ᠰᠢᠷ᠎ᠠ ᠲᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠡᠮ


ᠰᠢᠷ᠎ᠠ ᠲᠠᠩ
ᠮᠣᠩᠭᠣᠯ ᠨᠡᠷ᠎ᠡ ᠰᠢᠷ᠎ᠠ ᠲᠠᠩ
ᠥᠭᠡᠷ᠎ᠡ ᠨᠡᠷ᠎ᠡ ᠭᠤᠷᠪᠠᠨ ᠦᠷ᠎ᠡ  ᠶᠢᠨ ᠲᠠᠩ ᠂
ᠪᠠᠷᠡᠢᠢᠪᠦ ᠰᠦᠮᠲ᠋ᠠᠩ
ᠡᠮᠨᠡᠯᠭᠡ ᠶᠢᠨ ᠳᠠᠭᠠᠳᠬᠠᠯ ᠤᠨ ᠨᠡᠷ᠎ᠡ ᠰᠢᠷ᠎ᠠ ᠲᠠᠩ xmlui.metadata.imun.description.unit
ᠠᠮᠲᠠ ᠴᠢᠨᠠᠷ ᠡᠷᠳᠡᠮ ᠲᠤᠰ ᠨᠠᠢᠢᠷᠠᠯᠭ᠎ᠠ ᠪᠣᠯ ᠭᠠᠰᠢᠭᠤᠨ ᠂ ᠢᠰᠭᠦᠯᠡᠩ ᠂ ᠠᠮᠲᠠᠯᠢᠭ ᠂ ᠡᠬᠡᠭᠦᠨ ᠂ ᠭᠤᠱᠤᠭᠤᠨ ᠵᠡᠷᠭᠡ ᠲᠠᠪᠤᠨ ᠠᠮᠲᠠ  ᠶᠢᠨ ᠨᠠᠢᠢᠷᠠᠯᠭ᠎ᠠ ᠪᠣᠯᠬᠤ ᠮᠥᠷᠲᠡᠭᠡᠨ ᠭᠠᠰᠢᠭᠤᠨ ᠂ ᠠᠮᠲᠠᠯᠢᠭ ᠲᠡᠳᠦᠢ ᠂ ᠢᠰᠭᠦᠯᠡᠩ ᠲᠡᠳᠦᠢ ᠂ ᠭᠤᠱᠤᠭᠤᠨ ᠵᠡᠷᠭᠡ ᠰᠢᠩᠭᠡᠭᠡᠯᠲᠡ  ᠶᠢᠨ ᠠᠮᠲᠠ ᠪᠦᠬᠦᠢ ᠠᠮᠲᠠ ᠂ ᠰᠢᠩᠭᠡᠭᠡᠯᠲᠡ ᠂ ᠴᠢᠳᠠᠯ ᠵᠣᠬᠢᠯᠳᠤᠭᠰᠠᠨ ᠂ ᠰᠡᠷᠢᠭᠦᠨ ᠴᠢᠨᠠᠷ ᠲᠠᠢ ᠨᠠᠢᠢᠷᠠᠯᠭ᠎ᠠ ᠪᠣᠯᠤᠨ᠎ᠠ ᠃
ᠴᠢᠳᠠᠯ ᠴᠢᠰᠤᠨ ᠬᠠᠯᠠᠭᠤᠨ  ᠢ ᠠᠷᠢᠯᠭᠠᠬᠤ ᠂
ᠮᠠᠭᠤ ᠴᠢᠰᠤ ᠪᠠ ᠲᠠᠮᠢᠷ  ᠤᠨ ᠴᠢᠰᠤ
 ᠶᠢ ᠢᠯᠭᠠᠨ᠎ᠠ ᠃
ᠠᠩᠬᠠᠷᠬᠤ ᠵᠦᠢᠯ ᠦᠭᠡᠢ
ᠨᠠᠢᠢᠷᠠᠯᠭ᠎ᠠ ᠶᠢᠨ ᠬᠡᠯᠪᠡᠷᠢ ᠲᠠᠩ
ᠪᠣᠭᠤᠳᠠᠯᠯᠠᠬᠤ ᠬᠡᠮᠵᠢᠶ᠎ᠡ 5 ᠭᠷᠠᠮ×3 ᠤᠭᠤᠲᠠ
ᠨᠠᠢᠢᠷᠠᠯᠭ᠎ᠠ ᠶᠢᠨ ᠪᠦᠷᠢᠯᠳᠦᠬᠦᠨ ᠠᠷᠤᠷ᠎ᠠ ᠂ ᠪᠠᠷᠤᠷ᠎ᠠ ᠂ ᠵᠦᠷᠦᠷ᠎ ᠡ ᠵᠡᠷᠭᠡ 3 ᠬᠥᠯ ᠡᠮ  ᠢᠶᠠᠷ ᠪᠦᠷᠢᠯᠳᠦᠵᠡᠢ
ᠤᠤᠭᠤᠬᠤ ᠠᠷᠭ᠎ᠠ ᠬᠡᠷᠡᠭᠯᠡᠬᠦ ᠬᠡᠮᠵᠢᠶ᠎ᠡ ᠡᠳᠦᠷ ᠲᠦ 1~3 ᠤᠳᠠᠭ᠎ᠠ ᠂ ᠤᠳᠠᠭ᠎ᠠ ᠪᠦᠷᠢ 3~5 ᠭᠷᠠᠮ ᠂ ᠴᠢᠨᠠᠵᠤ ᠤᠤᠭᠤᠨ᠎ᠠ
ᠡᠮ ᠤᠨ ᠨᠢᠭᠡᠴᠢ ᠬᠡᠮᠵᠢᠶ᠎ᠡ ᠤᠭᠤᠲᠠ ᠪᠦᠷᠢ 5 ᠭᠷᠠᠮ

ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ︽ ᠱᠢᠷᠦᠨ ᠴᠢᠮᠡᠭ ︾

ᠨᠠᠢᠢᠷᠠᠯᠭ᠎ᠠ ᠶᠢᠨ ᠪᠦᠷᠢᠯᠳᠦᠭᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠷᠢᠯᠳᠦᠭᠦᠨ ᠤ ᠨᠡᠷ᠎ᠡ ᠬᠡᠷᠡᠭᠯᠡᠬᠦ ᠬᠡᠮᠵᠢᠶ᠎ᠡ  ᠨᠠᠢᠢᠷᠠᠯᠭ᠎ᠠ ᠶᠢᠨ ᠠᠷᠭ᠎ᠠ
ᠵᠦᠷᠦᠷ᠎ᠠ 30g ᠡᠳᠡᠭᠡᠷ  ᠢ ᠪᠦᠳᠦᠭᠦᠯᠢᠭ ᠲᠠᠯᠠᠭᠳᠠᠵᠤ ᠲᠠᠩ ᠡᠮ ᠪᠤᠶᠤ ᠪᠦᠷᠢᠮᠡᠯ ︵ᠮᠦᠬᠦᠯᠢᠭ ︶ ᠡᠮ  ᠢᠶᠡᠷ ᠬᠡᠷᠡᠭᠯᠡᠨ᠎ᠡ᠃
ᠠᠷᠤᠷ᠎ᠠ 25g
ᠪᠠᠷᠤᠷ᠎ᠠ 15g

ᠴᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠰᠤᠨ ᠬᠠᠯᠠᠭᠤᠨ  ᠢ ᠠᠷᠢᠯᠭᠠᠬᠤ ᠂ ᠮᠠᠭᠤ ᠴᠢᠰᠤ ᠪᠠ ᠲᠠᠮᠢᠷ  ᠤᠨ ᠴᠢᠰᠤ  ᠶᠢ ᠢᠯᠭᠠᠨ᠎ᠠ ᠃

ᠭᠣᠣᠯᠳᠠᠭᠤ ᠵᠠᠰᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠢᠨ᠎ᠡ ᠬᠠᠭᠤᠴᠢᠨ ᠴᠢᠰᠤᠨ ᠬᠠᠯᠠᠭᠤᠨ
  2. ᠴᠢᠰᠤᠨ ᠬᠠᠯᠠᠭᠤᠨ  ᠢᠶᠡᠷ ᠨᠢᠳᠦ ᠤᠯᠠᠢᠢᠬᠤ
  3. ᠲᠣᠯᠤᠭᠠᠢ ᠡᠪᠡᠳᠬᠦ
  4. ᠰᠢᠳᠦ ᠡᠪᠡᠳᠬᠦ
  5. ᠡᠰᠡ ᠪᠣᠯᠪᠠᠰᠤᠷᠠᠭᠰᠠᠨ ᠬᠠᠯᠠᠭᠤᠨ
  6. ᠮᠠᠭᠤ ᠴᠢᠰᠤ ᠪᠠ ᠲᠠᠮᠢᠷ  ᠤᠨ ᠴᠢᠰᠤ ᠬᠣᠯᠢᠯᠳᠤᠭᠰᠠᠨ
  7. ᠬᠢᠵᠢᠭ
  8. ᠬᠢᠮᠤᠷᠠᠯᠳᠤᠭᠰᠠᠨ ᠬᠠᠯᠠᠭᠤᠨ
  9. ᠰᠢᠷ᠎ᠠ  ᠶᠢᠨ ᠬᠠᠯᠠᠭᠤᠨ ᠵᠡᠷᠭᠡ  ᠳᠤ ᠬᠡᠷᠡᠭᠯᠡᠨ᠎ᠡ ᠃

ᠲᠠᠢᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠨᠠᠢᠢᠷᠠᠯᠭ᠎ᠠ ᠪᠣᠯ ᠭᠠᠰᠢᠭᠤᠨ ᠂ ᠢᠰᠭᠦᠯᠡᠩ ᠂ ᠠᠮᠲᠠᠯᠢᠭ ᠂ ᠡᠬᠡᠭᠦᠨ ᠂ ᠭᠤᠱᠤᠭᠤᠨ ᠵᠡᠷᠭᠡ ᠲᠠᠪᠤᠨ ᠠᠮᠲᠠ  ᠶᠢᠨ ᠨᠠᠢᠢᠷᠠᠯᠭ᠎ᠠ ᠪᠣᠯᠬᠤ ᠮᠥᠷᠲᠡᠭᠡᠨ ᠭᠠᠰᠢᠭᠤᠨ ᠂ ᠠᠮᠲᠠᠯᠢᠭ ᠲᠡᠳᠦᠢ ᠂ ᠢᠰᠭᠦᠯᠡᠩ ᠲᠡᠳᠦᠢ ᠂ ᠭᠤᠱᠤᠭᠤᠨ ᠵᠡᠷᠭᠡ ᠰᠢᠩᠭᠡᠭᠡᠯᠲᠡ  ᠶᠢᠨ ᠠᠮᠲᠠ ᠪᠦᠬᠦᠢ ᠠᠮᠲᠠ ᠂ ᠰᠢᠩᠭᠡᠭᠡᠯᠲᠡ ᠂ ᠴᠢᠳᠠᠯ ᠵᠣᠬᠢᠯᠳᠤᠭᠰᠠᠨ ᠂ ᠰᠡᠷᠢᠭᠦᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳᠤ ᠢᠰᠭᠦᠯᠡᠩ ᠭᠠᠰᠢᠭᠤᠨ ᠠᠮᠲᠠ ᠂ ᠮᠣᠬᠤᠳᠠᠭ ᠡᠷᠳᠡᠮ ᠪᠦᠬᠦᠢ ᠴᠢᠰᠤᠨ ᠬᠠᠯᠠᠭᠤᠨ  ᠢ ᠠᠷᠢᠯᠭᠠᠬᠤ ᠵᠦᠷᠤᠷ᠎ᠠ  ᠪᠡᠷ ᠭᠣᠣᠯᠯᠠᠭᠴᠢ ᠪᠣᠯᠭᠠᠵᠤ ᠂ ᠳᠠᠪᠤᠰᠤᠯᠢᠭ  ᠡᠴᠡ ᠪᠤᠰᠤᠳ ᠲᠠᠪᠤᠨ ᠠᠮᠲᠠ ᠂ ᠨᠠᠢ᠍ᠮᠠᠨ ᠴᠢᠳᠠᠯ ᠲᠡᠬᠦᠰᠦᠭᠰᠡᠨ ᠂ ᠮᠠᠬᠠᠪᠤᠳ  ᠢ ᠲᠡᠭᠰᠢᠳᠭᠡᠬᠦ ᠠᠷᠤᠷ᠎ᠠ  ᠶᠢ ᠬᠠᠪᠰᠤᠷᠬᠤ ᠡᠮ ᠪᠣᠯᠭᠠᠵᠤ ᠂ ᠭᠠᠰᠢᠭᠤᠨ ᠂ ᠡᠬᠡᠭᠦᠨ ᠠᠮᠲᠠ ᠂ ᠬᠥᠩᠭᠡᠨ ᠡᠷᠳᠡᠮ ᠪᠦᠬᠦᠢ ᠬᠠᠷ᠎ᠠ ᠰᠢᠷ᠎ᠠ ᠤᠰᠤ  ᠶᠢ ᠬᠠᠲᠠᠭᠠᠵᠤ ᠂ ᠪᠠᠳ᠌ᠭᠠᠨ ᠰᠢᠷ᠎ᠠ  ᠶᠢ ᠠᠷᠢᠯᠭᠠᠬᠤ ᠪᠠᠷᠤᠷ᠎ᠠ  ᠶᠢ ᠲᠤᠰᠠᠯᠠᠬᠤ ᠡᠮ ᠨᠠᠢᠢᠷᠠᠭᠤᠯᠤᠭᠰᠠᠠ ᠲᠤᠯᠠ ᠴᠢᠰᠤᠨ ᠬᠠᠯᠠᠭᠤᠨ  ᠢ ᠠᠷᠢᠯᠭᠠᠬᠤ ᠮᠥᠷᠲᠡᠭᠡᠨ ᠮᠠᠭᠤ ᠴᠢᠰᠤ ᠂ ᠲᠠᠮᠢᠷ  ᠤᠨ ᠴᠢᠰᠤ  ᠶᠢ ᠢᠯᠭᠠᠬᠤ ᠴᠢᠳᠠᠯ ᠪᠦᠷᠢᠳᠦᠭᠰᠡᠨ ᠶᠤᠮ ᠃

