣᠯᠢᠢᠨ ᠳᠠᠨᠽᠠᠨ (1883 – 1924) ᠨᠢ ᠮᠣᠩᠭᠣᠯ ᠤᠯᠤᠰ ᠤᠨ ᠲᠥᠷᠥ ᠶᠢᠨ ᠵᠢᠳᠬᠦᠯᠲᠡᠨ᠂ 1921 ᠣᠨ ᠤ ᠠᠷᠠᠳ ᠤᠨ ᠬᠤᠪᠢᠰᠬᠠᠯ ᠍ ᠤᠨ ᠠᠩᠬᠠᠨ ᠤ ᠳᠣᠯᠣᠭ᠎ᠠᠭᠡᠶᠢᠨ ᠨᠢᠭᠡ᠂ ᠮᠣᠩᠭᠣᠯ ᠠᠷᠠᠳ ᠤᠨ ᠨᠠᠮ ᠍ ᠤᠨ ᠠᠩᠬᠠᠨ ᠤ ᠳᠠᠷᠤᠭ᠎ᠠ᠂ ᠮᠣᠩᠭᠣᠯ ᠤᠨ ᠣᠷᠴᠢᠨ ᠦᠶ᠎ᠡ ᠶᠢᠨ ᠡᠳ᠋ ᠍ ᠦᠨ ᠵᠠᠰᠠᠭ ᠤᠨ ᠰᠠᠯᠪᠤᠷᠢ ᠶᠢ ᠦᠨᠳᠦᠰᠦᠯᠡᠭᠴᠢ ᠶᠤᠮ᠃

1919 ᠣᠨ ᠳᠤ ᠭᠠᠶᠢᠯᠢ ᠶᠢᠨ ᠬᠣᠷᠢᠶᠠᠨ ᠤ ᠲᠦᠰᠢᠮᠡᠯ ᠪᠠᠶᠢᠬᠤ ᠳᠤ ᠪᠠᠨ ᠵᠡᠭᠦᠨ ᠬᠦᠷᠢᠶᠡᠨ ᠦ ᠨᠢᠭᠤᠴᠠ ᠪᠦᠯᠬᠦᠮ ᠢ ᠡᠭᠦᠰᠬᠡᠨ ᠪᠠᠶᠢᠭᠤᠯᠤᠭᠰᠠᠨ ᠪᠠ ᠤᠯᠠᠮ ᠢᠶᠠᠷ ᠨᠣᠶᠠᠳ ᠤᠨ ᠪᠦᠯᠬᠦᠮ᠂ ᠺᠣᠨᠰᠤᠶᠢᠯ ᠤᠨ ᠳᠡᠨᠵᠢ ᠶᠢᠨ ᠨᠢᠭᠤᠴᠠ ᠪᠦᠯᠬᠦᠮ ᠲᠡᠢ ᠨᠢᠭᠡᠳᠦᠨ 1920 ᠣᠨ ᠤ 6 ᠳ᠋ᠤᠭᠠᠷ ᠰᠠᠷ᠎ᠠ ᠶᠢᠨ 25 ᠍ ᠤ ᠡᠳᠦᠷ ᠮᠣᠩᠭᠣᠯ ᠠᠷᠠᠳ ᠤᠨ ᠨᠠᠮ ᠍ ᠢ ᠡᠭᠦᠰᠬᠡᠨ ᠪᠠᠶᠢᠭᠤᠯᠤᠯᠴᠠᠵᠤ ᠨᠠᠮ ᠤᠨ ᠠᠩᠬᠠᠨ ᠤ ᠳᠠᠷᠤᠭ᠎ᠠ ᠪᠠᠷ 1921 ᠣᠨ ᠤ 3 ᠍ ᠳᠦᠭᠡᠷ ᠰᠠᠷ᠎ᠠ ᠳᠤ ᠰᠣᠩᠭᠣᠭᠳᠠᠨ ᠠᠵᠢᠯᠯᠠᠵᠠᠢ᠃ 1921 ᠣᠨ ᠤ ᠨᠠᠮᠤᠷ ᠠᠴᠠ ᠰᠠᠩ ᠤᠨ ᠰᠠᠶᠢᠳ ᠤᠨ ᠠᠵᠢᠯ ᠢ ᠬᠢᠵᠦ ᠭᠦᠢᠴᠡᠳᠭᠡᠵᠦ ᠪᠠᠶᠢᠭᠰᠠᠨ᠃ 1923 ᠣᠨ ᠳᠤ ᠳᠠᠮᠳᠢᠨ ᠤ ᠰᠦᠬᠡᠪᠠᠭᠠᠲᠤᠷ ᠍ ᠢ ᠨᠠᠰᠤ ᠪᠠᠷᠠᠭᠰᠠᠨ ᠤ ᠳᠠᠷᠠᠭ᠎ᠠ ᠪᠦᠬᠦ ᠴᠡᠷᠢᠭ ᠦᠨ ᠵᠠᠩᠵᠤᠨ ᠪᠣᠯᠤᠭᠰᠠᠨ᠃

