ᠰᠢᠪᠸᠷᠢᠶ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠪᠸᠷᠢᠶ ᠠ
ᠰᠢᠪᠸᠷᠢᠶ ᠠ ᠶᠢᠨ ᠬᠣᠯᠪᠣᠭᠠᠨ ᠤ ᠲᠣᠭᠣᠷᠢᠭ (ᠲᠣᠳᠣ ᠤᠯᠠᠭᠠᠨ) ᠪᠠ ᠥᠷᠭᠡᠨ ᠤᠲᠠᠭᠠᠷᠬ᠎ᠠ ᠰᠢᠪᠸᠷᠢᠶ ᠠ (ᠪᠦᠳᠡᠭᠢ ᠤᠯᠠᠭᠠᠨ)

ᠰᠢᠪᠸᠷᠢᠶ ᠠ (ᠣᠷᠣᠰ ᠶᠢᠡᠷ ᠰᠢᠪᠸᠷᠢᠶ ᠠ) ᠨᠢ ᠣᠷᠣᠰ ᠤᠨ ᠬᠣᠯᠪᠣᠭᠠᠨ ᠤ ᠤᠯᠤᠰ ᠍ ᠤᠨ ᠬᠠᠷᠢᠶᠠᠨ ᠤ᠂ ᠤᠷᠠᠯ ᠤᠨ ᠨᠢᠷᠤᠭᠤᠨ ᠠᠴᠠ ᠵᠡᠭᠦᠨ ᠲᠡᠰᠢ ᠤᠷᠤᠰᠢᠬᠤ ᠬᠣᠶᠢᠳᠤ ᠠᠽᠢᠶ᠎ᠠ ᠍ ᠶᠢᠨ ᠥᠷᠭᠡᠨ ᠠᠭᠤᠳᠠᠮ ᠪᠥᠰᠡ ᠨᠤᠲᠤᠭ ᠤᠨ ᠨᠡᠷ᠎ᠡ ᠶᠤᠮ᠃

ᠨᠡᠶᠢᠲᠡᠯᠢᠭ ᠲᠣᠬᠢᠶᠠᠯᠳᠤᠯ ᠳᠤ ᠶᠠᠫᠣᠨ ᠲᠡᠩᠭᠢᠰᠠᠩᠨᠠᠭᠤᠷ ᠤᠨ ᠲᠡᠩᠭᠢᠰᠡᠶᠢᠨ ᠡᠷᠭᠢ ᠬᠠᠪ ᠤᠨ ᠨᠤᠲᠤᠭ ᠤᠳ ᠬᠠᠮᠢᠶᠠᠷᠳᠠᠭ ᠦᠭᠡᠢ ᠪᠣᠯᠪᠠᠴᠤ ᠥᠷᠭᠡᠨ ᠤᠳᠬ᠎ᠠ ᠪᠠᠷ ᠢᠶᠠᠨ ᠲᠤᠰ ᠪᠥᠰᠡ ᠨᠤᠲᠤᠭ ᠢ ᠣᠷᠣᠭᠤᠯᠵᠤ ᠵᠢᠭᠠᠬᠤ ᠲᠣᠬᠢᠶᠠᠯᠳᠤᠯ ᠪᠤᠢ᠃ ᠥᠳᠬᠡᠨ ᠰᠢᠭᠢᠭᠦᠦ ᠣᠢ ᠲᠠᠶᠢᠭ᠎ᠠ᠂ ᠨᠠᠮᠤᠭ ᠠᠴᠠ ᠦᠨᠦᠷᠳᠦᠬᠦ ᠰᠢᠪᠲᠦᠷ ᠡᠴᠡ ᠨᠢ ᠪᠣᠯᠵᠤ ᠮᠣᠩᠭᠣᠯᠴᠤᠳ ᠰᠢᠪᠡᠷ ᠬᠡᠮᠡᠨ ᠨᠡᠷᠡᠯᠡᠵᠦ ᠪᠠᠶᠢᠭᠰᠠᠨ ᠤᠯᠠᠮᠵᠢᠯᠠᠯ ᠲᠠᠢ ᠪᠥᠭᠡᠳ ᠣᠳᠣ ᠴᠤ ᠣᠷᠣᠰ ᠬᠣᠯᠪᠣᠭᠠᠨ ᠤ ᠤᠯᠤᠰ ᠳᠠᠬᠢ ᠪᠤᠷᠢᠶᠠᠳ ᠦᠳ ᠱᠡᠪᠡᠷ ᠬᠡᠮᠡᠵᠦ ᠪᠠᠶᠢᠨ᠎ᠠ᠃ ᠶᠧᠺᠠᠲ᠋ᠧᠷᠢᠨᠪᠦᠷᠦᠭᠣᠮᠰᠺᠨᠣᠪᠣᠰᠢᠪᠢᠷᠰᠺᠺᠷᠠᠰᠠᠨ ᠠᠢᠷᠰᠺᠡᠷᠡᠬᠦᠦ ᠵᠡᠷᠭᠡ ᠲᠣᠮᠣᠬᠠᠨ ᠬᠣᠲᠠ ᠨᠤᠭᠤᠳ ᠪᠤᠢ᠃ ᠥᠷᠭᠡᠨ ᠤᠲᠠᠭᠠᠷᠬ᠎ᠠ ᠰᠢᠪᠸᠷᠢᠶ ᠠ ᠨᠢ ᠲᠡᠭᠦᠨᠴᠢᠯᠡᠨ ᠬᠠᠪᠠᠷᠠᠪᠰᠺᠸᠯᠠᠳᠢᠪᠤᠰᠲ᠋ᠣᠺᠡᠶᠢᠭ ᠠᠭᠤᠯᠠᠨ᠎ᠠ᠃

ᠵᠠᠰᠠᠭ ᠵᠠᠬᠢᠷᠭᠠᠨ ᠤ ᠨᠢᠭᠡᠴᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯ ᠤᠨ ᠬᠣᠯᠪᠣᠭᠠᠨ ᠤ ᠲᠣᠭᠣᠷᠢᠭᠰᠢᠪᠸᠷᠢᠶ ᠠ ᠶᠢᠨ ᠬᠣᠯᠪᠣᠭᠠᠨ ᠤ ᠲᠣᠭᠣᠷᠢᠭᠠᠯᠤᠰ ᠳᠣᠷᠣᠨᠠᠲᠤ ᠶᠢᠨ ᠬᠣᠯᠪᠣᠭᠠᠨ ᠤ ᠲᠣᠭᠣᠷᠢᠭ ᠲᠤ ᠬᠤᠪᠢᠶᠠᠭᠳᠠᠨ᠎ᠠ᠃ ᠣᠷᠣᠰ ᠬᠣᠯᠪᠣᠭᠠᠨ ᠤ ᠤᠯᠤᠰ ᠶᠢ ᠪᠦᠷᠢᠳᠦᠭᠦᠯᠳᠡᠭ 7 ᠬᠣᠯᠪᠣᠭᠠᠨ ᠤ ᠲᠣᠭᠣᠷᠢᠭ ᠤᠨ 3 ᠨᠢ ᠡᠶᠢᠨᠬᠦᠦ (ᠥᠷᠭᠡᠨ ᠤᠲᠠᠭᠠᠷᠬ᠎ᠠ) ᠰᠢᠪᠸᠷᠢᠶ ᠠ ᠳᠦ ᠬᠠᠷᠢᠶᠠᠯᠠᠭᠳᠠᠨ᠎ᠠ᠃

ᠭᠠᠵᠠᠷᠵᠦᠢ᠂ ᠪᠠᠶᠢᠭᠠᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠮᠠᠷᠠᠳᠤ ᠲᠤᠶᠢᠯ ᠳᠤ ᠣᠶᠢᠷᠠᠬᠠᠨ ᠤᠷᠤᠰᠢᠬᠤ ᠲᠤᠯᠠ ᠡᠪᠦᠯ ᠦᠨ ᠤᠯᠠᠷᠢᠯ ᠳᠤ ᠮᠠᠰᠢ ᠬᠦᠢᠲᠡᠨ᠂ 8 ᠰᠠᠷ᠎ᠠ ᠶᠢᠨ ᠰᠡᠭᠦᠯᠴᠢ ᠪᠡᠷ ᠴᠠᠰᠤ ᠤᠷᠤᠬᠤ ᠨᠢ ᠪᠤᠢ᠃ ᠣᠶᠢᠮᠢᠺᠣᠨ ᠳᠤ -73 ᠬᠡᠮ ᠬᠦᠷᠲᠡᠯ᠎ᠡ ᠬᠦᠢᠲᠡᠷᠡᠴᠢ ᠪᠠᠶᠢᠭᠰᠠᠨ ᠨᠢ ᠬᠦᠮᠦᠨ ᠠᠮᠢᠳᠤᠷᠠᠳᠠᠭ ᠭᠠᠵᠠᠷ ᠳᠠᠬᠢ ᠬᠠᠮᠤᠭ ᠤᠨ ᠬᠦᠢᠲᠡᠷᠡᠭᠰᠡᠨ ᠲᠣᠬᠢᠶᠠᠯᠳᠤᠯ ᠪᠣᠯᠤᠨ ᠪᠦᠷᠢᠳᠬᠡᠭᠳᠡᠭᠰᠡᠨ ᠪᠠᠶᠢᠳᠠᠭ᠃ ᠨᠥᠭᠥᠭᠡ ᠲᠠᠯ᠎ᠠ ᠪᠠᠷ ᠵᠤᠨ ᠳᠤ ᠪᠠᠨ 30 ᠬᠡᠮ ᠡᠴᠡ ᠳᠠᠪᠠᠵᠤ ᠬᠠᠯᠠᠬᠤ ᠪᠥᠭᠡᠳ ᠡᠷᠡᠰ ᠲᠡᠰᠦ ᠠᠭᠤᠷ ᠠᠮᠢᠰᠬᠤᠯ ᠲᠠᠢ᠃ ᠰᠢᠪᠸᠷᠢᠶ ᠠ ᠶᠢᠨ ᠬᠦᠢᠲᠡᠨ ᠠᠭᠠᠷ ᠤᠨ ᠹᠷᠣᠨᠲ ᠮᠣᠩᠭᠣᠯ ᠳᠤ ᠤᠷᠤᠰᠤᠨ ᠣᠷᠣᠵᠤ ᠢᠷᠡᠭᠰᠡᠨ ᠢᠶᠡᠷ ᠮᠣᠩᠭᠣᠯ ᠳᠤ ᠬᠠᠬᠢᠷ ᠬᠦᠢᠲᠡᠷᠡᠬᠦ ᠲᠣᠬᠢᠶᠠᠯᠳᠤᠯ ᠣᠯᠠᠨ᠃

