ᠰᠣᠮᠠᠯᠢᠢ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠰᠣᠮᠠᠯᠢᠢ ᠠ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠵᠠᠰᠠᠭ ᠬᠣᠯᠪᠣᠭᠠᠨ ᠤ ᠰᠢᠯᠵᠢᠯᠲᠡ ᠶᠢᠨ ᠪᠦᠭᠦᠳᠡ ᠨᠠᠶᠢᠷᠠᠮᠳᠠᠬᠤ ᠬᠠᠭᠠᠰ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠤᠯᠤᠰ
 -  ᠶᠡᠷᠦᠩᠬᠡᠶᠢᠯᠡᠭᠴᠢ ᠠᠪᠳᠤᠯᠠᠬᠢ ᠶᠱᠤᠹ ᠠᠬᠠᠮᠧᠳ
 -  ᠶᠡᠷᠦᠩᠬᠡᠢ ᠰᠠᠶᠢᠳ ᠨᠤᠷ ᠬᠠᠰᠤᠭᠰᠠᠨ ᠬᠤᠰᠰᠡᠢ ᠶᠢᠨ
 -  ᠭᠠᠳᠠᠷᠭᠤ ᠶᠢᠨ ᠤᠰᠤ (%) 1.6%
ᠬᠦᠮᠦᠨ ᠠᠮᠠ
 -  ᠲᠣᠭᠠᠴᠠᠭ᠎ᠠ () 9,558,666 
ᠬᠡᠦᠬᠡᠳ ᠦᠨ ᠬᠥᠭᠵᠢᠯ ᠦᠨ ᠢᠨᠳᠧᠺᠰ  ᠪᠠᠶᠢᠬᠤ ᠦᠭᠡᠢ 
ᠮᠥᠩᠭᠥᠨ ᠦ ᠨᠢᠭᠡᠴᠡ ᠰᠣᠮᠠᠯᠢᠢ ᠠ ᠰᠢᠯᠯᠢᠩ ᠢ )
ᠴᠠᠭ ᠤᠨ ᠪᠥᠰᠡ +3
ᠤᠲᠠᠰᠤᠨ ᠤ ᠲᠣᠮᠢᠶ᠎ᠠ 252
1ᠰᠣᠮᠠᠯ ᠤᠨ ᠤᠮᠠᠷᠠᠳᠤ ᠬᠡᠰᠡᠭ ᠨᠢ 1960 ᠣᠨ ᠤ 6 ᠰᠠᠷ᠎ᠠ ᠶᠢᠨ 26 ᠍ ᠳᠦ ᠶᠡᠬᠡ ᠪᠷᠢᠲ᠋ᠠᠨ(ᠠᠩᠭᠯᠢ) ᠠᠴᠠ᠂ ᠡᠮᠦᠨᠡᠲᠦ ᠬᠡᠰᠡᠭ ᠨᠢ 1960 ᠣᠨ ᠤ 7 ᠰᠠᠷ᠎ᠠ ᠶᠢᠨ 1 ᠍ ᠳᠦ ᠢᠲ᠋ᠠᠯᠢ ᠠᠴᠠ ᠲᠤᠰᠠᠭᠠᠷ ᠲᠣᠭᠲᠠᠨᠢᠵᠤ᠂ ᠨᠢᠭᠡᠳᠦᠭᠰᠡᠨ ᠦ ᠳᠦᠩ ᠳᠦ ᠰᠣᠮᠠᠯᠢᠢ ᠠ ᠤᠯᠤᠰ ᠪᠤᠢ ᠪᠣᠯᠵᠠᠢ᠃

ᠰᠣᠮᠠᠯᠢᠢ ᠠ (Somalia) ᠨᠢ ᠠᠹᠷᠢᠺᠠᠡᠶᠢᠨ ᠳᠣᠷᠣᠨᠠᠲᠤ ᠦᠵᠦᠭᠦᠷ ᠲᠦ ᠤᠷᠤᠰᠢᠬᠤ ᠤᠯᠤᠰ. ᠵᠢᠪᠤᠲ᠋ᠢᠡᠲ᠋ᠢᠣᠫᠺᠧᠨᠢᠶ ᠠ ᠤᠯᠤᠰ ᠤᠳ ᠪᠣᠯᠤᠨ ᠬᠢᠯᠢᠯᠡᠵᠦ᠂ ᠡᠨᠡᠳᠬᠡᠭ ᠦᠨ ᠳᠠᠯᠠᠢᠲᠠᠢ ᠬᠢᠯᠢᠯᠡᠨ᠎ᠡ᠃ 1991 ᠣᠨ ᠳᠤ ᠭᠠᠷᠤᠭᠰᠠᠨ ᠢᠷᠭᠡᠨ ᠦ ᠳᠠᠶᠢᠨᠢ ᠤᠯᠠᠮ ᠠᠴᠠ ᠦᠨᠳᠦᠰᠦᠨ ᠳᠦ ᠪᠡᠨ ᠨᠢᠭᠡᠳᠦᠭᠰᠡᠨ ᠵᠠᠰᠠᠭ ᠤᠨ ᠭᠠᠵᠠᠷ ᠦᠭᠡᠢ ᠪᠠᠶᠢᠳᠠᠯ ᠦᠷᠭᠦᠯᠵᠢᠯᠡᠵᠦ ᠪᠤᠢ ᠪᠥᠭᠡᠳ ᠡᠳᠦᠭᠡ ᠲᠦᠷᠢ ᠵᠠᠰᠠᠭ ᠤᠨ ᠭᠠᠵᠠᠷ ᠨᠢ ᠨᠡᠶᠢᠰᠯᠡᠯ ᠮᠠᠭᠠᠳᠢᠱᠤᠭ ᠬᠢᠨᠠᠵᠤ ᠪᠠᠶᠢᠭ᠎ᠠ ᠪᠣᠯᠪᠠᠴᠤ ᠰᠣᠮᠠᠯ ᠤᠨ ᠨᠤᠲᠤᠭ ᠳᠡᠪᠢᠰᠬᠡᠷ ᠳᠡᠭᠡᠷ᠎ᠡ ᠠᠯᠪᠠᠨ ᠶᠣᠰᠣᠨ ᠤ ᠲᠦᠷᠢ ᠵᠠᠰᠠᠭ ᠤᠨ ᠭᠠᠵᠠᠷ ᠲᠤ ᠵᠠᠬᠢᠷᠤᠭᠳᠠᠳᠠᠭ ᠦᠭᠡᠢ ᠬᠡᠳᠦ ᠬᠡᠳᠦᠨ ᠪᠥᠰᠡ ᠨᠤᠲᠤᠭ ᠪᠤᠢ᠃

ᠤᠯᠤᠰ ᠤᠨ ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠨᠡᠷ᠎ᠡ ᠨᠢ ᠰᠣᠮᠠᠯᠢᠢ ᠠ ᠬᠡᠯᠡᠡᠭᠡᠷᠡ Soomaaliya. ᠠᠷᠠᠪ ᠬᠡᠯᠡ ᠪᠡᠷ صومال, ᠠᠯᠢ ᠰᠤᠮᠠᠯ.

ᠠᠩᠭᠯᠢ ᠬᠡᠯᠡᠭᠡᠷᠬᠡ ᠠᠯᠪᠠᠨ ᠶᠣᠰᠣᠨ ᠤ ᠨᠡᠷᠡᠰᠢᠯ ᠨᠢ Somalia.

