ᠰᠢᠷ᠎ᠠ ᠰᠢᠪᠠᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠷ᠎ᠠ ᠰᠢᠪᠠᠭᠤ
ᠣᠷᠣᠰᠢᠨ ᠪᠠᠶᠢᠭᠰᠠᠨ ᠬᠤᠭᠤᠴᠠᠭ᠎ᠠ: Late Paleocene–Recent
ᠬᠣᠪᠣᠷᠳᠠᠭᠰᠠᠨ ᠤᠮᠠᠷᠠᠳᠤ ᠶᠢᠨ ᠴᠣᠬᠣᠷ ᠰᠢᠷ᠎ᠠ ᠰᠢᠪᠠᠭᠤStrix occidentalis caurina
ᠬᠣᠪᠣᠷᠳᠠᠭᠰᠠᠨ ᠤᠮᠠᠷᠠᠳᠤ ᠶᠢᠨ ᠴᠣᠬᠣᠷ ᠰᠢᠷ᠎ᠠ ᠰᠢᠪᠠᠭᠤ
Strix occidentalis caurina
ᠪᠢᠣᠯᠣᠭᠢ ᠶᠢᠨ ᠠᠩᠭᠢᠯᠠᠯ
ᠠᠶᠢᠮᠠᠭ: Aᠮᠢᠲᠠᠨ
ᠬᠦᠷᠢᠶ᠎ᠡ: ᠬᠥᠪᠴᠢᠲᠡᠨ
ᠠᠩᠭᠢ: ᠰᠢᠪᠠᠭᠤ
ᠳᠡᠳ᠋ ᠠᠩᠭᠢ: Neornithes
ᠳ᠋ᠣᠣ ᠳᠤ ᠠᠩᠭᠢ: Neognathae
ᠳᠡᠭᠡᠳᠦ ᠪᠠᠭ: Neoaves
ᠪᠠᠭ: ᠰᠢᠷ᠎ᠠ ᠰᠢᠪᠠᠭᠤᠳᠤᠨ,Strigiformes
Wagler, 1830
ᠣᠪᠤᠭ ᠤᠳ

Strigidae
Tytonidae
Ogygoptyngidae (ᠤᠰᠠᠳᠤᠭᠰᠠᠨ)
Palaeoglaucidae (ᠤᠰᠠᠳᠤᠭᠰᠠᠨ)
Protostrigidae (ᠤᠰᠠᠳᠤᠭᠰᠠᠨ)
Sophiornithidae (ᠤᠰᠠᠳᠤᠭᠰᠠᠨ)

ᠢᠵᠢᠯ ᠤᠳᠬ᠎ᠠ ᠲᠠᠢ ᠨᠡᠷᠡᠰᠢᠯ

Strigidae sensu Sibley & Ahlquist

ᠰᠢᠷ᠎ᠠ ᠰᠢᠪᠠᠭᠤ ᠨᠢ ᠮᠢᠬᠠᠴᠢᠨ ᠰᠢᠪᠠᠭᠤ ᠪᠥᠭᠡᠳ ᠡᠳᠦᠭᠡ 200 ᠵᠦᠢᠯ ᠪᠦᠷᠢᠳᠬᠡᠭᠳᠡᠭᠡᠳ ᠪᠠᠶᠢᠨ᠎ᠠ᠃ ᠶᠡᠬᠡᠩᠬᠢ ᠨᠢ ᠭᠠᠭᠴᠠᠭᠠᠷ ᠠᠮᠢᠳᠤᠷᠠᠳᠠᠭ ᠪᠠ ᠰᠥᠨᠢ ᠶᠢᠨ ᠰᠢᠪᠠᠭᠤ ᠶᠤᠮ᠃ ᠰᠢᠷ᠎ᠠ ᠰᠢᠪᠠᠭᠤ ᠨᠢ ᠵᠢᠵᠢᠭ ᠮᠡᠷᠡᠭᠴᠢᠬᠥᠬᠥᠲᠡᠨᠰᠢᠪᠠᠵᠢ᠂ ᠪᠤᠰᠤᠳ ᠰᠢᠪᠠᠭᠤ ᠪᠣᠯᠤᠨ ᠵᠢᠭᠠᠰᠤ ᠪᠠᠷᠢᠵᠤ ᠢᠳᠡᠳᠡᠭ᠃ ᠳᠡᠯᠡᠬᠡᠢ ᠶᠢᠨ ᠪᠠᠷᠤᠭ ᠪᠦᠬᠦ ᠬᠡᠰᠡᠭ ᠲᠦ᠂ ᠠᠨᠲ᠋ᠠᠷᠺᠲ᠋ᠢᠳ᠋ ᠪᠣᠯᠤᠨ ᠭᠷᠧᠨᠯᠠᠨ ᠳᠤᠠ ᠠᠴᠠ ᠪᠤᠰᠤᠳ ᠭᠠᠵᠠᠷ ᠣᠯᠳᠠᠭᠠᠳ ᠪᠠᠶᠢᠨ᠎ᠠ᠃ ᠰᠢᠷ᠎ᠠ ᠰᠢᠪᠠᠭᠤ ᠨᠢ Strigidae ᠪᠠ Tytonidae ᠭᠡᠰᠡᠨ 2 ᠣᠪᠣᠭᠲᠤ ᠬᠤᠪᠢᠶᠠᠭᠳᠠᠨ᠎ᠠ᠃

