ᠰᠢᠷᠭ᠎ᠠ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠢᠷᠭ᠎ᠠ ᠨᠢ ᠭᠣᠪᠢ-ᠠᠯᠲᠠᠢ ᠠᠶᠢᠮᠠᠭ ᠤᠨ ᠰᠤᠮᠤ᠃ ᠡᠭᠦᠨ ᠡᠴᠡ ᠭᠠᠳᠠᠨ᠎ᠠ ᠬᠠᠮᠤᠭ ᠤᠨ ᠣᠯᠠᠨ ᠭᠧᠨᠧᠷᠠᠯ ᠲᠦᠷᠦᠭᠰᠡᠨ ᠰᠤᠮᠤ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ ᠤᠯᠠᠭᠠᠨᠪᠠᠭᠠᠲᠤᠷ ᠬᠣᠲᠠ ᠠᠴᠠ ᠪᠠᠷᠠᠭᠤᠨ ᠤᠷᠤᠭᠰᠢ 1090 ᠺᠢᠯᠣᠮᠧᠲ᠋ᠷ ᠵᠠᠢ ᠳᠤ᠂ ᠡᠮᠦᠨ᠎ᠡ ᠲᠠᠯ᠎ᠠ ᠪᠠᠷ ᠢᠶᠠᠨ ᠠᠯᠲᠠᠢ ᠶᠢᠨ ᠨᠢᠷᠤᠭᠤᠨ ᠤ ᠰᠠᠯᠪᠤᠷᠢ ᠠᠤᠯᠠᠯᠠᠰ ᠪᠣᠯᠬᠤ ᠬᠠᠷ᠎ᠠ ᠠᠵᠢᠷᠭ᠎ᠠ ᠶᠢᠨ ᠨᠢᠷᠤᠭᠤᠴᠠᠭᠠᠨ ᠬᠠᠶᠢᠷᠬᠠᠨ ᠵᠡᠷᠭᠡ ᠠᠤᠯᠠᠯᠠᠰ᠂ ᠵᠡᠭᠦᠨ ᠲᠠᠯ᠎ᠠ ᠪᠠᠷ ᠢᠶᠠᠨ ᠬᠠᠰᠠᠭ ᠲᠤ ᠬᠠᠶᠢᠷᠬᠠᠨᠬᠠᠨ ᠲᠠᠶᠢᠰᠢᠷᠢ ᠶᠢᠨ ᠨᠢᠷᠤᠭᠤ᠂ ᠬᠣᠶᠢᠳᠤ ᠲᠠᠯ᠎ᠠ ᠪᠠᠷ ᠢᠶᠠᠨ ᠳᠠᠷᠪᠢ ᠶᠢᠨ ᠨᠢᠷᠤᠭᠤᠭᠠ ᠪᠠᠷ ᠬᠦᠷᠢᠶᠡᠯᠡᠭᠳᠡᠭᠰᠡᠨ ᠰᠢᠷᠭ᠎ᠠ ᠶᠢᠨ ᠭᠣᠪᠢ ᠳᠤ ᠣᠷᠣᠰᠢᠳᠠᠭ᠃

ᠰᠢᠷᠭ᠎ᠠ ᠰᠤᠮᠤ ᠨᠢ ᠭᠣᠪᠢ-ᠠᠯᠲᠠᠢ ᠠᠶᠢᠮᠠᠭ ᠤᠨ ᠲᠥᠪ ᠡᠴᠡ ᠪᠠᠷᠠᠭᠤᠨ ᠲᠡᠰᠢ 89 ᠺᠢᠯᠣᠮᠧᠲ᠋ᠷ ᠵᠠᠶᠢᠲᠠᠢ᠂ ᠳ᠃ᠲ᠃ᠳ 950-1200 ᠮ ᠡᠷᠭᠦᠭᠳᠡᠭᠰᠡᠨ ᠶᠡᠬᠡ ᠨᠠᠭᠤᠷ ᠤᠳ ᠤᠨ ᠬᠣᠲᠣᠭᠣᠷ ᠤᠨ ᠬᠠᠮᠤᠭ ᠤᠨ ᠤᠷᠳᠤ ᠵᠠᠬ᠎ᠠ ᠶᠢᠨ ᠬᠣᠩᠬᠣᠷ ᠲᠠᠯ᠎ᠠ ᠭᠠᠵᠠᠷ ᠶᠤᠮ᠃ ᠬᠠᠰᠠᠭᠲᠤᠬᠠᠶᠢᠷᠬᠠᠨ ᠠᠭᠤᠯᠠ ᠶᠢᠨ ᠪᠡᠯ ᠡᠴᠡ ᠲᠥᠭᠥᠷᠢᠭ ᠰᠤᠮᠤ ᠶᠢᠨ ᠥᠭᠭᠢᠶᠡᠮᠦᠷ ᠦᠨ ᠲᠠᠯ᠎ᠠ ᠬᠦᠷᠲᠡᠯ᠎ᠡ 180 ᠺᠢᠯᠣᠮᠧᠲ᠋ᠷ᠂ ᠰᠢᠷᠭ᠎ᠠ ᠶᠢᠨ ᠭᠣᠪᠢ ᠶᠢᠨ ᠤᠷᠲᠤ ᠨᠢ ᠬᠦᠢᠰ ᠦᠨ ᠭᠣᠪᠢ ᠶᠢᠨ ᠤᠷᠳᠤ ᠵᠠᠬ᠎ᠠ ᠠᠴᠠ ᠬᠠᠯᠢᠭᠤᠨ ᠤ ᠬᠣᠭᠣᠯᠠᠢ ᠬᠦᠷᠲᠡᠯ᠎ᠡ 160 ᠺᠢᠯᠣᠮᠧᠲ᠋ᠷ᠂ ᠭᠣᠪᠢ ᠲᠠᠯ᠎ᠠ ᠬᠡᠭᠡᠷ᠎ᠡ᠂ ᠠᠭᠤᠯᠠ ᠬᠠᠩᠭᠠᠢ ᠬᠣᠣᠰᠯᠠᠭᠰᠠᠨ 579 ᠮᠢᠩᠭᠠᠨ ᠭᠠ ᠪᠡᠯᠴᠢᠭᠡᠷ ᠨᠤᠲᠤᠭ ᠲᠠᠢ ᠠᠶᠢᠮᠠᠭ ᠲᠤ ᠪᠠᠨ ᠲᠣᠮᠣᠬᠠᠨ ᠰᠤᠮᠤ ᠶᠢᠨ ᠨᠢᠭᠡᠨ ᠳᠦ ᠣᠷᠣᠳᠠᠭ ᠶᠤᠮ᠃ ᠰᠢᠷᠭ᠎ᠠ ᠰᠤᠮᠤ ᠬᠣᠶᠢᠳᠤ ᠵᠠᠬ᠎ᠠ ᠪᠠᠷ ᠢᠶᠠᠨ ᠳᠠᠷᠪᠢ᠂ ᠵᠡᠭᠦᠨ ᠬᠣᠶᠢᠳᠤ ᠲᠠᠯ᠎ᠠ ᠪᠠᠷ ᠢᠶᠠᠨ ᠪᠠᠶᠠᠨ-ᠠᠭᠤᠯᠠ᠂ ᠵᠡᠭᠦᠨ ᠪᠣᠯᠤᠨ ᠵᠡᠭᠦᠨ ᠤᠷᠢᠳᠤ ᠲᠠᠯ᠎ᠠ ᠪᠠᠷ ᠢᠶᠠᠨ ᠵᠢᠷᠭᠠᠯᠠᠩ᠂ ᠲᠠᠶᠢᠰᠢᠷᠢ᠂ ᠶᠢᠰᠦᠨ ᠪᠤᠯᠠᠭ ᠰᠤᠮᠤ ᠳᠤ᠂ ᠪᠠᠷᠠᠭᠤᠨ ᠤᠷᠳᠤ ᠪᠠᠷᠠᠭᠤᠨ ᠲᠠᠯ᠎ᠠ ᠪᠠᠷ ᠢᠶᠠᠨ ᠬᠠᠯᠢᠭᠤᠨ᠂ ᠲᠥᠭᠥᠷᠢᠭ ᠰᠤᠮᠤᠳ ᠲᠠᠢ ᠬᠢᠯᠢᠯᠡᠳᠡᠭ ᠳᠠᠷᠬᠠᠨ ᠴᠠᠭᠠᠵᠠᠲᠤ ᠬᠠᠰᠠᠭᠲᠤᠬᠠᠶᠢᠷᠬᠠᠨ ᠠᠭᠤᠯᠠ᠂ ᠬᠠᠨᠲᠠᠶᠢᠰᠢᠷᠢ᠂ ᠬᠠᠷ᠎ᠠ ᠠᠵᠢᠷᠭ᠎ᠠ ᠶᠢᠨ ᠨᠢᠷᠤᠭᠤ ᠳᠠᠷᠪᠢ ᠶᠢᠨ ᠨᠢᠷᠤᠭᠤ ᠵᠡᠷᠭᠡ ᠮᠣᠩᠭᠣᠯ-ᠠᠯᠲᠠᠢ ᠶᠢᠨ ᠲᠣᠮᠣᠬᠠᠨ ᠠᠭᠤᠯᠠ ᠨᠢᠷᠤᠭᠤ ᠪᠠᠷ ᠬᠦᠷᠢᠶᠡᠯᠡᠭᠳᠡᠨ ᠣᠷᠣᠰᠢᠳᠠᠭ ᠪᠢᠯᠡ᠃ᠡᠳᠡᠭᠡᠷ ᠠᠤᠯᠠᠯᠠᠰ ᠠᠴᠠ ᠠᠯᠢᠨ ᠠᠴᠠ ᠨᠢ ᠴᠤ ᠬᠠᠷᠠᠭᠰᠠᠨ ᠠᠶᠠᠭ᠎ᠠ ᠰᠢᠭ ᠬᠣᠩᠬᠣᠷ ᠪᠣᠯᠪᠠᠴᠤ ᠳᠣᠲᠣᠷ᠎ᠠ ᠪᠠᠨ ᠭᠣᠪᠢ ᠬᠡᠭᠡᠷ ᠦᠨ ᠲᠠᠯᠠᠷᠬᠠᠭ᠂ ᠠᠯᠲᠠᠢ ᠶᠢᠨ ᠠᠭᠤᠯᠠᠷᠬᠠᠭ ᠮᠤᠵᠢ ᠶᠢ ᠬᠠᠷᠠᠭᠤᠯᠤᠭᠰᠠᠨ ᠶᠡᠬᠡ ᠨᠠᠭᠤᠷ ᠤᠳ ᠤᠨ ᠬᠣᠲᠣᠭᠣᠷ ᠤᠨ ᠪᠥᠰᠡ ᠳᠦ ᠪᠠᠭᠲᠠᠳᠠᠭ᠃ ᠵᠢᠯ ᠦᠨ 4 ᠤᠯᠠᠷᠢᠯ ᠤᠨ ᠣᠨᠴᠠᠯᠢᠭ ᠢ ᠠᠯᠲᠠᠨ ᠰᠢᠷᠭᠠᠯ ᠥᠩᠭᠡ ᠵᠢᠪᠬᠤᠭ᠎ᠠ ᠪᠠᠷ ᠬᠠᠳᠠᠭᠠᠯᠠᠭᠰᠠᠨ ᠨᠤᠲᠤᠭ ᠶᠤᠮ᠃ /ᠬ᠃ᠰᠠᠨᠵᠵᠠᠪ 《ᠮᠢᠨᠦ ᠮᠡᠳᠡᠬᠦ ᠰᠢᠷᠭ᠎ᠠ᠂ ᠰᠢᠷᠭᠠᠴᠤᠳ》/

