ᠰᠢᠪᠡᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠢᠪᠡᠢ ᠨᠢ VI?-ᠳᠣᠯᠤᠳᠤᠭᠠᠷ ᠵᠠᠭᠤᠨ ᠤ ᠦᠶ᠎ᠡ ᠳᠦ ᠮᠣᠩᠭᠣᠯ᠂ ᠲ᠋ᠦᠩᠬᠦᠰ ᠠᠶᠢᠮᠠᠭ ᠤᠳ ᠢ ᠶᠡᠷᠦᠩᠬᠡᠢ ᠳᠤ ᠨᠢ ᠨᠡᠷᠡᠯᠡᠵᠦ ᠪᠠᠶᠢᠭᠰᠠᠨ ᠨᠡᠷᠡ ᠶᠤᠮ᠃[1] ᠰᠢᠪᠡᠢ ᠶᠢᠨ ᠪᠦᠷᠢᠯᠳᠦᠬᠦᠨ ᠳᠦ ᠲᠦᠷᠦᠭ ᠦᠳ ᠮᠥᠨ ᠪᠠᠶᠢᠭᠰᠠᠨ ᠪᠠᠶᠢᠵᠤ ᠪᠣᠯᠬᠤ ᠴᠤ ᠲᠡᠳᠡᠨ ᠦ ᠭᠠᠵᠠᠷ ᠵᠦᠢ ᠶᠢᠨ ᠪᠠᠶᠢᠷᠢᠯᠠᠯ ᠠᠴᠠ ᠦᠵᠡᠬᠦ ᠳᠦ ᠮᠣᠩᠭᠣᠯ᠂ ᠲ᠋ᠦᠩᠬᠦᠰ ᠠᠶᠢᠮᠠᠭ ᠤᠳ ᠪᠠᠶᠢᠭᠰᠠᠨ ᠪᠣᠯᠤᠯᠲᠠᠢ᠃ ᠲᠡᠳᠡ ᠮᠣᠩᠭᠣᠯ ᠤᠨ ᠵᠡᠭᠦᠨ ᠬᠡᠰᠡᠭ᠂ ᠥᠪᠥᠷ ᠮᠣᠩᠭᠣᠯ᠂ ᠮᠠᠨᠵᠤᠤᠷᠠ ᠠᠴᠠ ᠵᠡᠭᠦᠨ ᠬᠣᠶᠢᠳᠤ ᠵᠦᠭ ᠲᠤ ᠠᠩᠨᠠᠭᠤᠷ ᠤᠨ ᠲᠡᠩᠭᠢᠰ ᠬᠦᠷᠲᠡᠯ᠎ᠡ ᠰᠠᠭᠤᠷᠢᠰᠢᠵᠤ ᠪᠠᠶᠢᠭᠰᠠᠨ ᠪᠥᠭᠡᠳ ᠠᠩᠴᠢᠨ᠂ ᠮᠠᠯᠴᠢᠨ᠂ ᠨᠡᠭᠦᠳᠡᠯᠴᠢᠨ᠂ ᠭᠠᠬᠠᠢ ᠮᠠᠯᠯᠠᠳᠠᠭ ᠭᠡᠬᠦ ᠮᠡᠲᠦ ᠣᠯᠠᠨ ᠶᠠᠩᠵᠤ ᠶᠢᠨ ᠰᠣᠶᠣᠯ᠂ ᠠᠵᠤ ᠠᠬᠤᠢ ᠲᠠᠢ ᠬᠦᠮᠦᠰ ᠪᠠᠶᠢᠪᠠ᠃ ᠲᠡᠳᠡᠨ ᠦ ᠨᠡᠯᠢᠶᠡᠳ ᠨᠢ ᠭᠠᠬᠠᠢ ᠮᠠᠯᠯᠠᠳᠠᠭ ᠪᠠᠶᠢᠰᠤᠨ ᠠᠴᠠ ᠦᠵᠡᠬᠦ ᠳᠦ ᠭᠣᠣᠯᠳᠠᠭᠤ ᠲ᠋ᠦᠩᠬᠦᠰ ᠤᠳ ᠪᠠᠶᠢᠭᠰᠠᠨ ᠪᠣᠯᠤᠯᠲᠠᠢ᠃ ᠨᠢᠷᠤᠨ ᠤᠯᠤᠰ ᠲᠦᠷᠦᠭ ᠤᠯᠤᠰᠠᠳᠠ ᠴᠣᠬᠢᠭᠳᠠᠨ ᠤᠨᠠᠭᠰᠠᠨ ᠤ ᠳᠠᠷᠠᠭ᠎ᠠ ᠮᠣᠩᠭᠣᠯᠴᠤᠳ ᠵᠡᠭᠦᠨ ᠲᠡᠰᠢ ᠰᠢᠬᠠᠭᠳᠠᠨ ᠨᠡᠭᠦᠭᠰᠡᠨ ᠦᠶᠡᠰ ᠬᠢᠲᠠᠳ ᠰᠤᠷᠪᠤᠯᠵᠢ ᠳᠤ ᠰᠢᠪᠡᠢ ᠶᠢᠨ ᠬᠡᠮᠡᠬᠦ ᠣᠯᠠᠨ ᠠᠶᠢᠮᠠᠭ ᠤᠨ ᠨᠡᠷ᠎ᠡ ᠶᠢᠨ ᠳᠣᠣᠷ᠎ᠠ ᠵᠠᠷᠢᠮ ᠮᠣᠩᠭᠣᠯᠴᠤᠳ ᠲᠡᠮᠳᠡᠭᠯᠡᠭᠳᠡᠬᠦ ᠪᠣᠯᠤᠭᠰᠠᠨ ᠪᠠ ᠶᠠᠪᠤᠭᠠᠨ ᠳᠠᠭᠠᠨ ᠰᠢᠪᠡᠢ ᠶᠢᠨ ᠠᠶᠢᠮᠠᠭ ᠤᠳ ᠤᠨ ᠭᠠᠷᠤᠯ ᠤᠭᠰᠠᠭ᠎ᠠ ᠲᠣᠳᠣᠷᠬᠠᠢ ᠪᠣᠯᠤᠭᠰᠠᠨ ᠲᠤᠯᠠ ᠰᠢᠪᠡᠢ ᠨᠡᠷ᠎ᠡ ᠶᠢ ᠳᠤᠮᠳᠠᠳᠤ ᠵᠠᠭᠤᠨ ᠤ ᠬᠢᠲᠠᠳ ᠲᠡᠦᠬᠡᠴᠢᠳ ᠬᠡᠷᠡᠭᠯᠡᠬᠦ ᠪᠡᠨ ᠪᠣᠯᠢᠵᠠᠢ᠃ ᠲᠡᠷᠡ ᠦᠶ᠎ᠡ ᠶᠢᠨ ᠬᠢᠲᠠᠳ ᠰᠤᠷᠪᠤᠯᠵᠢ ᠳᠤ ᠲᠡᠳᠡᠨ ᠢ ᠬᠢᠳᠠᠨ ᠤ ᠲᠥᠷᠦᠯ ᠠᠶᠢᠮᠠᠭ ᠭᠡᠵᠦ ᠪᠢᠴᠢᠭᠰᠡᠨ ᠪᠠᠶᠢᠳᠠᠭ ᠴᠤ ᠲᠤᠬᠠᠢ ᠶᠢᠨ ᠦᠶ᠎ᠡ ᠶᠢᠨ ᠲᠡᠦᠬᠡᠴᠢᠳ ᠤᠭᠰᠠᠭᠠᠲᠠᠨ᠂ ᠠᠵᠤ ᠠᠬᠤᠢ ᠶᠢᠨ ᠬᠤᠪᠢ ᠳᠤ ᠢᠯᠭᠠᠭ᠎ᠠ ᠲᠠᠢ ᠮᠣᠩᠭᠣᠯ᠂ ᠲᠤᠩᠭᠤᠰᠤ ᠨᠤᠭᠤᠳ ᠢ ᠢᠯᠭᠠᠵᠤ ᠪᠢᠴᠢᠭᠡ ᠦᠭᠡᠢ ᠬᠡᠷᠡᠭ ᠶᠤᠮ᠃ ᠡᠶᠢᠨᠬᠦᠦ ᠥᠪᠡᠷ ᠥᠪᠡᠷ ᠤᠭᠰᠠᠭᠠᠲᠠᠨ ᠢ ᠨᠢᠭᠡ ᠠᠶᠢᠮᠠᠭ ᠮᠡᠲᠦ ᠪᠡᠷ ᠪᠢᠴᠢᠬᠦ ᠶᠠᠪᠤᠳᠠᠯ ᠡᠷᠲᠡ᠂ ᠳᠤᠮᠳᠠᠳᠤ ᠵᠠᠭᠤᠨ ᠤ ᠧᠦᠢᠷᠣᠫᠠ ᠪᠣᠯᠤᠨ ᠠᠽᠢᠶ᠎ᠠ ᠶᠢᠨ ᠲᠡᠦᠬᠡᠴᠢᠳ ᠦᠨ ᠳᠤᠮᠳᠠ ᠲᠦᠭᠡᠮᠡᠯ ᠪᠠᠶᠢᠴᠠᠢ᠃

