ᠰᠢᠲᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠡᠭᠦᠨ ᠭᠠᠷ ᠲᠠᠯ᠎ᠠ ᠠᠴᠠ᠂ ᠴᠠᠭᠠᠨ ᠨᠣᠶᠠᠨ᠂ ᠬᠠᠷ᠎ᠠ ᠲᠡᠷᠭᠡᠪᠡᠷᠰᠡ᠂ ᠴᠠᠭᠠᠨ ᠬᠦᠦ᠂ ᠬᠠᠷ᠎ᠠ ᠮᠣᠷᠢ᠂ ᠴᠠᠭᠠᠨ ᠲᠡᠮᠡᠭᠡ

ᠰᠢᠲᠠᠷ᠎ᠠ (ᠮᠣᠩᠭᠣᠯ:Shitar-a mongol.pngᠱᠢᠲ᠋ᠠᠷ ᠪᠠᠨ, ᠬᠠᠯᠢᠮᠠᠭ: ᠰᠢᠲᠠᠷ᠎ᠠ, ᠪᠤᠷᠢᠶᠠᠳ: ᠰᠢᠲᠠᠷ᠎ᠠ; ᠰᠠᠮᠭᠠᠷᠳᠢ: चतुरङ्ग ᠴ ᠳᠤᠷᠠᠩᠭ᠎ᠠ, 《ᠳᠥᠷᠪᠡᠨ ᠠᠩᠭᠢ》; ᠫᠧᠷᠰ: شَطْرَنْج ᠰᠢᠲᠠᠷᠠᠨᠵᠢ) ᠨᠢ ᠬᠣᠶᠠᠷ ᠬᠦᠮᠦᠨ ᠬᠣᠭᠣᠷᠣᠨᠳᠣ ᠪᠠᠨ ᠲᠣᠭᠯᠠᠳᠠᠭ ᠬᠥᠯᠭᠡᠲᠦ ᠲᠣᠭᠯᠠᠭᠠᠮ ᠶᠤᠮ᠃ ᠥᠨᠥ ᠦᠶ᠎ᠡ ᠳᠦ ᠡᠨᠡᠬᠦ ᠲᠣᠭᠯᠠᠭᠠᠮ ᠨᠢ ᠳᠡᠯᠡᠬᠡᠢ ᠶᠢᠨ ᠬᠡᠮᠵᠢᠶᠡᠨ ᠦ ᠣᠶᠤᠨ ᠤᠬᠠᠭᠠᠨ ᠤ ᠰᠫᠣᠷᠲ ᠪᠣᠯᠲᠠᠯ᠎ᠠ ᠪᠠᠨ ᠬᠥᠭᠵᠢᠭᠰᠡᠨ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠲᠠᠷ᠎ᠠ ᠶᠢᠨ ãàðàë ¿¿ñëèéã ᠶᠠᠭ ᠲᠠᠭ ᠲᠣᠭᠲᠠᠭᠠᠭ᠎ᠠ ᠦᠭᠡᠢ ᠴᠤ ᠡᠨᠡᠳᠬᠡᠭᠮᠣᠩᠭᠣᠯ ᠬᠣᠶᠠᠷ ᠤᠨ ᠠᠯᠢ ᠨᠢᠭᠡ ᠳᠦ ᠨᠢ ᠡᠭᠦᠰᠦᠭᠰᠡᠨ ᠭᠡᠳᠡᠭ ᠳᠡᠭᠡᠷ᠎ᠡ ᠪᠠᠷᠤᠭ ᠪᠦᠬᠦ ᠡᠷᠳᠡᠮᠲᠡᠳ ᠰᠠᠨᠠᠯ ᠨᠢᠭᠡᠳᠳᠡᠭ᠃ 15 ᠍ ᠳᠦᠭᠡᠷ ᠵᠠᠭᠤᠨ ᠤ ᠬᠠᠭᠠᠰ ᠢᠶᠠᠷ ᠡᠨᠡᠳᠬᠡᠭ ᠤᠯᠤᠰ ᠤᠨ [1] ᠱᠠᠲᠤᠷᠤᠨ ᠢ ᠭᠡᠬᠦ ᠲᠣᠭᠯᠠᠭᠠᠮᠠᠨ ᠠᠴᠠ ᠡᠭᠦᠰᠦᠯ ᠲᠡᠢ ᠭᠡᠵᠦ ᠪᠠᠰᠠ ᠦᠵᠡᠳᠡᠭ ᠶᠤᠮ᠃