1921 ᠣᠨ ᠤ 11 ᠰᠠᠷ᠎ᠠ ᠶᠢᠨ 5 ᠍ ᠳᠦ ᠮᠣᠰᠺᠸᠠ ᠬᠣᠳᠠ ᠳᠤ ᠠᠶᠢᠯᠴᠢᠯᠠᠭᠰᠠᠨ ᠮᠣᠩᠭᠣᠯ ᠤᠨ ᠲᠥᠯᠥᠭᠡᠯᠡᠭᠴᠢᠳ ᠢ ᠲᠡᠷᠢᠭᠦᠯᠡᠨ ᠯᠧᠨᠢᠨᠲᠡᠢ ᠠᠭᠤᠯᠵᠠᠵᠤ ᠵᠥᠪᠯᠡᠯᠲᠦ ᠬᠣᠯᠪᠣᠭᠠᠲᠤ ᠤᠯᠤᠰ ᠍ ᠲᠠᠢ ᠨᠠᠶᠢᠷᠠᠮᠳᠠᠯ ᠤᠨ ᠭᠡᠷ᠎ᠡ ᠪᠠᠶᠢᠭᠤᠯᠤᠭᠰᠠᠨ᠃

ᠰ᠃ᠳᠠᠨᠽᠠᠨ ᠨᠢ ᠲᠡᠷᠡ ᠦᠶ᠎ᠡ ᠶᠢᠨ ᠪᠣᠳᠣᠯᠭ᠎ᠠ ᠪᠠᠷᠢᠭᠴᠢᠳ ᠠᠴᠠ ᠡᠷᠡᠰ ᠢᠯᠭᠠᠭ᠎ᠠ ᠲᠠᠢ ᠵᠠᠷᠴᠢᠮ ᠢ ᠪᠠᠷᠢᠳᠠᠭ ᠪᠠᠶᠢᠭᠰᠠᠨ ᠪᠠ ᠯᠢᠪᠧᠷᠠᠯ ᠠᠷᠠᠳᠴᠢᠯᠠᠭᠰᠠᠨ ᠰᠡᠳᠬᠢᠯᠭᠡ ᠲᠡᠢ ᠬᠦᠮᠦᠨ ᠪᠠᠶᠢᠭᠰᠠᠨ ᠶᠤᠮ᠃ ᠲᠡᠷᠡ ᠪᠡᠷ ᠪᠠᠷᠠᠭᠤᠨ ᠤ ᠬᠥᠭᠵᠢᠩᠭᠦᠢ ᠣᠷᠣᠨ ᠨᠤᠭᠤᠳ ᠤᠨ ᠲᠤᠰᠠᠯᠠᠯᠴᠠᠭ᠎ᠠ ᠶᠢ ᠠᠪᠴᠤ ᠮᠣᠩᠭᠣᠯ ᠣᠷᠣᠨ ᠢᠶᠠᠨ ᠲᠠᠲᠠᠨ ᠪᠣᠰᠬᠠᠬᠤ ᠲᠠᠯ᠎ᠠ ᠪᠠᠷ ᠡᠭᠡᠯᠵᠢᠲᠦ ᠤᠯᠤᠰ ᠤᠨ ᠪᠠᠭ᠎ᠠ ᠬᠤᠷᠠᠯ ᠤᠳ ᠢᠶᠠᠷ ᠤᠳᠠᠭ᠎ᠠ ᠳᠠᠷᠠᠭᠠᠯᠠᠨ ᠰᠠᠨᠠᠯ ᠢᠶᠠᠨ ᠣᠷᠣᠭᠤᠯᠵᠤ ᠪᠠᠶᠢᠭᠰᠠᠨ ᠪᠠ ᠮᠣᠩᠭᠣᠯ ᠤᠯᠤᠰ ᠤᠨ ᠮᠥᠩᠭᠥᠨ ᠲᠡᠮᠳᠡᠭᠲᠦ ᠶᠢ ᠮᠣᠩᠭᠣᠯ ᠳ᠋ᠣᠯᠯᠠᠷ (ᠳᠠᠨᠽᠠᠨᠠᠭ ᠤᠨ ᠳ᠋ᠣᠯᠯᠠᠷ ᠭᠡᠵᠦ ᠠᠯᠳᠠᠷᠰᠢᠭᠰᠠᠨ) ᠪᠣᠯᠭᠠᠬᠤ ᠰᠠᠨᠠᠯ᠎ᠠ ᠴᠤ ᠢᠯᠡᠷᠬᠡᠶᠢᠯᠡᠵᠦ ᠪᠠᠶᠢᠴᠠᠢ᠃ ᠮᠥᠨ ᠲᠡᠭᠦᠨ ᠦ ᠭᠣᠣᠯ ᠪᠠᠷᠢᠮᠲᠠᠯᠠᠳᠠᠭ ᠵᠦᠢᠯ ᠨᠢ ᠮᠣᠩᠭᠣᠯ ᠣᠷᠣᠨ ᠬᠡᠵᠢᠶ᠎ᠡ ᠴᠤ ᠺᠠᠫᠲ᠋ᠠᠯᠢᠰᠲ ᠨᠡᠶᠢᠭᠡᠮ ᠢ ᠠᠯᠭᠠᠰᠠᠴᠢ ᠪᠣᠯᠬᠤ ᠦᠭᠡᠢ ᠭᠡᠰᠡᠨ ᠦᠵᠡᠯ ᠨᠢ ᠪᠠᠶᠢᠯ᠎ᠠ᠃ ᠡᠨᠡ ᠨᠢ ᠲᠡᠭᠦᠨ ᠢ ᠺᠣᠮᠢᠨᠲ᠋ᠧᠷᠠᠨᠢᠭᠢᠬᠡᠨ ᠳᠦ ᠢᠯᠡᠭᠦᠦ ᠦᠵᠦᠭ ᠲᠤ ᠬᠢ᠂ ᠰᠢᠬᠠᠨ ᠵᠠᠶᠢᠯᠠᠭᠤᠯᠬᠤ ᠭᠡᠰᠡᠨ ᠪᠣᠳᠣᠯᠭ᠎ᠠ ᠳᠤ ᠨᠢ ᠭᠦᠨ ᠲᠦᠯᠬᠢᠴᠡ ᠨᠢ ᠪᠣᠯᠤᠭᠰᠠᠨ ᠶᠤᠮ᠃

