ᠰᠢᠪᠸᠷᠢᠶ ᠠ ᠶᠢᠨ ᠪᠠᠷᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠪᠸᠷᠢᠶ ᠠ ᠶᠢᠨ ᠪᠠᠷᠰ
Tiger-zoologie.de0001 22.JPG
ᠬᠣᠪᠣᠷᠳᠠᠯᠲᠠ ᠶᠢᠨ ᠵᠡᠷᠭᠡᠯᠡᠯ
Status iucn3.1 CR.svg
ᠨᠡᠩ ᠬᠣᠪᠣᠷ (ОУБХХ)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠮᠣᠣᠷ ᠤᠨ ᠠᠢᠮᠠᠭ
ᠲᠥᠷᠥᠯ: Panthera
ᠵᠦᠢᠯ: ᠪᠠᠷᠰ
ᠳᠡᠳ᠋ ᠵᠦᠢᠯ: ᠰᠢᠪᠸᠷᠢᠶ ᠠ ᠶᠢᠨ ᠪᠠᠷᠰ
ᠯᠠᠲ᠋ᠢᠨ ᠨᠡᠷ᠎ᠡ
Panthera tigris altaica
ᠺᠣᠧᠩᠷᠠᠭᠠᠳ ᠶᠠᠺᠣᠪ ᠲᠦᠮᠮᠢᠨᠺ᠂ 1884
ᠰᠢᠪᠸᠷᠢᠶ ᠠ ᠶᠢᠨ ᠪᠠᠷᠰ ᠤᠨ ᠲᠠᠷᠬᠠᠯᠲᠠ (ᠤᠯᠠᠭᠠᠨ ᠢᠶᠠᠷ)
ᠰᠢᠪᠸᠷᠢᠶ ᠠ ᠶᠢᠨ ᠪᠠᠷᠰ ᠤᠨ ᠲᠠᠷᠬᠠᠯᠲᠠ (ᠤᠯᠠᠭᠠᠨ ᠢᠶᠠᠷ)

ᠰᠢᠪᠸᠷᠢᠶ ᠠ ᠶᠢᠨ ᠪᠠᠷᠰ (Panthera tigris altaica), ᠲᠡᠭᠦᠨᠴᠢᠯᠡᠨ ᠬᠠᠷ᠎ᠠ ᠮᠥᠷᠡᠨ ᠦ ᠪᠠᠷᠰ, ᠮᠠᠨᠵᠤᠤᠷ ᠤᠨ ᠪᠠᠷᠰ, ᠤᠰᠠᠰᠤᠷ ᠤᠨ ᠪᠠᠷᠰ ᠭᠡᠵᠦ ᠨᠡᠷᠡᠰᠢᠭᠰᠡᠨ ᠪᠠᠷᠰ ᠍ ᠤᠨ (P. tigris) ᠳᠡᠳ᠋ ᠵᠦᠢᠯ ᠠᠯᠤᠰ ᠳᠣᠷᠣᠨᠠᠲᠤ ᠍ ᠤᠨ ᠬᠠᠷ᠎ᠠ ᠮᠥᠷᠡᠨ ᠦ ᠪᠥᠰᠡ ᠨᠤᠲᠤᠭ ᠲᠤ ᠯᠠ ᠲᠠᠷᠬᠠᠭᠰᠠᠨ ᠪᠥᠭᠡᠳ ᠲᠡᠨᠳᠡ ᠪᠡᠨ ᠳᠠᠷᠬᠠᠨ ᠴᠠᠭᠠᠵᠠ ᠲᠠᠢ ᠪᠣᠯᠤᠭᠰᠠᠨ᠃ ᠣᠷᠴᠢᠨ ᠦᠶ᠎ᠡ ᠶᠢᠨ ᠪᠠᠷᠰ ᠤᠨ ᠶᠢᠰᠦᠨ ᠳᠡᠳ᠋ ᠵᠦᠢᠯ ᠡᠴᠡ ᠬᠠᠮᠤᠭ ᠤᠨ ᠲᠣᠮᠣ ᠪᠡᠶ᠎ᠡ ᠲᠡᠢ ᠨᠢ ᠪᠥᠭᠡᠳ ᠮᠣᠣᠷ ᠤᠨ ᠠᠢᠮᠠᠭ ᠣᠪᠤᠭ ᠤᠨ ᠠᠮᠢᠲᠠᠳ ᠳᠤᠮᠳᠠ ᠪᠠᠨ ᠮᠥᠨ ᠬᠠᠮᠤᠭ ᠤᠨ ᠲᠣᠮᠣ ᠶᠠᠭᠤᠮ᠎ᠠ᠃

ᠹᠢᠽᠢᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠸᠷᠢᠶ ᠠ ᠶᠢᠨ ᠪᠠᠷᠰ 107-110 ᠰᠠᠨᠲ᠋ᠢᠮᠧᠲ᠋ᠷ ᠥᠨᠳᠥᠷ ᠪᠧᠨᠭᠠᠯ ᠤᠨ ᠪᠠᠷᠰᠠ ᠠᠴᠠ ᠮᠥᠷ ᠢᠶᠡᠷ ᠢᠶᠡᠨ 2-4 ᠢᠨᠴᠢ ᠥᠨᠳᠥᠷ᠃[1] ᠪᠡᠶ᠎ᠡ ᠭᠦᠢᠴᠡᠭᠰᠡᠨ ᠡᠷᠡᠭᠴᠢᠨ ᠦ ᠲᠣᠯᠣᠭᠠᠢ᠂ ᠪᠡᠶ᠎ᠡ ᠶᠢᠨ ᠨᠡᠶᠢᠯᠡᠪᠦᠷᠢ ᠤᠷᠲᠤ ᠳᠤᠮᠳᠠᠴᠢ ᠪᠠᠷ 190-230 ᠰᠠᠨᠲ᠋ᠢᠮᠧᠲ᠋ᠷ᠃ ᠨᠡᠯᠢᠶᠡᠨ ᠰᠠᠶᠢᠨ ᠪᠠᠲᠤᠯᠠᠭ᠎ᠠ ᠲᠠᠢ ᠡᠬᠢ ᠰᠤᠷᠪᠤᠯᠵᠢ ᠳᠤ ᠳᠤᠷᠠᠳᠤᠭᠳᠠᠭᠰᠠᠨ ᠬᠠᠮᠤᠭ ᠤᠨ ᠲᠣᠮᠣ ᠪᠡᠶ᠎ᠡ ᠲᠡᠢ ᠡᠷᠡᠭᠴᠢᠨ ᠦ ᠪᠡᠶ᠎ᠡ ᠶᠢᠨ ᠤᠷᠲᠤ 350 ᠰᠠᠨᠲ᠋ᠢᠮᠧᠲ᠋ᠷ ᠪᠠᠶᠢᠴᠠᠢ᠃[2] ᠪᠦᠷᠢᠨ ᠪᠡᠶ᠎ᠡ ᠭᠦᠢᠴᠡᠭᠰᠡᠨ ᠡᠷᠡᠭᠴᠢᠨ ᠦ ᠰᠡᠭᠦᠯ ᠦᠨ ᠤᠷᠲᠤ 1 ᠮ ᠣᠷᠴᠢᠮ᠃ 318 ᠺᠢᠯᠣᠭ᠍ᠷᠠᠮ ᠬᠦᠷᠲᠡᠯ᠎ᠡ ᠵᠢᠩ ᠲᠠᠲᠠᠵᠤ ᠪᠠᠶᠢᠭᠰᠠᠨ ᠲᠣᠬᠢᠶᠠᠯᠳᠤᠯ ᠪᠤᠢ[3] ᠪᠥᠭᠡᠳ ᠤᠳᠬ᠎ᠠ ᠵᠣᠬᠢᠶᠠᠯ ᠳᠤ 384 ᠺᠢᠯᠣᠭ᠍ᠷᠠᠮ ᠬᠦᠷᠲᠡᠯ᠎ᠡ ᠵᠢᠩ ᠲᠡᠢ ᠠᠪᠤᠷᠭᠤ ᠡᠷᠡᠭᠴᠢᠨ ᠦ ᠲᠤᠬᠠᠢ ᠦᠭᠦᠯᠡᠭᠰᠡᠨ ᠪᠠᠶᠢᠳᠠᠭ ᠪᠣᠯᠪᠠᠴᠤ ᠮᠠᠵᠠᠺ ᠤᠨ ᠬᠢ ᠪᠠᠷ ᠡᠳᠡᠭᠡᠷ ᠲᠣᠬᠢᠶᠠᠯᠳᠤᠯ ᠤᠨ ᠠᠯᠢ ᠨᠢ ᠴᠤ ᠪᠠᠲᠤᠯᠠᠭ᠎ᠠ ᠲᠠᠢ ᠡᠬᠢ ᠰᠤᠷᠪᠤᠯᠵᠢ ᠪᠠᠷ ᠪᠠᠲᠤᠯᠠᠭᠳᠠᠭ᠎ᠠ ᠦᠭᠡᠢ᠃[4] 1950 ᠣᠨ ᠳᠤ ᠰᠢᠬᠣᠲ᠋ᠧ-ᠠᠯᠢᠨ ᠠᠤᠯᠠᠯᠠᠰ ᠲᠤ ᠫᠤᠤᠳᠠᠵᠤ ᠤᠨᠠᠭᠠᠭᠰᠠᠨ ᠨᠢᠭᠡᠨ ᠡᠷᠡᠭᠴᠢᠨ ᠦ ᠲᠤᠬᠠᠢ ᠪᠠᠲᠤᠯᠠᠭᠳᠠᠭ᠎ᠠ ᠦᠭᠡᠢ ᠮᠡᠳᠡᠭᠡᠯᠡᠯ ᠳᠦ 384.8 ᠺᠢᠯᠣᠭ᠍ᠷᠠᠮ ᠵᠢᠩᠲᠡᠢ᠂ 3.48 ᠮ ᠤᠷᠲᠤ ᠲᠠᠢ ᠡᠷᠡᠭᠴᠢᠨ ᠪᠠᠶᠢᠭᠰᠠᠨ ᠲᠤᠬᠠᠢ ᠦᠭᠦᠯᠡᠭᠰᠡᠨ ᠪᠤᠢ᠃[5] ᠡᠮᠡᠭᠴᠢᠨ ᠨᠢ ᠡᠷᠡᠭᠴᠢᠨ ᠡᠴᠡ ᠪᠡᠨ ᠵᠢᠵᠢᠭ ᠪᠡᠶ᠎ᠡ ᠲᠡᠢ᠂ 100-167 ᠺᠢᠯᠣᠭᠷᠠᠮ᠂[6] ᠳᠡᠭᠡᠳᠦ ᠲᠠᠯ᠎ᠠ ᠨᠢ 180 ᠺᠢᠯᠣᠭ᠍ᠷᠠᠮ ᠬᠦᠷᠲᠡᠯ᠎ᠡ ᠵᠢᠩ ᠲᠡᠢ᠃[7]

