ᠰᠢᠬᠢᠷ ᠦᠨ ᠰᠢᠵᠢᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠬᠢᠷ ᠦᠨ ᠰᠢᠵᠢᠩ ᠡᠪᠡᠳᠴᠢᠨ ᠲᠡᠢ ᠲᠡᠮᠡᠴᠡᠬᠦ ᠡᠳᠦᠷ ᠦᠨ ᠪᠢᠯᠭᠡᠳᠡᠯ "ᠴᠡᠩᠬᠡᠷ ᠳᠤᠭᠤᠢ"

ᠰᠢᠬᠢᠷ ᠦᠨ ᠰᠢᠵᠢᠩ (ᠯᠠᠲ᠋ᠢᠨ ᠶᠢᠡᠷ Diabetes mellitus) ᠨᠢ ᠨᠣᠶᠢᠷ ᠪᠤᠯᠴᠢᠷᠬᠠᠢ ᠬᠠᠩᠭᠠᠯᠲᠠ ᠲᠠᠢ ᠬᠡᠮᠵᠢᠶᠡᠨ ᠦ ᠢᠨᠰᠤᠯᠢᠨ ᠪᠣᠯᠪᠠᠰᠤᠷᠠᠭᠤᠯᠵᠤ ᠴᠢᠳᠠᠬᠤ ᠦᠭᠡᠢ᠂ ᠡᠰᠡᠪᠡᠯ ᠪᠣᠯᠪᠠᠰᠤᠷᠠᠭᠰᠠᠨ ᠢᠨᠰᠤᠯᠢᠨ ᠨᠢ ᠪᠡᠶ᠎ᠡ ᠶᠢᠨ ᠡᠰ ᠦᠳ ᠲᠦ ᠨᠥᠯᠦᠭᠡᠯᠡᠵᠦ ᠴᠢᠳᠠᠬᠤ ᠦᠭᠡᠢ ᠪᠣᠯᠤᠭᠰᠠᠨ ᠦᠶ᠎ᠡ ᠳᠦ ᠡᠭᠦᠰᠳᠡᠭ ᠪᠣᠳᠠᠰ ᠤᠨ ᠰᠣᠯᠢᠯᠴᠠᠭᠠᠨ ᠤ ᠪᠦᠯᠦᠭ ᠡᠪᠡᠳᠴᠢᠨ ᠪᠢᠯᠡ᠃ ᠰᠢᠬᠢᠷ ᠦᠨ ᠰᠢᠵᠢᠩ ᠦᠨ ᠦᠶ᠎ᠡ ᠳᠦ ᠬᠦᠮᠦᠨ ᠦ ᠴᠢᠰᠤᠨ ᠳ᠋ᠠᠬᠢ ᠰᠢᠬᠢᠷ ᠤᠨ ᠬᠡᠮᠵᠢᠶ᠎ᠡ ᠥᠨᠳᠥᠷ ᠪᠣᠯᠳᠠᠭ᠃ ᠴᠢᠰᠤᠨ ᠳ᠋ᠠᠬᠢ ᠰᠢᠬᠢᠷ ᠤᠨ ᠲᠥᠪᠰᠢᠨ ᠶᠡᠬᠡ ᠪᠠᠶᠢᠬᠤ ᠶᠢᠨ ᠰᠣᠩᠭᠣᠳᠠᠭ ᠰᠢᠨᠵᠢ ᠲᠡᠮᠳᠡᠭ ᠦᠳ ᠨᠢ᠂ ᠬᠦᠮᠦᠨ ᠨᠢ ᠰᠢᠭᠡᠮᠬᠡᠢ (ᠤᠳᠠᠬᠤ ᠦᠭᠡᠢ ᠰᠢᠭᠡᠰᠦ ᠬᠦᠷᠬᠦ)᠂ ᠴᠠᠩᠭᠠᠮᠠᠬᠠᠢ (ᠠᠮᠠ ᠬᠡᠲᠦ ᠴᠠᠩᠭᠠᠬᠤ) ᠪᠠ ᠢᠳᠡᠮᠡᠬᠡᠢ (ᠬᠡᠲᠦ ᠬᠣᠭᠣᠯᠠᠨ ᠳᠤ ᠤᠷᠤᠬᠤ) ᠪᠣᠯᠳᠠᠭ᠃

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥᠳᠥᠷ ᠳᠡᠯᠡᠬᠡᠢ ᠳᠡᠭᠡᠷ᠎ᠡ ᠡᠨᠡ ᠡᠪᠡᠳᠴᠢᠨ ᠳᠤ ᠨᠡᠷᠪᠡᠭᠳᠡᠭᠰᠡᠨ ᠬᠦᠮᠦᠨ ᠦ ᠲᠣᠭ᠎ᠠ ᠨᠢ 3 ᠳ᠋ᠦᠩᠰᠢᠭᠤᠷ 4700 ᠲᠦᠮᠡᠨ ᠬᠦᠮᠦᠨ ᠳᠤ ᠬᠦᠷᠦᠭᠡᠳ ᠪᠠᠶᠢᠭ᠎ᠠ ᠠᠴᠠ ᠮᠣᠩᠭᠣᠯ ᠤᠯᠤᠰ ᠳᠤ 7000 ᠡᠪᠡᠳᠴᠢᠲᠡᠨ ᠨᠢ ᠪᠠᠶᠢᠳᠠᠭ ᠭᠡᠰᠡᠨ ᠲᠣᠭ᠎ᠠ ᠪᠠᠷᠢᠮᠲᠠ ᠪᠠᠶᠢᠳᠠᠭ ᠠᠵᠢ᠃ ᠭᠡᠬᠦ ᠳᠦ ᠪᠡᠨ ᠠᠯᠪᠠᠨ ᠪᠤᠰᠤ ᠲᠣᠭ᠎ᠠ ᠪᠠᠷᠢᠮᠲᠠ ᠪᠠᠷ ᠮᠤᠩᠭᠤᠯ ᠤᠯᠤᠰ ᠲᠤ 60000-80000 ᠡᠪᠡᠳᠴᠢᠲᠡᠨ ᠪᠠᠶᠢᠳᠠᠭ ᠭᠡᠵᠦ ᠦᠵᠡᠵᠦ ᠪᠠᠶᠢᠨ᠎ᠠ᠃

  • ᠵᠢᠯ ᠪᠦᠷᠢ ᠡᠨᠡ ᠡᠪᠡᠳᠴᠢᠨ ᠢᠶᠡᠷ 7 ᠵᠠᠭᠤᠨ ᠲᠦᠮᠡᠨ ᠬᠦᠮᠦᠨ ᠰᠢᠨ᠎ᠡ ᠪᠡᠷ ᠣᠨᠣᠰᠢᠯᠠᠭᠳᠠᠵᠤ ᠪᠠᠶᠢᠨ᠎ᠠ᠃
  • ᠵᠢᠯ ᠪᠦᠷᠢ ᠡᠨᠡ ᠡᠪᠡᠳᠴᠢᠨ ᠦ ᠤᠯᠠᠮ ᠠᠴᠠ 3-8 ᠵᠠᠭᠤᠨ ᠲᠦᠮᠡᠨ ᠬᠦᠮᠦᠨ ᠡᠨᠡ ᠬᠣᠷᠸ᠎ᠠ ᠶᠢ ᠣᠷᠬᠢᠵᠤ ᠪᠠᠶᠢᠨ᠎ᠠ᠃
  • ᠰᠢᠬᠢᠷ ᠦᠨ ᠰᠢᠵᠢᠩ ᠡᠪᠡᠳᠴᠢᠨ ᠦ ᠡᠪᠡᠳᠴᠢᠯᠡᠯ ᠥᠨᠳᠥᠷ ᠲᠡᠢ 10 ᠣᠷᠣᠨ ᠤ ᠳᠣᠯᠣᠭ᠎ᠠ ᠨᠢ ᠬᠥᠭᠵᠢᠵᠦ ᠪᠤᠢ ᠤᠯᠤᠰ ᠤᠳ ᠪᠤᠯᠤᠨ᠎ᠠ᠃
  • ᠰᠢᠬᠢᠷ ᠦᠨ ᠰᠢᠵᠢᠩ ᠡᠪᠡᠳᠴᠢᠲᠡᠢ ᠬᠦᠮᠦᠰ ᠦᠨ ᠲᠠᠯ᠎ᠠ ᠨᠢ 40-59 ᠨᠠᠰᠤᠨ ᠤ ᠬᠢᠨ ᠤᠯᠠᠨ ᠪᠤᠢ᠃ ᠲᠡᠳᠡᠨ ᠦ ᠳᠤᠲᠤᠷᠠᠬᠢ 70% ᠭᠠᠷᠤᠢ ᠬᠤᠪᠢ ᠨᠢ ᠬᠥᠭᠵᠢᠵᠦ ᠪᠤᠢ ᠤᠯᠤᠰ ᠣᠷᠣᠨ ᠳᠤ ᠠᠮᠢᠳᠤᠷᠠᠵᠤ ᠪᠠᠶᠢᠨ᠎ᠠ᠃

