ᠰᠢᠪᠠᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠪᠠᠵᠢ
ᠣᠷᠣᠰᠢᠨ ᠪᠠᠶᠢᠭᠰᠠᠨ ᠬᠤᠭᠤᠴᠠᠭ᠎ᠠ: ᠳᠧᠸᠣᠨ - ᠣᠳᠣ ᠬᠦᠷᠲᠡᠯ᠎ᠡ
ᠵᠥᠭᠡᠢ (Hymenoptera ᠪᠠᠭ)
ᠵᠥᠭᠡᠢ (Hymenoptera ᠪᠠᠭ)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ ᠤ
ᠬᠦᠷᠢᠶ᠎ᠡ: ᠦᠶᠡᠲᠦ ᠬᠥᠯᠲᠡᠨ
ᠠᠩᠭᠢ: ᠰᠢᠪᠠᠵᠢ
ᠺᠠᠷᠯ ᠯᠢᠨᠡᠨᠢ᠂ 1758


ᠰᠢᠪᠠᠵᠢ ᠨᠢ (ᠰᠢᠪᠠᠵᠢᠨ ᠦ ᠠᠩᠭᠢ) ᠭᠤᠷᠪᠠᠨ ᠬᠣᠣᠰ ᠬᠥᠯᠲᠡᠢ ᠦᠶᠡᠲᠦ ᠬᠥᠯᠲᠡᠨ ᠦ ᠬᠦᠷᠢᠶᠡᠨ ᠦ ᠬᠠᠮᠤᠭ ᠤᠨ ᠲᠣᠮᠣ ᠠᠩᠭᠢ ᠪᠥᠭᠡᠳ 100 ᠲᠦᠮᠡ ᠭᠠᠷᠤᠢ ᠵᠦᠢᠯ ᠠᠮᠢᠲᠠᠳ ᠲᠡᠮᠳᠡᠭᠯᠡᠭᠳᠡᠭᠡᠳ ᠪᠠᠶᠢᠭ᠎ᠠ ᠪᠣᠯᠪᠠᠴᠤ 150 ᠲᠦᠮᠡ ᠣᠷᠴᠢᠮ ᠵᠦᠢᠯ ᠪᠠᠶᠢᠬᠤ ᠨᠢ ᠵᠠᠶᠢᠯᠠᠰᠢ ᠦᠭᠡᠢ ᠭᠡᠵᠦ ᠡᠷᠳᠡᠮᠲᠡᠳ ᠦᠵᠡᠵᠡᠢ᠃ ᠳᠡᠯᠡᠬᠡᠢ ᠶᠢᠨ ᠠᠮᠢᠲᠠᠨ ᠤ ᠵᠦᠢᠯ ᠦᠨ ᠪᠦᠷᠢᠳᠦᠯ ᠦᠨ ᠲᠠᠯ᠎ᠠ ᠠᠴᠠ ᠢᠯᠡᠭᠦᠦ ᠬᠤᠪᠢ ᠶᠢ ᠰᠢᠪᠠᠵᠢ ᠡᠵᠡᠯᠡᠬᠦ[1][2] ᠪᠥᠭᠡᠳ ᠨᠡᠭᠡᠭᠡᠭᠳᠡᠭᠡ ᠦᠭᠡᠢ 3000 ᠲᠦᠮᠡ ᠠᠴᠠ ᠢᠯᠡᠭᠦᠦ ᠵᠦᠢᠯ ᠰᠢᠪᠠᠵᠢ ᠪᠠᠶᠢᠭ᠎ᠠ ᠭᠡᠵᠦ ᠲᠣᠭᠠᠴᠠᠳᠠᠭ ᠪᠠᠶᠢᠨ᠎ᠠ[3]᠃ ᠪᠡᠶ᠎ᠡ ᠭᠦᠢᠴᠡᠭᠰᠡᠨ ᠰᠢᠪᠠᠵᠢᠨ ᠤ ᠪᠡᠶ ᠡ ᠶᠢᠨ ᠤᠷᠲᠤ ᠨᠢ 0.139 cm- 55.5 cm[4]᠂ ᠵᠢᠩ ᠨᠢ 70 g ᠬᠦᠷᠦᠨ᠎ᠡ[4]. ᠰᠢᠪᠠᠵᠢ ᠠᠮᠢᠳᠤᠷᠠᠯ ᠤᠨ ᠣᠯᠠᠨ ᠶᠠᠩᠵᠤ ᠪᠦᠷᠢ ᠶᠢᠨ ᠨᠥᠬᠥᠴᠡᠯ ᠳᠦ ᠠᠮᠢᠳᠤᠷᠠᠬᠤ ᠴᠢᠳᠠᠪᠤᠷᠢ ᠶᠢ ᠬᠥᠭᠵᠢᠯ ᠦᠨ ᠶᠠᠪᠤᠴᠠ ᠳᠤ ᠣᠯᠤᠭᠰᠠᠨ ᠤᠴᠢᠷ ᠠᠴᠠ ᠲᠡᠳᠡᠨ ᠦ ᠪᠡᠶ᠎ᠡ ᠶᠢᠨ ᠪᠦᠲᠦᠴᠡ᠂ ᠡᠷᠬᠡᠲᠡᠨ ᠨᠦᠭᠦᠳ ᠦᠨ ᠭᠦᠢᠴᠡᠳᠭᠡᠬᠦ ᠡᠭᠦᠷᠭᠡ ᠮᠠᠰᠢ ᠣᠯᠠᠨ ᠶᠠᠩᠵᠤ ᠪᠣᠯᠵᠠᠢ᠃ ᠰᠢᠪᠠᠵᠢ ᠶᠢᠨ ᠣᠨᠴᠠᠯᠢᠭ ᠪᠣᠯ ᠨᠢᠰᠬᠦ ᠴᠢᠳᠠᠪᠤᠷᠢ ᠲᠠᠢ ᠪᠣᠯᠤᠭᠰᠠᠨ ᠶᠠᠪᠤᠳᠠᠯ ᠶᠤᠮ᠃ ᠮᠠᠰᠢ ᠣᠯᠠᠨ ᠵᠦᠢᠯ ᠦᠨ ᠰᠢᠪᠠᠵᠢ ᠪᠠᠶᠢᠭᠠᠯᠢ ᠳᠡᠭᠡᠷ᠎ᠡ ᠶᠡᠬᠡ ᠬᠡᠮᠵᠢᠶ᠎ᠡ ᠪᠡᠷ ᠲᠣᠬᠢᠶᠠᠯᠳᠣᠬᠤ ᠤᠴᠢᠷ ᠪᠠᠶᠢᠭᠠᠯᠢ ᠶᠢᠨ ᠠᠮᠢ ᠠᠬᠤᠢ ᠳᠤ ᠠᠰᠤᠷᠤ ᠶᠡᠬᠡ ᠡᠭᠦᠷᠭᠡ ᠶᠢ ᠭᠦᠢᠴᠡᠳᠭᠡᠨ᠎ᠡ᠃ ᠲᠡᠷᠡᠴᠢᠯᠡᠨ ᠣᠯᠠᠨ ᠵᠦᠢᠯ ᠦᠨ ᠰᠢᠪᠠᠵᠢ ᠬᠥᠳᠡᠭᠡ ᠠᠵᠤ ᠠᠬᠤᠢ ᠳᠤ ᠬᠣᠣᠷ ᠬᠥᠨᠥᠭᠡᠯ ᠤᠴᠠᠷᠠᠭᠤᠯᠬᠤ᠂ ᠤᠷᠭᠤᠮᠠᠯ ᠤᠨ ᠲᠣᠭᠣᠰᠣ ᠬᠦᠷᠲᠡᠭᠡᠬᠦ᠂ ᠬᠦᠮᠦᠨ ᠪᠠ ᠠᠮᠢᠲᠠᠨ ᠤ ᠪᠡᠶ᠎ᠡ ᠳᠦ ᠫᠠᠷᠠᠽᠢᠲᠠᠯᠠᠨ ᠠᠮᠢᠳᠤᠷᠠᠬᠤ᠂ ᠡᠪᠡᠳᠴᠢᠨ ᠲᠠᠷᠠᠭᠠᠬᠤ ᠵᠡᠷᠭᠡ ᠬᠣᠯᠪᠣᠭᠳᠠᠯ ᠢᠶᠠᠷ ᠠᠰᠤᠷᠤ ᠶᠡᠬᠡ ᠶᠤᠮ᠃ ᠮᠣᠩᠭᠣᠯ ᠤᠯᠤᠰ ᠲᠤ 13,000 ᠭᠠᠷᠤᠢ ᠵᠦᠢᠯ ᠦᠨ ᠰᠢᠪᠠᠵᠢ ᠮᠡᠳᠡᠭᠳᠡᠭᠡᠳ ᠪᠠᠶᠢᠨ᠎ᠠ᠃