ᠶᠡᠬᠡᠩᠬᠢ ᠬᠡᠰᠡᠭ ᠢ ᠨᠢ ᠲᠠᠶᠢᠭ᠎ᠠ ᠬᠡᠮᠡᠨ ᠨᠡᠷᠡᠯᠡᠭᠳᠡᠬᠦ ᠵᠠᠬ᠎ᠠ ᠬᠢᠵᠠᠭᠠᠷ ᠦᠭᠡᠢ ᠰᠢᠯᠮᠦᠦᠰᠦᠲᠦ ᠣᠢ ᠡᠵᠡᠯᠡᠨ᠎ᠡ᠃ ᠬᠣᠶᠢᠳᠤ ᠬᠡᠰᠡᠭ ᠢᠶᠡᠷ ᠢᠶᠡᠨ ᠲᠦᠨᠳ᠋ᠷ ᠍ ᠤᠨ ᠪᠥᠰᠡ ᠳᠦ ᠬᠠᠮᠢᠶᠠᠷᠴᠢ᠂ ᠤᠷᠭᠤᠮᠠᠯ ᠤᠨ ᠲᠥᠷᠥᠯ ᠵᠦᠢᠯ ᠡᠷᠡᠰ ᠴᠥᠭᠡᠷᠡᠨ᠎ᠡ᠃ ᠭᠠᠵᠠᠷ ᠳᠣᠣᠷ᠎ᠠ ᠨᠢ ᠵᠤᠵᠠᠭᠠᠨ ᠮᠥᠩᠬᠡ ᠴᠡᠪᠳᠡᠭᠡᠶᠢᠨ ᠳᠠᠪᠬᠤᠷᠭ᠎ᠠ ᠪᠤᠢ᠃ ᠪᠠᠶᠢᠭᠠᠯᠢ ᠶᠢᠨ ᠪᠠᠶᠠᠯᠢᠭ ᠠᠰᠤᠷᠤ ᠶᠡᠬᠡ ᠪᠥᠭᠡᠳ ᠬᠢᠷᠢ ᠡᠴᠡ ᠬᠡᠲᠦᠷᠡᠭᠰᠡᠨ ᠣᠯᠪᠤᠷᠢᠯᠠᠯᠲᠠ ᠨᠢ ᠳᠡᠯᠡᠬᠡᠢ ᠶᠢᠨ ᠳᠤᠯᠠᠭᠠᠷᠠᠯ ᠪᠣᠯᠤᠨ ᠪᠠᠶᠢᠭᠠᠯᠢ ᠶᠢᠨ ᠪᠣᠬᠢᠷᠳᠠᠯ ᠤᠨ ᠨᠢᠭᠡᠨ ᠬᠦᠴᠦᠨ ᠵᠦᠢᠯ ᠪᠣᠯᠵᠤ ᠪᠠᠶᠢᠨ᠎ᠠ ᠬᠡᠮᠡᠨ ᠦᠵᠡᠳᠡᠭ᠃

ᠤᠰᠤᠲᠤᠬᠤ ᠠᠶᠤᠯ ᠳᠤ ᠣᠷᠣᠭᠠᠳ ᠪᠤᠢ ᠠᠮᠤᠷ ᠤᠨ ᠪᠠᠷᠰᠠ ᠠᠴᠠ ᠡᠬᠢᠯᠡᠭᠡᠳ ᠣᠯᠠᠨ ᠲᠥᠷᠥᠯ ᠦᠨ ᠠᠮᠢᠲᠠᠳ ᠨᠤᠲᠤᠭᠯᠠᠨ᠎ᠠ᠃