1924 ᠣᠨ ᠳᠤ ᠡᠯᠪᠡᠭᠳᠣᠷᠵᠢ ᠷᠧᠨᠴᠢᠨ᠎ᠠ ᠺᠣᠮᠢᠨᠲ᠋ᠧᠷᠠᠨ ᠤ ᠳᠡᠮᠵᠢᠯᠭᠡ ᠲᠡᠢ ᠪᠡᠷ ᠮᠣᠩᠭᠣᠯ ᠠᠷᠠᠳ ᠤᠨ ᠨᠠᠮ ᠤᠨ 3 ᠍ ᠳᠦᠭᠡᠷ ᠪᠠᠭ᠎ᠠ ᠬᠤᠷᠠᠯ ᠢᠶᠠᠷ ᠰᠣᠯᠢᠢᠨ ᠳᠠᠨᠽᠠᠨ ᠢ ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠦᠯᠦᠨ ᠴᠠᠭᠠᠵᠠ ᠪᠠᠷ ᠠᠪᠴᠠᠢ᠃

1962 ᠣᠨ ᠳᠤ ᠰᠣᠯᠢᠢᠨ ᠳᠠᠨᠽᠠᠨ ᠢ ᠴᠠᠭᠠᠳᠬᠠᠭᠰᠠᠨ ᠪᠠᠶᠢᠨ᠎ᠠ᠃

2010 ᠣᠨ ᠳᠤ ᠰᠣᠯᠢᠢᠨ ᠳᠠᠨᠽᠠᠨ ᠰᠠᠨ ᠶᠢ ᠲᠡᠭᠦᠨ ᠦ ᠵᠢᠭᠡᠨᠴᠢᠷ ᠷ᠃ᠪᠠᠲᠤᠷᠤᠭᠴᠢ ᠪᠠᠨᠭᠡᠶᠢᠨ ᠰᠠᠨᠠᠭᠠᠴᠢᠯᠭ᠎ᠠ ᠪᠠᠷ ᠰ᠃ᠳᠠᠨᠽᠠᠨᠠᠭ ᠤᠨ ᠦᠵᠡᠯ ᠢ ᠪᠠᠷᠢᠮᠲᠠᠯᠠᠭᠴᠢ ᠵᠢᠷᠤᠮ ᠤᠨ ᠬᠡᠳᠦᠨ ᠨᠥᠬᠥᠳ ᠬᠠᠮᠲᠤᠷᠠᠨ ᠡᠭᠦᠰᠬᠡᠨ ᠪᠠᠶᠢᠭᠤᠯᠤᠭᠰᠠᠨ ᠪᠥᠭᠡᠳ ᠲᠡᠷᠢᠭᠦᠨ ᠢᠶᠡᠷ ᠨᠢ ᠮᠣᠩᠭᠣᠯ ᠠᠷᠠᠳ ᠤᠨ ᠨᠠᠮ ᠤᠨ ᠨᠠᠷᠢᠨ ᠪᠢᠴᠢᠭ ᠦᠨ ᠳᠠᠷᠤᠭ᠎ᠠ ᠶᠠ᠃ᠰᠣᠳᠪᠠᠭᠠᠲᠤᠷ ᠠᠵᠢᠯᠯᠠᠵᠤ ᠪᠠᠶᠢᠨ᠎ᠠ᠃

ᠪᠢᠴᠢᠭᠡᠰᠦ