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1991 ᠣᠨ ᠠᠴᠠ ᠬᠣᠶᠢᠰᠢᠬᠢ ᠲᠡᠦᠬᠡ ᠶᠢ ᠰᠣᠮᠠᠯ ᠤᠨ ᠢᠷᠭᠡᠨ ᠦ ᠳᠠᠶᠢᠨ ᠥᠭᠦᠯᠡᠯ ᠡᠴᠡ ᠦᠵᠡᠨ᠎ᠡ ᠦᠦ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠷ ᠤᠨ ᠵᠠᠰᠠᠭᠯᠠᠯ ᠤᠨ ᠢᠳᠡ ᠦᠶ᠎ᠡ ᠳᠦ ᠰᠣᠴᠢᠶᠠᠯᠢᠮ ᠍ ᠤᠨ ᠳᠠᠯᠪᠠᠭᠠᠨ ᠳᠣᠣᠷ᠎ᠠ ᠴᠡᠷᠢᠭ ᠦᠨ ᠳᠢᠭᠯᠢᠮ ᠲᠣᠭᠲᠠᠭᠰᠠᠨ ᠪᠣᠯᠪᠠᠴᠤ ᠰᠤᠯᠠᠷᠠᠨ ᠳᠣᠷᠣᠶᠢᠲᠠᠭᠰᠠᠭᠠᠷ ᠰᠡᠭᠦᠯ ᠳᠦ ᠪᠡᠨ "ᠮᠠᠭᠠᠳᠢᠱᠤ ᠶᠢᠨ ᠵᠠᠬᠢᠷᠤᠭᠴᠢ" ᠭᠡᠵᠦ ᠨᠡᠷᠡᠯᠡᠭᠳᠡᠬᠦ ᠪᠣᠯᠤᠭᠰᠠᠨ ᠶᠡᠷᠦᠩᠬᠡᠶᠢᠯᠡᠭᠴᠢ 1992 ᠣᠨ ᠳᠤ ᠤᠯᠤᠰ ᠢᠶᠠᠨ ᠠᠷᠭ᠎ᠠ ᠦᠭᠡᠢ ᠶᠢᠨ ᠡᠷᠬᠡᠨ ᠳᠦ ᠣᠷᠬᠢᠨ ᠭᠠᠷᠴᠤ᠂ ᠨᠢᠭᠧᠷᠢᠢ ᠠ ᠷᠦᠦ ᠳᠦᠷᠪᠡᠭᠰᠡᠨ ᠶᠤᠮ᠃ ᠲᠡᠷᠡ ᠴᠠᠭ ᠠᠴᠠ ᠬᠣᠶᠢᠰᠢ ᠦᠨᠳᠦᠰᠦᠨ ᠳᠦ ᠪᠡᠨ ᠲᠥᠪ ᠵᠠᠰᠠᠭ ᠤᠨ ᠭᠠᠵᠠᠷ ᠦᠭᠡᠢ ᠪᠠᠶᠢᠳᠠᠯ ᠦᠷᠭᠦᠯᠵᠢᠯᠡᠵᠦ ᠪᠤᠢ᠃

ᠢᠷᠭᠡᠨ ᠦ ᠳᠠᠶᠢᠨ ᠤ ᠭᠠᠯ ᠳᠡᠭᠳᠡᠭᠰᠡᠨ ᠲᠤᠰ ᠤᠯᠤᠰ ᠲᠤ ᠣᠷᠣᠨ ᠨᠤᠲᠤᠭ ᠤᠨ ᠢᠵᠠᠭᠤᠷᠲᠠᠨ ᠨᠤᠭᠤᠳ ᠲᠤᠰ ᠲᠤᠰ ᠲᠤ ᠪᠠᠨ ᠬᠢᠨᠠᠯᠲᠠ ᠲᠣᠭᠲᠠᠭᠠᠵᠤ᠂ ᠪᠡᠶ᠎ᠡ ᠪᠡᠶᠡᠲᠡᠢ ᠪᠡᠨ ᠲᠡᠮᠡᠴᠡᠯᠳᠦᠵᠦ ᠪᠠᠶᠢᠪᠠ᠃

2000 ᠣᠨ ᠳᠤ ᠠᠯᠪᠠᠨ ᠶᠣᠰᠣᠨ ᠤ ᠲᠦᠷᠢ ᠵᠠᠰᠠᠭ ᠤᠨ ᠭᠠᠵᠠᠷ ᠢ ᠵᠢᠪᠤᠲ᠋ᠢᠭᠡᠶᠢᠨ ᠨᠡᠶᠢᠰᠯᠡᠯ ᠵᠢᠪᠤᠲ᠋ᠢ ᠬᠣᠲᠠᠣᠳ ᠪᠠᠶᠢᠭᠤᠯᠤᠭᠰᠠᠨ ᠪᠥᠭᠡᠳ ᠤᠯᠠᠮ ᠢᠶᠠᠷ ᠪᠥᠰᠡ ᠨᠤᠲᠤᠭ ᠤᠨ 7 ᠣᠷᠣᠨ ᠠᠴᠠ ᠪᠥᠷᠢᠳᠬᠦ ᠵᠠᠰᠠᠭ ᠤᠨ ᠭᠠᠵᠠᠷ ᠬᠣᠭᠣᠷᠣᠨᠳᠣ ᠶᠢᠨ ᠬᠥᠭᠵᠢᠯ ᠦᠨ ᠪᠠᠶᠢᠭᠤᠯᠤᠯᠭ᠎ᠠ (IGDA) ᠍ ᠤᠨ ᠵᠠᠭᠤᠴᠢᠯᠠᠯ ᠢᠶᠠᠷ 2004 ᠣᠨ ᠳᠤ ᠰᠢᠨ᠎ᠡ ᠪᠡᠷ ᠲᠦᠷᠢ ᠵᠠᠰᠠᠭ ᠤᠨ ᠭᠠᠵᠠᠷ ᠪᠠᠶᠢᠭᠤᠯᠬᠤ ᠲᠣᠬᠢᠷᠠᠯᠴᠠᠭᠠᠨ ᠳᠤ ᠬᠦᠷᠴᠦ᠂ ᠺᠧᠨᠢᠶ ᠠ ᠍ ᠶᠢᠨ ᠨᠡᠶᠢᠰᠯᠡᠯ ᠨᠠᠶᠢᠷᠣᠪᠢ ᠳᠤ ᠪᠠᠶᠢᠭᠤᠯᠤᠭᠳᠠᠭᠰᠠᠨ ᠲᠦᠷᠢ ᠵᠠᠰᠠᠭ ᠤᠨ ᠭᠠᠵᠠᠷ ᠲᠤ ᠡᠮᠦᠨᠡᠬᠢ ᠲᠦᠷᠢ ᠵᠠᠰᠠᠭ ᠤᠨ ᠭᠠᠵᠠᠷ ᠤᠨ ᠡᠷᠬᠡ ᠰᠢᠯᠵᠢᠭᠰᠡᠨ᠃

2006 ᠣᠨ ᠤ 6 ᠰᠠᠷ᠎ᠠ ᠳᠤ ᠢᠰᠯᠠᠮ ᠤᠨ ᠬᠡᠲᠦ ᠳᠠᠪᠠᠷᠠᠭᠴᠢᠳ ᠤᠨ ᠵᠡᠪᠰᠡᠭᠲᠦ ᠪᠦᠯᠦᠭᠯᠡᠯ ᠢᠰᠯᠠᠮ ᠤᠨ ᠨᠢᠭᠡᠳᠦᠭᠰᠡᠨ ᠰᠢᠭᠦᠬᠦ (UIC) ᠨᠢ ᠨᠡᠶᠢᠰᠯᠡᠯ ᠮᠠᠭᠠᠳᠢᠱᠤᠭ ᠡᠵᠡᠯᠡᠵᠦ᠂ ᠡᠮᠦᠨᠡᠲᠦ ᠬᠡᠰᠡᠭ ᠲᠦ ᠬᠢᠨᠠᠯᠲᠠ ᠪᠠᠨ ᠲᠣᠭᠲᠠᠭᠠᠭᠰᠠᠨ᠃ ᠢᠰᠯᠠᠮ ᠤᠨ ᠹᠦᠨᠳ᠋ᠮᠧᠨᠲ᠋ᠠᠯᠢᠰᠲ ᠵᠠᠰᠠᠭᠯᠠᠯ ᠢ ᠲᠣᠭᠲᠠᠭᠠᠭᠰᠠᠨ ᠲᠤᠰ ᠵᠠᠰᠠᠭ ᠨᠢ ᠠᠯᠪᠠᠨ ᠶᠣᠰᠣᠨ ᠤ ᠲᠦᠷᠢ ᠵᠠᠰᠠᠭ ᠤᠨ ᠭᠠᠵᠠᠷ ᠲᠠᠢ ᠲᠤᠯᠤᠯᠳᠤᠵᠤ ᠡᠬᠢᠯᠡᠵᠡᠢ᠃