ᠮᠣᠩᠭᠣᠯ ᠰᠢᠪᠡᠢ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠰᠢᠪᠡᠶᠢᠴᠦᠳ ᠲᠠᠯ᠎ᠠ᠂ ᠣᠶᠢᠲᠤ ᠬᠡᠭᠡᠷ᠎ᠡ ᠳᠦ ᠠᠮᠢᠳᠤᠷᠠᠳᠠᠭ᠂ ᠠᠳᠤᠭᠤ᠂ ᠦᠬᠡᠷ᠂ ᠢᠮᠠᠭ᠎ᠠ᠂ ᠬᠣᠨᠢ᠂ ᠰᠠᠷᠯᠤᠭ᠂ ᠲᠡᠮᠡᠭᠡ ᠮᠠᠯᠯᠠᠳᠠᠭ ᠵᠢᠩᠬᠢᠨᠢ ᠨᠡᠭᠦᠳᠡᠯᠴᠢᠨ ᠠᠶᠢᠮᠠᠭ ᠤᠳ ᠪᠠᠶᠢᠭᠰᠠᠨ ᠪᠠ ᠴᠥᠭᠡᠨ ᠬᠡᠰᠡᠭ ᠨᠢ ᠠᠩᠴᠢᠨ ᠪᠠᠶᠢᠭᠰᠠᠨ ᠪᠠᠶᠢᠵᠤ ᠪᠣᠯᠬᠤ ᠶᠤᠮ᠃ ᠲᠡᠳᠡ ᠵᠡᠭᠦᠨ ᠮᠣᠩᠭᠣᠯ᠂ ᠥᠪᠥᠷ ᠮᠣᠩᠭᠣᠯ ᠤᠨ ᠬᠣᠶᠢᠳᠤ ᠬᠡᠰᠡᠭ᠂ ᠠᠮᠤᠷ ᠮᠥᠷᠡᠨ ᠦ ᠡᠬᠢᠨ᠂ ᠳᠤᠮᠳᠠ ᠤᠷᠤᠰᠬᠠᠯ ᠬᠠᠪᠢᠶᠠᠷᠠ ᠪᠠᠶᠢᠭᠰᠠᠨ ᠪᠣᠯᠤᠯᠲᠠᠢ᠃

