ᠰᠢᠯᠦᠭᠦᠰᠦ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠯᠦᠭᠦᠰᠦ
ᠺᠠᠨᠠᠳᠠ ᠤᠨ ᠰᠢᠯᠦᠭᠦᠰᠦ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠮᠣᠣᠷ ᠤᠨ ᠠᠢᠮᠠᠭ
ᠳᠡᠳ᠋ ᠣᠪᠤᠭ: Felinae
ᠲᠥᠷᠥᠯ: ᠰᠢᠯᠦᠭᠦᠰᠦ
ᠺᠷᠷ᠂ 1792
ᠵᠦᠢᠯ ᠦᠳ ᠦᠨ ᠠᠩᠬᠢᠯᠠᠯ
Felis lynx
ᠯᠢᠨᠡᠨᠢ᠂ 1758
ᠰᠢᠯᠦᠭᠦᠰᠦᠨ ᠦ ᠵᠦᠢᠯ ᠦᠳ ᠦᠨ ᠨᠡᠶᠢᠲᠡ ᠲᠠᠷᠬᠠᠯᠲᠠ᠃
ᠰᠢᠯᠦᠭᠦᠰᠦᠨ ᠦ ᠵᠦᠢᠯ ᠦᠳ ᠦᠨ ᠨᠡᠶᠢᠲᠡ ᠲᠠᠷᠬᠠᠯᠲᠠ᠃
ᠵᠦᠢᠯ

Lynx lynx
Lynx canadensis
Lynx pardinus
Lynx rufus


ᠰᠢᠯᠦᠭᠦᠰᠦ ᠶᠢᠨ ᠲᠥᠷᠥᠯ ᠳᠦ ᠮᠣᠣᠷ ᠤᠨ ᠠᠢᠮᠠᠭ ᠣᠪᠤᠭ ᠤᠨ ᠳᠥᠷᠪᠡᠨ ᠳᠤᠮᠳᠠ ᠵᠡᠷᠭᠡ ᠶᠢᠨ ᠪᠡᠶ᠎ᠡ ᠲᠡᠢ ᠵᠦᠢᠯ ᠪᠠᠭᠳᠠᠨ᠎ᠠ᠃ ᠭᠡᠬᠦ ᠳᠦ ᠪᠡᠨ ᠡᠳᠡᠭᠡᠷ ᠮᠤᠤᠷ ᠢ ᠬᠡᠷᠬᠢᠨ ᠠᠩᠭᠢᠯᠠᠬᠤ ᠲᠠᠯ᠎ᠠ ᠪᠠᠷ ᠮᠠᠷᠭᠤᠭᠠᠨ ᠲᠠᠢ ᠪᠠᠶᠢᠭᠰᠠᠭᠠᠷ ᠪᠠᠶᠢᠨ᠎ᠠ᠃ ᠵᠠᠷᠢᠮ ᠡᠷᠳᠡᠮᠲᠡᠳ ᠲᠡᠳᠡᠨ ᠢ Felis ᠲᠥᠷᠥᠯ ᠳᠦ ᠪᠠᠭᠲᠠᠭᠠᠳᠠᠭ᠃ ᠫᠧᠷᠰ ᠦᠨ ᠪᠤᠶᠤ ᠠᠹᠷᠢᠺᠠ ᠶᠢᠨ ᠰᠢᠯᠦᠭᠦᠰᠦ ᠭᠡᠭᠳᠡᠳᠡᠭ ᠺᠠᠷᠠᠺᠠᠯ ᠡᠨᠡ ᠲᠥᠷᠥᠯ ᠳᠦ ᠪᠠᠭᠲᠠᠬᠤ ᠦᠭᠡᠢ᠃

