ᠰᠢᠷᠡᠭᠡᠨ ᠦ ᠲᠧᠨᠨᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠷᠡᠭᠡᠨ ᠦ ᠲᠧᠨᠨᠢᠰ
Competitive table tennis.jpg
ᠮᠡᠷᠭᠡᠵᠢᠯ ᠦᠨ ᠲᠠᠮᠢᠷᠴᠢᠳ ᠤᠨ ᠲᠡᠮᠡᠴᠡᠭᠡᠨ
ᠳᠡᠭᠡᠳᠦ ᠲᠦᠪᠰᠢᠨ ᠦ ᠵᠠᠬᠢᠷᠬᠤ ᠪᠠᠶᠢᠭᠤᠯᠤᠯᠭ᠎ᠠ ОУШТХ
ᠬᠣᠴᠢ(ᠨ ᠨᠤᠭᠤᠳ) ᠫᠧᠩ ᠢ ᠫᠣᠩ ᠢ
ᠠᠩᠬ᠎ᠠ ᠲᠣᠭᠯᠠᠭᠳᠠᠭᠰᠠᠨ 1880 ᠍ ᠳᠦ ᠤᠨ᠂ ᠠᠩᠭᠯᠢ
ᠣᠨᠴᠠᠯᠢᠭ ᠰᠢᠨᠵᠢ
ᠱᠦᠷᠭᠦᠯᠴᠡᠳᠡᠭ ᠰᠫᠣᠷᠲ ᠡᠰᠡᠬᠦ ᠦᠭᠡᠢ
ᠪᠠᠭ ᠤᠨ ᠭᠡᠰᠢᠭᠦᠨ ᠭᠠᠭᠴᠠᠭᠠᠷᠴᠢᠯᠠᠭᠰᠠᠨ᠂ ᠬᠣᠣᠰ
ᠬᠣᠯᠢᠮᠠᠭ ᠬᠦᠢᠰᠦ ᠡᠷᠡᠭᠲᠡᠢ᠂ ᠡᠮᠡᠭᠲᠡᠢ᠂ ᠬᠣᠯᠢᠮᠠᠭ
ᠠᠩᠬᠢᠯᠠᠯ ᠴᠣᠬᠢᠭᠤᠷ ᠲᠤ ᠰᠫᠣᠷᠲ᠂ ᠲᠠᠩᠬᠢᠮ ᠤᠨ ᠰᠫᠣᠷᠲ
ᠪᠠᠭᠠᠵᠢ ᠬᠡᠷᠡᠭᠰᠡᠯ ᠼᠧᠯᠯᠦᠢᠯᠦᠦᠶᠢ᠋, 40 ᠮᠮ
ᠣᠯᠢᠮᠫᠢᠺ 1988