ᠰᠢᠲᠠᠷ᠎ᠠ ᠪᠣᠯ ᠬᠣᠶᠠᠷ ᠬᠦᠮᠦᠨ ᠲᠣᠭᠯᠠᠳᠠᠭ ᠬᠥᠯᠭᠡᠲᠦ ᠲᠣᠭᠯᠠᠭᠠᠮ ᠶᠤᠮ᠃ ᠨᠠᠶᠢᠮᠠ ᠨᠠᠶᠢᠮᠠ ᠶᠢᠨ ᠬᠠᠷᠢᠴᠠᠭ᠎ᠠ ᠲᠠᠢ ᠨᠡᠶᠢᠲᠡ 64 ᠨᠢᠳᠦ ᠪᠦᠬᠦᠢ ᠬᠥᠯᠥᠭ ᠳᠡᠭᠡᠷ᠎ᠡ ᠲᠣᠭᠯᠠᠳᠠᠭ᠃ ᠲᠣᠭᠯᠠᠭᠠᠮ ᠡᠬᠢᠯᠡᠬᠦ ᠳᠦ ᠲᠣᠭᠯᠠᠭᠴᠢ ᠲᠤᠰ ᠪᠦᠷᠢ ᠳᠣᠣᠷᠠᠬᠢ ᠵᠢᠷᠭᠤᠭᠠᠨ ᠵᠦᠢᠯ ᠦᠨ ᠲᠥᠷᠥᠯ ᠢᠶᠡᠷ ᠲᠣᠭᠯᠠᠳᠠᠭ ᠪᠠᠶᠢᠨ᠎ᠠ᠃ ᠡᠭᠦᠨ ᠳᠦ: 1. 1 ᠨᠣᠶᠠᠨ 2. 1 ᠬᠠᠲᠤᠨ 3. 2 ᠲᠡᠷᠭᠡ 4. 2 ᠮᠣᠷᠢ 5. 2 ᠲᠡᠮᠡᠭᠡ 6. 8 ᠬᠦᠦ ᠲᠣᠭᠯᠠᠭᠠᠮ ᠤᠨ ᠵᠣᠷᠢᠯᠭ᠎ᠠ ᠪᠣᠯ ᠡᠰᠡᠷᠭᠦ ᠲᠠᠯ᠎ᠠ ᠶᠢᠨ ᠨᠣᠶᠠᠨ ᠯᠤᠤ ᠳᠣᠪᠲᠣᠯᠵᠤ ᠲᠡᠭᠦᠨ ᠢ ᠳᠠᠬᠢᠨ ᠨᠡᠭᠦᠬᠦ ᠨᠡᠭᠦᠳᠡᠯ ᠦᠭᠡᠢ ᠪᠣᠯᠭᠠᠬᠤ ᠶᠠᠪᠤᠳᠠᠯ ᠶᠤᠮ᠃


ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠡᠷᠳᠡᠮᠲᠡᠳ ᠦᠨ ᠭᠠᠷᠭᠠᠭᠰᠠᠨ ᠪᠠᠷᠢᠮᠲᠠ ᠪᠠᠷ ᠡᠳᠦᠷ ᠲᠦ ᠰᠢᠲᠠᠷ᠎ᠠ ᠶᠢ 1,500,000,000 ᠬᠦᠮᠦᠨ ᠲᠣᠭᠯᠠᠳᠠᠭ ᠭᠡᠵᠡᠢ᠃ ᠡᠭᠦᠨ ᠦ 28% ᠨᠢ ᠡᠬᠢᠯᠡᠨ ᠰᠤᠷᠤᠯᠴᠠᠭᠴᠢ ᠪᠤᠶᠤ ᠰᠤᠷᠴᠤ ᠪᠠᠶᠢᠭ᠎ᠠ᠂ 71% ᠨᠢ ᠮᠡᠷᠭᠡᠵᠢᠯ ᠦᠨ᠂ ᠦᠯᠡᠳᠡᠭᠰᠡᠨ 1% ᠨᠢ ᠣᠶᠤᠨ ᠤ ᠥᠨᠳᠥᠷ ᠴᠢᠳᠠᠪᠤᠷᠢ ᠲᠠᠢ ᠪᠤᠶᠤ ᠮᠠᠰᠢ ᠤᠬᠠᠭᠠᠨ ᠲᠠᠢ ᠬᠦᠮᠦᠨ ᠣᠷᠣᠳᠠᠭ ᠶᠤᠮ ᠪᠠᠶᠢᠨ᠎ᠠ᠃ ᠰᠢᠲᠠᠷ᠎ᠠ ᠪᠣᠯ ᠰᠫᠣᠷᠲ ᠤᠨ ᠨᠢᠭᠡ ᠲᠥᠷᠥᠯ ᠪᠥᠭᠡᠳ ᠣᠶᠤᠨ ᠤ ᠰᠫᠣᠷᠲ ᠭᠡᠵᠦ ᠨᠡᠷᠡᠯᠡᠬᠦ ᠨᠢ ᠴᠤ ᠡᠯᠪᠡᠭ ᠪᠠᠶᠢᠳᠠᠭ᠃