ᠣᠪᠢᠶᠡᠨᠢᠰᠧᠢᠯᠠᠨ᠎ᠠ ᠵᠡᠷᠭᠡ 3 ᠲᠣᠮᠣ ᠮᠥᠷᠡᠨ ᠬᠣᠶᠢᠳᠤ ᠵᠦᠭ ᠢ ᠴᠢᠭᠯᠡᠨ ᠤᠷᠤᠰᠴᠢ ᠤᠮᠠᠷᠠᠳᠤ ᠮᠥᠰᠦᠨ ᠳᠠᠯᠠᠢ ᠳᠤ ᠴᠢᠳᠬᠤᠨ᠎ᠠ᠃ ᠡᠳᠡᠭᠡᠷ ᠨᠢ ᠵᠤᠨᠢ ᠤᠯᠠᠷᠢᠯ ᠳᠤ ᠤᠰᠤᠨ ᠲᠡᠭᠡᠭᠡᠪᠦᠷᠢ ᠬᠢᠬᠦ ᠳᠦ ᠲᠣᠬᠢᠷᠠᠮᠵᠢᠲᠠᠢ ᠪᠣᠯᠪᠠᠴᠤ ᠡᠪᠦᠯ ᠬᠥᠯᠳᠡᠳᠡᠭ᠃

ᠮᠥᠨ ᠰᠢᠪᠸᠷᠢᠶ ᠠ ᠳᠦ ᠳᠡᠯᠡᠬᠡᠢ ᠶᠢᠨ ᠥᠪ ᠳᠤ ᠪᠦᠷᠢᠳᠬᠡᠭᠳᠡᠭᠰᠡᠨ᠂ ᠴᠡᠩᠭᠡᠭ ᠤᠰᠤ ᠲᠠᠢ ᠬᠠᠮᠤᠭ ᠤᠨ ᠭᠦᠨ ᠨᠠᠭᠤᠷ ᠪᠣᠯᠬᠤ ᠪᠠᠶᠢᠭᠠᠯ ᠨᠠᠭᠤᠷ ᠣᠷᠣᠰᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠸᠷᠢᠶ ᠠ ᠨᠢ ᠮᠣᠩᠭᠣᠯ ᠤᠨ ᠬᠣᠶᠢᠳᠤ ᠬᠡᠰᠡᠭ ᠲᠦ ᠤᠷᠤᠰᠢᠬᠤ ᠲᠤᠯᠠ ᠲᠡᠦᠬᠡ ᠶᠢᠨ ᠰᠠᠯᠤᠰᠢ ᠦᠭᠡᠢ ᠬᠣᠯᠪᠣᠭ᠎ᠠ ᠲᠠᠢ ᠨᠤᠲᠤᠭ ᠶᠤᠮ᠃ ᠮᠣᠩᠭᠣᠯᠴᠤᠳ ᠬᠦᠴᠦ ᠰᠤᠯᠠᠷᠠᠭᠰᠠᠨ ᠦᠶᠡᠳᠡᠭᠡ ᠬᠢᠲᠠᠳ ᠍ ᠤᠨ ᠳᠣᠪᠲᠣᠯᠭᠠᠨ ᠠᠴᠠ ᠵᠢᠭᠤᠳᠠᠨ ᠰᠢᠪᠸᠷᠢᠶ ᠠ ᠯᠦᠦ ᠣᠳᠳᠠᠭ ᠪᠠᠶᠢᠭᠰᠠᠨ ᠠᠴᠠ ᠡᠵᠡᠯᠡᠭᠳᠡᠵᠦ ᠪᠠᠶᠢᠭᠰᠠᠨ ᠤᠳᠠᠭ᠎ᠠ ᠦᠭᠡᠢ᠂ ᠮᠣᠷᠢ ᠬᠥᠯᠭᠡᠯᠡᠭᠰᠡᠨ ᠮᠣᠩᠭᠣᠯᠴᠤᠳ ᠲᠤ ᠰᠢᠪᠸᠷᠢᠶ ᠠ ᠶᠢᠨ ᠲᠠᠶᠢᠭ᠎ᠠ ᠨᠢ ᠰᠠᠶᠢᠬᠠᠨ ᠲᠦᠰᠢᠴᠡ ᠭᠠᠵᠠᠷ ᠪᠣᠯᠳᠠᠭ ᠪᠠᠶᠢᠪᠠ᠃ ᠣᠳᠣ ᠴᠤ ᠰᠢᠪᠸᠷᠢᠶ ᠠ ᠶᠢᠨ ᠤᠷᠳᠤ ᠦᠵᠦᠭᠦᠷ ᠲᠦ ᠮᠣᠩᠭᠣᠯᠴᠤᠳ ᠤᠨ ᠬᠠᠮᠤᠭ ᠤᠨ ᠬᠣᠶᠢᠳᠤ ᠠᠩᠭᠢ ᠪᠣᠯᠬᠤ ᠪᠤᠷᠢᠶᠠᠳ ᠠᠷᠠᠳ ᠤᠳ ᠣᠷᠣᠰᠢᠨ ᠰᠠᠭᠤᠳᠠᠭ ᠪᠢᠯᠡ᠃

