ᠰᠢᠲᠠᠷ᠎ᠠ ᠶᠢᠨ ᠬᠥᠯᠥᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠢᠲᠠᠷ᠎ᠠ ᠶᠢᠨ ᠬᠥᠯᠥᠭ ᠨᠢ ᠰᠢᠲᠠᠷ᠎ᠠ ᠲᠣᠭᠯᠠᠬᠤ ᠳᠤ ᠬᠡᠷᠡᠭᠯᠡᠭᠳᠡᠳᠡᠭ ᠬᠥᠯᠥᠭ ᠶᠤᠮ᠃

ᠶᠡᠷᠦᠳᠡ ᠶᠢᠨ ᠰᠢᠲᠠᠷ᠎ᠠ ᠶᠢᠨ ᠬᠥᠯᠥᠭ

ᠶᠡᠷᠦᠩᠬᠡᠢ ᠣᠶᠢᠯᠠᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠲᠣᠭᠯᠠᠯᠲᠠᠳ ᠬᠡᠷᠡᠭᠯᠡᠭᠳᠡᠳᠡᠭ ᠲᠣᠮᠣ ᠬᠡᠮᠵᠢᠶ᠎ᠡ ᠲᠡᠢ ᠬᠥᠯᠥᠭ ᠨᠢ ᠰᠢᠲᠠᠷ᠎ᠠ ᠶᠢᠨ ᠳᠦᠷᠰ ᠦᠳ ᠡᠴᠡ ᠪᠡᠨ ᠲᠤᠰ ᠲᠤ ᠪᠠᠨ ᠵᠠᠷᠤᠭᠳᠠᠳᠠᠭ ᠪᠣᠯᠪᠠᠴᠤ ᠶᠡᠷᠦᠳᠡ ᠶᠢᠨ ᠰᠢᠲᠠᠷ᠎ᠠ ᠶᠢᠨ ᠬᠥᠯᠥᠭ ᠨᠢ ᠰᠢᠲᠠᠷ᠎ᠠ ᠶᠢᠨ ᠳᠦᠷᠰ ᠦᠳ ᠲᠡᠢ ᠬᠠᠮᠲᠤ ᠳᠤ ᠪᠠᠨ ᠵᠠᠷᠤᠭᠳᠠᠳᠠᠭ᠃

ᠲᠣᠳᠣᠷᠬᠠᠶᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠭᠡᠭᠡᠨ᠂ ᠬᠠᠷᠠᠩᠭᠤᠢ 2 ᠥᠩᠭᠡ ᠶᠢᠨ ᠺᠦᠸᠠᠳ᠋ ᠬᠡᠯᠪᠡᠷᠢ ᠲᠡᠢ ᠨᠢᠳᠦᠨ ᠨᠦᠭᠦᠳ ᠰᠥᠭᠡᠯᠵᠢᠯᠡᠨ᠂ ᠪᠣᠰᠤᠭ᠎ᠠ᠂ ᠬᠡᠪᠲᠡᠭᠡ ᠴᠢᠭᠯᠡᠯ ᠳᠦ 8, 8 ᠡᠩᠨᠡᠭᠡ ᠡᠭᠦᠰᠬᠡᠨ ᠪᠠᠶᠢᠷᠢᠯᠠᠨ᠎ᠠ᠃
 • ᠶᠡᠷᠦᠩᠬᠡᠢ ᠳᠤ ᠪᠡᠨ ᠰᠢᠲᠠᠷ᠎ᠠ ᠶᠢᠨ ᠨᠢᠳᠦᠨ ᠨᠦᠭᠦᠳ ᠢ ᠴᠠᠭᠠᠨ ᠨᠢᠳᠦ᠂ ᠬᠠᠷ᠎ᠠ ᠨᠢᠳᠦ ᠭᠡᠵᠦ ᠠᠩᠭᠢᠯᠠᠨ᠎ᠠ᠃[1]
 • ᠳᠠᠭᠠᠮ ᠤᠨ ᠬᠥᠯᠥᠭ ᠭᠡᠵᠦ ᠨᠡᠷᠡᠯᠡᠭᠳᠡᠬᠦ ᠨᠢ ᠪᠤᠢ᠃ (→《ᠳᠠᠭᠠᠮ》 ᠍ ᠢ ᠦᠵᠡᠨ᠎ᠡ ᠦᠦ)

ᠥᠩᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠲᠠᠷ᠎ᠠ ᠶᠢᠨ ᠬᠥᠯᠭᠡ ᠶᠢᠨ ᠥᠩᠭᠡᠨ ᠦ ᠪᠠᠶᠢᠷᠢᠯᠠᠯ
 • ᠬᠠᠮᠤᠭ ᠤᠨ ᠥᠷᠭᠡᠨ ᠳᠡᠯᠭᠡᠷᠡᠭᠰᠡᠨ ᠰᠢᠲᠠᠷ᠎ᠠ ᠶᠢᠨ ᠬᠥᠯᠭᠡ ᠶᠢᠨ ᠥᠩᠭᠡᠨ ᠦ ᠬᠣᠣᠰᠯᠠᠯ ᠪᠣᠯ ᠮᠣᠳᠣᠨ ᠤ ᠥᠩᠭᠡ ᠪᠤᠶᠤ ᠪᠣᠷᠣ ᠰᠢᠷᠭᠠᠯ ᠥᠩᠭᠡ ᠶᠢ ᠴᠠᠶᠢᠷᠠᠭᠤᠯᠤᠭᠰᠠᠨ᠂ ᠬᠠᠷᠠᠯᠠᠭᠤᠯᠤᠭᠰᠠᠨ ᠥᠩᠭᠡ ᠶᠤᠮ᠃
 • ᠥᠩᠭᠡᠨ ᠦ ᠬᠣᠣᠰᠯᠠᠯ ᠤᠨ ᠲᠤᠬᠠᠢ ᠨᠠᠷᠢᠨ ᠳᠦᠷᠢᠮ ᠦᠭᠡᠢ᠃ᠬᠥᠬᠡ ᠪᠣᠷ ᠰᠢᠷᠭᠠᠯ᠂ ᠶᠠᠭᠠᠨ - ᠨᠣᠭᠣᠭᠠᠨ ᠭᠡᠬᠦ ᠮᠡᠲᠦ ᠬᠣᠣᠰᠯᠠᠯ ᠤᠳ ᠪᠤᠢ᠃
 • ᠶᠠᠭ ᠴᠠᠭᠠᠨ - ᠬᠠᠷ᠎ᠠ ᠥᠩᠭᠡ ᠶᠢᠨ ᠬᠣᠣᠰᠯᠠᠯ ᠨᠢ ᠰᠢᠲᠠᠷ᠎ᠠ ᠶᠢᠨ ᠳᠦᠷᠰ ᠦᠳ ᠢ ᠢᠯᠭᠠᠵᠤ ᠬᠠᠷᠠᠬᠤ ᠳᠤ ᠬᠡᠴᠡᠭᠦᠦ ᠪᠣᠯᠭᠠᠳᠠᠭ ᠲᠤᠯᠠ ᠪᠠᠷᠤᠭ ᠬᠡᠷᠡᠭᠯᠡᠭᠳᠡᠳᠡᠭ ᠦᠭᠡᠢ᠃


ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠯᠢᠡᠭᠡᠷᠡ ᠬᠢᠭᠰᠡᠨ ᠰᠢᠲᠠᠷ᠎ᠠ ᠶᠢᠨ ᠬᠥᠯᠥᠭ
 • ᠮᠠᠲ᠋ᠧᠷᠢᠶᠠᠯ ᠨᠢ ᠮᠠᠰᠢ ᠣᠯᠠᠨ ᠶᠠᠩᠵᠤ᠃ ᠮᠣᠳᠣᠨ ᠬᠥᠯᠥᠭ ᠬᠠᠮᠤᠭ ᠤᠨ ᠶᠡᠬᠡ ᠲᠠᠷᠬᠠᠭᠰᠠᠨ ᠪᠥᠭᠡᠳ ᠲᠡᠭᠦᠨ ᠡᠴᠡ ᠭᠠᠳᠠᠨ᠎ᠠ ᠳᠠᠪᠤᠤ᠂ ᠬᠤᠪᠠᠨᠴᠠᠷ᠂ ᠢᠰᠡᠭᠡᠢ᠂ ᠰᠢᠯᠢ ᠵᠡᠷᠭᠡ ᠮᠠᠲ᠋ᠧᠷᠢᠶᠠᠯ ᠢᠶᠠᠷ ᠬᠢᠳᠡᠭ᠃

ᠠᠯᠪᠠᠨ ᠶᠣᠰᠣᠨ ᠤ ᠲᠡᠮᠡᠴᠡᠭᠡᠨ ᠨᠦᠭᠦᠳ ᠲᠦ ᠳᠠᠷᠠᠭᠠᠬᠢ ᠲᠥᠷᠥᠯ ᠦᠨ ᠬᠥᠯᠭᠡ ᠶᠢ ᠬᠡᠷᠡᠭᠯᠡᠬᠦ ᠶᠢ ᠬᠣᠷᠢᠭᠯᠠᠳᠠᠭ᠃

 • ᠲᠡᠮᠦᠷ᠂ ᠮᠧᠲ᠋ᠠᠯ ᠢᠶᠠᠷ ᠬᠢᠭᠰᠡᠨ ᠬᠥᠯᠥᠭ
 • ᠥᠨᠳᠥᠷ ᠦᠨ᠎ᠡ ᠲᠡᠢ᠂ ᠰᠢᠯᠢᠨ ᠪᠠ ᠴᠢᠯᠠᠭᠤᠨ ᠰᠡᠶᠢᠯᠪᠦᠷᠢ᠂ ᠴᠢᠮᠡᠭᠯᠡᠯ ᠲᠡᠢ ᠬᠥᠯᠥᠭ