ᠡᠶᠢᠮᠦ ᠪᠠᠶᠢᠳᠠᠯ ᠢᠶᠠᠷ ᠴᠢᠨᠠᠭᠰᠢᠳᠠ ᠦᠷᠭᠦᠯᠵᠢᠯᠡᠪᠡᠯ 2025  ᠤᠨ ᠪᠤᠯᠬᠤ ᠳᠤ᠂ ᠡᠨᠡ ᠡᠪᠡᠳᠴᠢᠨ ᠢᠶᠡᠷ ᠡᠪᠡᠳᠴᠢᠯᠡᠭᠰᠡᠳ ᠦᠨ ᠲᠣᠭ᠎ᠠ ᠨᠢ 3 ᠳ᠋ᠦᠩᠰᠢᠭᠤᠷ 8ᠮᠢᠩᠭᠠᠨ ᠲᠦᠮᠡᠨ ᠬᠦᠮᠦᠨ ᠳᠤ ᠬᠦᠷᠦᠨ᠎ᠡ ᠭᠡᠰᠡᠨ ᠲᠣᠭᠠᠴᠠᠭ᠎ᠠ ᠪᠠᠶᠢᠳᠠᠭ᠃  ᠮᠤᠩᠭᠤᠯ ᠤᠯᠤᠰ ᠤᠨ ᠬᠤᠪᠢ ᠳᠤ᠂ 2005  ᠤᠨ ᠤ ᠰᠤᠳᠤᠯᠭ᠎ᠠ ᠪᠠᠷ 8.2 ᠬᠤᠪᠢ ᠶᠢᠨ ᠲᠠᠷᠬᠠᠯᠲᠠ ᠲᠠᠢ ᠪᠠᠶᠢᠨ᠎ᠠ᠃

 ᠨᠦᠯᠦᠭᠡᠯᠡᠬᠦ ᠬᠦᠴᠦᠨ ᠵᠦᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠤᠳᠤᠮᠰᠢᠯ
  2. ᠮᠠᠷᠢᠶᠠᠯᠲᠠ
  3. ᠴᠢᠰᠤᠨ ᠤ ᠳᠠᠷᠤᠯᠲᠠ ᠶᠡᠬᠡᠰᠬᠦ ᠡᠪᠡᠳᠴᠢᠨ᠂ ᠴᠢᠰᠤᠨ ᠤ ᠰᠤᠳᠠᠰᠤᠨ ᠤ ᠬᠠᠲᠠᠭᠤᠷᠠᠯ
  4. ᠴᠢᠰᠤᠨ ᠳᠤ ᠥᠭᠡᠬᠦ ᠲᠣᠰᠤᠨ ᠤ ᠬᠡᠮᠵᠢᠶ᠎ᠡ ᠶᠡᠬᠡ ᠪᠠᠶᠢᠬᠤ
  5. ᠬᠥᠳᠡᠯᠭᠡᠭᠡᠨ ᠦ ᠬᠣᠮᠰᠠᠳᠠᠯ
  6. ᠪᠤᠷᠤᠭᠤ ᠬᠣᠭᠣᠯᠠᠯᠠᠯᠲᠠ
  7. ᠰᠡᠳᠬᠢᠯ ᠰᠠᠨᠠᠭᠠᠨ ᠤ ᠰᠥᠷᠭᠦ ᠨᠥᠯᠥᠭᠡ
  8. ᠡᠮᠭᠡᠭ ᠵᠢᠷᠮᠦᠰᠦᠯᠡᠯᠲᠡ᠂ ᠵᠢᠷᠮᠦᠰᠦᠨ ᠦ ᠬᠣᠵᠢᠭᠤ ᠬᠣᠣᠷᠳᠠᠯᠭ᠎ᠠ᠂ 4.5 ᠍ ᠠᠴᠠ ᠳᠡᠭᠡᠭᠰᠢ ᠺᠯᠤᠭᠷᠠᠮ ᠬᠦᠨᠳᠦ ᠵᠢᠩ ᠲᠡᠢ ᠬᠡᠦᠬᠡᠳ ᠲᠥᠷᠥᠭᠦᠯᠬᠦ
  9. ᠬᠣᠣᠷᠲᠤ ᠵᠤᠷᠰᠢᠯ᠂ ᠠᠷᠢᠬᠢ ᠲᠠᠮᠠᠬᠢᠨ ᠤ ᠬᠡᠷᠡᠭᠯᠡᠭᠡ
  10. ᠬᠡᠲᠦ ᠶᠡᠬᠡ ᠬᠤᠷᠢᠴᠠᠯ ᠬᠢᠬᠦ

ᠡᠳᠡᠭᠡᠷ ᠦᠨ ᠨᠢᠭᠡ ᠡᠴᠡ ᠬᠣᠶᠠᠷ ᠲᠣᠬᠢᠶᠠᠯᠳᠤᠯ ᠲᠠᠩᠳᠠ ᠪᠠᠶᠢᠪᠠᠯ ᠰᠢᠬᠢᠷ ᠦᠨ ᠰᠢᠵᠢᠩ ᠡᠪᠡᠳᠴᠢᠨ ᠢᠶᠡᠷ ᠡᠪᠡᠳᠬᠦ ᠳᠤᠬᠢᠶᠠᠯᠳᠤᠮᠵᠢ ᠪᠠᠶᠢᠨ᠎ᠠ ᠭᠡᠰᠡᠨ ᠦᠭᠡ ᠪᠢᠯᠡ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠯᠲᠠᠭᠠᠨ ᠢᠶᠠᠷ ᠨᠢ
  •  ᠨᠢᠭᠡᠳᠦᠭᠡᠷ ᠬᠡᠯᠪᠡᠷᠢ ᠶᠢᠨ ᠰᠢᠬᠢᠷ ᠦᠨ ᠰᠢᠵᠢᠩ
  • ᠬᠤᠶᠠᠷᠳᠤᠭᠠᠷ ᠬᠡᠯᠪᠡᠷᠢ ᠶᠢᠨ ᠰᠢᠬᠢᠷ ᠦᠨ ᠰᠢᠵᠢᠩ
  • ᠰᠢᠨᠵᠢ ᠲᠡᠮᠳᠡᠭ ᠦᠨ ᠰᠢᠬᠢᠷ ᠦᠨ ᠰᠢᠵᠢᠩ
  • ᠵᠢᠷᠮᠦᠰᠦᠨ ᠦ ᠰᠢᠬᠢᠷ ᠦᠨ ᠰᠢᠵᠢᠩ
ᠵᠡᠷᠭᠡ ᠪᠡᠷ ᠨᠢ
  • ᠬᠥᠩᠭᠡᠨ
  • ᠳᠤᠮᠳᠠ
  • ᠬᠦᠨᠳᠦ

ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

  •  ᠨᠢᠭᠡᠳᠦᠭᠡᠷ ᠬᠡᠯᠪᠡᠷᠢ ᠶᠢᠨ ᠰᠢᠬᠢᠷ ᠦᠨ ᠰᠢᠵᠢᠩ - ᠢᠨᠰᠦᠯᠢᠨ ᠤ ᠲᠤᠶᠢᠯ ᠤᠨ ᠳᠤᠲᠠᠭᠳᠠᠯ (ᠨᠣᠶᠢᠷ ᠤᠨ ᠪᠤᠯᠴᠢᠷᠬᠠᠢ ᠶᠢᠨ ᠦᠢᠯᠡ ᠠᠵᠢᠯᠯᠠᠭᠠᠨ ᠤ ᠠᠯᠳᠠᠭᠳᠠᠯ ᠲᠠᠢ ᠬᠣᠯᠪᠣᠭᠠᠲᠠᠢ ᠪᠠᠷ ᠡᠭᠦᠰᠦᠨ᠎ᠡ᠃ ᠡᠭᠦᠨ ᠦ ᠤᠯᠠᠮ ᠠᠴᠠ ᠴᠢᠰᠤᠨ ᠳ᠋ᠠᠬᠢ ᠰᠢᠬᠢᠷ ᠤᠨ ᠬᠡᠮᠵᠢᠶ᠎ᠡ ᠶᠢ ᠵᠣᠬᠢᠴᠠᠭᠤᠯᠳᠠᠭ ᠢᠨᠰᠤᠯᠢᠨ ᠭᠡᠳᠡᠭ ᠨᠡᠷ᠎ᠡ ᠲᠡᠢ ᠬᠤᠷᠮᠤᠨ ᠢ ᠢᠯᠭᠠᠷᠠᠭᠤᠯᠬᠤ ᠪᠠᠨ ᠪᠣᠯᠢᠳᠠᠭ᠃ ᠶᠡᠬᠡᠪᠴᠢᠯᠡᠨ ᠪᠠᠭ᠎ᠠ ᠨᠠᠰᠤᠨ ᠤ ᠬᠡᠦᠬᠡᠳ)
  • ᠬᠤᠶᠠᠷᠳᠤᠭᠠᠷ ᠬᠡᠯᠪᠡᠷᠢ ᠶᠢᠨ ᠰᠢᠬᠢᠷ ᠦᠨ ᠰᠢᠵᠢᠩ - ᠢᠨᠰᠦᠯᠢᠨ ᠤ ᠬᠠᠷᠢᠴᠠᠩᠭᠤᠢ ᠳᠤᠲᠠᠭᠳᠠᠯ (ᠢᠨᠰᠦᠯᠢᠨ ᠦ ᠢᠯᠭᠠᠷᠠᠯᠲᠠ ᠬᠡᠪ ᠦᠨ ᠪᠠᠶᠢᠳᠠᠭ ᠴᠤ ᠪᠡᠶ᠎ᠡ ᠶᠢᠨ ᠡᠰ ᠦᠳ ᠢᠨᠰᠦᠯᠢᠨ ᠢ ᠮᠡᠳᠡᠷᠡᠬᠦ ᠪᠡᠨ ᠪᠠᠶᠢᠳᠠᠭ᠃ ᠬᠤᠶᠠᠷᠳᠤᠭᠠᠷ ᠲᠥᠷᠥᠯ ᠦᠨ ᠰᠢᠬᠢᠷ ᠦᠨ ᠰᠢᠵᠢᠩ ᠨᠢ ᠭᠣᠣᠯᠳᠠᠭᠤ 35 ᠪᠤᠶᠤ ᠲᠡᠭᠦᠨ ᠡᠴᠡ ᠳᠡᠭᠡᠭᠰᠢ ᠨᠠᠰᠤᠨ ᠤ ᠬᠢᠨ ᠳᠤ ᠢᠯᠡᠷᠡᠳᠡᠭ)᠃ ᠡᠨᠡ ᠨᠢ ᠬᠠᠮᠤᠭ ᠤᠨ ᠲᠦᠭᠡᠮᠡᠯ ᠪᠥᠭᠡᠳ ᠬᠣᠶᠢᠳᠤ ᠠᠮᠧᠷᠢᠺᠠ ᠶᠢᠨ ᠰᠢᠬᠢᠷ ᠦᠨ ᠰᠢᠵᠢᠩ ᠲᠡᠢ ᠬᠦᠮᠦᠰ ᠦᠨ 90% ᠨᠢ ᠬᠤᠶᠠᠷᠳᠤᠭᠠᠷ ᠲᠥᠷᠥᠯ ᠦᠨ ᠰᠢᠵᠢᠩ ᠲᠡᠢ ᠪᠠᠶᠢᠵᠠᠢ᠃ ᠢᠯᠠᠩᠭᠤᠶ᠎ᠠ ᠠᠮᠧᠷᠢᠺᠠ ᠶᠢᠨ ᠴᠥᠭᠡᠩᠬᠢ ᠬᠤᠪᠢ ᠶᠢ ᠡᠵᠡᠯᠡᠳᠡᠭ ᠯᠠᠲ᠋ᠢᠨ-ᠢᠰᠫᠠᠨᠢ᠂ ᠠᠹᠷᠢᠺᠠ-ᠠᠮᠧᠷᠢᠺᠠ᠂ ᠠᠽᠢᠶ᠎ᠠ᠂ ᠢᠨᠳᠢᠶᠠᠨᠴᠤᠳ ᠪᠣᠯᠤᠨ ᠠᠽᠢᠶ᠎ᠠ ᠨᠣᠮᠣᠬᠠᠨ ᠳᠠᠯᠠᠢ ᠶᠢᠨ ᠣᠷᠣᠨ ᠨᠤᠭᠤᠳ ᠠᠴᠠ ᠭᠠᠷᠤᠯ ᠲᠠᠢ ᠬᠦᠮᠦᠰ ᠤᠯᠠᠨ ᠪᠠᠶᠢᠳᠠᠭ᠃