ᠠᠩᠬ᠎ᠠ ᠣᠷᠣᠰ ᠠᠴᠠ ᠰᠢᠪᠸᠷᠢᠶ ᠠ ᠳᠦ ᠨᠡᠪᠲᠡᠷᠡᠭᠰᠡᠨ ᠨᠢ ᠠᠷᠪᠢᠨ ᠪᠠᠶᠠᠯᠢᠭ ᠠᠩᠬᠢ ᠶᠢᠨ ᠠᠷᠠᠰᠤ᠂ ᠦᠰᠦᠨ ᠦ ᠡᠷᠢᠯ ᠳᠦ ᠭᠠᠷᠤᠭᠰᠠᠨ ᠰᠲᠷᠣᠬᠠᠨᠨᠣᠸ ᠍ ᠤᠨ ᠤᠳᠤᠮ ᠤᠨ ᠬᠤᠳᠠᠯᠳᠤᠭᠠᠴᠢᠳ ᠤᠨ ᠬᠥᠯᠦᠰᠦᠨ ᠦ ᠴᠡᠷᠢᠭ ᠦᠳ ᠪᠠᠶᠢᠯ᠎ᠠ᠃ ᠰᠢᠪᠸᠷᠢᠶ ᠠ ᠶᠢᠨ ᠲᠥᠪ ᠬᠡᠰᠡᠭ ᠲᠦ ᠬᠠᠭᠠᠰ ᠨᠡᠭᠦᠳᠡᠯ ᠦᠨ ᠪᠠᠶᠢᠳᠠᠯ ᠲᠠᠢ ᠲᠣᠭᠲᠠᠨᠢᠵᠤ ᠪᠠᠶᠢᠭᠰᠠᠨ ᠰᠢᠪᠸᠷᠢᠶ ᠠ ᠶᠢᠨ ᠬᠠᠨᠯᠢᠭ 1572 ᠣᠨ ᠳᠤ ᠠᠩᠬᠢ ᠶᠢᠨ ᠠᠷᠠᠰᠤ ᠪᠠᠷ ᠲᠠᠲᠠᠪᠤᠷᠢ ᠲᠥᠯᠥᠬᠦ ᠡᠴᠡ ᠲᠠᠲᠠᠭᠠᠯᠵᠠᠭᠰᠠᠨ ᠲᠤᠯᠠ ᠣᠷᠣᠰ ᠤᠳ ᠰᠢᠪᠸᠷᠢᠶ ᠠ ᠶᠢ ᠡᠵᠡᠯᠡᠬᠦ ᠪᠡᠷ ᠴᠡᠷᠢᠭ ᠬᠦᠳᠡᠯᠭᠡᠬᠦ ᠨᠢ ᠲᠣᠳᠣᠷᠬᠠᠢ ᠪᠣᠯᠤᠭᠰᠠᠨ ᠶᠤᠮ᠃ ᠣᠷᠣᠰ ᠤᠨ ᠬᠥᠯᠦᠰᠦᠨ ᠦ ᠠᠷᠮᠢ ᠪᠣᠯᠬᠤ ᠺᠦᠽᠠᠺ ᠦᠳ ᠤᠨ ᠠᠲ᠋ᠠᠮᠠᠨ ᠶᠡᠷᠦᠮᠠᠺᠡᠶᠢᠨ ᠤᠳᠤᠷᠢᠳᠤᠯᠭ᠎ᠠ ᠪᠠᠷ ᠰᠢᠪᠸᠷᠢᠶ ᠠ ᠶᠢ ᠣᠷᠣᠰ ᠤᠨ ᠮᠡᠳᠡᠯ ᠳᠦ ᠣᠷᠣᠭᠤᠯᠤᠭᠰᠠᠨ ᠶᠤᠮ᠃ ᠶᠡᠷᠦᠮᠠᠺ 1578 ᠣᠨ ᠤ 10 ᠰᠠᠷ᠎ᠠ ᠳᠤ ᠵᠡᠭᠦᠨ ᠵᠦᠭ ᠢ ᠴᠢᠭᠯᠡᠭᠰᠡᠨ ᠠᠶᠠᠨ ᠢᠶᠠᠨ ᠡᠬᠢᠯᠡᠭᠰᠡᠨ ᠪᠥᠭᠡᠳ ᠰᠢᠪᠸᠷᠢᠶ ᠠ ᠶᠢᠨ ᠬᠠᠨᠯᠢᠭ ᠢ ᠪᠤᠲᠠ ᠴᠤᠬᠢᠬᠤ ᠲᠤᠯᠤᠯᠳᠤᠭᠠᠨ ᠤ ᠦᠶ᠎ᠡ ᠪᠡᠷ ᠶᠡᠷᠦᠮᠠᠺ ᠥᠪᠡᠷ ᠢᠶᠡᠨ ᠠᠯᠠᠭᠳᠠᠭᠰᠠᠨ ᠴᠤ ᠡᠴᠦᠰ ᠲᠦ ᠨᠢ 1598 ᠣᠨ ᠳᠤ ᠰᠢᠪᠸᠷᠢᠶ ᠠ ᠶᠢᠨ ᠬᠠᠨᠯᠢᠭ ᠮᠥᠬᠦᠭᠰᠡᠨ ᠶᠤᠮ᠃ ᠡᠶᠢᠨᠬᠦᠦ ᠣᠷᠣᠰ ᠤᠳ ᠴᠠᠰᠢ ᠠᠬᠢᠭᠰᠠᠭᠠᠷ 1636 ᠣᠨ ᠳᠤ ᠠᠩᠨᠠᠭᠤᠷ ᠤᠨ ᠲᠡᠩᠭᠢᠰ ᠲᠦ ᠬᠦᠷᠴᠦ᠂ ᠪᠦᠬᠦ ᠰᠢᠪᠸᠷᠢᠶ ᠠ ᠶᠢ ᠥᠪᠡᠷ ᠦᠨ ᠪᠣᠯᠭᠠᠵᠤ ᠺᠣᠯᠣᠨᠢᠴᠢᠯᠠᠭᠰᠠᠨ ᠠᠵᠤ᠃