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠦᠨ ᠠᠶᠤᠯ ᠦᠭᠡᠢ ᠶᠢᠨ ᠵᠥᠪᠯᠡᠯ 2006 ᠣᠨ ᠤ 7 ᠰᠠᠷ᠎ᠠ ᠶᠢᠨ 13 ᠍ ᠳᠦ ᠡᠩᠬᠡ ᠶᠢ ᠰᠠᠬᠢᠭᠤᠯᠬᠤ ᠬᠦᠴᠦᠨ ᠢ ᠢᠯᠡᠭᠡᠬᠦ ᠠᠰᠠᠭᠤᠳᠠᠯ ᠢ ᠬᠡᠯᠡᠯᠴᠡᠵᠦ᠂ ᠮᠥᠨ ᠣᠨ ᠤ 12 ᠰᠠᠷ᠎ᠠ ᠶᠢᠨ 6 ᠍ ᠳᠦ ᠤᠭ ᠠᠰᠠᠭᠤᠳᠠᠯ ᠰᠢᠢᠳᠦᠭᠳᠡᠭᠰᠡᠨ ᠶᠤᠮ᠃ ᠬᠠᠷᠢᠨ ᠡᠩᠬᠡ ᠶᠢ ᠰᠠᠬᠢᠭᠤᠯᠬᠤ ᠬᠦᠴᠦᠨ ᠢ ᠢᠷᠡᠬᠦ ᠡᠴᠡ ᠤᠷᠢᠲᠤᠵᠤ ᠡᠲ᠋ᠢᠣᠫ ᠦᠨ ᠠᠷᠮᠢ ᠶᠢᠨ ᠳᠡᠮᠵᠢᠯᠭᠡ ᠪᠡᠷ᠂ ᠲᠦᠷᠢ ᠵᠠᠰᠠᠭ ᠤᠨ ᠭᠠᠵᠠᠷ ᠤᠨ ᠬᠦᠴᠦᠨ ᠳᠣᠪᠲᠣᠯᠭᠠᠨ ᠳᠤ ᠣᠷᠣᠵᠤ ᠨᠡᠶᠢᠰᠯᠡᠯ ᠮᠠᠭᠠᠳᠢᠱᠤ ᠳᠤ ᠬᠢᠨᠠᠯᠲᠠ ᠪᠠᠨ ᠲᠣᠭᠲᠠᠭᠠᠴᠠᠢ᠃ ᠡᠶᠢᠨᠬᠦᠦ ᠢᠰᠯᠠᠮ ᠤᠨ ᠨᠢᠭᠡᠳᠦᠭᠰᠡᠨ ᠰᠢᠭᠦᠬᠦ ᠶᠢᠨ ᠬᠦᠴᠦᠨ ᠢ ᠡᠮᠦᠨ᠎ᠡ ᠵᠦᠭ ᠲᠤᠰᠢᠬᠠᠭᠰᠠᠭᠠᠷ᠂ 2007 ᠣᠨ ᠤ 1 ᠰᠠᠷ᠎ᠠ ᠶᠢᠨ 1 ᠍ ᠳᠦ ᠲᠡᠳᠡᠨ ᠦ ᠰᠡᠭᠦᠯᠴᠢ ᠶᠢᠨ ᠲᠦᠰᠢᠴᠡ ᠭᠠᠵᠠᠷ ᠢ ᠡᠵᠡᠯᠡᠭᠰᠡᠨ ᠢᠶᠡᠷ ᠲᠦᠷᠢ ᠵᠠᠰᠠᠭ ᠤᠨ ᠭᠠᠵᠠᠷ ᠨᠢ ᠡᠳᠦᠭᠡ ᠰᠣᠮᠠᠯᠢᠯᠠᠨ ᠳᠤᠠ ᠠᠴᠠ ᠪᠤᠰᠤᠳ᠂ ᠰᠣᠮᠠᠯ ᠤᠨ ᠪᠦᠬᠦ ᠨᠤᠲᠤᠭ ᠢ ᠬᠢᠨᠠᠵᠤ ᠪᠠᠶᠢᠨ᠎ᠠ᠃