ᠰᠢᠲᠠᠷ᠎ᠠ ᠶᠢᠨ ᠳᠦᠷᠢᠮ ᠡᠴᠡ ᠠᠪᠠᠪᠠᠯ ᠴᠠᠭᠠᠨ ᠲᠠᠯ᠎ᠠ ᠨᠢ ᠡᠬᠢᠯᠡᠵᠦ ᠨᠡᠭᠦᠳᠡᠭ᠃

ᠳᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠲᠠᠷ᠎ᠠ ᠶᠢᠨ ᠬᠥᠯᠥᠭ ᠨᠢ 64 ᠨᠢᠳᠦ ᠲᠡᠢ᠃ ᠰᠢᠲᠠᠷ᠎ᠠ 32 ᠳᠦᠷᠰᠦ ᠲᠡᠢ᠃ ᠬᠣᠵᠢᠬᠤ ᠶᠢᠨ ᠲᠤᠯᠠᠳᠠ ᠪᠦᠬᠦ ᠵᠥᠪᠬᠡᠨ ᠡᠰᠡᠷᠬᠦ ᠲᠣᠭᠯᠠᠭᠴᠢ ᠶᠢᠨ ᠢᠶᠠᠨ ᠨᠣᠶᠠᠨ ᠭᠡᠵᠦ ᠨᠡᠷᠡᠯᠡᠭᠳᠡᠭᠰᠡᠨ ᠳᠦᠷᠰᠦ ᠶᠢ ᠮᠠᠳᠯᠠᠬᠤ ᠳᠤ ᠬᠠᠩᠭᠠᠯᠲᠠᠲᠠᠢ᠃

ᠬᠡᠯᠡᠬᠦ ᠦᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠡᠷᠬᠦ ᠲᠠᠯ᠎ᠠ ᠶᠢᠨ ᠨᠣᠶᠠᠨ ᠢ ᠢᠳᠡᠬᠦ ᠪᠡᠷ ᠪᠠᠶᠢᠷᠢᠯᠠᠯ ᠳᠤ ᠣᠴᠢᠪᠠᠯ:

  • ᠬᠦᠦᠭᠡᠷ᠎ᠡ «ᠴᠣᠳ» ᠭᠡᠵᠦ ᠴᠣᠳᠯᠠᠨ᠎ᠠ
  • ᠲᠡᠮᠡᠭᠡ ᠪᠡᠷ «ᠳᠤᠭ» ᠭᠡᠵᠦ ᠳᠤᠭᠯᠠᠨ᠎ᠠ
  • ᠪᠤᠰᠤᠳ ᠮᠣᠳᠣ ᠪᠠᠷ ᠢᠶᠠᠨ «ᠱᠠᠭ» ᠭᠡᠵᠦ ᠱᠠᠭᠯᠠᠨ᠎ᠠ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠰᠢᠲᠠᠷ᠎ᠠ ᠶᠢᠨ ᠬᠣᠯᠪᠣᠭ᠎ᠠ

http://wiki.uhaan.com/index.php?title=ᠰᠢᠲᠠᠷ᠎ᠠ&oldid=432361》 ᠍  ᠡᠴᠡ ᠠᠪᠤᠭᠰᠠᠨ

ᠪᠢᠴᠢᠭᠡᠰᠦ