ᠰᠢᠳᠠᠪ ᠤᠨ ᠯᠤᠪᠰᠠᠩᠸᠠᠩᠳᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ШАДАВЫН ЛУВСАНВАНДАН (1910.I.20-1983.VII.03)

ᠣᠷᠴᠢᠨ ᠦᠶ᠎ᠡ ᠶᠢᠨ ᠮᠣᠩᠭᠣᠯ ᠬᠡᠯᠡ ᠰᠢᠨᠵᠢᠯᠡᠯ ᠦᠨ ᠤᠬᠠᠭᠠᠨ ᠢ ᠣᠯᠠᠨ ᠰᠠᠯᠪᠤᠷᠢ ᠪᠦᠬᠦᠢ ᠪᠡᠶ᠎ᠡ ᠳᠠᠭᠠᠭᠰᠠᠨ ᠴᠣᠭᠴᠠ ᠰᠢᠨᠵᠢᠯᠡᠬᠦ ᠤᠬᠠᠭᠠᠨ ᠪᠣᠯᠭᠠᠨ ᠬᠥᠭᠵᠢᠭᠦᠯᠬᠦ ᠶᠡᠬᠡ ᠦᠢᠯᠡ ᠬᠡᠷᠡᠭ ᠲᠦ ᠥᠪᠡᠷ ᠦᠨ ᠪᠦᠲᠦᠭᠡᠯᠴᠢ ᠰᠡᠳᠬᠢᠯᠭᠡ᠂ ᠪᠦᠬᠦᠢ ᠯᠠ ᠠᠮᠢᠳᠤᠷᠠᠯ ᠢᠶᠠᠨ ᠪᠦᠷᠢᠨ ᠵᠣᠷᠢᠭᠤᠯᠤᠭᠰᠠᠨ ᠨᠡᠷᠡᠲᠦ ᠡᠷᠳᠡᠮᠲᠡᠳ ᠦᠨ ᠨᠢᠭᠡ ᠨᠢ ᠶᠡᠷᠦᠩᠬᠡᠢ ᠬᠡᠯᠡ ᠰᠢᠨᠵᠢᠯᠡᠯ ᠦᠨ ᠭᠠᠷᠮᠠᠭᠠᠢ ᠣᠨᠣᠯᠴᠢ᠂ ᠠᠬᠠᠮᠠᠳ ᠳᠠᠭᠤᠨ ᠬᠥᠷᠪᠡᠭᠦᠯᠦᠭᠴᠢ᠂ ᠨᠡᠷᠡᠲᠦ ᠰᠤᠷᠭᠠᠨ ᠬᠦᠮᠦᠵᠢᠭᠦᠯᠦᠭᠴᠢ᠂ ᠲᠥᠷᠥ ᠨᠡᠶᠢᠭᠡᠮ ᠤᠨ ᠵᠢᠳᠬᠦᠯᠲᠡᠨ᠂ ᠮᠣᠩᠭᠣᠯ ᠤᠯᠤᠰ ᠤᠨ ᠲᠥᠷᠥ ᠶᠢᠨ ᠱᠠᠩᠨᠠᠯᠲᠠᠨ᠂ ᠮᠣᠩᠭᠣᠯ ᠤᠯᠤᠰ ᠤᠨ ᠭᠠᠪᠢᠶᠠᠲᠤ ᠪᠠᠭᠰᠢ᠂ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠦᠨ ᠵᠢᠩᠬᠢᠨᠢ ᠭᠡᠰᠢᠭᠦᠨ (ᠠᠺᠠᠳᠧᠮᠢᠴᠢ), ᠬᠡᠯᠡ ᠰᠢᠨᠵᠢᠯᠡᠯ ᠦᠨ ᠤᠬᠠᠭᠠᠨ ᠤ ᠳ᠋ᠣᠺᠲ᠋ᠣᠷ (Sᠰ᠃D), ᠫᠷᠣᠹᠧᠰᠰᠣᠷ ᠪᠡᠰᠦᠲᠤ ᠣᠪᠣᠭᠲᠤ ᠰᠢᠳᠠᠪ ᠤᠨ ЛУВСАНВАНДАН ᠪᠠᠭᠰᠢᠲᠠᠨ ᠮᠥᠨ ᠪᠢᠯᠡ᠃ ᠱ᠃ᠯᠤᠪᠰᠠᠩᠸᠠᠩᠳᠠᠨ 1936 ᠣᠨ ᠤ ᠨᠠᠮᠤᠷ ᠠᠴᠠ ᠡᠬᠢᠯᠡᠨ 1943 ᠣᠨ ᠬᠦᠷᠲᠡᠯ᠎ᠡ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠦᠨ ᠳᠠᠭᠤᠨ ᠤᠬᠠᠭᠠᠨ ᠤ ᠲᠠᠰᠤᠭ ᠲᠤ ᠡᠷᠳᠡᠮ ᠰᠢᠨᠵᠢᠯᠡᠭᠡᠨ ᠦ ᠠᠵᠢᠯᠲᠠᠨ ᠢᠶᠠᠷ ᠠᠵᠢᠯᠯᠠᠵᠤ ᠪᠠᠶᠢᠬᠤ ᠳᠤ ᠪᠠᠨ 1938-1940 ᠣᠨ ᠳᠤ 《ᠰᠢᠨ᠎ᠡ ᠲᠣᠯᠢ》 ᠬᠡᠮᠡᠬᠦ ᠰᠢᠨᠵᠢᠯᠡᠬᠦ ᠬᠤᠸᠠᠨ᠂ ᠲᠠᠨᠢᠨ ᠮᠡᠳᠡᠬᠦᠢ ᠶᠢᠨ ᠰᠡᠳᠬᠦᠯ ᠦᠨ ᠷᠧᠳᠠᠺᠼᠢ ᠶᠢᠨ ᠵᠥᠪᠯᠡᠯ ᠦᠨ ᠭᠡᠰᠢᠭᠦᠨ ᠢᠶᠡᠷ ᠬᠠᠪᠰᠤᠷᠤᠨ ᠠᠵᠢᠯᠯᠠᠵᠤ ᠪᠠᠶᠢᠪᠠ᠃ 1945 ᠣᠨ ᠠᠴᠠ ᠬᠣᠶᠢᠰᠢ ᠮᠣᠩᠭᠣᠯ ᠤᠯᠤᠰ ᠤᠨ ᠶᠡᠬᠡ ᠰᠤᠷᠭᠠᠭᠤᠯᠢ ᠳᠤ ᠮᠣᠩᠭᠣᠯ ᠬᠡᠯᠡᠨ ᠦ ᠪᠠᠭᠰᠢ᠂ ᠮᠣᠩᠭᠣᠯ ᠬᠡᠯᠡ ᠰᠢᠨᠵᠢᠯᠡᠯ ᠦᠨ ᠲᠡᠩᠬᠢᠮ ᠦᠨ ᠡᠷᠬᠢᠯᠡᠭᠴᠢ (1949-1957), ᠡᠷᠳᠡᠮ ᠰᠢᠨᠵᠢᠯᠡᠭᠡᠨ ᠦ ᠠᠬᠠᠯᠠᠬᠤ ᠠᠵᠢᠯᠲᠠᠨ ᠵᠡᠷᠭᠡ ᠠᠵᠢᠯ ᠠᠯᠪᠠ ᠶᠢ ᠲᠠᠰᠤᠷᠠᠯᠲᠠ ᠦᠭᠡᠢ ᠦᠷ᠎ᠡ ᠪᠦᠲᠦᠭᠡᠯ ᠲᠡᠢ ᠬᠢᠵᠦ ᠶᠠᠪᠤᠭᠠᠳ 1983 ᠣᠨ ᠤ VII ᠰᠠᠷ᠎ᠠ ᠶᠢᠨ 3 ᠍ ᠤ ᠡᠳᠦᠷ ᠬᠦᠨᠳᠦ ᠡᠪᠡᠳᠴᠢᠨ ᠦ ᠤᠯᠠᠮ ᠠᠴᠠ ᠨᠠᠰᠤᠨ ᠥᠭᠡᠳᠡ ᠪᠣᠯᠵᠠᠢ᠃ ᠮᠣᠩᠭᠣᠯ ᠤᠨ ᠤᠳᠬ᠎ᠠ ᠰᠤᠶᠤᠯ᠂ ᠰᠢᠨᠵᠢᠯᠡᠬᠦ ᠤᠬᠠᠭᠠᠨ ᠢ ᠬᠥᠭᠵᠢᠭᠦᠯᠬᠦ ᠳᠤ ᠫᠷᠣᠹᠧᠰᠰᠣᠷ ᠱ᠃ᠯᠤᠪᠰᠠᠩᠸᠠᠩᠳᠠᠨ ᠤ ᠣᠷᠣᠭᠤᠯᠤᠭᠰᠠᠨ ᠪᠣᠳᠠᠲᠤ ᠬᠤᠪᠢ ᠨᠡᠮᠡᠷᠢ᠂ ᠲᠤᠭᠤᠷᠪᠢᠵᠤ ᠪᠦᠲᠦᠭᠡᠭᠰᠡᠨ ᠣᠯᠠᠨ ᠲᠠᠯ᠎ᠠ ᠲᠠᠢ᠂ ᠦᠷ᠎ᠡ ᠪᠦᠲᠦᠭᠡᠯ ᠲᠡᠢ ᠦᠢᠯᠡ ᠠᠵᠢᠯᠯᠠᠭ᠎ᠠ ᠶᠢ ᠲᠥᠷᠥ ᠵᠠᠰᠠᠭ ᠠᠴᠠ ᠥᠨᠳᠥᠷ ᠢᠶᠡᠷ ᠦᠨᠡᠯᠡᠵᠦ᠂ 1941 ᠣᠨ ᠳᠤ ᠰᠢᠨᠵᠢᠯᠡᠬᠦ ᠤᠬᠠᠭᠠᠨ ᠤ ᠬᠦᠷᠢᠶᠡᠯᠡᠩ ᠦᠨ ᠬᠣᠷᠢᠨ ᠵᠢᠯ ᠦᠨ ᠣᠢ ᠪᠠᠷ ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ᠂ 1952 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠠᠷᠪᠠᠨ ᠵᠢᠯ ᠦᠨ ᠣᠢ ᠪᠠᠷ ᠰᠦᠬᠡᠪᠠᠭᠠᠲᠤᠷ ᠤᠨ ᠣᠳᠣᠨ ᠢᠶᠠᠷ ᠱᠠᠩᠨᠠᠵᠤ ᠪᠠᠶᠢᠴᠠᠢ᠃ ᠱ᠃ᠯᠤᠪᠰᠠᠩᠸᠠᠩᠳᠠᠨ ᠪᠠᠭᠰᠢᠲᠠᠨ 1956 ᠣᠨ ᠳᠤ ᠫᠷᠣᠹᠧᠰᠰᠣᠷ ᠴᠣᠯᠠ ᠬᠦᠷᠢᠲᠦᠵᠦ᠂ 1961 ᠣᠨ ᠳᠤ ᠮᠣᠩᠭᠣᠯ ᠤᠯᠤᠰ ᠤᠨ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠦᠨ ᠵᠢᠩᠬᠢᠨᠢ ᠭᠡᠰᠢᠭᠦᠨ (ᠠᠺᠠᠳᠧᠮᠢᠴᠢ) ᠍ ᠪᠡᠷ ᠰᠣᠩᠭᠣᠭᠳᠠᠵᠤ᠂ 1972 ᠣᠨ ᠳᠤ ᠬᠡᠯᠡ ᠪᠢᠴᠢᠭ ᠦᠨ ᠤᠬᠠᠭᠠᠨ ᠤ ᠳ᠋ᠣᠺᠲ᠋ᠣᠷ (Sc.D) ᠍ ᠤᠨ ᠵᠡᠷᠭᠡ ᠬᠦᠷᠢᠲᠦᠵᠦ᠂ ᠤᠯᠠᠮ ᠢᠶᠠᠷ 1980 ᠣᠨ ᠳᠤ ᠮᠣᠩᠭᠣᠯ ᠤᠯᠤᠰ ᠤᠨ ᠭᠠᠪᠢᠶᠠᠲᠤ ᠪᠠᠭᠰᠢ ᠭᠡᠰᠡᠨ ᠡᠷᠬᠢᠮ ᠴᠣᠯᠠ ᠶᠢ ᠬᠦᠷᠲᠡᠭᠰᠡᠨ ᠡᠷᠡᠨ ᠦᠶ᠎ᠡ ᠶᠢᠨ ᠶᠡᠬᠡ ᠠᠯᠳᠠᠷᠲᠠᠨ ᠪᠣᠯᠤᠨ᠎ᠠ᠃ ᠲᠡᠭᠦᠨ ᠦ ᠪᠦᠲᠦᠭᠡᠯ ᠲᠤᠭᠤᠷᠪᠢᠯ ᠨᠢ ᠢᠮᠠᠭᠲᠠ ᠶᠡᠷᠦᠩᠬᠡᠢ ᠬᠡᠯᠡ ᠰᠢᠨᠵᠢᠯᠡᠯ ᠦᠨ ᠣᠨᠣᠯ ᠤᠨ ᠭᠦᠨ ᠭᠦᠨᠵᠡᠭᠡᠢ ᠦᠨᠳᠦᠰᠦᠯᠡᠯ ᠲᠡᠢ᠂ ᠬᠡᠯᠡᠨ ᠦ ᠪᠣᠳᠠᠲᠤ ᠪᠠᠷᠢᠮᠲᠠ ᠨᠣᠲᠠᠯᠠᠭ᠎ᠠ ᠰᠠᠶᠢᠲᠠᠢ ᠪᠠᠶᠢᠳᠠᠭ ᠢᠶᠠᠷ ᠢᠶᠠᠨ ᠪᠤᠰᠤᠳ ᠠᠴᠠ ᠣᠨᠴᠠᠭᠠᠶᠢᠷᠠᠨ ᠢᠯᠭᠠᠷᠠᠳᠠᠭ ᠪᠢᠯᠡ᠃ ᠠᠺᠠᠳᠧᠮᠢᠴᠢ ᠱ᠃ᠯᠤᠪᠰᠠᠩᠸᠠᠩᠳᠠᠨ ᠪᠠᠭᠰᠢ "ᠣᠷᠴᠢᠨ ᠴᠠᠭ ᠤᠨ ᠮᠣᠩᠭᠣᠯ ᠬᠡᠯᠡᠨ ᠦ ᠰᠢᠭᠤᠳ ᠪᠠ ᠰᠢᠭᠤᠳ ᠪᠤᠰᠤ ᠲᠡᠶᠢᠨ ᠢᠯᠭᠠᠯ" (1965), "ᠣᠷᠴᠢᠨ ᠴᠠᠭ ᠤᠨ ᠮᠣᠩᠭᠣᠯ ᠬᠡᠯᠡᠨ ᠦ ᠤᠷᠲᠤ ᠡᠭᠡᠰᠢᠭ ᠦᠨ ᠭᠠᠷᠤᠯ ᠤᠨ ᠲᠤᠬᠠᠢ ᠠᠰᠠᠭᠤᠳᠠᠯ ᠳᠤ" (1966), "ᠮᠣᠩᠭᠣᠯ ᠬᠡᠯᠡᠨ ᠦ ᠦᠭᠡᠰ ᠢ ᠠᠶᠢᠮᠠᠭᠯᠠᠬᠤ ᠲᠤᠬᠠᠢ ᠠᠰᠠᠭᠤᠳᠠᠯ ᠳᠤ" (1967), "ᠹᠣᠨᠧᠮ ᠤᠨ ᠣᠨᠣᠯ ᠤᠨ ᠲᠤᠬᠠᠢ ᠠᠰᠠᠭᠤᠳᠠᠯ ᠳᠤ" (1968), "ᠮᠣᠷᠹᠧᠮ ᠤᠨ ᠣᠨᠣᠯ ᠤᠨ ᠲᠤᠬᠠᠢ ᠠᠰᠤᠳᠠᠯ ᠳᠤ" (1968), "ᠬᠡᠯᠡᠨ ᠦ ᠨᠥᠬᠥᠬᠥ᠂ ᠦᠯᠦ ᠨᠥᠬᠥᠬᠥ ᠪᠠᠶᠢᠷᠢᠯᠠᠯ ᠤᠨ ᠲᠤᠬᠠᠢ ᠠᠰᠠᠭᠤᠳᠠᠯ ᠳᠤ" (1969), "ᠬᠡᠯᠡ ᠰᠢᠨᠵᠢᠯᠡᠯ ᠳᠦ ᠬᠡᠶᠢᠰᠪᠦᠷᠢᠯᠡᠬᠦ ᠠᠷᠭ᠎ᠠ ᠶᠢᠨ ᠬᠣᠯᠪᠣᠭᠳᠠᠬᠤ ᠨᠢ" (1972), "ᠬᠡᠯᠡ᠂ ᠬᠡᠯᠡᠬᠦ ᠬᠣᠶᠠᠷ ᠤᠨ ᠤᠴᠢᠷ" (1973), "ᠬᠡᠯᠡ - ᠳᠣᠬᠢᠶᠠᠨ ᠤ ᠲᠣᠭᠲᠠᠯᠴᠠᠭ᠎ᠠ ᠪᠣᠯᠬᠤ ᠨᠢ" (1975), "ᠬᠡᠯᠡ᠂ ᠲᠡᠭᠦᠨ ᠦ ᠨᠢᠭᠡᠴᠡ ᠨᠦᠭᠦᠳ ᠦᠨ ᠬᠤᠪᠢᠷᠠᠬᠤ᠂ ᠲᠣᠭᠲᠠᠬᠤ ᠲᠤᠬᠠᠢ ᠠᠰᠠᠭᠤᠳᠠᠯ ᠳᠤ" (1976), "ᠬᠡᠯᠡᠨ ᠦ ᠥᠩᠭᠡᠨ ᠪᠦᠲᠦᠴᠡ᠂ ᠭᠦᠨ ᠪᠦᠲᠦᠴᠡ ᠶᠢᠨ ᠲᠤᠬᠠᠢ ᠠᠰᠠᠭᠤᠳᠠᠯ ᠳᠤ" (1978), "ᠨᠡᠶᠢᠯᠡᠮᠡᠯ ᠥᠭᠦᠯᠡᠪᠦᠷᠢ" (1981) ᠲᠡᠷᠢᠭᠦᠲᠡᠨ ᠬᠡᠯᠡ ᠰᠢᠨᠵᠢᠯᠡᠯ ᠦᠨ ᠣᠨᠣᠯ ᠤᠨ ᠥᠭᠦᠯᠡᠯ ᠦᠳ ᠪᠢᠴᠢᠵᠦ ᠬᠡᠪᠯᠡᠭᠦᠯᠦᠭᠰᠡᠨ ᠢ ᠵᠣᠷᠢᠭᠤᠳᠠ ᠣᠨᠴᠠᠯᠠᠨ ᠳᠤᠷᠠᠳᠤᠯᠲᠠᠢ᠃ ᠣᠷᠴᠢᠨ ᠦᠶ᠎ᠡ ᠶᠢᠨ ᠮᠣᠩᠭᠣᠯ ᠬᠡᠯᠡ ᠰᠢᠨᠵᠢᠯᠡᠯ ᠦᠨ ᠣᠨᠣᠯ ᠤᠨ ᠪᠦᠲᠦᠭᠡᠯ ᠲᠤᠭᠤᠷᠪᠢᠯ ᠢᠶᠠᠷ ᠢᠶᠠᠨ ᠡᠷᠡᠨ ᠴᠠᠭ ᠢ ᠡᠵᠡᠯᠡᠭᠰᠡᠨ ᠶᠡᠬᠡ ᠡᠷᠳᠡᠮᠲᠡᠳ ᠦᠨ ᠡᠷᠡᠮᠪᠡ ᠴᠢᠨᠰᠠᠭ᠎ᠠ ᠶᠢ ᠮᠠᠩᠯᠠᠶᠢᠯᠠᠭᠴᠢ ᠨᠢ ᠠᠺᠠᠳᠧᠮᠢᠴᠢ ᠰᠢᠳᠠᠪ ᠤᠨ ᠯᠤᠪᠰᠠᠩᠸᠠᠩᠳᠠᠨ ᠮᠥᠨ ᠭᠡᠳᠡᠭ ᠲᠡᠢ ᠰᠠᠨᠠᠯ ᠨᠡᠶᠢᠯᠡᠬᠦ ᠦᠭᠡᠢ ᠬᠦᠮᠦᠨ ᠬᠣᠪᠣᠷᠬᠠᠨ ᠪᠤᠢ ᠵᠠ᠃ ᠮᠣᠩᠭᠣᠯ ᠬᠡᠯᠡ ᠰᠢᠨᠵᠢᠯᠡᠯ ᠦᠨ ᠲᠡᠦᠬᠡᠨ ᠳᠦ ᠣᠷᠣᠭᠤᠯᠤᠭᠰᠠᠨ ᠣᠨᠣᠯ ᠰᠤᠷᠭᠠᠯ ᠤᠨ ᠬᠡᠷᠡᠭᠯᠡᠭᠡᠨ ᠦ ᠪᠣᠳᠠᠲᠤ ᠠᠴᠢ ᠬᠣᠯᠪᠣᠭᠳᠠᠯ᠂ ᠬᠣᠵᠢᠮ ᠤᠨ ᠦᠷ᠎ᠡ ᠥᠭᠭᠦᠭᠡᠴᠢ ᠪᠡᠷ ᠢᠶᠡᠨ ᠬᠡᠳᠦᠨ ᠦᠶ᠎ᠡ ᠶᠢᠨ ᠮᠣᠩᠭᠣᠯ ᠬᠡᠯᠡ ᠪᠢᠴᠢᠭ ᠰᠤᠳᠤᠯᠤᠭᠠᠴᠢ ᠨᠠᠷ ᠢ ᠰᠤᠷᠭᠠᠨ ᠬᠦᠮᠦᠵᠢᠭᠦᠯᠦᠭᠰᠡᠨ ᠶᠡᠬᠡ ᠡᠷᠳᠡᠮᠲᠡᠨ᠂ ᠶᠡᠷᠦᠩᠬᠡᠢ ᠬᠡᠯᠡ ᠰᠢᠨᠵᠢᠯᠡᠯ ᠦᠨ ᠭᠠᠷᠮᠠᠭᠠᠢ ᠣᠨᠣᠯᠴᠢ᠂ ᠠᠬᠠᠮᠠᠳ ᠳᠠᠭᠤᠨ ᠬᠥᠷᠪᠡᠭᠦᠯᠦᠭᠴᠢ᠂ ᠨᠡᠷᠡᠲᠦ ᠰᠤᠷᠭᠠᠨ ᠬᠦᠮᠦᠵᠢᠭᠦᠯᠦᠭᠴᠢ᠂ ᠲᠥᠷᠥ ᠨᠡᠶᠢᠭᠡᠮ ᠤᠨ ᠵᠢᠳᠬᠦᠯᠲᠡᠨ᠂ ᠮᠣᠩᠭᠣᠯ ᠤᠯᠤᠰ ᠤᠨ ᠲᠥᠷᠥ ᠶᠢᠨ ᠱᠠᠩᠨᠠᠯᠲᠠᠨ᠂ ᠮᠣᠩᠭᠣᠯ ᠤᠯᠤᠰ ᠤᠨ ᠭᠠᠪᠢᠶᠠᠲᠤ ᠪᠠᠭᠰᠢ᠂ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠦᠨ ᠵᠢᠩᠬᠢᠨᠢ ᠭᠡᠰᠢᠭᠦᠨ (ᠠᠺᠠᠳᠧᠮᠢᠴᠢ), ᠬᠡᠯᠡ ᠰᠢᠨᠵᠢᠯᠡᠯ ᠦᠨ ᠰᠢᠨᠵᠢᠯᠡᠬᠦ ᠤᠬᠠᠭᠠᠨ ᠤ ᠳ᠋ᠣᠺᠲ᠋ᠣᠷ (Sᠰ᠃D), ᠫᠷᠣᠹᠧᠰᠰᠣᠷ ᠪᠡᠰᠦᠲᠤ ᠣᠪᠣᠭᠲᠤ ᠰᠢᠳᠠᠪ ᠤᠨ ЛУВСАНВАНДАН ᠪᠠᠭᠰᠢ ᠶᠢᠨ ᠡᠷᠳᠡᠮ ᠰᠢᠨᠵᠢᠯᠡᠭᠡᠨ ᠦ ᠪᠦᠲᠦᠭᠡᠯ ᠲᠤᠭᠤᠷᠪᠢᠯ ᠨᠢ ᠳᠣᠲᠣᠭᠠᠳᠤ᠂ ᠭᠠᠳᠠᠭᠠᠳᠤ ᠶᠢᠨ ᠮᠣᠩᠭᠣᠯ ᠰᠤᠳᠤᠯᠤᠭᠠᠴᠢ ᠨᠠᠷᠠᠲᠤ ᠢᠯᠡᠭᠦᠦ ᠶᠡᠬᠡ ᠬᠦᠷᠲᠡᠭᠡᠮᠵᠢᠲᠡᠢ᠂ ᠲᠡᠳᠡᠨ ᠦ ᠰᠤᠳᠤᠯᠭ᠎ᠠ ᠰᠢᠨᠵᠢᠯᠡᠭᠡᠨ ᠦ ᠠᠵᠢᠯ ᠲᠥᠷᠥᠯ ᠲᠡᠢ ᠪᠠᠶᠢᠩᠭᠤ ᠶᠢᠨ ᠨᠢᠭᠲᠠᠴᠠ ᠬᠣᠯᠪᠣᠭ᠎ᠠ ᠲᠠᠢ ᠪᠠᠶᠢᠳᠠᠭ ᠤᠨ ᠨᠢᠭᠤᠴᠠ ᠨᠢ ᠬᠡᠯᠡᠨ ᠦ ᠨᠢᠭᠡᠴᠡ ᠶᠢ ᠶᠢᠷᠲᠢᠨᠴᠦ ᠶᠢᠨ ᠶᠠᠭᠤᠮᠠᠰ᠂ ᠦᠵᠡᠭᠳᠡᠯ  ᠦᠨ ᠬᠥᠭᠵᠢᠯ ᠬᠥᠳᠡᠯᠭᠡᠭᠡᠨ᠂ ᠤᠴᠢᠷ ᠰᠢᠯᠲᠠᠭᠠᠨ ᠤ ᠬᠠᠤᠯᠢ ᠶᠣᠰᠣᠲᠠᠢ ᠬᠠᠷᠢᠴᠠᠭᠤᠯᠤᠨ ᠦᠵᠡᠵᠦ᠂ ᠰᠢᠲᠦᠨ ᠪᠠᠷᠢᠯᠳᠤᠭᠤᠯᠤᠭᠰᠠᠨ ᠡᠴᠦᠰ ᠦᠨ ᠳ᠋ᠦᠩᠨᠡᠯᠲᠡ ᠭᠠᠷᠭᠠᠳᠠᠭ ᠲᠤ ᠣᠷᠣᠰᠢᠨ᠎ᠠ᠃

ᠪᠢᠴᠢᠭᠡᠰᠦ