ᠵᠠᠰᠠᠭ ᠵᠠᠬᠢᠷᠭᠠᠨ ᠤ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠰᠯᠡᠯ ᠮᠠᠭᠠᠳᠢᠱᠤ ᠨᠢ ᠮᠥᠨ ᠪᠧᠨᠠᠳᠠᠷ ᠮᠤᠵᠢᠡᠶᠢᠨ ᠲᠥᠪ ᠪᠣᠯᠳᠠᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠡᠷᠭᠢ ᠬᠠᠪ ᠤᠨ ᠬᠡᠰᠡᠭ ᠨᠢ ᠬᠠᠯᠠᠭᠤᠨ᠂ ᠴᠢᠭᠢᠭᠯᠢᠭ ᠠᠭᠤᠷ ᠠᠮᠢᠰᠬᠤᠯ ᠲᠠᠢ ᠴᠤ ᠡᠬᠡ ᠭᠠᠵᠠᠷ ᠤᠨ ᠬᠡᠰᠡᠭ ᠨᠢ ᠴᠥᠯᠡᠶᠢᠨ ᠠᠭᠤᠷ ᠠᠮᠢᠰᠬᠤᠯ ᠲᠠᠢ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠷᠭᠡᠨ ᠦ ᠳᠠᠶᠢᠨ ᠤ ᠤᠯᠠᠮ ᠠᠴᠠ ᠡᠳ᠋ ᠍ ᠦᠨ ᠵᠠᠰᠠᠭ ᠨᠢ ᠪᠦᠷᠢᠨ ᠰᠦᠢᠷᠡᠭᠰᠡᠨ᠃ ᠳᠡᠯᠡᠬᠡᠢ ᠶᠢᠨ ᠬᠠᠮᠤᠭ ᠤᠨ ᠶᠠᠳᠠᠭᠤ ᠤᠯᠤᠰ ᠤᠳ ᠤᠨ ᠨᠢᠭᠡ᠃ ᠢᠷᠭᠡᠳ ᠦᠨ ᠨᠡᠯᠢᠶᠡᠳ ᠬᠡᠰᠡᠭ ᠢᠷᠭᠡᠨ ᠦ ᠳᠠᠶᠢᠨ ᠠᠴᠠ ᠳᠦᠷᠪᠡᠵᠦ᠂ ᠬᠥᠷᠰᠢ ᠣᠷᠣᠨ ᠨᠤᠭᠤᠳ ᠷᠤ ᠭᠠᠷᠤᠭᠰᠠᠨ ᠪᠥᠭᠡᠳ ᠭᠠᠳᠠᠭᠠᠳᠤ ᠶᠢᠨ ᠲᠤᠰᠠᠯᠠᠮᠵᠢ ᠪᠠᠷ ᠭᠣᠣᠯ ᠵᠣᠭᠣᠭᠣᠵᠤ ᠪᠤᠢ᠃

ᠭᠣᠣᠯ ᠰᠠᠯᠪᠠᠷ ᠤᠳ: ᠭᠠᠳᠢᠯ ᠵᠢᠮᠢᠰᠦᠨ ᠦ ᠮᠣᠳᠣᠨ ᠳᠤ ᠲᠥᠪᠯᠡᠷᠡᠭᠰᠡᠨ ᠭᠠᠵᠠᠷ ᠲᠠᠷᠢᠶᠠᠯᠠᠩᠲᠡᠮᠡᠭᠡᠬᠣᠨᠢᠢᠮᠠᠭ᠎ᠠ ᠵᠡᠷᠭᠡ ᠮᠠᠯ ᠠᠵᠤ ᠠᠬᠤᠢ.