ᠭᠠᠷᠴᠠᠭ

ᠪᠡᠶ᠎ᠡ ᠶᠢᠨ ᠪᠦᠲᠦᠴᠡ᠂ ᠹᠢᠽᠢᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠡᠶ᠎ᠡ ᠭᠦᠢᠴᠡᠭᠰᠡᠨ ᠰᠢᠪᠠᠵᠢ ᠶᠢᠨ ᠶᠡᠬᠡ ᠪᠡᠶ᠎ᠡ ᠨᠢ ᠲᠣᠯᠣᠭᠠᠢ᠂ ᠴᠡᠭᠡᠵᠢ᠂ ᠬᠡᠪᠡᠯᠢ ᠭᠡᠰᠡᠨ ᠮᠡᠳᠡᠭᠳᠡᠬᠦᠶᠢᠴᠡ 3 ᠬᠡᠰᠡᠭ ᠲᠦ ᠬᠤᠪᠢᠶᠠᠭᠳᠠᠨ᠎ᠠ᠃ ᠲᠣᠯᠣᠭᠠᠢ ᠨᠢ ᠠᠺᠷᠣᠨ ᠪᠠ 4 ᠰᠧᠭᠮᠧᠨᠲ ᠡᠴᠡ᠂ ᠴᠡᠭᠡᠵᠢ ᠨᠢ ᠢᠮᠠᠭᠲᠠ 3᠂ ᠬᠡᠪᠡᠯᠢ ᠨᠢ 11 ᠰᠧᠭᠮᠧᠨᠲ ᠡᠴᠡ ᠪᠦᠲᠦᠨ᠎ᠡ᠃

ᠲᠣᠯᠣᠭᠠᠢ ᠶᠢᠨ ᠬᠡᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠯᠣᠭᠠᠢ ᠬᠢᠲ᠋ᠢᠨ ᠺᠠᠫᠰᠤᠶᠢᠯ ᠢᠶᠠᠷ ᠪᠦᠷᠬᠦᠭᠳᠡᠭᠰᠡᠨ ᠪᠠᠶᠢᠬᠤ ᠪᠠ ᠬᠦᠵᠦᠭᠦᠨ ᠦ ᠨᠢᠭᠡ ᠦᠶᠡᠰ ᠴᠡᠭᠡᠵᠢ ᠲᠡᠢ ᠪᠡᠨ ᠬᠥᠳᠡᠯᠭᠡᠭᠡᠨᠲᠡᠢ ᠪᠡᠷ ᠬᠣᠯᠪᠣᠭᠳᠠᠭᠰᠠᠨ ᠪᠠᠶᠢᠨ᠎ᠠ᠃ ᠲᠣᠯᠣᠭᠠᠢ ᠶᠢᠨ ᠳᠤᠤᠷᠠᠳᠤ ᠲᠠᠯ᠎ᠠ ᠳᠤ ᠪᠤᠶᠤ ᠡᠮᠦᠨ᠎ᠡ ᠦᠵᠦᠭᠦᠷ ᠲᠦ ᠠᠮᠠᠨ ᠤ ᠰᠦᠪᠡ ᠣᠷᠣᠰᠢᠨ᠎ᠠ᠃ ᠲᠣᠯᠣᠭᠠᠢ ᠶᠢᠨ ᠬᠣᠶᠠᠷ ᠬᠠᠵᠠᠭᠤ ᠪᠠᠷ 2 ᠲᠣᠮᠣ ᠵᠦᠢᠮᠡᠯ ᠨᠢᠳᠦ ᠪᠠᠶᠢᠷᠢᠯᠠᠬᠤ ᠪᠠ ᠲᠡᠳᠡᠭᠡᠷ ᠦᠨ ᠬᠣᠭᠣᠷᠣᠨᠳᠣ ᠵᠢᠵᠢᠭ᠍ᠭᠡᠨ ᠬᠡᠳᠦ ᠬᠡᠳᠦᠨ ᠡᠩ ᠦᠨ ᠨᠢᠳᠦ ᠪᠠᠶᠢᠨ᠎ᠠ᠃ ᠨᠢᠳᠦᠨ ᠦ ᠣᠷᠴᠢᠮ ᠠᠴᠠ ᠬᠣᠣᠰ ᠰᠠᠬᠠᠯ ᠭᠠᠷᠬᠤ ᠪᠥᠭᠡᠳ ᠦᠨᠦᠷᠯᠡᠬᠦ ᠪᠠ ᠬᠦᠷᠦᠯᠴᠡᠬᠦ ᠡᠷᠬᠡᠲᠡᠨ ᠦ ᠡᠭᠦᠷᠭᠡ ᠭᠦᠢᠴᠡᠳᠭᠡᠨ᠎ᠡ᠃ ᠰᠠᠬᠠᠯ ᠣᠯᠠᠨ ᠦᠶ ᠡ ᠡᠴᠡ ᠲᠣᠭᠲᠠᠨ᠎ᠠ᠃ ᠰᠠᠬᠠᠯ ᠤᠨ ᠬᠡᠯᠪᠡᠷᠢ ᠣᠯᠠᠨ ᠶᠠᠩᠵᠤ: ᠤᠲᠠᠰᠤᠯᠠᠭ᠂ ᠪᠤᠯᠴᠠᠭᠤᠳᠤ᠂ ᠬᠢᠷᠦᠭᠡ ᠮᠠᠶ᠋ᠢᠭ ᠤᠨ᠂ ᠡᠳᠦᠯᠭᠡ᠂ ᠰᠠᠮ ᠮᠠᠶ᠋ᠢᠭ ᠤᠨ᠂ ᠲᠠᠬᠢᠷ ᠭᠡᠬᠦ ᠮᠡᠲᠦ᠃ ᠡᠨᠡ ᠨᠢ ᠰᠢᠪᠠᠵᠢ ᠶᠢ ᠲᠠᠨᠢᠵᠤ ᠮᠡᠳᠡᠬᠦ ᠳᠦ ᠴᠢᠬᠤᠯᠠ ᠡᠭᠦᠷᠭᠡ ᠶᠢ ᠭᠦᠢᠴᠡᠳᠭᠡᠳᠡᠭ᠃ ᠰᠠᠬᠠᠯ ᠤᠨ ᠲᠣᠯᠣᠭᠠᠢ ᠲᠠᠢ ᠨᠡᠶᠢᠯᠡᠭᠰᠡᠨ ᠦᠶ᠎ᠡ ᠶᠢ ᠰᠠᠬᠠᠯ ᠤᠨ ᠰᠠᠭᠤᠷᠢ ᠭᠡᠨ᠎ᠡ᠃ ᠰᠢᠪᠠᠵᠢ ᠶᠢᠨ ᠰᠠᠬᠠᠯ ᠢ ᠲᠣᠯᠣᠭᠠᠢ ᠶᠢᠨ 1 ᠍ ᠳᠦᠭᠡᠷ ᠦᠶ᠎ᠡ ᠶᠢᠨ ᠮᠥᠴᠡ ᠭᠡᠵᠦ ᠦᠵᠡᠳᠡᠭ᠃ ᠲᠣᠯᠣᠭᠠᠢ ᠶᠢᠨ 2 ᠍ ᠳᠦᠭᠡᠷ ᠰᠧᠭᠮᠧᠨᠲ ᠮᠥᠴᠡ ᠦᠭᠡᠢ᠂ ᠳᠡᠭᠡᠳᠦ ᠤᠷᠤᠭᠤᠯ ᠪᠣᠯᠵᠤ ᠬᠤᠪᠢᠷᠠᠭᠰᠠᠨ ᠪᠠᠶᠢᠨ᠎ᠠ᠃ ᠬᠠᠷᠢᠨ ᠪᠤᠰᠤᠳ ᠭᠤᠷᠪᠠᠨ ᠦᠶ ᠡ ᠡᠴᠡ ᠲᠣᠯᠣᠭᠠᠢ ᠶᠢᠨ ᠳᠡᠭᠡᠳᠦ ᠬᠡᠰᠡᠭ ᠲᠦ ᠪᠠᠶᠢᠷᠢᠯᠠᠬᠤ ᠠᠮᠠᠨ ᠤ ᠡᠷᠬᠡᠲᠡᠨ ᠡᠭᠦᠰᠴᠢ ᠪᠤᠢ ᠪᠣᠯᠤᠨ᠎ᠠ᠃ ᠭᠡᠪᠡᠴᠦ ᠲᠣᠯᠣᠭᠠᠢ ᠶᠢᠨ ᠰᠧᠭᠮᠧᠨᠲ ᠦᠳ ᠬᠣᠭᠣᠷᠣᠨᠳᠣ ᠪᠠᠨ ᠨᠢᠭᠲᠠᠴᠠ ᠨᠡᠶᠢᠯᠡᠭᠰᠡᠨ ᠪᠠᠶᠢᠬᠤ ᠲᠤᠯᠠ ᠢᠯᠭᠠᠭᠳᠠᠳᠠᠭ ᠦᠭᠡᠢ᠃ ᠬᠠᠷᠢᠨ ᠳᠤᠬᠤ᠂ ᠵᠤᠯᠠᠢ᠂ ᠬᠠᠴᠠᠷ᠂ ᠳᠠᠭᠵᠠ ᠭᠡᠰᠡᠨ ᠬᠡᠰᠡᠭ ᠦᠳ ᠨᠢ ᠵᠠᠭᠠᠳᠠᠰᠤ ᠪᠠᠷ ᠢᠯᠭᠠᠭᠳᠠᠨ᠎ᠠ᠃

ᠰᠢᠪᠠᠵᠢ ᠶᠢᠨ ᠠᠮᠠᠨ ᠤ ᠠᠫᠫᠠᠷᠠᠲ ᠤᠨ ᠪᠦᠲᠦᠴᠡ ᠣᠯᠠᠨ ᠶᠠᠩᠵᠤ ᠪᠠᠶᠢᠳᠠᠭ ᠨᠢ ᠬᠣᠭᠣᠯᠠ ᠲᠡᠵᠢᠭᠡᠯ ᠢ ᠠᠪᠴᠤ ᠬᠡᠷᠡᠭᠯᠡᠬᠦ ᠦᠢᠯᠡ ᠠᠵᠢᠯᠯᠠᠭᠠᠨ ᠠᠴᠠ ᠰᠢᠯᠲᠠᠭᠠᠯᠠᠨ᠎ᠠ᠃ ᠡᠷᠲᠡᠨ ᠦ ᠰᠢᠪᠠᠵᠢ ᠳᠤ ᠤᠷᠭᠤᠮᠠᠯ ᠪᠠ ᠠᠮᠢᠲᠠᠨ ᠤ ᠭᠠᠷᠤᠯᠲᠠᠢ ᠣᠷᠭᠠᠨᠢᠭ ᠬᠠᠲᠠᠭᠤ ᠵᠦᠢᠯᠡᠰ ᠢᠶᠡᠷ ᠬᠣᠭᠣᠯᠠᠯᠠᠵᠤ ᠪᠠᠶᠢᠭᠰᠠᠨ ᠨᠢ ᠲᠡᠳᠡᠭᠡᠷ ᠢ ᠮᠡᠷᠡᠬᠦ᠂ ᠵᠠᠵᠤᠯᠠᠬᠤ ᠳᠤ ᠵᠣᠬᠢᠯᠳᠤᠵᠤ ᠠᠮᠠᠨ ᠤ ᠮᠡᠷᠡᠬᠦ ᠡᠷᠬᠡᠲᠡᠨ ᠲᠡᠢ ᠪᠣᠯᠵᠠᠢ᠃ ᠡᠶᠢᠨᠬᠦᠦ ᠮᠡᠷᠡᠭᠴᠢ ᠠᠮᠠᠨ ᠤ ᠡᠷᠬᠡᠲᠡᠨ ᠢ ᠬᠠᠮᠤᠭ ᠤᠨ ᠡᠩ ᠦᠨ ᠪᠦᠲᠦᠴᠡ ᠲᠡᠢ᠂ ᠡᠷᠲᠡ ᠦᠶ᠎ᠡ ᠳᠦ ᠡᠭᠦᠰᠦᠭᠰᠡᠨ ᠭᠡᠵᠦ ᠦᠵᠡᠳᠡᠭ᠃ ᠰᠢᠩᠭᠡᠨ ᠲᠡᠵᠢᠭᠡᠯ ᠢᠶᠡᠷ ᠬᠣᠭᠣᠯᠠᠯᠠᠬᠤ(ᠠᠮᠢᠲᠠᠨ ᠤ ᠴᠢᠰᠤ ᠰᠤᠷᠤᠬᠤ᠂ ᠤᠷᠭᠤᠮᠠᠯ ᠤᠨ ᠪᠠᠯ᠂ ᠰᠢᠭᠦᠰᠦ ᠶᠢ ᠰᠤᠷᠤᠬᠤ᠂ ᠣᠷᠭᠠᠨᠢᠭ ᠰᠢᠩᠭᠡᠨ ᠢᠶᠡᠷ ᠬᠣᠭᠣᠯᠠᠯᠠᠬᠤ ᠵᠡᠷᠭᠡ) ᠪᠣᠯᠤᠭᠰᠠᠨ ᠨᠢ ᠠᠮᠠᠨ ᠤ ᠠᠫᠫᠠᠷᠠᠲ ᠤᠨ ᠥᠭᠡᠷ᠎ᠡ ᠵᠣᠬᠢᠯᠳᠤᠯᠠᠭ᠎ᠠ ᠶᠢ ᠨᠥᠬᠦᠴᠡᠯᠳᠦᠭᠦᠯᠵᠡᠢ᠃