ᠬᠡᠷᠡᠭᠯᠡᠬᠦ ᠠᠷᠭ᠎ᠠ ᠪᠠ ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠨᠠᠰᠤᠨ  ᠳᠤ ᠬᠦᠷᠦᠭᠰᠡᠳ ᠲᠦ ᠲᠠᠩ ᠡᠮ ᠤᠳᠠᠭ᠎ᠠ ᠪᠦᠷᠢ 3 ~ 5g  ᠢᠶᠠᠷ ᠡᠳᠦᠷ  ᠲᠤ 2~3 ᠤᠳᠠᠭ᠎ᠠ ᠳᠤ ᠴᠢᠨᠠᠵᠤ ᠤᠤᠭᠤᠨ᠎ᠠ ᠂ ᠪᠦᠷᠢᠮᠡᠯ ᠡᠮ  ᠢ ᠤᠳᠠᠭ᠎ᠠ ᠪᠦᠷᠢ 1 ᠤᠭᠤᠲᠠ ︵ 3g\ ᠤᠭᠤᠲᠠ︶  ᠪᠠᠷ ᠡᠳᠦᠷ  ᠲᠤ 2~3 ᠤᠳᠠᠭ᠎ᠠ ᠪᠤᠴᠠᠯᠤᠭᠰᠠᠠ ᠤᠰᠤ  ᠪᠠᠷ ᠪᠦᠷᠢᠵᠦ ᠤᠤᠭᠤᠨ᠎ᠠ ᠃
  2. ᠴᠢᠰᠤ ᠰᠢᠷ᠎ᠠ  ᠶᠢᠨ ᠴᠢᠨᠠᠷ ᠲᠠᠢ ᠨᠢᠳᠦᠨ ᠡᠪᠡᠳᠴᠢᠨ ᠳᠦ ᠲᠠᠩ ᠪᠤᠶᠤ ᠪᠦᠷᠢᠮᠡᠯ ᠡᠮ  ᠤᠨ ᠬᠠᠯᠠᠭᠤᠨ ᠠᠭᠤᠷ  ᠢᠶᠠᠷ ᠡᠪᠡᠳᠴᠢᠯᠡᠭᠰᠡᠨ ᠨᠢᠳᠦ  ᠶᠢ ᠭᠤᠷᠤᠬᠠᠯᠠᠠ ᠵᠢᠩ ᠪᠠᠷᠢᠨ᠎ᠠ ᠃

ᠡᠮᠴᠢᠯᠡᠭᠡᠨ  ᠤ ᠬᠡᠷᠡᠭᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠨᠠᠬᠤ ᠵᠠᠰᠠᠯ ᠬᠢᠬᠦ  ᠡᠴᠡ 3 ︱5 ᠡᠳᠦᠷ  ᠤᠨ ᠡᠮᠦᠨ᠎ᠡ ᠰᠢᠷ᠎ᠠ ᠲᠠᠩ  ᠢ 5g  ᠢ ᠡᠳᠦᠷ ᠲᠤ᠋ 2 ᠤᠳᠠᠭ᠎ᠠ ᠴᠢᠨᠠᠵᠤ ᠤᠤᠭᠤᠯᠭᠠᠨ ᠲᠠᠮᠢᠷ  ᠤᠨ ᠴᠢᠰᠤ ᠪᠠ ᠮᠠᠭᠤ ᠴᠢᠰᠤ  ᠶᠢ ᠢᠯᠭᠠᠭᠰᠠᠨ  ᠤ ᠳᠠᠷᠠᠭ᠎ᠠ ᠰᠠᠶᠢ ᠬᠠᠨᠠᠨ᠎ᠠ ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ ᠶᠢᠨ ᠬᠠᠮᠳᠤ ᠡᠳ᠋ᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ ᠶᠢᠨ ᠥᠮᠴᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠯᠭ᠎ᠠ ᠶ᠋ᠢᠨ ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