ᠭᠠᠳᠠᠭᠠᠳᠤ ᠲᠥᠷᠬᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠢᠯᠠᠳᠧᠯᠹ ᠦᠨ ᠠᠮᠢᠲᠠᠨ ᠤ ᠬᠦᠷᠢᠶᠡᠯᠡᠩ ᠳ᠋ᠡᠬᠢ ᠺᠠᠨᠠᠳᠠ ᠤᠨ ᠰᠢᠯᠦᠭᠦᠰᠦ᠃

ᠰᠢᠯᠦᠭᠦᠰᠦ ᠪᠣᠭᠣᠨᠢ ᠰᠡᠭᠦᠯ ᠲᠡᠢ᠂ ᠴᠢᠬᠢᠨ ᠦ ᠪᠡᠨ ᠦᠵᠦᠭᠦᠷ ᠲᠦ ᠲᠤᠭ ᠬᠠᠷ᠎ᠠ ᠦᠰᠦ ᠲᠡᠢ ᠪᠠᠶᠢᠳᠠᠭ ᠢᠶᠠᠷ ᠢᠶᠠᠨ ᠥᠪᠡᠷᠮᠢᠴᠡ᠃ ᠬᠦᠵᠦᠭᠦᠨ ᠦ ᠪᠡᠨ ᠳᠣᠣᠷ᠎ᠠ ᠵᠠᠩᠭᠢᠶ᠎ᠠ ᠰᠢᠭ ᠬᠠᠷᠠᠭᠳᠠᠳᠠᠭ ᠥᠷᠦᠪᠯᠡᠭ ᠲᠡᠢ᠃ ᠲᠣᠮᠣ ᠬᠠᠪᠲᠠᠭᠠᠢ ᠲᠠᠪᠠᠬᠠᠢ ᠲᠠᠢ ᠪᠠᠶᠢᠳᠠᠭ ᠨᠢ ᠴᠠᠰᠤᠨ ᠳᠡᠭᠡᠷ᠎ᠡ ᠶᠠᠪᠤᠬᠤ ᠳᠤ ᠵᠣᠬᠢᠮᠵᠢᠲᠠᠢ ᠪᠥᠭᠡᠳ ᠨᠢᠭᠤᠷ ᠳᠦ ᠪᠡᠨ ᠤᠷᠲᠤ ᠰᠠᠬᠠᠯ ᠲᠠᠢ᠃ ᠪᠡᠶ᠎ᠡ ᠶᠢᠨ ᠥᠩᠭᠡ ᠳᠤᠮᠳᠠ ᠵᠡᠷᠭᠡ ᠶᠢᠨ ᠬᠦᠷᠡᠨ᠎ᠡ ᠡᠴᠡ᠂ ᠠᠯᠲᠠᠯᠢᠭ᠂ ᠬᠤᠯᠠ ᠬᠤᠸᠠ ᠴᠠᠭᠠᠨ ᠥᠩᠭᠡ ᠲᠡᠢ᠂ ᠬᠠᠶᠠ ᠢᠯᠠᠩᠭᠤᠶ᠎ᠠ ᠮᠥᠴᠢᠨ ᠳᠡᠭᠡᠷ᠎ᠡ ᠪᠡᠨ ᠪᠠᠷᠠᠭᠠᠨ ᠬᠦᠷᠡᠩ ᠲᠣᠯᠪᠣ ᠲᠠᠢ᠃ ᠰᠢᠯᠦᠭᠦᠰᠦ ᠶᠢᠨ ᠪᠦᠬᠦ ᠵᠦᠢᠯ ᠴᠡᠭᠡᠵᠢ᠂ ᠭᠡᠳᠡᠰᠦ᠂ ᠬᠥᠯ ᠤᠨ ᠢᠶᠡᠨ ᠳᠣᠲᠣᠷ ᠲᠠᠯ᠎ᠠ ᠳᠤ ᠴᠠᠭᠠᠨ ᠦᠰᠦᠲᠡᠢ᠃ ᠮᠥᠨ ᠰᠢᠯᠦᠭᠦᠰᠦ ᠶᠢᠨ ᠥᠩᠭᠡ᠂ ᠦᠰᠦᠨ ᠦ ᠤᠷᠲᠤ᠂ ᠲᠠᠪᠠᠭ ᠤᠨ ᠬᠡᠮᠵᠢᠶ᠎ᠡ ᠴᠠᠭ ᠠᠭᠤᠷ ᠤᠨ ᠪᠥᠰᠡ ᠡᠴᠡ ᠬᠠᠮᠢᠶᠠᠷᠤᠨ ᠥᠭᠡᠷ᠎ᠡ ᠥᠭᠡᠷ᠎ᠡ ᠪᠠᠶᠢᠨ᠎ᠠ᠃ ᠪᠠᠷᠠᠭᠤᠨ ᠡᠮᠦᠨᠡᠲᠦ ᠠᠮᠧᠷᠢᠺᠠ ᠶᠢᠨ ᠨᠢᠭᠡᠳᠦᠭᠰᠡᠨ ᠤᠯᠤᠰ ᠳᠦ ᠦᠰᠦ ᠨᠢ ᠪᠣᠭᠣᠨᠢ᠂ ᠥᠩᠭᠡ ᠨᠢ ᠪᠠᠷᠠᠭᠠᠨ᠂ ᠲᠠᠪᠠᠬᠠᠢ ᠨᠢ ᠵᠢᠵᠢᠭ ᠪᠠᠶᠢᠳᠠᠭ ᠪᠣᠯ ᠤᠮᠠᠷᠠᠳᠤ ᠶᠢᠨ ᠬᠦᠢᠲᠡᠨ ᠴᠠᠭ ᠠᠭᠤᠷ ᠲᠠᠢ ᠭᠠᠵᠠᠷ ᠤᠨ ᠰᠢᠯᠦᠭᠦᠰᠦ ᠶᠢᠨ ᠦᠰᠦ ᠥᠳᠬᠡᠨ᠂ ᠥᠩᠭᠡ ᠨᠢ ᠴᠠᠶᠢᠪᠤᠷ (ᠬᠠᠷᠠᠭᠳᠠᠬᠤ ᠦᠭᠡᠢ ᠪᠠᠶᠢᠬᠤ), ᠲᠠᠪᠠᠬᠠᠢ ᠨᠢ ᠥᠷᠭᠡᠨ ᠪᠣᠯᠳᠠᠭ᠃ ᠪᠤᠰᠤᠳ ᠮᠤᠤᠷ ᠤᠨ ᠣᠪᠤᠭ ᠤᠨ ᠠᠮᠢᠲᠠᠳ ᠢ ᠪᠣᠳᠣᠪᠠᠯ ᠰᠢᠯᠦᠭᠦᠰᠦ ᠪᠠᠶᠢᠭᠠᠯᠢ ᠳᠤ ᠤᠷᠤᠰᠢᠬᠤ ᠦᠶ᠎ᠡ ᠳ᠋ᠦ ᠪᠡᠨ ᠠᠮᠢᠲᠠᠨ᠂ ᠬᠦᠮᠦᠨ ᠳ᠋ᠦ ᠠᠶᠤᠯ ᠲᠠᠢ ᠠᠮᠢᠲᠠᠨ ᠪᠣᠯᠪᠠᠴᠤ ᠭᠠᠷᠰᠢᠭᠤᠯᠤᠭᠰᠠᠨ ᠲᠣᠬᠢᠶᠠᠯᠳᠤᠯ ᠳᠤ ᠭᠡᠷ ᠦᠨ ᠮᠤᠤᠷ ᠰᠢᠭ ᠳᠠᠰᠤᠳᠠᠭ ᠠᠵᠡᠢ᠃