ᠡᠨᠡ ᠪᠦᠯᠦᠭ ᠦᠨ ᠡᠬᠢᠨ ᠳᠦ ᠳᠤᠷᠠᠳᠤᠭᠰᠠᠨ ᠮᠡᠲᠦ᠂ ᠰᠡᠭᠦᠯ ᠦᠨ ᠦᠶ᠎ᠡ ᠳᠦ ᠬᠦᠮᠦᠰ ᠮᠠᠰᠢ ᠶᠡᠬᠡ ᠲᠠᠷᠭᠤᠯᠠᠵᠤ᠂ ᠶᠠᠮᠠᠷᠴᠤ ᠪᠡᠶ ᠡ ᠶᠢᠨ ᠪᠤᠯᠪᠠᠰᠤᠷᠠᠯ ᠬᠢᠬᠦ ᠦᠭᠡᠢ ᠪᠠᠶᠢᠭ᠎ᠠ ᠶᠢᠨ ᠤᠯᠠᠮ ᠠᠴᠠ ᠰᠢᠬᠢᠷ ᠦᠨ ᠰᠢᠵᠢᠩ ᠲᠡᠢ ᠬᠦᠮᠦᠰ ᠦᠨ ᠲᠣᠭ᠎ᠠ ᠨᠡᠮᠡᠭᠳᠡᠵᠦ ᠪᠠᠶᠢᠭ᠎ᠠ ᠪᠢᠯᠡ᠃ ᠶᠠᠭ ᠦᠨᠡᠨ ᠳᠦ ᠪᠡᠨ ᠰᠡᠭᠦᠯ ᠦᠨ ᠦᠶ᠎ᠡ ᠳᠦ ᠬᠤᠶᠠᠷᠳᠤᠭᠠᠷ ᠲᠥᠷᠥᠯ ᠦᠨ ᠰᠢᠬᠢᠷ ᠦᠨ ᠰᠢᠵᠢᠩ ᠲᠡᠢ ᠬᠡᠦᠬᠡᠳ ᠦᠳ ᠦᠨ ᠲᠣᠭ᠎ᠠ ᠮᠠᠰᠢ ᠶᠡᠬᠡ ᠨᠡᠮᠡᠭᠳᠡᠵᠦ ᠪᠠᠶᠢᠨ᠎ᠠ᠃ ᠮᠥᠨ ᠬᠤᠶᠠᠷᠳᠤᠭᠠᠷ ᠲᠥᠷᠥᠯ ᠦᠨ ᠰᠢᠬᠢᠷ ᠦᠨ ᠰᠢᠵᠢᠩ ᠨᠢ ᠦᠶ᠎ᠡ ᠤᠳᠤᠮ ᠢᠶᠠᠷ ᠳᠠᠮᠵᠢᠨ ᠢᠯᠡᠷᠡᠳᠡᠭ ᠪᠥᠭᠡᠳ ᠬᠦᠮᠦᠰ ᠤᠳᠤᠮ ᠰᠤᠳᠤᠷ ᠢᠶᠠᠨ ᠮᠡᠳᠡᠵᠦ ᠪᠠᠶᠢᠬᠤ ᠨᠢ ᠴᠢᠬᠤᠯᠠ ᠬᠡᠷᠡᠭ ᠪᠢᠯᠡ᠃ ᠭᠡᠬᠦ ᠳᠦ ᠪᠡᠨ ᠰᠢᠬᠢᠷ ᠦᠨ ᠰᠢᠵᠢᠩ ᠦᠨ ᠭᠣᠣᠯ ᠪᠤᠷᠤᠭᠤ ᠨᠢ ᠨᠣᠶᠢᠷ  ᠶᠢᠨ ᠪᠤᠯᠴᠢᠷᠬᠠᠢ ᠶᠢᠨ ᠳᠤ ᠪᠠᠶᠢᠭ᠎ᠠ ᠪᠧᠲ᠋ᠠᠡᠰᠡᠨ ᠨᠦᠭᠦᠳ ᠲᠦ ᠪᠢᠰᠢ ᠶᠤᠮ᠃ ᠰᠢᠬᠢᠷ ᠦᠨ ᠰᠢᠵᠢᠩ ᠨᠢ ᠭᠣᠣᠯᠳᠠᠭᠤ ᠬᠦᠮᠦᠨ ᠦ ᠪᠡᠶ᠎ᠡ ᠶᠢᠨ ᠵᠠᠷᠢᠮ ᠬᠡᠰᠡᠭ ᠲᠦ ᠪᠠᠶᠢᠷᠢᠰᠢᠯᠡᠵᠦ ᠪᠠᠶᠢᠳᠠᠭ ᠢᠨᠰᠦᠯᠢᠨ ᠤ ᠬᠦᠷᠲᠡᠬᠦᠢ ᠡᠴᠡ ᠪᠣᠯᠵᠤ ᠪᠤᠢ ᠪᠣᠯᠳᠠᠭ᠃ ᠢᠯᠠᠩᠭᠤᠶ᠎ᠠ ᠪᠤᠯᠴᠢᠩ ᠤᠨ ᠡᠰ ᠨᠦᠭᠦᠳ ᠲᠤ᠃ ᠡᠨᠡ ᠲᠣᠬᠢᠶᠠᠯᠳᠤᠯ ᠳᠤ ᠴᠢᠰᠤᠨ ᠳᠤ ᠪᠠᠶᠢᠭ᠎ᠠ ᠦᠵᠦᠮ ᠤᠨ ᠰᠢᠬᠢᠷ ᠨᠢ ᠡᠰ ᠨᠦᠭᠦᠳ ᠲᠦ ᠣᠴᠢᠬᠤ ᠪᠠᠨ ᠪᠣᠯᠢᠵᠤ ᠴᠢᠰᠤᠨ ᠳ᠋ᠠᠬᠢ ᠤᠰᠤ ᠦᠭᠡᠶᠢᠳᠡᠭᠰᠡᠨ ᠦᠵᠦᠮ ᠤᠨ ᠰᠢᠬᠢᠷ ᠤᠨ ᠬᠡᠮᠵᠢᠶ᠎ᠡ ᠶᠡᠬᠡᠰᠳᠡᠭ᠃ ᠬᠡᠳᠦᠢᠪᠡᠷ ᠨᠣᠶᠢᠷ ᠤᠨ ᠪᠤᠯᠴᠢᠷᠬᠠᠢ ᠨᠢ ᠡᠭᠦᠨ ᠲᠡᠢ ᠲᠡᠮᠡᠴᠡᠬᠦ ᠶᠢᠨ ᠲᠤᠯᠠᠳᠠ ᠢᠨᠰᠤᠯᠢᠨ ᠭᠠᠷᠭᠠᠳᠠᠭ ᠪᠣᠯᠪᠠᠴᠤ ᠬᠢᠵᠠᠭᠠᠷᠯᠠᠯᠲᠠ ᠲᠠᠢ ᠠᠵᠢᠯᠯᠠᠳᠠᠭ᠃ ᠡᠶᠢᠮᠦ ᠡᠴᠡ ᠲᠤᠬᠠᠢ ᠶᠢᠨ ᠡᠪᠡᠳᠴᠢᠨ ᠦ ᠦᠶ᠎ᠡ ᠪᠡᠷ ᠬᠡᠳᠦᠢᠪᠡᠷ ᠬᠠᠩᠭᠠᠯᠲᠠ ᠲᠠᠢ ᠢᠨᠰᠦᠯᠢᠨ ᠤ ᠬᠡᠮᠵᠢᠶ᠎ᠡ ᠪᠡᠶ ᠡ ᠳᠦ ᠪᠠᠶᠢᠭ᠎ᠠ ᠪᠣᠯᠪᠠᠴᠤ ᠴᠢᠰᠤᠨ ᠳ᠋ᠠᠬᠢ ᠤᠰᠤ ᠦᠭᠡᠶᠢᠳᠡᠭᠰᠡᠨ ᠦᠵᠦᠮ ᠤᠨ ᠰᠢᠬᠢᠷ ᠤᠨ ᠬᠡᠮᠵᠢᠶ᠎ᠡ ᠬᠡᠲᠦ ᠶᠡᠬᠡ ᠪᠠᠶᠢᠳᠠᠭ᠃ ᠢᠩᠭᠢᠭᠡᠳ ᠠᠭᠠᠵᠢᠮ ᠢᠶᠠᠷ ᠨᠣᠶᠢᠷ ᠤᠨ ᠪᠤᠯᠴᠢᠷᠬᠠᠢ ᠨᠢ ᠢᠨᠰᠤᠯᠢᠨ ᠢᠯᠭᠠᠷᠠᠭᠤᠯᠬᠤ ᠪᠠᠨ ᠪᠣᠯᠢᠵᠤ ᠡᠬᠢᠯᠡᠳᠡᠭ᠃ ᠶᠡᠷᠦ ᠨᠢ ᠪᠣᠯ ᠬᠤᠶᠠᠷᠳᠤᠭᠠᠷ ᠲᠥᠷᠥᠯ ᠦᠨ ᠰᠢᠵᠢᠩ ᠲᠡᠢ ᠬᠦᠮᠦᠰ ᠦᠨ ᠦᠶ᠎ᠡ ᠤᠳᠤᠮ ᠲᠠᠷᠭᠤᠯᠠᠬᠤ ᠠᠴᠠ ᠰᠡᠷᠭᠡᠶᠢᠯᠡᠵᠦ᠂ ᠥᠭᠡᠬᠦ ᠲᠣᠰᠣ ᠶᠡᠬᠡ ᠲᠡᠢ ᠮᠢᠬ᠎ᠠ ᠪᠠᠭ᠎ᠠ ᠪᠠᠭ᠎ᠠ ᠪᠠᠷ ᠢᠳᠡᠵᠦ᠂ ᠪᠠᠶᠢᠩᠭᠤ ᠪᠡᠶ ᠡ ᠶᠢᠨ ᠪᠤᠯᠪᠠᠰᠤᠷᠠᠯ ᠬᠢᠵᠦ ᠪᠠᠶᠢᠪᠠᠯ ᠰᠠᠶᠢᠨ᠃ ᠮᠥᠨ ᠴᠢᠰᠤᠨ ᠳ᠋ᠠᠬᠢ ᠬᠤᠷᠮᠤᠨ ᠤ ᠲᠦᠪᠰᠢᠨ ᠢ ᠲᠣᠭᠲᠠᠪᠤᠷᠢᠲᠠᠢ ᠪᠠᠶᠢᠯᠭᠠᠬᠤ ᠶᠢᠨ ᠲᠤᠯᠠᠳᠠ ᠸᠢᠲ᠋ᠠᠮᠢᠨ-6᠂ ᠹᠣᠯᠳᠤ ᠪᠣᠯᠤᠨ ᠸᠢᠲ᠋ᠠᠮᠢᠨ-12 ᠢ ᠬᠠᠩᠭᠠᠯᠲᠠᠲᠠᠢ ᠬᠡᠷᠡᠭᠯᠡᠵᠦ ᠪᠠᠶᠢᠪᠠᠯ ᠰᠠᠶᠢᠨ᠃

ᠬᠤᠶᠠᠷᠳᠤᠭᠠᠷ ᠲᠥᠷᠥᠯ ᠦᠨ ᠰᠢᠬᠢᠷ ᠦᠨ ᠰᠢᠵᠢᠩ ᠦᠨ 80% ᠭᠠᠷᠤᠢ ᠨᠢ ᠮᠠᠷᠢᠶᠠᠯᠠᠯᠲᠠ ᠲᠠᠢ ᠬᠣᠯᠪᠣᠭ᠎ᠠ ᠲᠠᠢ ᠪᠠᠶᠢᠳᠠᠭ (ᠢᠯᠠᠩᠭᠤᠶ᠎ᠠ ᠭᠡᠳᠡᠰᠦᠨ ᠦ ᠮᠠᠷᠢᠶᠠᠯᠠᠯᠲᠠ)᠃ ᠭᠡᠬᠦ ᠳᠦ ᠪᠡᠨ ᠴᠢᠰᠤᠨ ᠳ᠋ᠠᠬᠢ ᠰᠢᠬᠢᠷ ᠦᠨ ᠬᠡᠮᠵᠢᠶᠡᠨ ᠦ ᠶᠡᠬᠡᠰᠦᠯᠲᠡ ᠰᠢᠭᠤᠳ ᠮᠠᠷᠢᠶᠠᠯᠠᠯᠲᠠ ᠠᠴᠠ ᠪᠣᠯᠳᠠᠭ ᠦᠭᠡᠢ᠃ ᠭᠡᠬᠦ ᠳᠦ ᠪᠡᠨ ᠲᠤᠷᠠᠩᠬᠠᠢ ᠬᠦᠮᠦᠨ ᠴᠤ ᠬᠤᠶᠠᠷᠳᠤᠭᠠᠷ ᠲᠥᠷᠥᠯ ᠦᠨ ᠰᠢᠵᠢᠩ ᠲᠡᠢ ᠪᠣᠯᠳᠠᠭ᠃ ᠮᠠᠷᠢᠶᠠᠯᠠᠭᠰᠠᠨ ᠢᠶᠠᠷ ᠶᠡᠷᠦᠳᠡᠭᠡᠨ ᠯᠠ ᠢᠨᠰᠦᠯᠢᠨ ᠤ ᠡᠰᠡᠷᠬᠦ ᠲᠡᠮᠡᠴᠡᠯ ᠢ ᠪᠡᠶ ᠡ ᠳ᠋ᠠᠬᠢ ᠥᠭᠡᠬᠦ ᠲᠣᠰᠤᠨ ᠤ ᠬᠡᠮᠵᠢᠶ᠎ᠡ ᠨᠡᠮᠡᠭᠰᠡᠨ ᠪᠠᠶᠢᠨ᠎ᠠ᠃

ᠮᠠᠷᠢᠶᠠᠯᠠᠯᠲᠠ ᠲᠠᠢ ᠬᠣᠯᠪᠣᠭ᠎ᠠ ᠲᠠᠢ ᠬᠤᠶᠠᠷᠳᠤᠭᠠᠷ ᠲᠥᠷᠥᠯ ᠦᠨ ᠰᠢᠬᠢᠷ ᠦᠨ ᠰᠢᠵᠢᠩ ᠨᠢ ᠪᠠᠶ ᠡ ᠲᠦᠷᠠᠪᠠᠯ ᠠᠯᠠᠭ᠎ᠠ ᠪᠣᠯᠳᠠᠭ᠃ ᠤᠴᠢᠷ ᠨᠢ ᠥᠭᠡᠬᠦ ᠲᠣᠰᠣ ᠪᠠᠨ ᠬᠠᠶᠢᠯᠤᠭᠤᠯᠰᠤᠨ ᠢᠶᠠᠷ ᠢᠨᠰᠦᠯᠢᠨ ᠤ ᠡᠰᠡᠷᠬᠦ ᠲᠡᠮᠡᠴᠡᠳᠡᠭ ᠠᠮᠢᠲᠠᠨ ᠤ ᠲᠣᠰᠤᠨ ᠤ ᠡᠰ ᠨᠦᠭᠦᠳ ᠨᠢ ᠵᠢᠵᠢᠭᠦᠷᠴᠢ ᠬᠦᠮᠦᠨ ᠦ ᠪᠡᠶ ᠡ ᠳᠦ ᠬᠡᠷᠡᠭᠲᠡᠢ ᠬᠣᠷᠮᠣᠨ ᠭᠠᠷᠭᠠᠵᠤ ᠡᠬᠢᠯᠡᠳᠡᠭ᠃ ᠡᠨᠡ ᠬᠣᠷᠮᠣᠨ ᠨᠢ ᠤᠰᠤ ᠦᠭᠡᠶᠢᠳᠡᠭᠰᠡᠨ ᠦᠵᠦᠮ ᠤᠨ ᠰᠢᠬᠢᠷ ᠤᠨ ᠡᠰᠡᠷᠬᠦ ᠢᠨᠰᠦᠯᠢᠨ ᠤ ᠦᠢᠯᠡ ᠠᠵᠢᠯᠯᠠᠭᠠᠨ ᠳᠤ ᠲᠤᠰᠠ ᠦᠵᠡᠭᠦᠯᠳᠡᠭ ᠠᠵᠢ᠃ ᠡᠶᠢᠮᠦ ᠡᠴᠡ ᠰᠢᠬᠢᠷ ᠦᠨ ᠰᠢᠵᠢᠩ ᠲᠡᠢ ᠬᠦᠮᠦᠰ ᠲᠤᠷᠠᠬᠤ ᠯᠠ ᠬᠡᠷᠡᠭᠲᠡᠢ᠃ ᠮᠥᠨ ᠡᠮ ᠤᠤᠭᠤᠬᠤ ᠨᠢ ᠡᠪᠡᠳᠴᠢᠨ ᠢ ᠨᠠᠮᠳᠠᠭᠠᠬᠤ ᠳᠤ ᠦᠷ᠎ᠡ ᠳ᠋ᠦᠩ ᠦᠵᠡᠭᠦᠯᠦᠨ᠎ᠡ᠃ ᠵᠢᠱᠢᠶᠡᠯᠡᠪᠡᠯ ᠡᠯᠢᠭᠡᠨ ᠦ ᠦᠵᠦᠮ ᠤᠨ ᠰᠢᠬᠢᠷ ᠪᠣᠯᠪᠠᠰᠤᠷᠠᠭᠤᠯᠳᠠᠭ ᠦᠢᠯᠡ ᠠᠵᠢᠯᠯᠠᠭ᠎ᠠ ᠶᠢ ᠪᠠᠭᠠᠰᠠᠭᠳᠠᠭ ᠡᠮ ᠨᠦᠭᠦᠳ ᠪᠠᠶᠢᠨ᠎ᠠ᠃

  • ᠰᠢᠨᠵᠢ ᠲᠡᠮᠳᠡᠭ ᠦᠨ ᠰᠢᠬᠢᠷ ᠦᠨ ᠰᠢᠵᠢᠩ - ᠦᠨᠳᠦᠰᠦᠨ ᠡᠪᠡᠳᠴᠢᠨ ᠪᠤᠰᠤ ᠥᠭᠡᠷ᠎ᠡ ᠡᠪᠡᠳᠴᠢᠨ ᠦ ᠰᠠᠭᠤᠷᠢᠨ ᠳᠡᠭᠡᠷ᠎ᠡ ᠡᠭᠦᠰᠴᠤ ᠪᠤᠢ ᠡᠮᠭᠡᠭ
    •  ᠨᠣᠶᠢᠷ ᠦᠨ ᠪᠤᠯᠴᠢᠷᠬᠠᠢ ᠶᠢᠨ ᠤᠳᠤᠮᠰᠢᠯ ᠤᠨ ᠡᠮᠭᠡᠭ
    • ᠡᠮ ᠦᠨ ᠪᠣᠯᠤᠨ ᠬᠢᠮᠢ ᠶᠢᠨ ᠪᠣᠳᠠᠰ ᠤᠨ ᠨᠥᠯᠥᠭᠡᠯᠡᠯ
    • ᠬᠠᠯᠳᠠᠪᠤᠷᠢ
    • ᠳᠠᠷᠬᠠᠯᠠᠯ ᠲᠣᠭᠲᠠᠯᠴᠠᠭᠠᠨ ᠤ ᠤᠷᠢᠳᠠᠯ ᠥᠭᠡᠷᠡᠴᠢᠯᠡᠯᠲᠡ
    • ᠮᠠᠷᠢᠶᠠᠯᠠᠯᠲᠠ
    •  ᠨᠣᠶᠢᠷ ᠦᠨ ᠪᠤᠯᠴᠢᠷᠬᠠᠢ ᠶᠢᠨ ᠡᠪᠡᠳᠴᠢᠨ᠂ ᠬᠣᠣᠷᠲᠤ ᠬᠠᠪᠤᠳᠠᠷ᠂ ᠨᠣᠶᠢᠷ ᠦᠨ ᠪᠤᠯᠴᠢᠷᠬᠠᠢ ᠶᠢᠨ ᠦᠷᠪᠢᠰᠦᠯ
    • ᠬᠡᠪᠡᠯᠢ᠂ ᠲᠠᠷᠢᠬᠢᠨ ᠤ ᠭᠡᠮᠲᠦᠯ ᠦᠳ ᠵᠡᠷᠭᠡ᠃
  • ᠵᠢᠷᠮᠦᠰᠦᠨ ᠦ ᠰᠢᠬᠢᠷ ᠦᠨ ᠰᠢᠵᠢᠩ - ᠵᠢᠷᠮᠦᠰᠦᠨ ᠦ ᠶᠠᠪᠤᠴᠠ ᠳᠤ ᠡᠮᠡᠭᠲᠡᠢ ᠬᠦᠮᠦᠨ ᠦ ᠴᠢᠰᠤᠨ ᠳᠤ ᠰᠢᠬᠢᠷ ᠶᠡᠬᠡᠰᠳᠡᠭ᠃ ᠨᠢᠭᠡᠨᠲᠡ ᠶᠡᠬᠡᠰᠦᠭᠰᠡᠨ ᠰᠢᠬᠢᠷ ᠤᠨ ᠬᠡᠮᠵᠢᠶ᠎ᠡ ᠪᠠᠭᠤᠷᠠᠬᠤ ᠦᠭᠡᠢ ᠲᠣᠬᠢᠶᠠᠯᠳᠤᠯ ᠳᠤ ᠰᠢᠬᠢᠷ ᠦᠨ ᠰᠢᠵᠢᠩ ᠢᠶᠡᠷ ᠡᠪᠡᠳᠬᠦ ᠮᠠᠭᠠᠳᠯᠠᠯ ᠶᠡᠬᠡᠰᠦᠨ᠎ᠡ᠃

ᠭᠠᠷᠴᠤ ᠪᠣᠯᠬᠤ ᠰᠢᠨᠵᠢ ᠲᠡᠮᠳᠡᠭ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠮᠠ ᠴᠠᠩᠭᠠᠬᠤ᠂ ᠬᠠᠲᠠᠬᠤ
  • ᠣᠳᠠᠬᠤ ᠦᠭᠡᠢ ᠰᠢᠭᠡᠰᠦ ᠬᠦᠷᠬᠦ
  •  ᠶᠠᠳᠠᠷᠠᠴᠤ ᠰᠤᠯᠳᠠᠬᠤ᠂ ᠲᠤᠷᠠᠬᠤ
  • ᠰᠢᠷᠬ᠎ᠠ ᠤᠳᠠᠭᠠᠨ ᠡᠳᠡᠭᠡᠷᠡᠬᠦ᠂ ᠡᠪᠡᠳᠴᠢᠯᠡᠮᠡᠲᠡᠭᠡᠢ ᠪᠣᠯᠬᠤ
  • ᠬᠠᠷ᠎ᠠ ᠮᠠᠭᠤᠳᠠᠬᠤ
  •  ᠨᠣᠶᠢᠷ ᠳᠤ ᠮᠠᠭᠤ ᠪᠣᠯᠬᠤ
  • ᠠᠷᠠᠰᠤ ᠵᠠᠭᠠᠳᠤᠨᠠᠬᠤ

ᠡᠮᠨᠡᠯᠭᠡ ᠵᠦᠢ᠂ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  •  ᠨᠢᠭᠡᠳᠦᠭᠡᠷ ᠬᠡᠯᠪᠡᠷᠢ ᠶᠢᠨ ᠰᠢᠬᠢᠷ ᠦᠨ ᠰᠢᠵᠢᠩ ᠦᠨ ᠦᠶ᠎ᠡ ᠳᠦ ᠵᠠᠷᠢᠮ ᠳᠤ ᠪᠠᠨ ᠪᠡᠶ᠎ᠡ ᠢᠯᠡᠷᠬᠡᠢ ᠰᠤᠯᠠᠷᠠᠨ᠂ ᠬᠡᠪᠡᠯᠢ ᠪᠡᠷ ᠡᠪᠡᠳᠬᠦ᠂ ᠪᠥᠭᠡᠯᠵᠢᠭᠦᠯᠵᠦ᠂ ᠠᠮᠠᠨ ᠠᠴᠠ ᠠᠼᠧᠲ᠋ᠣᠨ(丙酮) ᠦᠨᠦᠷᠳᠦᠬᠦ ᠵᠡᠷᠭᠡ ᠰᠢᠨᠵᠢ ᠲᠡᠮᠳᠡᠭ ᠢᠯᠡᠷᠡᠭᠰᠡᠨ ᠦ ᠳᠠᠷᠠᠭ᠎ᠠ᠂ ᠪᠡᠶ᠎ᠡ ᠶᠢᠨ ᠪᠠᠶᠢᠳᠠᠯ ᠡᠷᠡᠰ ᠮᠠᠭᠤᠳᠠᠳᠠᠭ᠃ ᠬᠡᠷᠪᠡ ᠺᠧᠲ᠋ᠣᠠᠼᠢᠳᠣᠽ ᠡᠭᠦᠰᠦᠭᠰᠡᠨ ᠦᠶ᠎ᠡ ᠳᠦ ᠶᠠᠭᠠᠷᠠᠯᠲᠠᠢ ᠣᠨᠣᠰᠢᠯᠠᠨ᠂ ᠪᠣᠭᠣᠨᠢ ᠬᠤᠭᠤᠴᠠᠭᠠᠨ ᠳᠤ ᠠᠷᠢᠯᠭᠠᠬᠤ ᠦᠭᠡᠢ ᠪᠣᠯ ᠬᠦᠮᠦᠨ ᠤᠬᠠᠭᠠᠨ ᠠᠯᠳᠠᠵᠤ᠂ ᠤᠯᠠᠮ ᠢᠶᠠᠷ ᠦᠬᠦᠬᠦ ᠠᠶᠤᠯᠲᠠᠢ᠃
  • ᠬᠣᠶᠠᠳᠤᠭᠠᠷ ᠲᠥᠷᠥᠯ ᠦᠨ ᠰᠢᠬᠢᠷ ᠦᠨ ᠰᠢᠵᠢᠩ ᠨᠢ ᠭᠣᠣᠯ ᠲᠥᠯᠥᠪ ᠤᠳᠠᠭᠠᠨ ᠬᠤᠭᠤᠴᠠᠭᠠᠨ ᠳᠤ ᠠᠭᠠᠵᠢᠮ ᠢᠶᠠᠷ ᠡᠭᠦᠰᠦᠨ᠎ᠡ᠃
  • ᠢᠨᠰᠤᠯᠢᠨ ᠳᠤᠲᠠᠭᠳᠠᠭᠰᠠᠨ ᠦᠶ᠎ᠡ ᠳᠦ ᠪᠡᠶ᠎ᠡ ᠮᠠᠬᠠᠪᠣᠳ ᠦᠵᠦᠮ ᠤᠨ ᠰᠢᠬᠢᠷ ᠢ ᠰᠢᠩᠭᠡᠭᠡᠵᠦ ᠴᠢᠳᠠᠬᠤ ᠪᠠᠨ ᠪᠠᠶᠢᠭᠰᠠᠨ ᠢᠶᠠᠷ᠂ ᠦᠵᠦᠮ ᠤᠨ ᠰᠢᠬᠢᠷ ᠨᠢ ᠴᠢᠰᠤᠨ ᠳᠤ ᠬᠤᠷᠠᠮᠲᠤᠯᠠᠭᠳᠠᠳᠠᠭ᠃ ᠡᠳᠡᠭᠡᠷ ᠰᠢᠬᠢᠷ ᠤᠨ ᠢᠯᠡᠭᠦᠳᠡᠯ ᠨᠢ ᠰᠢᠭᠡᠰᠦ ᠪᠡᠷ ᠢᠯᠭᠠᠷᠴᠤ᠂ ᠣᠯᠠᠨ ᠤᠳᠠᠭ᠎ᠠ ᠰᠢᠭᠡᠰᠦ ᠬᠦᠷᠤᠨ᠎ᠡ᠃ ᠤᠯᠠᠮ ᠢᠶᠠᠷ ᠰᠢᠩᠭᠡᠨ ᠶᠡᠬᠡ ᠬᠡᠮᠵᠢᠶ᠎ᠡ ᠪᠡᠷ ᠠᠯᠳᠠᠳᠠᠭ ᠲᠤᠯᠠ ᠪᠠᠶᠢᠩᠭᠤ ᠠᠮᠠ ᠴᠠᠩᠭᠠᠵᠤ᠂ ᠤᠰᠤ᠂ ᠰᠢᠩᠭᠡᠨ ᠵᠦᠢᠯ ᠶᠡᠬᠡ ᠪᠡᠷ ᠬᠡᠷᠡᠭᠯᠡᠬᠦ ᠳᠦ ᠬᠦᠷᠭᠡᠨ᠎ᠡ᠃ ᠰᠢᠬᠢᠷ ᠦᠨ ᠰᠢᠵᠢᠩ ᠨᠢ ᠨᠡᠭᠦᠷᠡᠰᠦ ᠤᠰᠤᠨ ᠤ ᠰᠣᠯᠢᠯᠴᠠᠭᠠᠨ ᠤ ᠬᠢᠮᠤᠷᠠᠯ ᠳᠤ ᠬᠦᠷᠭᠡᠭᠰᠡᠨ ᠦ ᠤᠯᠠᠮ ᠠᠴᠠ ᠪᠡᠶ᠎ᠡ ᠮᠠᠬᠠᠪᠣᠳ ᠳᠤ ᠶᠠᠪᠤᠭᠳᠠᠳᠠᠭ ᠠᠮᠢᠨ ᠴᠢᠬᠤᠯᠠ ᠪᠦᠬᠦ ᠯᠠ ᠶᠠᠪᠤᠴᠠ ᠦᠳ ᠬᠢᠮᠤᠷᠠᠨ᠎ᠠ᠃

ᠣᠨᠣᠰᠢᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠡᠮᠨᠡᠯᠭᠡ ᠵᠦᠢ ᠶᠢᠨ ᠰᠢᠨᠵᠢ ᠢᠯᠡᠷᠡᠪᠡᠯ ᠡᠮᠴᠢ ᠳᠦ ᠬᠠᠨᠳᠤᠬᠤ
  • ᠥᠯᠥᠨ ᠦᠶ᠎ᠡ ᠶᠢᠨ ᠴᠢᠰᠤᠨ ᠤ ᠰᠢᠬᠢᠷ ᠲᠣᠳᠣᠷᠬᠠᠶᠢᠯᠠᠬᠤ
  • ᠦᠵᠦᠮ ᠤᠨ ᠰᠢᠬᠢᠷ ᠤᠨ ᠠᠴᠢᠶᠠᠯᠠᠯ ᠲᠠᠢ ᠰᠣᠷᠢᠯ ᠬᠢᠬᠦ
  • ᠰᠢᠭᠡᠰᠦᠨ ᠳᠦ ᠺᠧᠲ᠋ᠣᠨ ᠤ ᠪᠡᠶ᠎ᠡ ᠪᠠ ᠦᠵᠦᠮ ᠤᠨ ᠰᠢᠬᠢᠷ ᠢᠯᠡᠷᠡᠭᠦᠯᠬᠦ ᠰᠢᠨᠵᠢᠯᠡᠭᠡ᠃
  • ᠴᠢᠰᠤᠨ ᠳ᠋ᠠᠬᠢ ᠭᠯᠢᠺᠣᠽᠢᠯ ᠪᠤᠯᠤᠭᠰᠠᠨ ᠭᠧᠮᠣᠭᠣᠯᠣᠪᠢᠨ ᠤ ᠬᠡᠮᠵᠢᠶ᠎ᠡ ᠶᠢ ᠲᠣᠳᠣᠷᠬᠠᠶᠢᠯᠠᠨ᠎ᠠ
  • ᠴᠢᠰᠤᠨ ᠳ᠋ᠠᠬᠢ ᠢᠨᠰᠤᠯᠢᠨ ᠪᠠ ᠰᠫᠧᠫᠲ᠋ᠢᠳ᠋ ᠍ ᠢ ᠲᠣᠳᠣᠷᠬᠠᠶᠢᠯᠠᠨ᠎ᠠ᠃ ᠰᠢᠬᠢᠷ ᠦᠨ ᠰᠢᠵᠢᠩ ᠦᠨ ᠨᠢᠭᠡᠳᠦᠭᠡᠷ ᠬᠡᠯᠪᠡᠷᠢ ᠶᠢᠨ ᠦᠶ᠎ᠡ ᠳᠦ ᠢᠨᠰᠤᠯᠢᠨ ᠪᠠ ᠰᠫᠧᠫᠲ᠋ᠢᠳ᠋ ᠬᠠᠷᠢᠴᠠᠩᠭᠤᠢ ᠪᠠᠷ ᠪᠠᠭᠠᠰᠤᠨ᠎ᠠ᠂ ᠬᠠᠷᠢᠨ ᠬᠣᠶᠠᠳᠤᠭᠠᠷ ᠬᠡᠯᠪᠡᠷᠢ ᠶᠢᠨ ᠦᠶ᠎ᠡ ᠳᠦ ᠬᠡᠪ ᠦᠨ ᠬᠡᠮᠵᠢᠶᠡᠨ ᠳᠦ ᠪᠠᠶᠢᠨ᠎ᠠ᠃

ᠡᠮᠴᠢᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠰᠤᠷᠭᠠᠯᠲᠠ
  • ᠬᠣᠭᠣᠯᠠ
  • ᠢᠳᠡᠪᠬᠢᠲᠡᠢ ᠬᠥᠳᠡᠯᠭᠡᠭᠡᠨ
  • ᠰᠢᠬᠢᠷ ᠪᠠᠭᠤᠷᠠᠭᠤᠯᠬᠤ ᠡᠮ ᠦᠨ ᠡᠮᠴᠢᠯᠡᠭᠡ
  • ᠢᠨᠰᠤᠯᠢᠨ ᠡᠮᠴᠢᠯᠡᠭᠡ  ᠨᠢᠭᠡᠳᠦᠭᠡᠷ ᠬᠡᠯᠪᠡᠷᠢ ᠶᠢᠨ ᠰᠢᠬᠢᠷ ᠰᠢᠵᠢᠩ ᠍ ᠦᠨ ᠡᠮᠴᠢᠯᠡᠭᠡ

ᠡᠨᠡ ᠦᠶ᠎ᠡ ᠳᠦ ᠢᠳᠡᠪᠬᠢᠲᠡᠢ ᠬᠥᠳᠡᠯᠭᠡᠭᠡᠨ᠂ ᠬᠣᠭᠣᠯᠠ ᠡᠮᠴᠢᠯᠡᠭᠡ᠂ ᠰᠤᠷᠭᠠᠯᠲᠠ ᠢᠨᠰᠤᠯᠢᠨ ᠡᠮᠴᠢᠯᠡᠭᠡ ᠶᠢ ᠬᠠᠪᠰᠤᠷᠤᠨ ᠶᠠᠪᠤᠭᠤᠯᠤᠨ᠎ᠠ᠃ ᠬᠣᠭᠣᠯᠠ ᠡᠮᠴᠢᠯᠡᠭᠡᠨ ᠦ ᠶᠡᠷᠦᠩᠬᠡᠢ ᠵᠠᠷᠴᠢᠮ:

ᠬᠤᠷᠳᠤᠨ ᠰᠢᠩᠭᠡᠭᠡᠬᠦ ᠬᠣᠭᠣᠯᠠ ᠶᠢ ᠬᠣᠷᠢᠭᠯᠠᠨ᠎ᠠ᠃(ᠨᠡᠭᠦᠷᠡᠰᠦ ᠤᠰᠤ ᠠᠭᠤᠯᠠᠭᠰᠠᠨ ᠬᠦᠨᠡᠰᠦ ᠨᠦᠭᠦᠳ᠂ ᠵᠢᠱᠢᠶ᠎ᠡ ᠨᠢ ᠡᠯᠡᠰᠦᠨ ᠰᠢᠬᠢᠷ᠂ ᠵᠥᠭᠡᠢ ᠶᠢᠨ ᠪᠠᠯ᠂ ᠰᠢᠬᠢᠷᠯᠢᠭ ᠤᠮᠳᠠᠭ᠎ᠠ᠂ ᠪᠢᠯᠠᠭᠤ᠂ ᠵᠢᠩᠨᠡᠮᠡᠭ)

ᠬᠦᠨᠳᠦᠷᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠴᠠ ᠬᠦᠨᠳᠦᠷᠡᠯ ᠭᠡᠳᠡᠭ ᠨᠢ

  • ᠰᠢᠬᠢᠷ ᠶᠡᠬᠡᠳᠡᠯᠲᠡ - ᠰᠢᠬᠢᠷ ᠶᠡᠬᠡᠳᠡᠯᠲᠡ ᠶᠢᠨ ᠺᠣᠮ ᠭᠡᠳᠡᠭ ᠨᠢ ᠤᠭ ᠡᠪᠡᠳᠴᠢᠨ ᠣᠨᠣᠰᠢᠯᠠᠭᠳᠠᠬᠤ ᠦᠭᠡᠢ᠂ ᠲᠤᠬᠠᠢ ᠶᠢᠨ ᠬᠦᠮᠦᠨ ᠮᠡᠳᠡᠬᠦ ᠦᠭᠡᠢ ᠡᠰᠡᠪᠡᠯ ᠬᠣᠭᠣᠯᠠᠨ ᠤ ᠳᠢᠭ᠍ᠯᠢᠮ ᠪᠠᠷᠢᠬᠤ ᠦᠭᠡᠢ᠂ ᠰᠢᠬᠢᠷ ᠪᠠᠭᠤᠷᠠᠭᠤᠯᠬᠤ ᠡᠮᠴᠢᠯᠡᠭᠡ ᠬᠢᠯᠭᠡᠬᠦ ᠦᠭᠡᠢ ᠪᠠᠶᠢᠭ᠎ᠠ ᠲᠣᠬᠢᠶᠠᠯᠳᠤᠯ ᠳᠤ ᠰᠢᠬᠢᠷ ᠶᠡᠬᠡᠰᠴᠦ ᠺᠣᠮ ᠳᠦ ᠣᠷᠣᠵᠤ ᠤᠬᠠᠭᠠᠨ ᠠᠯᠳᠠᠬᠤ
  • ᠰᠢᠬᠢᠷ ᠪᠠᠭᠠᠳᠠᠯᠲᠠ ᠶᠢᠨ ᠺᠣᠮ ᠤᠳ – ᠰᠢᠬᠢᠷ ᠪᠠᠭᠠᠳᠠᠯᠲᠠ ᠶᠢᠨ ᠺᠣᠮ ᠭᠡᠳᠡᠭ ᠰᠢᠬᠢᠷ ᠬᠢᠨᠠᠯ ᠦᠭᠡᠢ ᠪᠡᠷ ᠰᠢᠬᠢᠷ ᠪᠠᠭᠤᠷᠠᠭᠤᠯᠬᠤ ᠡᠮ ᠲᠠᠩ ᠢ ᠬᠡᠲᠦᠷᠡᠭᠦᠯᠵᠦ ᠤᠤᠭᠤᠬᠤ᠂ ᠤᠳᠠᠭᠠᠨ ᠥᠯᠥᠨ ᠪᠠᠶᠢᠬᠤ ᠵᠡᠷᠭᠡ ᠡᠴᠡ ᠰᠢᠯᠲᠠᠭᠠᠯᠠᠨ ᠺᠣᠮ ᠳᠦ ᠣᠷᠣᠬᠤ ᠶᠢ ᠬᠡᠯᠡᠨ᠎ᠡ᠃

ᠡᠨᠡ ᠬᠤᠶᠠᠷ ᠬᠦᠨᠳᠦᠷᠡᠯ ᠦᠨ ᠲᠤᠬᠠᠢ ᠰᠢᠬᠢᠷ ᠰᠢᠵᠢᠩ ᠍ ᠲᠡᠢ ᠬᠦᠮᠦᠨ ᠪᠣᠯᠤᠨ ᠠᠷᠤ ᠭᠡᠷ ᠦᠨ ᠬᠢᠨ ᠵᠠᠪᠠᠯ ᠮᠡᠳᠡᠵᠦ ᠪᠠᠶᠢᠬᠤ ᠶᠣᠰᠣᠲᠠᠢ᠃

ᠠᠷᠬᠠᠭ ᠬᠦᠨᠳᠦᠷᠡᠯ ᠦᠳ ᠲᠦ

  • ᠪᠥᠭᠡᠷ᠎ᠡ ᠠᠷᠬᠠᠭ ᠳᠤᠲᠠᠭᠳᠠᠯ ᠳᠤ ᠤᠷᠤᠬᠤ
  •  ᠨᠢᠳᠦ ᠰᠤᠬᠤᠷᠠᠬᠤ
  • ᠬᠥᠯ ᠦᠨ ᠬᠦᠨᠳᠦᠷᠡᠯ ᠣᠷᠣᠨ᠎ᠠ᠃

ᠰᠤᠳᠠᠰᠤᠨ ᠤ ᠬᠦᠨᠳᠦᠷᠡᠯ ᠦᠨ ᠤᠯᠠᠮ ᠠᠴᠠ ᠬᠥᠯ ᠢᠶᠡᠨ ᠲᠠᠭᠠᠷᠢᠭᠤᠯᠬᠤ᠂ ᠵᠢᠷᠦᠬᠡᠨ ᠦ ᠰᠢᠭᠢᠳᠦᠭᠡᠰᠦ ᠪᠣᠯᠤᠨ ᠵᠡᠷᠭᠡ ᠬᠦᠨᠳᠦᠷᠡᠯ ᠦᠳ ᠡᠭᠦᠰᠳᠡᠭ᠃

ᠤᠷᠢᠳᠴᠢᠯᠠᠨ ᠰᠡᠷᠭᠡᠶᠢᠯᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠡᠷᠡᠭᠦᠯ ᠵᠥᠪ ᠬᠣᠭᠣᠯᠠᠯᠠᠬᠤ ᠬᠣᠭᠣᠯᠠᠨ ᠤ ᠵᠣᠷ ᠬᠢᠵᠦ ᠮᠥᠷᠳᠡᠬᠦ
  • ᠢᠳᠡᠪᠬᠢ ᠲᠡᠢ ᠳᠠᠰᠬᠠᠯ ᠬᠥᠳᠡᠯᠭᠡᠭᠡᠨ ᠬᠢᠬᠦ
  • ᠢᠯᠡᠭᠦᠳᠡᠯ ᠵᠢᠩ ᠦᠭᠡᠢ ᠪᠠᠶᠢᠬᠤ᠂ ᠢᠯᠡᠭᠦᠳᠡᠯ ᠵᠢᠩ ᠲᠡᠢ ᠪᠣᠯ ᠲᠡᠭᠦᠨ ᠢ ᠪᠡᠨ ᠬᠠᠰᠤᠬᠤ
  • ᠬᠣᠣᠷᠲᠤ ᠵᠤᠷᠰᠢᠯ ᠠᠴᠠ ᠲᠠᠲᠠᠭᠠᠯᠵᠠᠬᠤ

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠯ ᠪᠦᠷᠢ ᠶᠢᠨ 11 ᠰᠠᠷ᠎ᠠ ᠶᠢᠨ 14 ᠍ ᠦ ᠡᠳᠦᠷ ᠢ 1991 ᠤᠨ ᠠᠴᠠ ᠡᠬᠢᠯᠡᠨ ᠳᠡᠯᠡᠬᠡᠢ ᠳᠠᠶᠠᠭᠠᠷ ᠰᠢᠬᠢᠷ ᠦᠨ ᠰᠢᠵᠢᠩ ᠡᠪᠡᠳᠴᠢᠨ ᠲᠡᠢ ᠲᠡᠮᠡᠴᠡᠬᠦ ᠡᠳᠦᠷ ᠪᠣᠯᠭᠠᠨ ᠵᠠᠷᠯᠠᠭᠰᠠᠨ ᠶᠤᠮ᠃

ᠪᠢᠴᠢᠭᠡᠰᠦ