ᠰᠢᠯᠤᠭᠤᠨ ᠳᠠᠯᠠᠪᠴᠢᠲᠠᠨ ᠨᠤᠭᠤᠳ᠂ ᠵᠣᠣᠮ᠎ᠠ᠂ ᠴᠣᠬᠣ ᠨᠤᠭᠤᠳ ᠤᠨ ᠠᠮᠠᠨ ᠤ ᠡᠷᠬᠡᠲᠡᠨ ᠮᠡᠷᠡᠬᠦ ᠬᠡᠯᠪᠡᠷᠢ ᠶᠢᠨ ᠠᠫᠫᠠᠷᠠᠲ ᠶᠤᠮ᠃ ᠶᠡᠬᠡᠩᠬᠢ ᠰᠢᠪᠠᠵᠢ ᠶᠢᠨ ᠠᠪᠠᠭᠠᠯᠳᠠᠢ ᠶᠢᠨ(ᠵᠢᠨᠦ: ᠡᠷᠪᠡᠬᠡᠢ ᠶᠢᠨ ᠬᠦᠷᠢᠨᠴᠢᠷ) ᠠᠮᠠᠨ ᠤ ᠡᠷᠬᠡᠲᠡᠨ ᠣᠯᠠᠨ ᠬᠥᠯᠲᠡᠨ ᠦ ᠠᠮᠠᠨ ᠤ ᠡᠷᠬᠡᠲᠡᠨ ᠦ ᠠᠳᠠᠯᠢ ᠪᠠᠷ ᠮᠡᠷᠡᠬᠦ ᠳᠦ ᠵᠣᠬᠢᠯᠳᠤᠭᠰᠠᠨ ᠪᠠᠶᠢᠳᠠᠭ᠃ ᠰᠡᠷᠡᠯᠵᠢᠬᠦ ᠬᠡᠯᠪᠡᠷᠢ ᠶᠢᠨ ᠠᠮᠠᠨ ᠤ ᠠᠫᠫᠠᠷᠠᠲ ᠤᠨ ᠪᠦᠲᠦᠴᠡ ᠶᠢ ᠠᠪᠴᠤ ᠦᠵᠡᠪᠡᠯ: ᠳᠡᠭᠡᠳᠦ ᠲᠠᠯ᠎ᠠ ᠠᠴᠠ ᠬᠣᠣᠰ ᠪᠢᠰᠢ ᠳᠡᠭᠡᠳᠦ ᠤᠷᠤᠭᠤᠯ ᠢᠶᠠᠷ ᠪᠦᠷᠬᠦᠭᠳᠡᠨ᠎ᠡ᠃ ᠳᠡᠭᠡᠳᠦ ᠤᠷᠤᠭᠤᠯ ᠤᠨ ᠳᠣᠣᠷ᠎ᠠ ᠬᠦᠴᠦᠷᠬᠡᠭ ᠪᠤᠯᠴᠢᠩ ᠲᠠᠢ᠂ ᠬᠢᠲᠢᠩᠵᠢᠭᠰᠡᠨ ᠬᠣᠣᠰ ᠳᠡᠭᠡᠳᠦ ᠤᠭᠤᠵᠢ (ᠮᠠᠨᠳᠢᠪᠤᠯ) ᠣᠷᠣᠰᠢᠨ᠎ᠠ᠃

ᠳᠡᠭᠡᠳᠦ ᠤᠭᠤᠵᠢ ᠶᠢᠨ ᠳᠣᠲᠣᠷ᠎ᠠ ᠲᠠᠯ᠎ᠠ ᠬᠦᠴᠦᠷᠬᠡᠭ ᠰᠢᠳᠦᠯᠡᠭᠳᠡᠭᠰᠡᠨ ᠪᠠᠶᠢᠬᠤ ᠨᠢ ᠢᠳᠡᠰᠢ ᠲᠡᠵᠢᠭᠡᠯ ᠦᠨ ᠵᠦᠢᠯ ᠢ ᠪᠤᠲᠠᠯᠠᠵᠤ ᠵᠢᠵᠢᠭᠯᠡᠬᠦ᠂ ᠥᠮᠥᠯᠬᠦ ᠡᠭᠦᠷᠭᠡ ᠲᠡᠢ᠃ ᠳᠡᠭᠡᠳᠦ ᠤᠭᠤᠵᠢ ᠶᠢᠨ ᠳᠣᠣᠷ᠎ᠠ ᠨᠢ ᠬᠣᠣᠰ ᠳᠤᠤᠷᠠᠳᠤ ᠤᠭᠤᠵᠢ (ᠮᠠᠺᠰᠢᠯ) ᠂ ᠳᠤᠤᠷᠠᠳᠤ ᠲᠠᠯ᠎ᠠ ᠠᠴᠠ ᠪᠠᠨ ᠳᠤᠤᠷᠠᠳᠤ ᠤᠷᠤᠭᠤᠯ ᠢᠶᠠᠷ ᠬᠠᠯᠬᠠᠭᠳᠠᠨ ᠪᠠᠶᠢᠷᠢᠯᠠᠨ᠎ᠠ᠃ ᠮᠠᠨᠳᠢᠪᠤᠯ ᠲᠣᠯᠣᠭᠠᠢ ᠶᠢᠨ 2 ᠍ ᠳᠦᠭᠡᠷ ᠦᠶ᠎ᠡ ᠶᠢᠨ ᠮᠥᠴᠡ ᠶᠤᠮ᠃ ᠮᠠᠺᠰᠢᠯ ᠲᠣᠯᠣᠭᠠᠢ ᠶᠢᠨ 2 ᠪᠠ 3 ᠍ ᠳᠦᠭᠡᠷ ᠦᠶ᠎ᠡ ᠶᠢᠨ ᠮᠥᠴᠡ ᠨᠦᠭᠦᠳ ᠪᠣᠯᠤᠨ᠎ᠠ᠃ ᠮᠠᠨᠳᠢᠪᠤᠯ ᠮᠠᠺᠰᠢᠯ ᠦᠳ ᠦᠶ᠎ᠡ ᠨᠦᠭᠦᠳ ᠡᠴᠡ ᠲᠣᠭᠲᠠᠭᠰᠠᠨ ᠪᠠᠶᠢᠬᠤ ᠨᠢ ᠶᠠᠪᠤᠬᠤ ᠬᠥᠯ ᠡᠴᠡ ᠠᠩᠬ᠎ᠠ ᠡᠭᠦᠰᠴᠤ ᠭᠠᠷᠤᠭᠰᠠᠨ ᠪᠣᠯᠬᠤ ᠶᠢ ᠭᠡᠷᠡᠴᠢᠯᠡᠨ᠎ᠡ᠃ ᠳᠤᠤᠷᠠᠳᠤ ᠡᠷᠡᠦ 2 ᠦᠶ ᠡ ᠡᠴᠡ ᠲᠣᠭᠲᠠᠬᠤ ᠪᠥᠭᠡᠳ ᠲᠡᠭᠦᠨ ᠦ ᠳᠡᠭᠡᠷ᠎ᠡ 3 ᠰᠠᠯᠠᠭ᠎ᠠ ᠤᠨᠵᠢᠯᠭ᠎ᠠ ᠪᠠᠶᠢᠬᠤ ᠨᠢ ᠳᠣᠲᠣᠭᠠᠳᠤ᠂ ᠭᠠᠳᠠᠭᠠᠳᠤ ᠰᠡᠷᠲᠡᠩ ᠪᠠ ᠲᠡᠮᠲᠡᠷᠢᠭᠦᠯ ᠭᠡᠵᠦ ᠨᠡᠷᠡᠯᠡᠨ᠎ᠡ᠃