ᠮᠣᠩᠭᠣᠯ ᠤᠨ ᠰᠢᠯᠦᠭᠦᠰᠦ ᠮᠥᠴᠢ ᠬᠠᠷᠢᠴᠠᠩᠭᠤᠢ ᠤᠷᠲᠤ ᠵᠡᠭᠵᠡᠭᠡᠷ᠂ ᠲᠠᠪᠠᠬᠠᠢ ᠲᠣᠮᠣ᠃ ᠪᠡᠶ᠎ᠡ ᠶᠢᠨ ᠤᠷᠲᠤ 73-106 ᠰᠠᠨᠲ᠋ᠢᠮᠧᠲ᠋ᠷ᠂ ᠰᠡᠭᠦᠯᠡᠨ ᠦ ᠤᠷᠲᠤ 10-24 ᠰᠠᠨᠲ᠋ᠢᠮᠧᠲ᠋ᠷ᠂ ᠴᠢᠬᠢᠨ ᠦ ᠤᠷᠲᠤ 7.5-9.9 ᠰᠠᠨᠲ᠋ᠢᠮᠧᠲ᠋ᠷ᠃ ᠪᠡᠶ᠎ᠡ ᠶᠢᠨ ᠵᠢᠩ 9-21 ᠺᠢᠯᠣᠭᠷᠠᠮ᠃ ᠵᠢᠰᠦ ᠰᠠᠷᠠᠯ᠂ ᠬᠤᠸᠠ ᠠᠴᠠ ᠰᠢᠷᠠᠪᠲᠤᠷ ᠲᠣᠯᠪᠣ ᠲᠠᠢ᠃ ᠴᠢᠬᠢᠨ ᠦ ᠦᠵᠦᠭᠦᠷ ᠲᠦ 4-7 ᠰᠠᠨᠲ᠋ᠢᠮᠧᠲ᠋ᠷ ᠤᠷᠲᠤ ᠱᠣᠪᠬᠣ ᠬᠠᠷ᠎ᠠ ᠰᠠᠴᠤᠭ ᠦᠰᠦ ᠲᠡᠢ᠃ ᠰᠡᠭᠦᠯ ᠪᠣᠭᠣᠨᠢ ᠦᠵᠦᠭᠦᠷ ᠨᠢ ᠬᠠᠷ᠎ᠠ᠃ ᠰᠢᠨᠠ ᠠᠴᠠ ᠤᠨᠵᠢᠭᠰᠠᠨ 《ᠬᠤᠤᠵᠠ》 ᠮᠠᠶ᠍ᠢᠭ ᠤᠨ ᠤᠷᠲᠤ ᠦᠰᠦᠲᠡᠢ᠃[1]

ᠠᠮᠢᠳᠤᠷᠠᠯ ᠤᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠯᠦᠭᠦᠰᠦ ᠭᠣᠣᠯ ᠲᠥᠯᠥᠪ ᠪᠦᠷᠦᠩᠬᠡᠢ ᠰᠥᠨᠢ ᠶᠢᠨ ᠢᠳᠡᠪᠬᠢᠲᠡᠢ᠃  ᠶᠡᠬᠡᠩᠬᠢ ᠳᠦ ᠪᠡᠨ ᠣᠷᠣᠢ ᠪᠣᠯᠤᠨ ᠨᠠᠷᠠ ᠮᠠᠨᠳᠤᠬᠤ ᠦᠶ᠎ᠡ ᠪᠡᠷ ᠢᠳᠡᠪᠬᠢᠲᠡᠢ ᠠᠩ ᠬᠢᠳᠡᠭ᠃ ᠨᠠᠷᠠ ᠵᠢᠷᠭᠠᠵᠤ᠂ ᠰᠥᠨᠢ ᠳᠤᠮᠳᠠ ᠪᠣᠯᠬᠤ ᠠᠴᠠ ᠡᠮᠦᠨ᠎ᠡ ᠭᠤᠷᠪᠠᠨ ᠴᠠᠭ ᠤᠨ ᠲᠤᠷᠰᠢ ᠶᠠᠪᠤᠳᠠᠭ ᠪᠥᠭᠡᠳ ᠦᠷ ᠴᠠᠶᠢᠵᠤ᠂ ᠨᠠᠷᠠ ᠮᠠᠨᠳᠤᠬᠤ ᠠᠴᠠ ᠡᠮᠦᠨ᠎ᠡ ᠭᠥᠷᠦᠭᠡᠯᠡᠨ᠎ᠡ᠃ ᠣᠷᠣᠢ ᠪᠣᠯᠭᠠᠨ ᠬᠣᠶᠠᠷ ᠠᠴᠠ ᠳᠣᠯᠣᠭᠠᠨ ᠮᠢᠯ /3-11 ᠺᠢᠯᠣᠮᠧᠲ᠋ᠷ/ ᠭᠠᠵᠠᠷ ᠳᠠᠳᠮᠠᠭᠠᠢ ᠰᠤᠷᠮᠠᠭᠠᠢ ᠶᠠᠪᠤᠳᠠᠭ ᠪᠠᠶᠢᠨ᠎ᠠ᠃ ᠡᠨᠡ ᠵᠠᠩ ᠠᠷᠠᠨᠰᠢᠨ ᠨᠢ ᠤᠯᠠᠷᠢᠯ ᠤᠨ ᠰᠢᠨᠵᠢᠲᠡᠢ ᠪᠡᠷ ᠥᠭᠡᠷᠡᠴᠢᠯᠡᠭᠳᠡᠳᠡᠭ ᠪᠠ ᠡᠪᠦᠯ ᠬᠠᠪᠤᠷ ᠢᠯᠡᠭᠦᠦ ᠡᠳᠦᠷ ᠲᠤᠲᠤᠮ ᠤᠨ ᠠᠶᠠᠯᠠᠯ ᠪᠣᠯᠳᠠᠭ ᠪᠠᠶᠢᠨ᠎ᠠ᠃[2]

ᠰᠢᠯᠦᠭᠦᠰᠦ ᠭᠠᠭᠴᠠ ᠨᠢᠭᠡ ᠪᠡᠷ ᠠᠮᠢᠳᠤᠷᠠᠨ᠎ᠠ ᠃ ᠰᠢᠯᠦᠭᠦᠰᠦ ᠭᠠᠵᠠᠷ ᠨᠤᠲᠤᠭ ᠢᠶᠠᠨ ᠮᠠᠰᠢ ᠰᠠᠶᠢᠨ ᠬᠢᠵᠠᠭᠠᠷᠯᠠᠵᠤ᠂ ᠬᠣᠷᠢᠭ ᠲᠠᠯᠪᠢᠭᠰᠠᠨ ᠪᠠᠶᠢᠳᠠᠭ ᠪᠠ ᠡᠨᠡ ᠨᠢ ᠬᠦᠢᠰᠦᠨ ᠦ ᠢᠯᠭᠠᠷᠠᠯ ᠪᠣᠯᠤᠨ ᠣᠯᠵᠠᠨ ᠤ ᠪᠠᠨ ᠲᠠᠷᠬᠠᠯᠲᠠ ᠠᠴᠠ ᠬᠠᠮᠢᠶᠠᠷᠤᠨ᠎ᠠ᠃[2]

ᠲᠠᠤᠯᠠᠢ᠂ ᠴᠢᠨᠳᠠᠭ᠎ᠠ᠂ ᠪᠣᠷᠣ ᠭᠥᠷᠥᠭᠡᠰᠦ᠂ ᠬᠥᠳᠡᠷ᠂ ᠬᠠᠷ᠎ᠠ ᠰᠡᠭᠦᠯᠲᠦ ᠵᠡᠭᠡᠷ᠎ᠡ᠂ ᠶᠠᠩᠭᠢᠷ ᠤᠨ ᠢᠰᠢᠭᠡ᠂ ᠠᠷᠭᠠᠯ ᠤᠨ ᠬᠤᠷᠠᠭ᠎ᠠ᠂ ᠲᠠᠷᠪᠠᠭ᠎ᠠ᠂ ᠣᠭᠳᠣᠢ᠂ ᠵᠢᠵᠢᠭ ᠮᠡᠷᠡᠭᠴᠢᠳ᠂ ᠢᠲᠠᠭᠤ᠂ ᠬᠥᠲᠥᠭᠦᠦ᠂ ᠬᠠᠬᠢᠯᠢᠭ ᠮᠡᠲᠦ ᠶᠢᠨ ᠳᠤᠮᠳᠠ ᠵᠡᠷᠭᠡ ᠶᠢᠨ ᠪᠡᠶ᠎ᠡ ᠲᠡᠢ ᠰᠢᠪᠠᠭᠤᠳ ᠢᠶᠠᠷ ᠬᠣᠭᠣᠯᠠᠯᠠᠨ᠎ᠠ᠃ ᠵᠠᠷᠢᠮ ᠲᠣᠬᠢᠶᠠᠯᠳᠤᠯ ᠳᠤ ᠪᠠᠰᠠ ᠬᠣᠨᠢ ᠢᠮᠠᠭ᠎ᠠ᠂ ᠪᠤᠭᠤ ᠮᠡᠲᠦ ᠶᠢᠨ ᠲᠣᠮᠣ ᠪᠡᠶ᠎ᠡ ᠲᠡᠢ ᠠᠮᠢᠲᠠᠳ ᠢ ᠴᠤ ᠪᠠᠷᠢᠳᠠᠭ᠃[2]