ᠰᠢᠷᠡᠭᠡᠨ ᠦ ᠲᠧᠨᠨᠢᠰ (ᠣᠳᠣᠨ ᠪᠥᠮᠪᠥᠭᠡ) ᠭᠡᠳᠡᠭ ᠨᠢ ᠬᠥᠩᠭᠡᠨ᠂ ᠬᠥᠨᠳᠡᠢ ᠪᠥᠮᠪᠥᠭᠡ ᠶᠢᠨ ᠬᠣᠶᠠᠷ ᠪᠤᠶᠤ ᠳᠥᠷᠪᠡᠨ ᠲᠣᠭᠯᠠᠭᠴᠢ ᠴᠣᠬᠢᠭᠤᠷ ᠠᠰᠢᠭᠯᠠᠨ ᠴᠣᠬᠢᠵᠤ ᠲᠣᠭᠯᠠᠳᠠᠭ ᠰᠫᠣᠷᠲ ᠶᠤᠮ᠃ ᠲᠣᠣᠷ ᠪᠠᠷ ᠬᠤᠪᠢᠶᠠᠭᠳᠠᠭᠰᠠᠨ ᠬᠠᠲᠠᠭᠤ ᠰᠢᠷᠡᠭᠡᠨ ᠳᠡᠭᠡᠷ᠎ᠡ ᠲᠣᠭᠯᠠᠯᠲᠠ ᠶᠠᠪᠤᠭᠳᠠᠨ᠎ᠠ᠃ ᠳᠠᠪᠠᠭᠤᠯᠤᠯᠲᠠ ᠠᠴᠠ ᠪᠤᠰᠤᠳ ᠦᠶ᠎ᠡ ᠳᠦ ᠲᠣᠭᠯᠠᠭᠴᠢᠳ ᠥᠪᠡᠷ ᠦᠨ ᠲᠠᠯᠠᠪᠠᠢ ᠳᠡᠭᠡᠷ᠎ᠡ ᠨᠢᠭᠡ ᠤᠳᠠᠭ᠎ᠠ ᠣᠶᠢᠭᠰᠠᠨ ᠤ ᠳᠠᠷᠠᠭ᠎ᠠ ᠴᠣᠬᠢᠵᠤ᠂ ᠠᠶᠢᠯ ᠤᠨ ᠲᠠᠯᠠᠪᠠᠢ ᠳᠤ ᠤᠶᠢᠯᠠᠭᠠᠬᠤ ᠶᠣᠰᠣᠲᠠᠢ᠃ ᠪᠥᠮᠪᠥᠭᠡ ᠶᠢ ᠳᠦᠷᠢᠮ ᠦᠨ ᠳᠠᠭᠠᠤ ᠪᠤᠴᠠᠭᠠᠵᠤ ᠴᠣᠬᠢᠵᠤ ᠴᠢᠳᠠᠭ᠎ᠠ ᠦᠭᠡᠢ ᠲᠣᠬᠢᠶᠠᠯᠳᠤᠯ ᠳᠤ ᠣᠨᠣᠭ᠎ᠠ ᠠᠯᠠᠳᠠᠨ᠎ᠠ᠃ ᠰᠢᠷᠡᠭᠡᠨ ᠦ ᠲᠧᠨᠨᠢᠰ ᠨᠢ ᠲᠣᠭᠯᠠᠭᠴᠢ ᠠᠴᠠ ᠬᠤᠷᠳᠤ ᠲᠠᠢ ᠬᠠᠷᠢᠭᠤ ᠦᠢᠯᠡᠳᠦᠯ ᠢ ᠱᠠᠭᠠᠷᠳᠠᠳᠠᠭ ᠰᠫᠣᠷᠲ ᠶᠤᠮ᠃ ᠴᠢᠳᠠᠪᠤᠷᠢᠯᠢᠭ ᠲᠣᠭᠯᠠᠭᠴᠢᠳ ᠪᠥᠮᠪᠦᠭᠡᠨ ᠳᠦ ᠪᠡᠨ ᠲᠥᠷᠥᠯ ᠪᠦᠷᠢ ᠪᠡᠷ ᠡᠷᠭᠢᠯᠲᠡ ᠣᠷᠣᠭᠤᠯᠵᠤ᠂ ᠶᠠᠪᠤᠬᠤ ᠴᠢᠭᠯᠡᠯ ᠢ ᠨᠢ ᠳᠠᠭᠠᠬᠤ ᠳᠤ ᠪᠡᠷᠬᠡ ᠪᠠᠶᠢᠳᠠᠯ ᠢᠶᠠᠷ ᠴᠣᠬᠢᠭᠰᠠᠨ ᠢᠶᠠᠷ ᠥᠷᠢᠰᠦᠯᠳᠦᠭᠴᠢ ᠡᠴᠡ ᠪᠡᠨ ᠳᠠᠪᠠᠭᠤ ᠲᠠᠯ᠎ᠠ ᠣᠯᠵᠤ ᠠᠪᠳᠠᠭ᠃

ᠬᠡᠷᠡᠭᠰᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠷᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠷᠡᠭᠡ ᠨᠢ ᠣᠯᠠᠨ ᠤᠯᠤᠰ ᠤᠨ ᠰᠲ᠋ᠠᠨᠳᠠᠷᠲ ᠢᠶᠠᠷ ᠤᠷᠲᠤ ᠨᠢ 274 ᠰᠠᠨᠲ᠋ᠢᠮᠧᠲ᠋ᠷ᠂ ᠥᠷᠭᠡᠨ ᠨᠢ 152.5 ᠰᠠᠨᠲ᠋ᠢᠮᠧᠲ᠋ᠷ᠂ ᠥᠨᠳᠥᠷ ᠨᠢ 76 ᠰᠠᠨᠲ᠋ᠢᠮᠧᠲ᠋ᠷ ᠪᠠᠶᠢᠨ᠎ᠠ᠃ ᠲᠣᠷᠤᠨ ᠤ ᠬᠢ ᠨᠢ ᠤᠷᠲᠤ 183 ᠰᠠᠨᠲ᠋ᠢᠮᠧᠲ᠋ᠷ᠂ ᠥᠨᠳᠥᠷ ᠨᠢ 15.25 ᠰᠠᠨᠲ᠋ᠢᠮᠧᠲ᠋ᠷ ᠪᠠᠶᠢᠨ᠎ᠠ᠃

ᠪᠥᠮᠪᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠷ᠎ᠠ᠂ ᠴᠠᠭᠠᠨ ᠭᠡᠰᠡᠨ ᠬᠣᠶᠠᠷ ᠥᠩᠭᠡ ᠶᠢᠨ ᠪᠥᠮᠪᠥᠭᠡ ᠪᠠᠶᠢᠨ᠎ᠠ᠃ 40 ᠮᠢᠯᠯᠢᠮᠧᠲ᠋ᠷ ᠳ᠋ᠢᠶᠠᠮᠧᠲ᠋ᠷ ᠲᠡᠢ᠂ 2.7 ᠭᠷᠦᠶᠢᠫ ᠵᠢᠩ ᠲᠡᠢ ᠪᠠᠶᠢᠨ᠎ᠠ᠃

ᠴᠣᠬᠢᠭᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠬᠢᠭᠤᠷ ᠨᠢ ᠬᠣᠶᠠᠷ ᠲᠠᠯ᠎ᠠ ᠳᠤ ᠪᠠᠨ ᠬᠠᠷ᠎ᠠ᠂ ᠤᠯᠠᠭᠠᠨ ᠷᠧᠽᠢᠨ ᠲᠡᠢ᠂ ᠲᠤᠰᠬᠠᠢ ᠦᠢᠯᠡᠳᠪᠦᠷᠢ ᠶᠢᠨ ᠮᠣᠳᠣ ᠪᠠᠷ ᠪᠥᠷᠢᠳᠦᠨ᠎ᠡ᠃

ᠲᠧᠭᠨᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠽᠢᠶ᠎ᠠ ᠪᠣᠯᠤᠨ ᠧᠦ᠋ᠷᠣᠫᠠ ᠭᠡᠰᠡᠨ ᠦᠨᠳᠦᠰᠦᠨ ᠬᠣᠶᠠᠷ ᠲᠥᠷᠥᠯ ᠦᠨ ᠠᠷᠭ᠎ᠠ ᠪᠠᠷ ᠴᠣᠬᠢᠭᠤᠷ ᠢᠶᠠᠨ ᠪᠠᠷᠢᠳᠠᠭ᠃ ᠰᠡᠭᠦᠯ ᠦᠶ᠎ᠡ ᠳᠦ ᠮᠣᠩᠭᠣᠯ ᠳᠤ ᠰᠢᠷᠡᠭᠡᠨ ᠦ ᠲᠧᠨᠨᠢᠰ ᠶᠡᠬᠡ ᠬᠤᠷᠳᠤᠴᠠ ᠲᠠᠢ ᠥᠰᠴᠦ ᠪᠠᠶᠢᠭ᠎ᠠ᠃ ᠲᠧᠭᠨᠢᠭ ᠦᠨ ᠲᠠᠯ᠎ᠠ ᠳᠡᠭᠡᠷ᠎ᠡ ᠶᠡᠬᠡᠪᠴᠢᠯᠡᠨ ᠳᠣᠪᠲᠣᠯᠭᠠᠨ ᠤ ᠪᠠᠶᠢᠷᠢᠯᠠᠯ ᠳᠤ ᠲᠣᠭᠯᠠᠳᠠᠭ ᠪᠠᠶᠢᠭᠰᠠᠨ ᠬᠦᠮᠦᠰ ᠰᠡᠭᠦᠯ ᠦᠨ ᠦᠶ᠎ᠡ ᠳᠦ ᠬᠠᠮᠠᠭᠠᠯᠠᠬᠤ ᠪᠤᠶᠤ ᠳᠠᠷᠤᠬᠤ ᠲᠧᠭᠨᠢᠭ ᠢ ᠶᠡᠬᠡ ᠪᠡᠷ ᠡᠵᠡᠮᠰᠢᠬᠦ ᠪᠣᠯᠤᠭᠰᠠᠨ

ᠲᠧᠨᠨᠢᠰᠦᠨ ᠦ ᠣᠯᠠᠨ ᠤᠯᠤᠰ ᠤᠨ ᠳᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠ ᠪᠦᠬᠦᠨ ᠳᠣᠪᠲᠣᠯᠬᠤ ᠪᠣᠯᠤᠨ ᠬᠠᠮᠠᠭᠠᠯᠠᠬᠤ ᠪᠠᠶᠢᠳᠠᠯ ᠢ ᠬᠣᠣᠰᠯᠠᠭᠤᠯᠵᠤ ᠲᠣᠭᠯᠠᠪᠠᠯ ᠦᠷ᠎ᠡ ᠳ᠋ᠦᠩ ᠶᠡᠬᠡ ᠲᠡᠢ ᠤᠴᠢᠷ ᠬᠡᠷᠡᠭᠯᠡᠪᠡᠯ ᠠᠯᠵᠠᠬᠤ ᠦᠭᠡᠢ ᠰᠢᠦ

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠰᠢᠷᠡᠭᠡᠨ ᠦ ᠲᠧᠨᠨᠢᠰ»

ᠪᠢᠴᠢᠭᠡᠰᠦ