ᠳᠤᠤᠷᠠᠳᠤ ᠤᠷᠤᠭᠤᠯ 2 ᠦᠶ ᠡ ᠡᠴᠡ ᠪᠦᠲᠦᠬᠦ ᠪᠠ ᠲᠡᠭᠦᠨ ᠦ ᠳᠡᠭᠡᠷ᠎ᠡ 3 ᠰᠠᠯᠠᠭ᠎ᠠ ᠤᠨᠵᠢᠯᠭ᠎ᠠ ᠪᠠᠶᠢᠬᠤ ᠨᠢ ᠳᠤᠤᠷᠠᠳᠤ ᠤᠷᠤᠭᠤᠯ ᠤᠨ ᠳᠣᠲᠣᠭᠠᠳᠤ᠂ ᠭᠠᠳᠠᠭᠠᠳᠤ ᠤᠨᠵᠢᠯᠭ᠎ᠠ ᠪᠠ ᠳᠤᠤᠷᠠᠳᠤ ᠤᠷᠤᠭᠤᠯ ᠤᠨ ᠲᠡᠮᠲᠡᠷᠢᠭᠦᠯ ᠭᠡᠵᠦ ᠨᠡᠷᠡᠯᠡᠭᠳᠡᠨ᠎ᠡ᠃

ᠠᠮᠠᠨ ᠤ ᠬᠥᠨᠳᠡᠢ ᠶᠢᠨ ᠢᠷᠤᠭᠠᠷ ᠳᠣᠲᠣᠭᠰᠢ ᠨᠤᠭᠤᠯᠡᠷᠡᠴᠤ ᠬᠢᠲ᠋ᠢᠨᠵᠢᠯᠡᠭᠳᠡᠭᠰᠡᠨ ᠬᠡᠯᠡ ᠪᠤᠶᠤ ᠭᠢᠫᠣᠹᠠᠷᠢᠨᠺᠰ ᠢ ᠡᠭᠦᠰᠬᠡᠭᠰᠡᠨ ᠪᠠᠶᠢᠬᠤ ᠨᠢ ᠠᠮᠠᠨ ᠤ ᠠᠫᠫᠠᠷᠠᠲᠤᠨ ᠳᠤ ᠬᠠᠮᠢᠶᠠᠷᠤᠭᠳᠠᠨ᠎ᠠ᠃ ᠰᠢᠪᠠᠵᠢ ᠶᠢᠨ ᠠᠮᠠᠨ ᠤ ᠡᠷᠬᠡᠲᠡᠨ ᠦ ᠥᠭᠡᠷ᠎ᠡ ᠨᠢᠭᠡ ᠬᠡᠯᠪᠡᠷᠢ ᠪᠣᠯ ᠬᠠᠵᠠᠵᠤ ᠰᠤᠷᠤᠬᠤ ᠠᠫᠫᠠᠷᠠᠲ ᠶᠤᠮ᠃ ᠶᠡᠬᠡᠩᠬᠢ ᠰᠠᠷᠢᠰᠤᠨ ᠳᠠᠯᠠᠪᠴᠢᠲᠠᠨ ᠨᠤᠭᠤᠳ (ᠵᠥᠭᠡᠢ᠂ ᠬᠥᠬᠥᠲᠡᠷᠡᠦ᠂ ᠬᠡᠳᠡᠭᠡᠨ᠎ᠡ) ᠬᠠᠵᠠᠵᠤ ᠰᠣᠷᠣᠬᠤ ᠳᠤ ᠵᠣᠬᠢᠯᠳᠤᠭᠰᠠᠨ ᠠᠮᠠᠨ ᠤ ᠡᠷᠬᠡᠲᠡᠨ ᠲᠡᠢ ᠪᠣᠯᠵᠠᠢ᠃ ᠡᠭᠦᠨ ᠳᠦ: ᠳᠡᠭᠡᠳᠦ ᠤᠷᠤᠭᠤᠯ ᠪᠠ ᠳᠡᠭᠡᠳᠦ ᠤᠭᠤᠵᠢ ᠨᠢ ᠮᠡᠷᠡᠬᠦ ᠠᠫᠫᠠᠷᠠᠲ ᠤᠨ ᠳᠡᠭᠡᠳᠦ ᠤᠷᠤᠭᠤᠯ᠂ ᠤᠭᠤᠵᠢᠲᠠᠢ ᠲᠥᠰᠥᠭᠡᠲᠡᠢ ᠪᠠᠶᠢᠨ᠎ᠠ᠃ ᠬᠠᠷᠢᠨ ᠳᠤᠤᠷᠠᠳᠤ ᠤᠭᠤᠵᠢ ᠤᠷᠲᠤᠰᠴᠤ ᠬᠠᠳᠬᠤᠭᠤᠷ ᠬᠡᠯᠪᠡᠷᠢ ᠲᠡᠢ ᠪᠣᠯᠤᠭᠰᠠᠨ ᠪᠠᠶᠢᠬᠤ ᠪᠠ ᠳᠤᠤᠷᠠᠳᠤ ᠤᠷᠤᠭᠤᠯ ᠰᠤᠨᠵᠤ ᠬᠣᠪᠢᠯ ᠪᠦᠬᠦᠢ ᠬᠤᠰᠢᠭᠤ ᠪᠣᠯᠵᠤ ᠬᠤᠪᠢᠷᠠᠵᠠᠢ᠃ ᠬᠤᠰᠢᠭᠤᠨ ᠤ ᠬᠣᠪᠢᠯ ᠳᠣᠲᠣᠷ᠎ᠠ ᠳᠤᠤᠷᠠᠳᠤ ᠤᠭᠢᠶᠠᠵᠤ ᠣᠷᠣᠰᠢᠨ᠎ᠠ᠃ ᠡᠨᠡ ᠪᠠᠶᠢᠳᠠᠯ ᠬᠣᠭᠣᠯᠠᠯᠠᠬᠤ ᠣᠨᠴᠠᠯᠢᠭ ᠠᠴᠠ ᠪᠣᠯᠵᠠᠢ᠃ ᠮᠠᠨᠳᠢᠪᠤᠯ᠂ ᠴᠡᠴᠡᠭ ᠦᠨ ᠲᠣᠭᠣᠰᠣᠨ ᠤ ᠬᠠᠲᠠᠭᠤ ᠬᠡᠰᠡᠭ ᠢ ᠪᠤᠲᠠᠯᠠᠬᠤ ᠡᠰᠡᠪᠡᠯ ᠠᠮᠢᠲᠠᠨ ᠤ ᠠᠷᠠᠰᠤ ᠶᠢ ᠬᠠᠵᠠᠬᠤ ᠡᠭᠦᠷᠭᠡ ᠭᠦᠢᠴᠡᠳᠭᠡᠬᠦ ᠳᠦ ᠳᠤᠤᠷᠠᠳᠤ ᠤᠭᠤᠵᠢ ᠶᠢ ᠡᠭᠦᠰᠬᠡᠭᠰᠡᠨ ᠬᠤᠰᠢᠭᠤ᠂ ᠴᠡᠴᠡᠭ ᠦᠨ ᠪᠠᠯ ᠪᠤᠶᠤ ᠠᠮᠢᠲᠠᠨ ᠤ ᠴᠢᠰᠤ ᠶᠢ ᠰᠤᠷᠤᠬᠤ ᠡᠭᠦᠷᠭᠡ ᠭᠦᠢᠴᠡᠳᠭᠡᠨ᠎ᠡ᠃