ᠪᠠᠲᠤᠯᠠᠨ ᠬᠠᠮᠠᠭᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠢ ᠵᠠᠰᠠᠭ ᠤᠨ ᠭᠠᠵᠠᠷ ᠤᠨ ᠠᠷᠮᠢ ᠨᠢ 5,000 ᠴᠡᠷᠢᠭ ᠲᠡᠢ᠃ 2002 ᠣᠨ ᠤ ᠤᠯᠤᠰ ᠤᠨ ᠪᠠᠲᠤᠯᠠᠨ ᠬᠠᠮᠠᠭᠠᠯᠠᠬᠤ ᠰᠠᠯᠪᠤᠷᠢ ᠶᠢᠨ ᠲᠥᠰᠥᠪ ᠨᠢ 15,000 ᠠᠮᠧᠷᠢᠺᠠ ᠳ᠋ᠣᠯᠯᠠᠷ᠃ ᠮᠥᠨ ᠲᠦᠷᠢ ᠵᠠᠰᠠᠭ ᠤᠨ ᠭᠠᠵᠠᠷ ᠲᠤ ᠵᠠᠬᠢᠷᠤᠭᠳᠠᠳᠠᠭ ᠦᠭᠡᠢ ᠵᠡᠪᠰᠡᠭᠲᠦ ᠪᠦᠯᠦᠭᠯᠡᠯ ᠦᠳ ᠲᠤᠰ ᠲᠤᠰ ᠲᠤ ᠪᠠᠨ ᠠᠷᠮᠢ ᠲᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠬᠡᠯᠡ ᠨᠢ ᠰᠣᠮᠠᠯᠢᠢ ᠠ ᠬᠡᠯᠡ. ᠮᠥᠨ ᠠᠷᠠᠪ ᠬᠡᠯᠡᠡᠭᠡᠷᠡ ᠨᠡᠪᠲᠡᠷᠡᠯᠴᠡᠬᠦ ᠪᠣᠯᠤᠮᠵᠢ ᠲᠠᠢ᠃

ᠰᠣᠮᠠᠯᠢᠢ ᠠ ᠦᠨᠳᠦᠰᠦᠲᠡᠨ ᠶᠡᠬᠡᠩᠬᠢ ᠬᠤᠪᠢ ᠶᠢ ᠨᠢ ᠡᠵᠡᠯᠡᠨ᠎ᠡ᠃ ᠰᠣᠮᠠᠯᠢᠢ ᠠ ᠦᠨᠳᠦᠰᠦᠲᠡᠨ ᠨᠢ ᠳᠣᠲᠣᠷ᠎ᠠ ᠪᠠᠨ 6 ᠲᠣᠮᠣ᠂ 16 ᠵᠢᠵᠢᠭ ᠶᠠᠰᠤᠲᠠᠨ ᠳᠤ ᠬᠤᠪᠢᠶᠠᠭᠳᠠᠨ᠎ᠠ᠃

ᠲᠥᠷᠥ ᠶᠢᠨ ᠱᠠᠰᠢᠨ ᠨᠢ ᠢᠰᠯᠠᠮ. ᠢᠷᠭᠡᠳ ᠦᠨ ᠨᠢ 98% ᠬᠤᠪᠢ ᠨᠢ ᠰᠤᠩᠨᠢ ᠳᠤ ᠤᠷᠤᠰᠬᠠᠯ ᠢ ᠪᠠᠷᠢᠮᠲᠠᠯᠠᠳᠠᠭ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Soomaaliya

ᠪᠢᠴᠢᠭᠡᠰᠦ