ᠰᠢᠪᠸᠷᠢᠶ ᠠ ᠶᠢ ᠡᠵᠡᠮᠰᠢᠭᠰᠡᠨ ᠣᠷᠣᠰ ᠤᠯᠤᠰ ᠨᠢ ᠮᠠᠨᠵᠤ ᠴᠢᠩ ᠤᠯᠤᠰᠲᠠᠢ ᠰᠢᠭᠤᠳ ᠬᠢᠯᠢᠯᠡᠬᠦ ᠪᠣᠯᠤᠭᠰᠠᠨ ᠶᠤᠮ᠃ ᠲᠡᠳᠡ ᠠᠯᠪᠠᠽᠢᠨᠨᠧᠷᠴᠢᠨᠰᠺ ᠴᠠᠶᠢᠳ ᠤᠳ ᠢ ᠪᠠᠶᠢᠭᠤᠯᠤᠭᠰᠠᠨ ᠪᠣᠯᠪᠠᠴᠤ ᠡᠩᠬᠡ-ᠠᠮᠤᠭᠤᠯᠠᠩ ᠬᠠᠭᠠᠨ ᠡᠭᠦᠨ ᠢ ᠨᠢ ᠡᠰᠡᠷᠭᠦᠴᠡᠵᠦ 1685 ᠣᠨ ᠳᠤ ᠴᠡᠷᠢᠭ ᠢᠯᠡᠭᠡᠨ ᠠᠯᠪᠠᠽᠢᠨ ᠢ ᠰᠦᠢᠳᠬᠡᠭᠰᠡᠨ ᠪᠠᠶᠢᠨ᠎ᠠ᠃ ᠬᠦᠴᠦ ᠲᠡᠩᠴᠡᠭᠦᠦ ᠬᠣᠶᠠᠷ ᠭᠦᠷᠦᠨ ᠰᠥᠷᠭᠡᠭᠡᠴᠡᠯᠳᠦᠬᠦ ᠨᠢ ᠵᠣᠬᠢᠰ ᠦᠭᠡᠢ ᠭᠡᠵᠦ ᠦᠵᠡᠭᠰᠡᠨ 2 ᠲᠠᠯ᠎ᠠ 1689 ᠣᠨ ᠳᠤ ᠨᠧᠷᠴᠢᠨᠰᠺ ᠤᠨ ᠭᠡᠷ ᠢᠶᠡᠨ ᠶᠢ ᠪᠠᠶᠢᠭᠤᠯᠤᠨ ᠬᠢᠯᠢ ᠶᠢᠨ ᠵᠠᠭᠠᠭ ᠢᠶᠠᠨ ᠰᠲ᠋ᠠᠨᠨᠣᠸ ᠤᠨ ᠨᠢᠷᠤᠭᠤ ᠪᠤᠶᠤ ᠭᠠᠳᠠᠭᠠᠳᠤ ᠬᠢᠩᠭᠠᠨ ᠤ ᠨᠢᠷᠤᠭᠤ ᠪᠠᠷ ᠲᠣᠭᠲᠠᠭᠠᠭᠰᠠᠨ ᠶᠤᠮ᠃ ᠡᠶᠢᠨᠬᠦᠦ ᠬᠣᠶᠢᠳᠤ ᠲᠠᠯ᠎ᠠ ᠪᠠᠷ ᠢᠶᠠᠨ ᠣᠷᠣᠰ ᠤᠳ ᠢᠶᠠᠷ ᠬᠠᠰᠢᠭᠳᠠᠭᠰᠠᠨ ᠨᠢ ᠮᠣᠩᠭᠣᠯᠴᠤᠳ ᠢ ᠮᠠᠨᠵᠤ ᠴᠢᠩ ᠤᠯᠤᠰ ᠲᠤ ᠡᠵᠡᠯᠡᠭᠳᠡᠬᠦ ᠳᠦ ᠬᠦᠷᠭᠡᠭᠰᠡᠨ ᠪᠠᠶᠢᠵᠤ ᠪᠣᠯᠬᠤ ᠲᠠᠯ᠎ᠠ ᠲᠠᠢ᠃