ᠬᠡᠯᠪᠡᠷᠢ᠂ ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠳᠦᠨ ᠦ ᠤᠷᠲᠤ᠂ ᠥᠷᠭᠡᠨ ᠨᠢ ᠰᠢᠲᠠᠷ᠎ᠠ ᠶᠢᠨ ᠨᠣᠶᠠᠨᠳ᠋ᠢᠶᠠᠮᠧᠲ᠋ᠷᠡ ᠡᠴᠡ ᠣᠶᠢᠷᠠᠯᠴᠠᠭ᠎ᠠ ᠪᠠᠷ 1.3 ᠳᠠᠬᠢᠨ ᠤᠷᠲᠤ ᠪᠠᠶᠢᠨ᠎ᠠ᠃
 • ᠰᠢᠲᠠᠷ᠎ᠠ ᠶᠢᠨ ᠬᠥᠯᠭᠡᠲᠦ a1 ᠨᠢᠳᠦ ᠨᠢ ᠵᠠᠪᠠᠯ ᠬᠠᠷ᠎ᠠ ᠨᠢᠳᠦ ᠪᠠᠶᠢᠳᠠᠭ᠃
 • ᠶᠡᠷᠦᠳᠡ ᠶᠢᠨ ᠬᠥᠯᠥᠭ ᠦᠨ ᠬᠡᠮᠵᠢᠶ᠎ᠡ ᠨᠢ ᠬᠡᠷᠡᠭᠯᠡᠬᠦ ᠳᠦᠷᠰᠦᠨ ᠨᠦᠭᠦᠳ ᠦᠨ ᠬᠡᠮᠵᠢᠶᠡᠨ ᠡᠴᠡ ᠬᠠᠮᠢᠶᠠᠷᠤᠯ ᠲᠠᠢ᠃ ᠶᠡᠷᠦᠩᠬᠡᠢ ᠳᠤ ᠪᠡᠨ ᠨᠢᠭᠡ ᠨᠢᠳᠦᠨ ᠦ ᠤᠷᠲᠤ᠂ ᠥᠷᠭᠡᠨ ᠨᠢ ᠰᠢᠲᠠᠷ᠎ᠠ ᠶᠢᠨ ᠨᠣᠶᠠᠨ ᠤ ᠳ᠋ᠢᠶᠠᠮᠧᠲ᠋ᠷ ᠡᠴᠡ 1.25-1.3 ᠳᠠᠬᠢᠨ ᠤᠷᠲᠤ ᠪᠠᠶᠢᠳᠠᠭ᠃
 • ᠠᠯᠪᠠᠨ ᠶᠣᠰᠣᠨ ᠤ ᠲᠡᠮᠡᠴᠡᠭᠡᠨ ᠨᠦᠭᠦᠳ ᠲᠦ ᠬᠡᠷᠡᠭᠯᠡᠳᠡᠭ ᠰᠢᠲᠠᠷ᠎ᠠ ᠶᠢᠨ ᠬᠥᠯᠭᠡ ᠶᠢᠨ ᠬᠡᠮᠵᠢᠶ᠎ᠡ ᠨᠢ 45 ᠰᠠᠨᠲ᠋ᠢᠮᠧᠲ᠋ᠷ ᠤᠷᠲᠤ᠂ ᠥᠷᠭᠡᠨ ᠲᠡᠢ ᠪᠠᠶᠢᠳᠠᠭ᠃ ᠨᠢᠭᠡ ᠨᠢᠳᠦᠨ ᠦ ᠨᠢ ᠬᠡᠮᠵᠢᠶ᠎ᠡ 5.0-6.5 ᠰᠠᠨᠲ᠋ᠢᠮᠧᠲ᠋ᠷ ᠪᠣᠯᠤᠨ᠎ᠠ᠃
 • ᠭᠡᠷ ᠪᠦᠯᠢ ᠶᠢᠨ ᠬᠡᠷᠡᠭᠴᠡᠭᠡᠨ ᠳᠦ ᠥᠷᠭᠡᠨ ᠲᠠᠷᠬᠠᠭᠰᠠᠨ ᠰᠢᠲᠠᠷ᠎ᠠ ᠶᠢᠨ ᠬᠥᠯᠥᠭ ᠨᠢ 4.0 ᠰᠠᠨᠲ᠋ᠢᠮᠧᠲ᠋ᠷ ᠡᠴᠡ ᠪᠠᠭ᠎ᠠ ᠲᠠᠯ᠎ᠠ ᠲᠠᠢ ᠨᠢᠳᠦ ᠪᠦᠬᠦᠢ ᠪᠠᠶᠢᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠠᠯᠪᠠᠨ ᠶᠣᠰᠣᠭᠠᠷ ᠪᠣᠯ ᠭᠡᠭᠡᠨ ᠥᠩᠭᠡ (light color), ᠬᠠᠷᠠᠩᠭᠤᠢ ᠥᠩᠭᠡ (dark color) ᠭᠡᠵᠦ ᠨᠡᠷᠡᠯᠡᠭᠳᠡᠳᠡᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