ᠭᠠᠷᠤᠯ ᠨᠢ ᠲᠣᠳᠣᠷᠬᠠᠢ ᠦᠭᠡᠢ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠡᠭᠡᠷ ᠠᠶᠢᠮᠠᠭ ᠤᠨ ᠶᠡᠬᠡᠩᠬᠢ ᠨᠢ ᠡᠰᠡᠪᠡᠯ ᠵᠠᠷᠢᠮ ᠨᠢ ᠲ᠋ᠦᠩᠬᠦᠰ ᠤᠳ ᠪᠠᠶᠢᠭᠰᠠᠨ ᠪᠣᠯᠤᠯᠲᠠᠢ᠃ ᠰᠢᠪᠡᠶᠢᠴᠦᠳ ᠦᠨ ᠶᠡᠬᠡᠩᠬᠢ ᠶᠢ ᠪᠦᠷᠢᠳᠦᠭᠦᠯᠵᠦ ᠪᠠᠶᠢᠭᠰᠠᠨ ᠣᠢ ᠰᠢᠭᠤᠢ ᠳᠤ ᠠᠮᠢᠳᠤᠷᠠᠳᠠᠭ ᠠᠩᠴᠢᠨ᠂ ᠵᠢᠭᠠᠰᠤᠴᠢᠨ᠂ ᠭᠠᠬᠠᠶᠢᠴᠢᠨ᠂ ᠬᠠᠭᠠᠰ ᠨᠡᠭᠦᠳᠡᠯᠴᠢᠨ ᠠᠶᠢᠮᠠᠭ ᠤᠳ ᠢ ᠲ᠋ᠦᠩᠬᠦᠰ ᠠᠶᠢᠮᠠᠭ ᠤᠳ ᠭᠡᠵᠦ ᠦᠵᠡᠵᠦ ᠪᠣᠯᠤᠨ᠎ᠠ᠃

 • ᠳᠠᠭᠤᠢ
 • ᠳᠠ ᠷᠦᠵᠧ
 • ᠳᠤᠩ ᠰᠢᠪᠡᠢ /ᠵᠡᠭᠦᠨ ᠰᠢᠪᠡᠢ
 • Hejie
 • Huangtou (Yellow-head)
 • Lingxi
 • Luozu Shiwei
 • Luotuo
 • Nali
 • Nebeizhi
 • Powo
 • Saiezhi
 • Shanbei
 • Wusugu
 • Xi (Western) Shiwei
 • Xiao (Lesser) Ruzhe
 • Yisaimo

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ez.chita.ru ᠰᠢᠪᠡᠢ
 2. "ᠡᠸᠧᠩᠺᠢ" ᠬᠡᠬᠦ ᠮᠡᠳᠦ ᠸᠠᠰᠡᠯᠸᠢᠴ

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠰᠢᠪᠡᠢ&oldid=408928》 ᠍  ᠡᠴᠡ ᠠᠪᠤᠭᠰᠠᠨ

ᠪᠢᠴᠢᠭᠡᠰᠦ