ᠰᠢᠷ᠎ᠠ ᠶᠢᠨ ᠱᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠦᠮᠪᠦᠮ ᠬᠡᠶᠢᠳ ᠦᠨ ᠵᠣᠩᠬᠠᠤ᠎ᠠ ᠶᠢᠨ ᠱᠤᠭᠤᠮᠠᠯ

ᠰᠢᠷ᠎ᠠ ᠶᠢᠨ ᠱᠠᠰᠢᠨ ᠭᠡᠳᠡᠭ ᠪᠣᠯ ᠲᠥᠪᠡᠳ ᠦᠨ ᠪᠤᠷᠬᠠᠨ ᠤ ᠱᠠᠰᠢᠨ ᠤ ᠰᠡᠳᠬᠢᠭᠴᠢ᠂ ᠰᠢᠨᠴᠢᠯᠡᠭᠴᠢ ᠵᠣᠩᠬᠠᠪ (1357–1419) ᠍ ᠶᠢᠨ ᠰᠤᠷᠭᠠᠯ ᠢᠶᠠᠷ ᠡᠭᠦᠰᠦᠭᠰᠡᠨ ᠲᠥᠪᠡᠳ ᠦᠨ ᠪᠤᠳ᠋ᠳ᠋ᠾᠠ ᠶᠢᠨ ᠱᠠᠰᠢᠨ ᠤ ᠬᠠᠮᠤᠭ ᠤᠨ ᠰᠡᠭᠦᠯ ᠦᠨ ᠰᠢᠨ᠎ᠡ ᠤᠷᠤᠰᠬᠠᠯ ᠶᠤᠮ᠃

ᠰᠢᠷ᠎ᠠ ᠶᠢᠨ ᠱᠠᠰᠢᠨ ᠤ ᠲᠥᠪᠡᠳ ᠭᠠᠷᠤᠯᠲᠠᠢ ᠨᠡᠷ᠎ᠡ "ᠭᠡ ᠯᠦᠭᠸᠠ" (ᠲᠥᠪᠡᠳ: དགེ་ལུགས་པ ᠭᠡ ᠯᠦᠭ ᠫᠠ) ᠭᠡᠳᠡᠭ ᠨᠢ ᠮᠣᠩᠭᠣᠯ ᠬᠡᠯᠡᠡᠨᠳᠡ ᠪᠤᠶᠠᠨ ᠤ ᠶᠣᠰᠣ ᠭᠡᠰᠡᠨ ᠤᠳᠬ᠎ᠠ ᠲᠠᠢ᠃ ᠵᠣᠩᠬᠠᠪ ᠲᠥᠪᠡᠳ ᠦᠨ ᠡᠮᠦᠨᠡᠲᠦ ᠨᠤᠲᠤᠭ ᠤᠨ ᠨᠢᠭᠡᠨ ᠠᠭᠤᠢ ᠳᠤ ᠰᠢᠷ᠎ᠠ ᠮᠠᠯᠠᠭᠠᠢ ᠡᠮᠦᠰᠦᠨ ᠤᠳᠤᠲᠠᠯ᠎ᠠ ᠳᠢᠶᠠᠨᠴᠢᠯᠠᠨ ᠰᠠᠭᠤᠭᠰᠠᠨ ᠲᠤᠯᠠ ᠲᠡᠭᠦᠨ ᠦ ᠪᠤᠢ ᠪᠣᠯᠭᠠᠭᠰᠠᠨ ᠱᠠᠰᠢᠨ ᠤ ᠤᠷᠤᠰᠬᠠᠯ ᠰᠢᠷ᠎ᠠ ᠮᠠᠯᠠᠭᠠᠶᠢᠲᠠᠨ, ᠶᠠᠪᠤᠭᠰᠠᠭᠠᠷ ᠮᠣᠩᠭᠣᠯ ᠳᠤ ᠰᠢᠷ᠎ᠠ ᠶᠢᠨ ᠱᠠᠰᠢᠨ ᠭᠡᠵᠦ ᠨᠡᠷᠡᠯᠡᠭᠳᠡᠭᠰᠡᠨ ᠪᠠᠶᠢᠨ᠎ᠠ᠃[1] ᠡᠨᠡ ᠨᠢ 1577 ᠣᠨ ᠳᠤ ᠲᠦᠮᠡᠳᠡᠶᠢᠨ ᠠᠯᠲᠠᠨ ᠬᠠᠨ ᠡᠨᠡ ᠤᠷᠤᠰᠬᠠᠯ ᠤᠨ ᠲᠡᠷᠢᠭᠦᠨ ᠰᠣᠳᠣᠨᠠᠮᠵᠠᠮᠼᠤ ᠳᠤ ᠳᠠᠯᠠᠢ ᠯᠠᠮᠠ ᠠᠯᠳᠠᠷ ᠡᠷᠭᠦᠮᠵᠢᠯᠡᠭᠰᠡᠨ ᠡᠴᠡ ᠬᠣᠶᠢᠰᠢ ᠲᠥᠪᠡᠳ ᠦᠨ ᠱᠠᠰᠢᠨ ᠤ ᠬᠠᠭᠤᠴᠢᠨ ᠤᠷᠤᠰᠬᠠᠯ ᠤᠳ ᠠᠴᠠ (ᠤᠯᠠᠭᠠᠨ ᠮᠠᠯᠠᠭᠠᠶᠢᠲᠠᠨ) ᠢᠯᠡᠭᠦᠦ ᠨᠣᠶᠠᠯᠠᠵᠤ᠂ ᠲᠦᠭᠡᠨ ᠳᠡᠯᠭᠡᠷᠡᠭᠰᠡᠨ ᠪᠠᠶᠢᠨ᠎ᠠ᠃ ᠡᠶᠢᠮᠦ ᠡᠴᠡ ᠰᠢᠷ᠎ᠠ ᠶᠢᠨ ᠱᠠᠰᠢᠨ 1500 ᠭᠠ ᠳᠤ ᠣᠨ ᠤ ᠦᠶ᠎ᠡ ᠳᠦ ᠮᠠᠨ ᠤ ᠳᠤ ᠣᠷᠣᠵᠤ ᠢᠷᠡᠵᠦ ᠲᠦᠭᠡᠨ ᠳᠡᠯᠭᠡᠷᠡᠭᠰᠡᠨ ᠬᠠᠷᠢ ᠶᠢᠨ ᠱᠠᠰᠢᠨ ᠶᠤᠮ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪᠠᠭᠠᠪᠤᠷ ᠤᠨ ᠬᠡᠯᠡᠭᠰᠡᠨ ᠢᠶᠡᠷ [1]

ᠭᠠᠳᠠᠨ᠎ᠠ ᠶᠢᠨ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠰᠢᠷ᠎ᠠ ᠶᠢᠨ ᠱᠠᠰᠢᠨ»

ᠪᠢᠴᠢᠭᠡᠰᠦ