ᠪᠡᠶ᠎ᠡ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠷ᠎ᠠ ᠰᠢᠪᠠᠭᠤ ᠨᠢ ᠲᠣᠯᠣᠭᠠᠢ ᠶᠢᠨ ᠡᠭᠴᠡ ᠤᠷᠳᠤ ᠬᠡᠰᠡᠭ ᠲᠦ ᠪᠡᠨ ᠵᠡᠷᠭᠡᠴᠡᠨ ᠪᠠᠶᠢᠷᠢᠯᠠᠬᠤ ᠲᠣᠮᠣ ᠨᠢᠳᠦ ᠲᠡᠢ᠂ ᠬᠠᠷᠴᠠᠭ᠎ᠠ ᠶᠢᠨ ᠬᠢ ᠰᠢᠭ ᠬᠣᠰᠢᠭᠤ ᠲᠠᠢ᠂ ᠬᠠᠪᠲᠠᠭᠠᠢ ᠨᠢᠭᠤᠷᠲᠠᠢ ᠪᠠᠶᠢᠨ᠎ᠠ᠃ ᠨᠢᠳᠦ ᠨᠢ ᠤᠬᠤᠷᠬᠠᠢ ᠲᠠᠢ ᠪᠠᠨ ᠨᠠᠭᠠᠯᠳᠤᠨ ᠪᠡᠬᠢᠯᠡᠭᠳᠡᠭᠰᠡᠨ ᠪᠠᠶᠢᠳᠠᠭ ᠲᠤᠯᠠ ᠨᠢᠳᠦᠨ ᠦ ᠠᠶᠠᠭ᠎ᠠ ᠪᠠᠨ ᠬᠥᠳᠡᠯᠭᠡᠵᠦ ᠴᠢᠳᠠᠬᠤ ᠦᠭᠡᠢ᠃ ᠲᠡᠶᠢᠮᠦ ᠡᠴᠡ ᠲᠣᠯᠣᠭᠠᠢ ᠶᠢ ᠪᠠᠨ 180 ᠭᠷᠦᠶᠢᠫ ᠲᠦᠶᠢᠰ ᠡᠷᠭᠢᠭᠦᠯᠵᠦ ᠴᠢᠯᠦᠭᠡᠲᠡᠢ ᠬᠥᠳᠡᠯᠭᠡᠵᠦ 270 ᠭᠷᠦᠶᠢᠫ ᠲᠦᠶᠢᠰ ᠬᠦᠷᠲᠡᠯᠡᠬᠢ ᠡᠷᠭᠢᠨ ᠲᠣᠭᠣᠷᠢᠨ ᠢᠶᠠᠨ ᠬᠠᠷᠠᠳᠠᠭ ᠪᠠᠶᠢᠨ᠎ᠠ᠃ ᠴᠢᠬᠢ ᠨᠢ ᠲᠣᠯᠣᠭᠠᠢ ᠶᠢᠨ ᠠᠷᠤ ᠳᠤ ᠪᠠᠶᠢᠷᠢᠯᠠᠬᠤ ᠪᠠ ᠪᠠᠷᠠᠭᠤᠨ ᠵᠡᠭᠦᠨ ᠨᠦᠬᠡᠨ ᠨᠦᠭᠦᠳ ᠨᠢ ᠳᠡᠭᠡᠷ᠎ᠡ᠂ ᠳᠣᠣᠷ᠎ᠠ ᠪᠠᠶᠢᠷᠢᠯᠠᠯ ᠲᠠᠢ᠃ ᠰᠢᠷ᠎ᠠ ᠰᠢᠪᠠᠭᠤ ᠨᠢ ᠬᠣᠯᠠ ᠶᠢᠨ ᠬᠠᠷᠠᠭ᠎ᠠ ᠰᠠᠶᠢᠲᠠᠢ ᠴᠤ ᠬᠡᠳᠦᠬᠡᠨ ᠰᠮ ᠦᠨ ᠵᠠᠶᠢᠳᠬᠤ ᠣᠶᠢᠷ᠎ᠠ ᠣᠷᠴᠢᠮ ᠢᠶᠠᠨ ᠲᠣᠳᠣ ᠢᠯᠭᠠᠵᠤ ᠬᠠᠷᠠᠵᠤ ᠴᠢᠳᠠᠳᠠᠭ ᠦᠭᠡᠢ ᠪᠠᠶᠢᠨ᠎ᠠ᠃ ᠨᠢᠳᠦ ᠨᠢ ᠥᠴᠥᠬᠡᠨ ᠲᠡᠳᠦᠢ ᠭᠡᠷᠡᠯ ᠳᠦ ᠴᠤ ᠮᠠᠰᠢ ᠮᠡᠳᠡᠷᠡᠮᠡᠲᠡᠭᠡᠢ ᠪᠠᠶᠢᠨ᠎ᠠ᠃ ᠪᠤᠰᠤᠳ ᠰᠢᠪᠠᠭᠤᠨ ᠠᠴᠠ ᠥᠭᠡᠷ᠎ᠡ , 2 ᠨᠢᠳᠦ ᠨᠢ ᠨᠡᠭᠦᠷ ᠦᠨ ᠦ ᠤᠷᠢᠳᠤ ᠲᠠᠯ᠎ᠠ ᠳᠤ ᠪᠠᠶᠢᠷᠢᠯᠠᠬᠤ ᠲᠤᠯᠠ ᠵᠣᠭᠰᠣᠵᠤ ᠪᠤᠢ ᠬᠥᠳᠡᠯᠭᠡᠭᠡᠨ ᠦᠭᠡᠢ ᠵᠦᠢᠯ ᠬᠦᠷᠲᠡᠯᠡᠬᠢ ᠵᠠᠢ ᠶᠢ ᠨᠠᠷᠢᠨ ᠪᠠᠷᠢᠮᠵᠢᠶᠠᠯᠠᠵᠤ ᠲᠣᠳᠣᠷᠬᠠᠶᠢᠯᠠᠳᠠᠭ᠃ ᠬᠠᠷᠠᠩᠭᠤᠢ ᠳᠤ ᠬᠦᠴᠦᠲᠡᠢ ᠨᠢᠳᠦ᠂ ᠭᠠᠶᠢᠬᠠᠯᠲᠠᠢ ᠰᠠᠶᠢᠨ ᠰᠤᠨᠤᠰᠬᠤ ᠴᠢᠳᠠᠪᠤᠷᠢ ᠨᠢ ᠰᠢᠷ᠎ᠠ ᠰᠢᠪᠠᠭᠤ ᠶᠢ ᠰᠥᠨᠢ ᠠᠩᠭᠤᠴᠢᠯᠠᠬᠤ ᠪᠣᠯᠤᠮᠵᠢ ᠲᠠᠢ ᠪᠣᠯᠭᠠᠵᠠᠢ᠃ ᠬᠠᠮᠤᠭ ᠤᠨ ᠵᠢᠵᠢᠭ ᠲᠥᠷᠥᠯ ᠨᠢ 31 ᠭᠷᠦᠶᠢᠫ ᠵᠢᠩ ᠲᠡᠢ᠂ 13.5 ᠰᠠᠨᠲ᠋ᠢᠮᠧᠲ᠋ᠷ ᠪᠠᠶᠢᠬᠤ ᠪᠣᠯ ᠲᠣᠮᠣ ᠲᠥᠷᠥᠯ ᠨᠢ 60-71 ᠰᠠᠨᠲ᠋ᠢᠮᠧᠲ᠋ᠷ᠂ 2 ᠮ ᠬᠦᠷᠲᠡᠯ᠎ᠡ ᠲᠣᠮᠣ ᠳᠠᠯᠠᠪᠴᠢ ᠲᠠᠢ᠂ 4.5 ᠺᠢᠯᠣᠭ᠍ᠷᠠᠮ ᠵᠢᠩ ᠲᠡᠢ ᠪᠠᠶᠢᠨ᠎ᠠ᠃

ᠰᠢᠷ᠎ᠠ ᠰᠢᠪᠠᠭᠤᠨ ᠤ ᠥᠨᠳᠡᠭᠡ ᠨᠢ ᠭᠣᠣᠯᠳᠠᠭᠤ ᠴᠠᠭᠠᠨ ᠥᠩᠭᠡᠲᠡᠢ᠂ ᠪᠥᠭᠡᠷᠡᠩᠬᠡᠢ ᠬᠡᠯᠪᠡᠷᠢ ᠲᠡᠢ᠂ ᠲᠥᠷᠥᠯ ᠡᠴᠡ ᠪᠡᠨ ᠰᠢᠯᠲᠠᠭᠠᠯᠠᠨ 1, 2 ᠱ-12 ᠱ ᠬᠦᠷᠲᠡᠯ᠎ᠡ ᠪᠠᠶᠢᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Strigiformes

ᠪᠢᠴᠢᠭᠡᠰᠦ