ᠰᠢᠮᠠᠭᠤᠯ ᠤᠨ ᠠᠮᠠᠨ ᠤ ᠡᠷᠬᠡᠲᠡᠨ ᠬᠠᠳᠬᠤᠵᠤ ᠰᠤᠷᠤᠬᠤ ᠬᠡᠯᠪᠡᠷᠢ ᠶᠢᠨ ᠠᠫᠫᠠᠷᠠᠲ ᠶᠤᠮ᠃ ᠡᠭᠦᠨ ᠳᠦ: ᠠᠮᠠᠨ ᠤ ᠡᠷᠬᠡᠲᠡᠨ ᠦ ᠪᠦᠬᠦ ᠬᠡᠰᠡᠭ ᠦᠳ ᠰᠤᠨᠤᠭᠰᠠᠨ ᠪᠠᠶᠢᠨ᠎ᠠ᠃ ᠳᠡᠭᠡᠳᠦ᠂ ᠳᠤᠤᠷᠠᠳᠤ ᠤᠭᠤᠵᠢᠭᠤᠳ ᠰᠤᠨᠵᠤ ᠬᠤᠰᠢᠭᠤ ᠡᠭᠦᠰᠬᠡᠨ᠎ᠡ᠃ ᠳᠡᠭᠡᠳᠦ᠂ ᠳᠤᠤᠷᠠᠳᠤ ᠤᠭᠤᠵᠢᠭᠤᠳ ᠤᠷᠲᠤ ᠬᠠᠳᠬᠤᠭᠤᠷ ᠪᠣᠯᠤᠭᠰᠠᠨ ᠪᠠᠶᠢᠨ᠎ᠠ᠃ ᠡᠶᠢᠨᠬᠦᠦ ᠠᠮᠢᠲᠠᠨ ᠤ ᠠᠷᠠᠰᠤ ᠶᠢ ᠴᠣ ᠬᠠᠳᠬᠤᠵᠤ ᠴᠢᠰᠤ ᠰᠣᠷᠣᠵᠤ ᠬᠣᠭᠣᠯᠠᠯᠠᠬᠤ ᠳᠤ ᠵᠣᠬᠢᠯᠳᠤᠵᠠᠢ᠃

ᠡᠷᠪᠡᠬᠡᠢ ᠶᠢᠨ ᠠᠮᠠᠨ ᠤ ᠡᠷᠬᠡᠲᠡᠨ ᠤᠷᠲᠤ ᠬᠤᠰᠢᠭᠤ ᠬᠡᠯᠪᠡᠷᠢ ᠶᠢ ᠣᠯᠵᠤ ᠵᠥᠪᠬᠡᠨ ᠰᠤᠷᠤᠬᠤ ᠠᠫᠫᠠᠷᠠᠲ ᠪᠣᠯᠵᠤ ᠬᠤᠪᠢᠷᠠᠵᠠᠢ᠃ ᠳᠡᠭᠡᠳᠦ ᠤᠷᠤᠭᠤᠯ ᠦᠯᠡᠳᠡᠭᠳᠡᠯ ᠲᠡᠳᠦᠢ ᠬᠤᠴᠤᠷᠠᠵᠤ ᠳᠡᠭᠡᠳᠦ ᠤᠭᠤᠵᠢᠭᠤᠳ ᠪᠦᠷᠢᠮᠦᠰᠦᠨ ᠪᠠᠶᠢᠬᠤ ᠦᠭᠡᠢ ᠪᠣᠯᠵᠤ ᠳᠤᠤᠷᠠᠳᠤ ᠤᠭᠢᠶᠠᠵᠤ ᠨᠢ ᠰᠤᠨᠵᠤ ᠤᠶᠠᠨ ᠨᠠᠯᠠᠷᠬᠠᠢ᠂ ᠲᠠᠶᠢᠪᠤᠩ ᠪᠠᠶᠢᠳᠠᠯ ᠳᠤ ᠪᠠᠨ ᠮᠤᠰᠬᠢᠷᠠᠨ ᠪᠠᠶᠢᠷᠢᠯᠠᠬᠤ ᠣᠨᠴᠠᠯᠢᠭ ᠲᠠᠢ ᠬᠤᠰᠢᠭᠤ ᠪᠣᠯᠤᠭᠰᠠᠨ ᠪᠠᠶᠢᠨ᠎ᠠ᠃ ᠳᠤᠤᠷᠠᠳᠤ ᠤᠷᠤᠭᠤᠯ ᠮᠠᠰᠢ ᠵᠢᠵᠢᠭ᠍ᠭᠡᠨ᠂ ᠲᠡᠭᠦᠨ ᠳᠡᠭᠡᠷ᠎ᠡ 3 ᠦᠶ᠎ᠡ ᠪᠦᠬᠦᠢ ᠪᠣᠭᠣᠨᠢ ᠲᠡᠮᠲᠡᠷᠢᠭᠦᠯ ᠣᠷᠣᠰᠢᠨ᠎ᠠ᠃ ᠡᠶᠢᠨᠬᠦᠦ ᠡᠷᠪᠡᠬᠡᠢ ᠭᠠᠭᠴᠠᠬᠦ ᠳᠤᠤᠷᠠᠳᠤ ᠤᠭᠤᠵᠢ ᠪᠠᠷ ᠢᠶᠠᠨ ᠴᠡᠴᠡᠭ ᠦᠨ ᠪᠠᠯ ᠢ ᠰᠣᠷᠣᠨ ᠠᠪᠴᠤ ᠬᠣᠭᠣᠯᠠᠯᠠᠨ᠎ᠠ᠃ ᠬᠣᠣᠰ ᠳᠠᠯᠠᠪᠴᠢᠲᠠᠨ ᠠᠴᠠ ᠶᠡᠬᠡᠩᠬᠢ ᠢᠯᠠᠭᠠᠨ ᠤ ᠠᠮᠠᠨ ᠤ ᠡᠷᠬᠡᠲᠡᠨ ᠳᠣᠯᠢᠶᠠᠵᠤ ᠰᠤᠷᠤᠬᠤ ᠠᠫᠫᠠᠷᠠᠲ ᠪᠣᠯᠤᠭᠰᠠᠨ ᠪᠠᠶᠢᠨ᠎ᠠ᠃ ᠢᠯᠠᠭᠠᠨ ᠳᠤ ᠳᠡᠭᠡᠳᠦ᠂ ᠳᠤᠤᠷᠠᠳᠤ ᠤᠭᠤᠵᠢ ᠪᠠᠶᠢᠬᠤ ᠦᠭᠡᠢ ᠬᠠᠷᠢᠨ ᠳᠤᠤᠷᠠᠳᠤ ᠤᠭᠤᠵᠢ ᠶᠢᠨ ᠲᠡᠮᠲᠡᠷᠢᠭᠦᠯ ᠪᠤᠢ᠃ ᠳᠤᠤᠷᠠᠳᠤ ᠤᠷᠤᠭᠤᠯ ᠰᠤᠨᠵᠤ᠂ ᠬᠣᠪᠢᠯ ᠪᠦᠬᠦᠢ ᠬᠤᠰᠢᠭᠤ ᠪᠣᠯᠤᠨ᠎ᠠ᠃ ᠬᠤᠰᠢᠭᠤᠨ ᠤ ᠬᠣᠪᠢᠯ ᠳᠡᠭᠡᠷ᠎ᠡ ᠡᠴᠡ ᠳᠡᠭᠡᠳᠦ ᠤᠷᠤᠭᠤᠯ ᠪᠦᠲᠦᠭᠡᠵᠦ᠂ ᠨᠢᠭᠡᠨ ᠬᠣᠭᠣᠯᠠᠢ ᠭᠤᠤᠷᠰᠤ ᠶᠢ ᠡᠭᠦᠰᠬᠡᠨ᠎ᠡ᠃ ᠬᠤᠰᠢᠭᠤᠨ ᠤ (ᠳᠤᠤᠷᠠᠳᠤ ᠤᠷᠤᠭᠤᠯ ᠤᠨ) ᠰᠠᠯᠪᠠᠩ ᠪᠦᠬᠦᠢ ᠳᠡᠯᠪᠡᠩ ᠢᠶᠡᠷ ᠲᠡᠭᠦᠰᠴᠤ ᠰᠢᠭᠦᠬᠦ ᠠᠫᠫᠠᠷᠠᠲ ᠪᠣᠯᠤᠭᠰᠠᠨ ᠪᠠᠶᠢᠨ᠎ᠠ᠃ ᠡᠶᠢᠨᠬᠦᠦ ᠰᠢᠩᠭᠡᠨ ᠲᠡᠵᠢᠭᠡᠯ ᠬᠣᠰᠢᠭᠤᠨ ᠤ ᠦᠵᠦᠭᠦᠷ ᠢᠶᠡᠷ ᠳᠣᠯᠢᠶᠠᠭᠳᠠᠨ ᠱᠦᠭᠦᠭᠳᠡᠵᠦ ᠬᠣᠰᠢᠭᠤᠨ ᠤ ᠰᠦᠪᠡ ᠪᠡᠷ ᠰᠣᠷᠣᠭᠳᠠᠬᠤ ᠪᠣᠯᠤᠨ᠎ᠠ᠃