ᠡᠨᠡ ᠨᠤᠲᠤᠭ ᠲᠤ ᠸᠠᠩᠰᠡᠮᠪᠡᠷᠦ᠂ ᠠᠯᠲᠠᠨ ᠭᠠᠩᠨᠠᠭᠤᠷ᠂ ᠪᠠᠮᠪᠠᠢ᠂ ᠷᠦᠭᠣᠮᠪᠣ᠂ ᠰᠣᠩᠭᠢᠨ᠎ᠠ᠂ ᠳᠡᠭᠲᠦ ᠶᠦᠮᠳᠡᠦᠵᠢᠨ᠂ ᠰᠡᠷᠵᠢᠮᠢᠳᠣᠭ᠂ ᠲᠠᠪᠤᠨ ᠰᠠᠯᠠᠭ᠎ᠠ᠂ ᠲᠠᠷᠪᠠᠭᠠᠨ ᠰᠢᠭᠢᠷ᠎ᠠ᠂ ᠭᠣᠶᠣᠣ ᠵᠡᠷᠭᠡ ᠡᠮ ᠦᠨ ᠤᠷᠭᠤᠮᠠᠯ ᠢᠶᠠᠷ ᠪᠠᠶᠠᠯᠢᠭ᠃ ᠳᠤᠮᠳᠠ ᠰᠢᠷ᠎ᠠ ᠶᠢᠨ ᠭᠣᠣᠯ ᠳᠤ ᠪᠠᠯᠭ᠎ᠠ ᠭᠡᠳᠡᠭ ᠲᠤᠩ ᠬᠣᠪᠣᠷᠬᠠᠨ ᠨᠢᠭᠡᠨ ᠲᠥᠷᠥᠯ ᠮᠣᠳᠣ ᠪᠠᠶᠢᠳᠠᠭ᠃ ᠬᠠᠰᠠᠭ ᠲᠤ ᠬᠠᠶᠢᠷᠬᠠᠨ ᠠᠭᠤᠯᠠᠨ ᠳᠤ ᠪᠠᠭ᠎ᠠ ᠵᠡᠷᠭᠡ ᠰᠢᠨᠡᠰᠦᠨ ᠣᠢ ᠪᠤᠢ᠃

ᠰᠢᠷᠭ᠎ᠠ ᠶᠢᠨ ᠭᠣᠣᠯ ᠳᠤ ᠠᠷᠪᠠᠢ᠂ ᠪᠤᠭᠤᠳᠠᠢ ᠲᠠᠷᠢᠶᠠᠯᠠᠬᠤ ᠳᠤ ᠲᠣᠬᠢᠷᠠᠮᠵᠢᠲᠠᠢ᠃ ᠬᠠᠳᠤᠯᠠᠩ ᠤᠨ ᠲᠠᠯᠠᠪᠠᠢ ᠲᠠᠢ


ᠮᠣᠩᠭᠣᠯ ᠤᠯᠤᠰ ᠤᠨ ᠪᠠᠭᠠᠲᠤᠷ ᠮ᠃ᠵᠠᠩᠴᠢᠪ

ᠮᠣᠩᠭᠣᠯ ᠤᠯᠤᠰ ᠤᠨ ᠪᠠᠭᠠᠲᠤᠷ ᠮᠠᠭᠰᠠᠷ ᠤᠨ ᠵᠠᠩᠴᠢᠪ ᠨᠢ ᠬᠠᠨᠲᠠᠶᠢᠰᠢᠷᠢ ᠤᠤᠯ ᠤᠨ ᠠᠶᠢᠮᠠᠭ ᠤᠨ ᠰᠦᠵᠢᠭ ᠲᠦ ᠭᠦᠨ ᠦ ᠬᠣᠰᠢᠭᠤ ᠣᠳᠣ ᠶᠢᠨ ᠭᠣᠪᠢ-ᠠᠯᠲᠠᠢ ᠠᠶᠢᠮᠠᠭ ᠤᠨ ᠰᠢᠷᠭ᠎ᠠ ᠰᠤᠮᠤ ᠶᠢᠨ ᠨᠤᠲᠤᠭ ᠲᠤ ᠵᠠᠬ᠎ᠠ ᠭᠡᠳᠡᠭ ᠭᠠᠵᠠᠷ 1923 ᠣᠨ ᠳᠤ ᠲᠥᠷᠦᠵᠢᠭᠡ᠃ ᠬᠦᠮᠦᠨ ᠦ ᠭᠠᠭᠴᠠ ᠬᠦ ᠪᠠᠶᠢᠭᠰᠠᠨ ᠤᠴᠢᠷ ᠭᠡᠷ ᠢᠶᠡᠷ ᠬᠠᠭᠤᠴᠢᠨ ᠪᠢᠴᠢᠭ ᠰᠤᠷᠴᠤ᠂ ᠮᠠᠯ ᠮᠠᠯᠯᠠᠵᠤ ᠪᠠᠶᠢᠭᠠᠳ 1943 ᠣᠨ ᠳᠤ ᠬᠤᠭᠤᠴᠠᠭ᠎ᠠ ᠳᠤ ᠴᠡᠷᠢᠭ ᠦᠨ ᠠᠯᠪᠠᠨ ᠳᠤ ᠮᠣᠷᠳᠠᠵᠤ᠂ ᠠᠯᠪᠠ ᠬᠠᠭᠠᠬᠤ ᠬᠤᠭᠤᠴᠠᠭᠠᠨ ᠳᠤ ᠪᠠᠨ ᠬᠣᠯᠪᠣᠭᠠᠴᠢᠨ ᠤ ᠮᠡᠷᠭᠡᠵᠢᠯ ᠡᠵᠡᠮᠰᠢᠨ ᠰᠠᠯᠠᠭᠠᠨ ᠤ ᠳᠠᠷᠤᠭ᠎ᠠ ᠪᠣᠯᠵᠤ᠂ ᠠᠬᠠᠯᠠᠬᠤ ᠲᠦᠷᠦᠭᠦᠴᠢ ᠴᠣᠯᠠ ᠠᠪᠴᠠᠢ᠃ ᠮ᠃ᠵᠠᠩᠴᠢᠪ ᠨᠢ ᠶᠠᠫᠣᠨ ᠤ ᠮᠢᠯᠢᠲ᠋ᠠᠷᠢᠰᠲ ᠬᠦᠴᠦᠨ ᠦ ᠳᠠᠪᠠᠭᠳᠠᠰᠢ ᠦᠭᠡᠢ ᠴᠠᠶᠢᠵᠠ ᠭᠡᠵᠦ ᠨᠡᠷᠡᠯᠡᠭᠳᠡᠵᠦ ᠪᠠᠶᠢᠭᠰᠠᠨ ᠵᠠᠩᠴᠠᠬᠦᠦ ᠶᠢᠨ ᠳᠠᠪᠠᠭᠠᠨ ᠤ ᠪᠡᠬᠢᠯᠡᠯᠲᠡ ᠶᠢ ᠡᠵᠡᠯᠡᠬᠦ ᠦᠶ᠎ᠡ ᠶᠢᠨ ᠬᠡᠳᠦ ᠬᠣᠨᠣᠭ ᠤᠨ ᠰᠢᠷᠦᠭᠦᠨ ᠲᠤᠯᠤᠯᠳᠤᠭᠠᠨ ᠳᠤ ᠠᠩᠭᠢ ᠰᠠᠯᠪᠤᠷᠢ ᠶᠢ ᠬᠣᠯᠪᠣᠭ᠎ᠠ ᠪᠠᠷ ᠬᠠᠩᠭᠠᠬᠤ ᠪᠠᠶᠢᠯᠳᠤᠭᠠᠨ ᠤ ᠳᠠᠭᠠᠭᠠᠯᠭᠠᠪᠤᠷᠢ ᠠᠪᠴᠤ ᠳᠠᠶᠢᠰᠤᠨ ᠤ ᠪᠥᠮᠪᠦᠭᠡᠳᠡᠯ ᠳᠦ ᠰᠤᠮᠤᠨ ᠳᠤ 2 ᠳᠠᠬᠢ ᠤᠳᠤᠭ᠎ᠠ ᠪᠠᠨ ᠲᠠᠰᠤᠷᠠᠭᠰᠠᠨ ᠬᠣᠯᠪᠣᠭᠠᠨ ᠤ ᠤᠲᠠᠰᠤ ᠶᠢ ᠵᠠᠯᠭᠠᠬᠤ ᠪᠠᠷ ᠭᠠᠯ ᠤᠨ ᠱᠤᠭᠤᠮᠠᠷᠠᠤ ᠮᠥᠯᠬᠥᠵᠦ ᠶᠠᠪᠤᠬᠤ ᠳᠤ ᠪᠠᠨ ᠰᠢᠷᠬᠠᠲᠤᠭᠰᠠᠨ ᠴᠤ ᠭᠡᠮᠲᠦᠯ ᠦᠨ ᠴᠡᠭ ᠲᠦ ᠬᠦᠷᠴᠦ᠂ ᠡᠭᠦᠷᠭᠡ ᠪᠡᠨ ᠭᠦᠢᠴᠡᠳᠭᠡᠬᠦ ᠦᠶ᠎ᠡ ᠳᠦ ᠠᠬᠢᠨ ᠰᠢᠷᠬᠠᠲᠤᠵᠠᠢ᠃ ᠵᠠᠩᠴᠢᠪ ᠡᠴᠦᠰ ᠦᠨ ᠮᠥᠴᠡ ᠳᠦ ᠤᠲᠠᠰᠤᠨ ᠤ 2 ᠦᠵᠦᠭᠦᠷ ᠢ ᠠᠮᠠᠨ ᠳᠤ ᠪᠠᠨ ᠵᠢᠭᠤᠵᠤ᠂ ᠪᠡᠶ᠎ᠡ ᠪᠡᠷ ᠢᠶᠡᠨ ᠬᠣᠯᠪᠣᠭ᠎ᠠ ᠳᠠᠮᠵᠢᠭᠤᠯᠵᠤ᠂ ᠥᠪᠡᠷ ᠦᠨ ᠠᠩᠬᠢ ᠶᠢᠨ ᠳᠠᠪᠰᠢᠯᠲᠠ ᠶᠢ ᠬᠠᠩᠭᠠᠭᠰᠠᠭᠠᠷ ᠠᠮᠢ ᠦᠷᠡᠭᠳᠡᠭᠰᠡᠨ ᠪᠠᠶᠢᠨ᠎ᠠ᠃ ᠮ᠃ᠵᠠᠩᠴᠢᠪ ᠤᠨ ᠭᠠᠪᠢᠶ᠎ᠠ ᠶᠢ ᠡᠬᠡ ᠣᠷᠣᠨ᠂ ᠲᠥᠷᠥ ᠵᠠᠰᠠᠭ ᠥᠨᠳᠥᠷ ᠢᠶᠡᠷ ᠦᠨᠡᠯᠡᠵᠦ᠂ 1965 ᠣᠨ ᠳᠤ ᠪᠠᠶᠢᠯᠳᠤᠭᠠᠨ ᠤ ᠭᠠᠪᠢᠶᠠᠨ ᠤ ᠤᠯᠠᠭᠠᠨ ᠲᠤᠭ ᠤᠨ ᠣᠳᠣᠨ᠂ 1975 ᠣᠨ ᠳᠤ ᠮᠣᠩᠭᠣᠯ ᠤᠯᠤᠰ ᠤᠨ ᠪᠠᠭᠠᠲᠤᠷ ᠴᠣᠯᠠ ᠪᠠᠷ ᠨᠡᠬᠡᠨ ᠱᠠᠩᠨᠠᠭᠰᠠᠨ ᠪᠢᠯᠡ᠃ ᠮᠣᠩᠭᠣᠯ ᠤᠯᠤᠰ ᠤᠨ ᠪᠠᠭᠠᠲᠤᠷ ᠮ᠃ᠵᠠᠩᠴᠢᠪ ᠤᠨ ᠮᠥᠩᠬᠡ ᠠᠯᠳᠠᠷ ᠤᠨ ᠭᠡᠭᠡᠨ ᠳᠤᠷᠠᠰᠬᠠᠯ ᠪᠣᠯᠤᠭᠰᠠᠨ ᠬᠥᠰᠢᠶ᠎ᠡ ᠭᠣᠪᠢ-ᠠᠯᠲᠠᠢ ᠠᠶᠢᠮᠠᠭ ᠤᠨ ᠲᠥᠪ ᠪᠣᠯᠤᠨ ᠲᠦᠷᠦᠭᠰᠡᠨ ᠨᠤᠲᠤᠭ ᠰᠢᠷᠭ᠎ᠠ ᠰᠤᠮᠤ ᠶᠢᠨ ᠲᠥᠪ ᠲᠦ ᠰᠦᠨᠳᠡᠷᠯᠡᠨ᠂ ᠲᠡᠭᠦᠨ ᠢ ᠠᠷᠠᠳ ᠲᠦᠮᠡᠨ ᠨᠢ ᠬᠠᠶᠢᠷᠠᠯᠠᠨ ᠬᠦᠨᠳᠦᠯᠡᠵᠦ᠂ ᠪᠠᠬᠠᠷᠬᠠᠨ ᠳᠤᠷᠠᠰᠤᠭᠰᠠᠭᠠᠷ ᠪᠠᠶᠢᠨ᠎ᠠ᠃

ᠪᠢᠴᠢᠭᠡᠰᠦ