ᠰᠢᠯᠦᠭᠦᠰᠦ ᠲᠡᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠢᠯᠦᠭᠦᠰᠦ ᠲᠡᠢ ᠨᠢ ᠵᠠᠪᠬᠠᠨ ᠠᠶᠢᠮᠠᠭ ᠤᠨ ᠰᠤᠮᠤ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠰᠢᠯᠦᠭᠦᠰᠦ ᠲᠡᠢ ᠰᠤᠮᠤ ᠶᠢᠨ ᠦᠨᠳᠦᠰᠦ ᠰᠠᠭᠤᠷᠢ ᠶᠢ ᠠᠩᠬ᠎ᠠ 1712 ᠣᠨ ᠳᠤ ᠬᠠᠯᠬ᠎ᠠ ᠶᠢᠨ ᠬᠣᠶᠢᠳᠤ ᠵᠠᠮ ᠤᠨ ᠪᠠᠷᠠᠭᠤᠨ ᠭᠠᠷ ᠤᠨ ᠡᠲᠡᠭᠡᠳ ᠦᠨ ᠬᠣᠰᠢᠭᠤ ᠪᠤᠶᠤ ᠰᠠᠶᠢᠨ ᠨᠣᠶᠠᠨ ᠬᠠᠨ ᠠᠶᠢᠮᠠᠭ ᠤᠨ ᠡᠷᠳᠡᠨᠢ ᠸᠠᠩ ᠤᠨ ᠬᠣᠰᠢᠭᠤᠨ ᠠᠴᠠ ᠲᠠᠰᠤᠯᠵᠤ ᠪᠠᠶᠢᠭᠤᠯᠵᠠᠢ᠃ ᠬᠠᠭᠤᠴᠢᠨ ᠰᠠᠶᠢᠨ ᠨᠣᠶᠠᠨ ᠬᠠᠨ ᠠᠶᠢᠮᠠᠭ ᠤᠨ ᠬᠤᠰᠢᠭᠤᠴᠢ ᠮᠡᠷᠭᠡᠨ ᠪᠡᠶᠢᠰᠡ ᠶᠢᠨ ᠬᠣᠰᠢᠭᠤᠨ ᠤ ᠲᠠᠶᠢᠵᠢ ᠨᠠᠷ᠂ ᠭᠣᠣᠯ ᠪᠠᠭ ᠤᠳ ᠪᠣᠯᠤᠨ ᠨᠠᠷᠣᠸᠠᠩᠴᠢᠨ ᠬᠤᠲᠤᠭᠲᠤ ᠶᠢᠨ ᠱᠠᠪᠢ ᠠᠴᠠ 1923 ᠣᠨ ᠳᠤ ᠵᠡᠭᠦᠨ ᠴᠢᠨᠳᠠᠮᠠᠨᠢ᠂ ᠪᠠᠷᠠᠭᠤᠨ ᠴᠢᠨᠳᠠᠮᠠᠨᠢ᠂ ᠵᠡᠭᠦᠨ ᠲᠠᠤᠯᠠᠢ ᠳᠤ ᠭᠡᠰᠡᠨ 3 ᠰᠤᠮᠤ ᠶᠢ ᠪᠠᠶᠢᠭᠤᠯᠤᠭᠰᠠᠨ ᠨᠢ ᠠᠷᠠᠳ ᠤᠨ ᠵᠠᠰᠠᠭ ᠤᠨ ᠠᠩᠬᠠᠨ ᠤ ᠣᠷᠣᠨ ᠨᠤᠲᠤᠭ ᠤᠨ ᠵᠠᠰᠠᠭ ᠵᠠᠬᠢᠷᠭᠠᠨ ᠤ ᠨᠢᠭᠡᠴᠡ ᠪᠠᠶᠢᠪᠠ᠃ 1924 ᠣᠨ ᠳᠤ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠲᠣᠭᠲᠠᠭᠠᠯ᠂ ᠠᠶᠢᠮᠠᠭ ᠤᠨ ᠠᠩᠬᠠᠳᠤᠭᠠᠷ ᠪᠠᠭ᠎ᠠ ᠬᠤᠷᠠᠯ ᠢᠶᠠᠷ ᠳᠡᠭᠡᠷᠡᠬᠢ 3 ᠰᠤᠮᠤ ᠶᠢ ᠨᠢᠭᠡᠳᠬᠡᠵᠦ ᠰᠢᠯᠦᠭᠦᠰᠦ ᠲᠡᠢ ᠭᠡᠵᠦ ᠨᠡᠷᠡᠯᠡᠨ ᠪᠠᠲᠤᠯᠠᠭᠳᠠᠭᠰᠠᠨ ᠪᠣᠯᠤᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠨᠢ ᠤᠯᠠᠭᠠᠨᠪᠠᠭᠠᠲᠤᠷ ᠬᠣᠲᠠ ᠠᠴᠠ 969 ᠺᠢᠯᠣᠮᠧᠲ᠋ᠷ᠂ ᠤᠯᠢᠶᠠᠰᠤᠲᠠᠢᠭᠠ ᠠᠴᠠ ᠭᠠᠭᠴᠠ ᠶᠢᠨ ᠳᠠᠪᠠᠭ᠎ᠠ ᠪᠠᠷ 138 ᠺᠢᠯᠣᠮᠧᠲ᠋ᠷ᠂ ᠠᠯᠳᠠᠷᠬᠠᠭᠠᠨ ᠰᠤᠮᠤᠠ ᠠᠴᠠ 178 ᠺᠢᠯᠣᠮᠧᠲ᠋ᠷ ᠵᠠᠶᠢᠲᠠᠢ᠃ ᠳᠡᠯᠡᠬᠡᠢ ᠶᠢᠨ ᠪᠥᠮᠪᠥᠷᠴᠡᠭ ᠦᠨ ᠪᠠᠷᠠᠭᠤᠨ ᠤᠷᠲᠤᠷᠢᠭ ᠤᠨ 97°13′᠂ ᠬᠣᠶᠢᠳᠤ ᠥᠷᠭᠡᠷᠢᠭ ᠦᠨ 46°49′ ᠍ ᠳᠦ ᠳᠠᠯᠠᠢ ᠶᠢᠨ ᠲᠦᠪᠰᠢᠨ ᠡᠴᠡ ᠳᠡᠭᠡᠭᠰᠢ 2,170 ᠮ ᠳᠦ ᠪᠠᠶᠢᠷᠢᠯᠠᠳᠠᠭ᠃ ᠰᠢᠯᠦᠭᠦᠰᠦ ᠲᠡᠢ ᠰᠤᠮᠤ ᠣᠳᠬᠣᠨᠲᠩᠷᠢ ᠠᠭᠤᠯᠠ ᠶᠢᠨ ᠪᠠᠷᠠᠭᠤᠨ ᠡᠮᠦᠨᠡᠲᠦ ᠥᠪᠥᠷ᠂ ᠮᠢᠩᠭᠠᠨ ᠤ ᠠᠤᠯᠠᠯᠠᠰ ᠠᠴᠠ ᠵᠠᠪᠬᠠᠨ ᠭᠣᠣᠯ ᠍ ᠤᠨ ᠤᠷᠳᠤ ᠳᠡᠨᠵᠢ᠂ ᠴᠣᠨᠵᠢ ᠲᠣᠯᠣᠭᠠᠢ ᠬᠦᠷᠲᠡᠯ᠎ᠡ 268,990 ᠭᠠ ᠭᠠᠵᠠᠷ ᠨᠤᠲᠤᠭ ᠲᠠᠢ᠃


ᠪᠢᠴᠢᠭᠡᠰᠦ