ᠰᠢᠯᠦᠭᠦᠰᠦ ᠬᠣᠭᠣᠯᠠ ᠬᠦᠨᠡᠰᠦ ᠦᠭᠡᠢ ᠪᠡᠷ ᠣᠯᠠᠨ ᠴᠠᠭ ᠶᠠᠪᠤᠵᠤ ᠴᠢᠳᠠᠳᠠᠭ ᠪᠥᠭᠡᠳ ᠬᠡᠷᠪᠡ ᠣᠯᠵᠠ ᠪᠠᠨ ᠠᠩᠨᠠᠵᠤ ᠠᠪᠬᠤ ᠶᠤᠮ ᠪᠣᠯ ᠮᠠᠰᠢ ᠶᠡᠬᠡ ᠪᠡᠷ ᠢᠳᠡᠵᠦ ᠠᠪᠳᠠᠭ᠃[2]

ᠲᠡᠳᠡᠨ ᠦ ᠡᠭᠦᠷ ᠮᠣᠳᠣᠨ ᠤ ᠦᠨᠳᠦᠰᠦ ᠣᠷᠴᠢᠮ ᠤᠨ ᠬᠥᠨᠳᠡᠢ᠂ ᠤᠨᠠᠩᠭᠢ ᠮᠣᠳᠣᠨ ᠤ ᠳᠣᠣᠷ᠎ᠠ᠂ ᠬᠠᠳᠠ ᠴᠢᠯᠠᠭᠤᠨ ᠤ ᠠᠩᠭᠠᠯ᠂ ᠵᠠᠪᠰᠠᠷ ᠪᠠᠶᠢᠷᠢᠯᠠᠨ᠎ᠠ᠃ ᠣᠷᠣᠭ᠎ᠠ ᠨᠡᠶᠢᠯᠡᠯᠭᠡ ᠬᠠᠪᠤᠷ 3-4 ᠍ ᠳᠦᠭᠡᠷ ᠰᠠᠷ᠎ᠠ ᠳᠤ ᠪᠣᠯᠤᠨ᠎ᠠ᠃ ᠬᠡᠭᠡᠯᠢ ᠲᠡᠭᠡᠭᠡᠬᠦ ᠬᠤᠭᠤᠴᠠᠭ᠎ᠠ ᠳᠤᠮᠳᠠᠴᠢ ᠪᠠᠷ 69 ᠬᠣᠨᠣᠭ᠃ ᠡᠮ᠎ᠡ ᠰᠢᠯᠦᠭᠦᠰᠦ 2-3 ᠨᠣᠭᠤᠤᠯ ᠲᠥᠷᠦᠭᠦᠯᠦᠨ᠎ᠡ᠃ ᠬᠣᠶᠠᠷ ᠨᠠᠰᠤᠲᠠᠢ ᠪᠡᠯᠭᠡ ᠪᠣᠯᠪᠠᠰᠤᠷᠠᠨ᠎ᠠ᠃ ᠪᠠᠶᠢᠭᠠᠯᠢ ᠳᠤ 17-24 ᠵᠢᠯ ᠬᠦᠷᠲᠡᠯ᠎ᠡ ᠨᠠᠰᠤᠯᠠᠨ᠎ᠠ᠃ [3]ᠰᠢᠯᠦᠭᠦᠰᠦ ᠪᠣᠯ ᠤᠳᠠᠭᠠᠨ ᠦᠰᠦᠯᠲᠡ ᠲᠡᠢ ᠂ ᠭᠠᠵᠠᠷ ᠤᠨ ᠠᠯᠢ ᠪᠠᠷᠲᠠᠭ᠎ᠠ᠂ᠠᠰᠬ᠎ᠠ ᠬᠠᠳᠠ᠂ ᠬᠠᠪᠴᠢᠯ ᠬᠣᠩᠭᠢᠯ ᠵᠡᠷᠭᠡ ᠭᠠᠵᠠᠷ ᠤᠳ ᠢᠶᠠᠷ ᠪᠠᠶᠢᠷᠢᠯᠠᠳᠠᠭ᠃ ᠰᠢᠯᠦᠭᠦᠰᠦ ᠮᠠᠰᠢ ᠰᠡᠵᠢᠭᠴᠢ᠂ ᠠᠮᠢᠲᠠᠨ ᠤ ᠰᠡᠭ ᠢ ᠢᠳᠡᠬᠦ ᠦᠭᠡᠢ ᠂ ᠭᠠᠭᠴᠠᠬᠦ ᠦᠪᠡᠷ ᠤᠨ ᠪᠠᠷᠢᠭᠰᠠᠨ ᠠᠮᠢᠲᠠᠨ ᠢᠶᠠᠨ ᠯᠠ ᠢᠳᠡᠳᠡᠭ᠃ ᠠᠮᠢᠲᠠᠨ ᠢ ᠪᠠᠷᠢᠭᠰᠠᠨ ᠭᠠᠵᠠᠷ ᠲᠤ ᠪᠠᠨ ᠤᠷᠢᠳᠠᠪᠠᠷ ᠴᠢᠰᠤ ᠶᠢ ᠨᠢ ᠰᠣᠷᠣᠵᠤ ᠳᠠᠭᠤᠰᠬᠠᠭᠠᠳ ᠨᠦᠵᠢ ᠳᠤᠰᠤᠭᠠᠯ ᠦᠭᠡᠢ ᠴᠡᠪᠡᠷᠬᠡᠨ ᠢᠳᠡᠳᠡᠭ᠃ ᠪᠠᠷᠢᠭᠰᠠᠨ ᠠᠮᠢᠲᠠᠨ ᠤ ᠪᠠᠨ ᠮᠢᠬ᠎ᠠ ᠶᠢ ᠨᠢ ᠪᠠᠰᠠ ᠭᠠᠭᠴᠠᠬᠠᠨ ᠲᠠᠯ᠎ᠠ ᠠᠴᠠ ᠨᠢ ᠢᠳᠡᠵᠦ ᠴᠠᠳᠤᠭᠠᠳ ᠦᠯᠡᠳᠡᠭᠰᠡᠨ ᠢ ᠨᠢ ᠭᠠᠵᠠᠷ ᠲᠤ ᠪᠤᠯᠠᠵᠤ ᠬᠠᠳᠠᠭᠠᠯᠠᠳᠠᠭ᠃[4]

ᠠᠮᠢᠳᠤᠷᠠᠬᠤ ᠣᠷᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠰᠢᠯᠦᠭᠦᠰᠦ᠃

ᠰᠢᠯᠦᠭᠦᠰᠦ ᠤᠮᠠᠷᠠᠳᠤ ᠮᠣᠩᠭᠣᠯ ᠳᠤ ᠲᠠᠶᠢᠭ᠎ᠠ᠂ ᠬᠣᠯᠢᠮᠠᠭ ᠣᠢ᠂ ᠣᠶᠢᠲᠤ ᠬᠡᠭᠡᠷ᠎ᠡ᠂ ᠬᠡᠭᠡᠷ᠎ᠡ ᠶᠢᠨ ᠬᠠᠳᠠ ᠴᠢᠯᠠᠭᠤ ᠳᠤ ᠪᠡᠰᠡᠷᠡᠭ ᠠᠭᠤᠯᠠᠰ᠂ ᠥᠨᠳᠥᠷ ᠠᠭᠤᠯᠠᠷᠬᠠᠭ ᠨᠤᠲᠤᠭ᠂ ᠭᠣᠪᠢ ᠴᠥᠯ ᠦᠨ ᠬᠠᠳᠠᠲᠤ ᠠᠭᠤᠯᠠᠰ ᠢᠶᠠᠷ ᠲᠣᠬᠢᠶᠠᠯᠳᠤᠨ᠎ᠠ᠃[3] ᠥᠪᠥᠷ ᠮᠣᠩᠭᠣᠯ ᠳ᠋ᠤ ᠪᠣᠯ ᠭᠣᠣᠯᠳᠠᠭᠤ ᠶᠡᠬᠡ ᠬᠢᠩᠭᠠᠨ ᠳᠠᠪᠠᠭ᠎ᠠ ᠶᠢᠨ ᠰᠠᠯᠪᠤᠷᠢ ᠨᠢᠷᠤᠭᠤᠳ ᠤᠨ ᠣᠢ ᠳᠣᠲᠣᠷ᠎ᠠ ᠪᠣᠯᠣᠨ ᠭᠣᠪᠢ ᠭᠠᠵᠠᠷ ᠤᠨ ᠠᠭᠤᠯᠠᠰ ᠢᠶᠠᠷ ᠲᠣᠬᠢᠶᠠᠯᠳᠤᠨ᠎ᠠ᠃