ᠰᠢᠪᠸᠷᠢᠶ ᠠ ᠶᠢᠨ ᠪᠠᠷᠰ

ᠰᠢᠪᠸᠷᠢᠶ ᠠ ᠶᠢᠨ ᠪᠠᠷᠰ ᠨᠢ 4 ᠨᠠᠰᠤ ᠬᠦᠷᠢᠶ᠎ᠡ ᠳᠦ ᠨᠠᠰᠤ ᠪᠡᠶ᠎ᠡ ᠭᠦᠢᠴᠡᠨ᠎ᠡ᠃ ᠵᠢᠯ ᠦᠨ ᠠᠯᠢ ᠴᠤ ᠦᠶ᠎ᠡ ᠳᠦ ᠨᠡᠶᠢᠯᠡᠬᠦ ᠪᠠ ᠡᠮ᠎ᠡ ᠨᠢ 3-3 ᠰᠠᠷ᠎ᠠ ᠬᠠᠭᠠᠰ ᠬᠡᠭᠡᠯᠡᠭᠡ ᠲᠡᠭᠡᠭᠡᠨ᠎ᠡ᠃ ᠶᠡᠬᠡᠪᠴᠢᠯᠡᠨ 3-4 ᠵᠤᠯᠵᠠᠭ᠎ᠠ ᠲᠥᠷᠥᠭᠦᠯᠬᠦ ᠪᠠ 6 ᠪᠣᠯᠤᠨ ᠲᠡᠭᠦᠨ ᠡᠴᠡ ᠳᠡᠭᠡᠭᠰᠢ ᠲᠣᠬᠢᠶᠠᠯᠳᠤᠯ ᠪᠠᠰᠠ ᠪᠤᠢ᠃ ᠵᠤᠯᠵᠠᠭ᠎ᠠ ᠨᠢ ᠡᠷ᠎ᠡ᠂ ᠡᠮ᠎ᠡ ᠬᠦᠢᠰᠦᠨ ᠳᠦ ᠲᠡᠩᠴᠡᠭᠦᠦ ᠬᠤᠪᠢᠶᠠᠭᠳᠠᠨ ᠲᠥᠷᠦᠳᠡᠭ ᠴᠤ ᠨᠠᠰᠤᠨ ᠳᠤ ᠬᠦᠷᠦᠭᠰᠡᠨ 2-4 ᠡᠮᠡᠭᠴᠢᠨ ᠪᠠᠷᠰ ᠲᠤᠲᠤᠮ ᠨᠢᠭᠡ ᠡᠷᠡᠭᠴᠢᠨ ᠨᠣᠭᠳᠠᠳᠠᠭ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Matthiessen, Peter; Hornocker, Maurice (2001). Tigers In The Snow. North Point Press. ISBN 0865475962. 
  2. Vratislav Mazak: Der Tiger. Nachdruck der 3. Auflage von 1983. Westarp Wissenschaften Hohenwarsleben, 2004 ISBN 3 894327596
  3. Vratislav Mazak: Der Tiger. Nachdruck der 3. Auflage von 1983. Westarp Wissenschaften Hohenwarsleben, 2004 ISBN 3 894327596
  4. Vratislav Mazak: Der Tiger. Nachdruck der 3. Auflage von 1983. Westarp Wissenschaften Hohenwarsleben, 2004 ISBN 3 894327596
  5. Wood, The Guinness Book of Animal Facts and Feats. Sterling Pub Co Inc (1983), ISBN 978-0-85112-235-9
  6. Ronald M. Nowak: Walker's Mammals of the World. Johns Hopkins University Press, 1999 ISBN 0-8018-5789-9
  7. Sunquist, Mel; Sunquist, Fiona (2002). Wild Cats of the World. Chicago: University Of Chicago Press. ISBN 978-0-226-77999-7. 

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Panthera tigris altaica

http://animals.nationalgeographic.com/animals/mammals/siberian-tiger.html

ᠪᠢᠴᠢᠭᠡᠰᠦ