19 ᠍ ᠳᠦᠭᠡᠷ ᠵᠠᠭᠤᠨ ᠳᠤ ᠮᠠᠨᠵᠤ ᠴᠢᠩ ᠤᠯᠤᠰ ᠤᠨ ᠬᠦᠴᠦ ᠰᠤᠯᠠᠷᠠᠭᠰᠠᠨ ᠲᠤᠯᠠ 1858 ᠨᠳ ᠠᠶᠢᠭᠤᠨ ᠤ ᠭᠡᠷ᠎ᠡ ᠶᠣᠰᠣᠭᠠᠷ ᠠᠮᠤᠷ ᠮᠥᠷᠡᠨ ᠦ ᠬᠣᠶᠢᠳᠤ ᠡᠷᠭᠢ᠂ 1860 ᠣᠨ ᠤ ᠪᠡᠭᠡᠵᠢᠩ ᠦᠨ ᠭᠡᠷ᠎ᠡᠭᠡᠷ᠎ᠡ ᠤᠰᠠᠰᠤᠷᠢ ᠭᠣᠣᠯ ᠍ ᠤᠨ ᠵᠡᠭᠦᠨ ᠡᠷᠭᠢ ᠶᠢᠨ ᠫᠷᠢᠮᠣᠷᠢᠶ᠎ᠡ ᠶᠢ ᠣᠷᠣᠰ ᠤᠯᠤᠰ ᠥᠪᠡᠷ ᠦᠨ ᠪᠣᠯᠭᠠᠵᠤ᠂ ᠡᠵᠡᠮᠰᠢᠯ ᠨᠤᠲᠤᠭ ᠢᠶᠠᠨ ᠲᠡᠯᠡᠭᠰᠡᠭᠡᠷ ᠪᠠᠶᠢᠯ᠎ᠠ᠃

1917 ᠣᠨ ᠳᠤ ᠭᠠᠷᠤᠭᠰᠠᠨ ᠣᠺᠲ᠋ᠢᠶᠠᠪᠧᠷ ᠤᠨ ᠬᠤᠪᠢᠰᠬᠠᠯ ᠍ ᠤᠨ ᠳᠠᠷᠠᠭ᠎ᠠ ᠣᠷᠣᠰ ᠠᠴᠠ ᠬᠠᠷᠠᠭᠠᠲᠤ ᠠᠯᠤᠰ ᠳᠣᠷᠣᠨᠠᠲᠤ ᠶᠢᠨ ᠪᠦᠭᠦᠳᠡ ᠨᠠᠶᠢᠷᠠᠮᠳᠠᠬᠤ ᠤᠯᠤᠰᠫᠷᠢᠮᠣᠷ ᠤᠨ ᠪᠦᠭᠦᠳᠡ ᠨᠠᠶᠢᠷᠠᠮᠳᠠᠬᠤ ᠤᠯᠤᠰ ᠬᠡᠮᠡᠬᠦ ᠲᠣᠭᠯᠠᠭᠠᠮ ᠤᠨ ᠤᠯᠤᠰ ᠤᠳ ᠪᠠᠶᠢᠭᠤᠯᠤᠭᠳᠠᠭᠰᠠᠨ ᠴᠤ ᠤᠳᠠᠯ ᠦᠭᠡᠢ ᠵᠥᠪᠯᠡᠯᠲᠦ ᠬᠣᠯᠪᠣᠭᠠᠲᠤ ᠤᠯᠤᠰ ᠪᠠᠶᠢᠭᠤᠯᠤᠭᠳᠠᠬᠤ ᠳᠤ ᠪᠦᠷᠢᠯᠳᠦᠬᠦᠨ ᠳᠦ ᠨᠢ ᠣᠷᠣᠭᠰᠠᠨ ᠪᠠᠶᠢᠨ᠎ᠠ᠃