ᠨᠡᠷ᠎ᠡ ᠶᠢᠨ ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠭᠡ ᠮᠣᠩᠭᠣᠯ ᠬᠡᠯᠡ ᠳ᠋ᠦ᠋ᠩᠬᠤ ᠬᠡᠯᠡᠨ ᠤ ᠰᠢᠯᠠᠰᠤᠨ (失剌孙)ᠭᠡᠳᠡᠭ ᠡᠴᠡ ᠢᠷᠡᠯᠲᠡᠢ᠂ ᠵᠦᠷᠴᠢᠨ ᠬᠡᠯᠡᠨ ᠳ᠋ᠤ ᠰᠢᠯᠠᠰᠤᠨ ᠂ ᠲᠦᠷᠦᠭ ᠬᠡᠯᠡᠨ ᠳ᠋ᠤ ᠰᠢᠯᠢᠰᠢᠨ, ᠮᠠᠨᠵᠤ ᠬᠡᠯᠡᠨ ᠳ᠋ᠤ ᠰᠢᠯᠤᠨ᠂ ᠰᠣᠯᠣᠩᠭᠣᠰ ᠬᠡᠯᠡᠨ ᠳᠤ 스라소니속 ᠂ ᠮᠣᠩᠭᠣᠯ ᠬᠡᠯᠡᠨ ᠳ᠋ᠤ ᠰᠢᠯᠦᠭᠦᠰᠦ ᠭᠡᠳᠡᠭ ᠨᠢ ᠰᠡᠭᠦᠯ  ᠤᠨ ᠦᠶ᠎ᠡ  ᠶᠢᠨ ᠬᠢᠲᠠᠳ ᠬᠡᠯᠡᠨ ᠳ᠋ᠤ ᠵᠢᠭᠡᠯᠡᠭᠳᠡᠨ ᠣᠷᠣᠵᠣ᠃ ᠬᠢᠲᠠᠳ  ᠢᠶᠠᠷ猞猁狲᠂ 猞猁(sheli )[5] ᠭᠡᠬᠦ ᠪᠣᠯᠵᠠᠢ᠃ ᠥᠪᠥᠷ ᠮᠣᠩᠭᠣᠯ ᠤᠨ ᠪᠠᠭᠠᠷᠢᠨ ᠨᠤᠲᠤᠭ ᠲᠤ ᠰᠢᠯᠦᠭᠦᠰᠦ ᠶᠢᠨ ᠪᠡᠶ᠎ᠡ ᠶᠢᠨ ᠶᠡᠬᠡ ᠪᠠᠭ᠎ᠠ ᠪᠠᠷ ᠨᠢ ᠮᠣᠷᠢᠨ ᠰᠢᠯᠦᠭᠦᠰᠦ᠂ ᠬᠣᠨᠢᠨ ᠰᠢᠯᠦᠭᠦᠰᠦ᠂ ᠲᠠᠤᠯᠠᠢ ᠶᠢᠨ ᠰᠢᠯᠦᠭᠦᠰᠦ ᠭᠡᠵᠦ ᠢᠯᠭᠠᠳᠠᠭ᠃[6]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠰᠢᠯᠦᠭᠦᠰᠦ

ᠪᠢᠴᠢᠭᠡᠰᠦ