ᠰᠢᠪᠠᠵᠢ ᠶᠢᠨ ᠠᠮᠠᠨ ᠤ ᠡᠷᠬᠡᠲᠡᠨ ᠦ ᠪᠦᠲᠦᠴᠡ᠂ ᠠᠩᠬᠢᠯᠠᠯ ᠵᠦᠢ ᠶᠢᠨ ᠶᠡᠬᠡᠬᠡᠨ ᠠᠴᠢ ᠬᠣᠯᠪᠣᠭᠳᠠᠯ ᠲᠠᠢ ᠶᠤᠮ᠃ ᠶᠡᠬᠡᠩᠬᠢ ᠰᠢᠪᠠᠵᠢ ᠶᠢᠨ ᠠᠮᠠᠨ ᠤ ᠡᠷᠬᠡᠲᠡᠨ ᠨᠦᠭᠦᠳ (ᠤᠭᠤᠵᠢᠭᠤᠳ) ᠲᠣᠯᠣᠭᠠᠢ ᠶᠢᠨ ᠬᠡᠰᠡᠭ ᠲᠦ ᠮᠡᠳᠡᠭᠳᠡᠬᠦᠶᠢᠴᠡ ᠲᠣᠳᠣ ᠪᠠᠶᠢᠷᠢᠯᠠᠭᠰᠠᠨ ᠪᠠᠶᠢᠨ᠎ᠠ᠃ ᠲᠡᠶᠢᠮᠦ ᠰᠢᠪᠠᠵᠢ ᠳᠤ ᠢᠯᠡ ᠤᠭᠤᠵᠢᠲᠠᠨ ᠤ ᠰᠠᠯᠪᠤᠷᠢ ᠠᠩᠭᠢ ᠳᠤ (Ectognatha) ᠪᠠᠭᠠᠳᠤᠨ᠎ᠠ᠃ ᠴᠥᠭᠡᠩᠬᠢ ᠰᠢᠪᠠᠵᠢ ᠨᠤᠭᠤᠳ ᠤᠨ ᠠᠮᠠᠨ ᠤ ᠡᠷᠬᠡᠲᠡᠨ ᠨᠦᠭᠦᠳ ᠲᠤᠰᠬᠠᠢ ᠪᠦᠷᠬᠦᠭᠦᠯ ᠳᠣᠲᠣᠷ᠎ᠠ ᠪᠠᠶᠢᠷᠢᠯᠠᠵᠤ ᠵᠥᠪᠬᠡᠨ ᠦᠵᠦᠭᠦᠷ ᠨᠢ ᠭᠠᠳᠠᠭᠰᠢ ᠶᠣᠷᠳᠣᠶᠢᠨ ᠬᠠᠷᠠᠭᠳᠠᠨ᠎ᠠ᠃ ᠲᠡᠶᠢᠮᠦ ᠰᠢᠪᠠᠵᠢ ᠨᠤᠭᠤᠳ ᠢ ᠨᠢᠭᠤᠴᠠ ᠤᠭᠤᠵᠢᠲᠠᠨ ᠤ ᠰᠠᠯᠪᠤᠷᠢ ᠠᠩᠭᠢ ᠳᠤ (Entognatha) ᠬᠠᠮᠢᠶᠠᠷᠤᠭᠤᠯᠤᠨ᠎ᠠ᠃

ᠴᠡᠭᠡᠵᠢᠨ ᠦ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢᠨ ᠤ ᠳᠠᠯᠠᠪᠴᠢᠨ ᠤ ᠡᠩ ᠦᠨ ᠬᠥᠳᠡᠯᠭᠡᠭᠡᠨ ᠢ ᠬᠠᠷᠠᠭᠤᠯᠤᠭᠰᠠᠨ ᠬᠥᠨᠳᠡᠯᠡᠨ ᠣᠭᠲᠣᠯᠤᠯ ᠤᠨ ᠵᠢᠷᠤᠭ
a ᠳᠠᠯᠠᠪᠴᠢ
b ᠬᠣᠯᠪᠣᠭᠠᠰᠤ
c ᠬᠥᠨᠳᠡᠯᠡᠨ ᠪᠤᠯᠴᠢᠩ
d ᠲᠤᠤᠱ ᠪᠤᠯᠴᠢᠩ᠃