ᠤᠴᠢᠷ ᠨᠢ 1918-1922 ᠣᠨ ᠳᠤ ᠶᠠᠫᠣᠨᠠᠮᠧᠷᠢᠺᠠ ᠶᠢᠨ ᠨᠢᠭᠡᠳᠦᠭᠰᠡᠨ ᠤᠯᠤᠰᠶᠡᠬᠡ ᠪᠷᠢᠲ᠋ᠠᠨ(ᠠᠩᠭᠯᠢ) ᠵᠡᠷᠭᠡ ᠤᠯᠤᠰ ᠤᠳ ᠰᠢᠪᠸᠷᠢᠶ ᠠ ᠳᠦ ᠴᠡᠷᠢᠭ ᠢᠯᠡᠭᠡᠵᠦ᠂ ᠡᠪ ᠬᠠᠮᠳᠣ ᠬᠤᠪᠢᠰᠬᠠᠯ ᠢ ᠳᠠᠷᠤᠬᠤ ᠣᠷᠣᠯᠳᠤᠯᠭ᠎ᠠ ᠬᠢᠭᠰᠡᠨ ᠶᠤᠮ᠃ ᠳᠡᠯᠭᠡᠷᠡᠩᠭᠦᠢ ᠶᠢ ᠰᠢᠪᠸᠷᠢᠶ ᠠ ᠶᠢᠨ ᠢᠨᠲ᠋ᠧᠷᠸᠧᠨᠼ ᠥᠭᠦᠯᠡᠯ ᠡᠴᠡ ᠦᠵᠡᠨ᠎ᠡ ᠦᠦ᠃

20 ᠍ ᠳᠦᠭᠡᠷ ᠵᠠᠭᠤᠨ ᠳᠤ ᠠᠹᠷᠢᠺᠠᠠᠽᠢᠶ᠎ᠠ ᠍ ᠶᠢᠨ ᠺᠣᠯᠣᠨᠢ ᠣᠷᠣᠨ ᠨᠤᠭᠤᠳ ᠡᠭᠡᠯᠵᠢ ᠳᠠᠷᠠᠭᠠᠯᠠᠨ ᠲᠤᠰᠠᠭᠠᠷ ᠲᠣᠭᠲᠠᠨᠢᠯ ᠢᠶᠠᠨ ᠣᠯᠴᠣᠭᠤᠭᠰᠠᠨ ᠴᠤ ᠰᠢᠪᠸᠷᠢᠶ ᠠ ᠳᠦ ᠲᠤᠰᠠᠭᠠᠷ ᠤᠯᠤᠰ ᠪᠠᠶᠢᠭᠤᠯᠤᠭᠳᠠᠭᠰᠠᠨ ᠦᠭᠡᠢ᠃

ᠭᠡᠬᠦ ᠳᠦ ᠪᠡᠨ ᠡᠳ᠋ ᠍ ᠦᠨ ᠵᠠᠰᠠᠭ ᠤᠨ ᠬᠤᠷᠳᠤ ᠲᠠᠢ ᠥᠰᠦᠯᠲᠡ ᠲᠡᠢ᠂ ᠮᠥᠨ ᠠᠭᠤᠭᠤᠯ ᠣᠷᠣᠰᠢᠨ ᠰᠠᠭᠤᠭᠴᠢᠳ ᠴᠥᠭᠡᠩᠬᠢ ᠪᠣᠯᠵᠤ᠂ ᠣᠷᠣᠰ ᠤᠳ ᠶᠡᠬᠡᠩᠬᠢ ᠬᠤᠪᠢ ᠶᠢ ᠡᠵᠡᠯᠡᠬᠦ ᠪᠣᠯᠤᠭᠰᠠᠨ ᠵᠡᠷᠭᠡ ᠡᠴᠡ ᠡᠭᠦᠳᠦᠨ ᠰᠠᠯᠠᠩ ᠲᠤᠰᠠᠭᠠᠷᠯᠠᠬᠤ ᠬᠥᠳᠡᠯᠭᠡᠭᠡᠨ ᠥᠷᠦᠨᠡᠬᠢ ᠭᠦᠢ ᠭᠡᠵᠦ ᠦᠵᠡᠳᠡᠭ᠃

ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