ᠰᠢᠪᠠᠵᠢ ᠶᠢᠨ ᠴᠡᠭᠡᠵᠢᠨ ᠦ ᠬᠡᠰᠡᠭ ᠭᠤᠷᠪᠠᠨ ᠰᠧᠭᠮᠧᠨᠲ ᠡᠴᠡ ᠲᠣᠭᠲᠠᠬᠤ ᠲᠤᠯᠠ ᠡᠮᠦᠨᠡᠲᠦ᠂ ᠳᠤᠮᠳᠠ᠂ ᠬᠣᠶᠢᠲᠤ ᠴᠡᠭᠡᠵᠢ ᠭᠡᠵᠦ ᠨᠡᠷᠡᠯᠡᠳᠡᠭ᠃ ᠴᠡᠭᠡᠵᠢ ᠶᠢᠨ ᠭᠤᠷᠪᠠᠨ ᠰᠧᠨᠮᠧᠨᠲ ᠲᠤᠰ ᠪᠦᠷᠢ ᠡᠴᠡ ᠬᠣᠣᠰ ᠬᠥᠯ ᠦᠳ ᠭᠠᠷᠤᠭᠰᠠᠨ ᠪᠠᠶᠢᠨ᠎ᠠ᠃ ᠬᠣᠣᠰ ᠬᠥᠯ ᠪᠦᠬᠦᠨ ᠦᠶ᠎ᠡ ᠨᠦᠭᠦᠳ ᠡᠴᠡ ᠲᠣᠭᠲᠠᠭᠰᠠᠨ ᠪᠠᠶᠢᠨ᠎ᠠ᠃ ᠡᠭᠦᠨ ᠳᠦ: ᠠᠭᠠᠷᠴᠠᠭ᠂ ᠲᠣᠶᠢᠭ᠂ ᠱᠠᠭᠠᠨᠲᠠᠭ᠂ᠰᠢᠯᠪᠢ᠂ ᠰᠠᠷᠪᠠᠭᠤ ᠪᠣᠯᠤᠨ᠎ᠠ᠃ ᠰᠢᠪᠠᠵᠢ ᠶᠢᠨ ᠬᠥᠯ ᠶᠠᠪᠤᠬᠤ ᠡᠭᠦᠷᠭᠡ ᠭᠦᠢᠴᠡᠳᠭᠡᠬᠦ ᠪᠣᠯᠪᠠᠴᠤ ᠠᠮᠢᠳᠤᠷᠠᠯ ᠤᠨ ᠣᠨᠴᠠᠯᠢᠭ ᠠᠴᠠ ᠪᠣᠯᠵᠤ ᠣᠯᠠᠨ ᠶᠠᠩᠵᠤ ᠶᠢᠨ ᠬᠡᠯᠪᠡᠷᠢ ᠲᠡᠢ ᠪᠠᠶᠢᠳᠠᠭ᠃ ᠶᠡᠬᠡᠩᠬᠢ ᠰᠢᠪᠠᠵᠢ ᠶᠢᠨ ᠬᠥᠯ ᠭᠦᠢᠬᠦ ᠳᠦ ᠵᠣᠬᠢᠯᠳᠤᠵᠤ ᠨᠠᠷᠢᠬᠠᠨ᠂ ᠤᠷᠲᠤ ᠪᠠᠶᠢᠳᠠᠭ᠃ ᠭᠡᠲᠡᠯ᠎ᠡ ᠴᠠᠷᠴᠠᠭ᠎ᠠ᠂ ᠳᠡᠪᠬᠡᠷᠭᠡ᠂ ᠭᠣᠯᠢᠶ᠎ᠠ ᠵᠡᠷᠭᠡ ᠰᠢᠪᠠᠵᠢ ᠶᠢᠨ ᠬᠣᠶᠢᠲᠤ ᠬᠥᠯ ᠦᠨ ᠱᠠᠭᠠᠨᠲᠠᠭ᠂ ᠰᠢᠯᠪᠢ ᠨᠠᠷᠢᠬᠠᠨ ᠤᠷᠲᠤ ᠪᠣᠯᠵᠤ ᠦᠰᠦᠷᠴᠢ ᠳᠡᠪᠡᠭᠡᠷᠬᠦ ᠳᠦ ᠵᠣᠬᠢᠯᠳᠤᠭᠰᠠᠨ ᠪᠠᠶᠢᠨ᠎ᠠ᠃ «ᠬᠦᠮᠦᠨ ᠬᠣᠷᠣᠬᠠᠢ ᠶᠢᠨ» ᠬᠥᠯ᠂ᠢᠯᠠᠩᠭᠤᠶ᠎ᠠ ᠤᠷᠳᠤ ᠬᠥᠯ ᠮᠠᠯᠲᠠᠬᠤ ᠳᠤ ᠵᠣᠬᠢᠯᠳᠤᠵᠤ ᠪᠣᠭᠣᠨᠢᠬᠠᠨ᠂ ᠮᠠᠯᠲᠠᠭᠤᠷ ᠮᠠᠶ᠋ᠢᠭᠲᠠᠢ ᠪᠣᠯᠤᠭᠰᠠᠨ ᠪᠠᠶᠢᠬᠤ ᠪᠠ ᠬᠢᠲ᠋ᠢᠨᠵᠢᠯᠡᠭᠳᠡᠭᠰᠡᠨ ᠰᠢᠳᠦᠯᠢᠭ ᠦᠳ ᠲᠡᠢ ᠪᠠᠶᠢᠳᠠᠭ᠃ ᠤᠰᠤᠴᠢ ᠴᠣᠬᠣ ᠶᠢᠨ ᠬᠣᠶᠢᠳᠤ ᠬᠥᠯ ᠤᠰᠤᠨ ᠳᠤ ᠰᠡᠯᠢᠬᠦ ᠳᠦ ᠵᠣᠬᠢᠯᠳᠤᠵᠤ ᠰᠠᠷᠪᠠᠭᠤᠨ ᠤ ᠦᠶ᠎ᠡ ᠨᠦᠭᠦᠳ ᠦᠵᠦᠭᠦᠷ ᠥᠪᠡᠷ ᠢᠶᠡᠨ ᠨᠠᠷᠢᠰᠴᠢ ᠭᠠᠳᠠᠨ᠎ᠠ ᠲᠠᠯ᠎ᠠ ᠪᠠᠷ ᠢᠶᠠᠨ ᠦᠰᠦ ᠪᠡᠷ ᠬᠤᠴᠢᠭᠳᠠᠭᠰᠠᠨ ᠪᠠᠶᠢᠨ᠎ᠠ᠃ ᠰᠢᠪᠠᠵᠢ ᠶᠢᠨ ᠥᠪᠡᠷᠮᠢᠴᠡ ᠣᠨᠴᠠᠯᠢᠭ ᠪᠣᠯ ᠨᠢᠰᠬᠦ ᠳᠦ ᠵᠣᠬᠢᠯᠳᠤᠭᠰᠠᠨ ᠶᠠᠪᠤᠳᠠᠯ ᠮᠥᠨ᠃ ᠰᠢᠪᠠᠵᠢ ᠶᠢᠨ ᠳᠠᠯᠠᠪᠴᠢ ᠨᠢᠰᠬᠦ ᠡᠭᠦᠷᠭᠡ ᠭᠦᠢᠴᠡᠳᠭᠡᠬᠦ ᠪᠥᠭᠡᠳ ᠴᠡᠭᠡᠵᠢ ᠶᠢᠨ 2 ᠪᠠ 3 ᠰᠧᠭᠮᠧᠨᠲ ᠬᠥᠳᠡᠯᠭᠡᠭᠡᠨᠲᠡᠢ ᠪᠡᠷ ᠬᠣᠯᠪᠣᠭᠳᠠᠭᠰᠠᠨ ᠪᠠᠶᠢᠨ᠎ᠠ᠃ ᠶᠡᠬᠡᠩᠬᠢ ᠱᠠᠪᠵᠤ ᠳᠤ ᠬᠣᠶᠠᠷ ᠬᠣᠣᠰ ᠳᠠᠯᠠᠪᠴᠢ ᠲᠠᠢ ᠪᠠᠶᠢᠳᠠᠭ᠃

ᠰᠢᠪᠠᠵᠢ ᠶᠢᠨ ᠳᠠᠯᠠᠪᠴᠢ ᠡᠬᠢᠯᠡᠨ ᠡᠭᠦᠰᠬᠦ ᠳᠦ ᠪᠡᠨ ᠪᠡᠶ᠎ᠡ ᠶᠢᠨ ᠬᠠᠨ᠎ᠠ ᠶᠢᠨ ᠠᠷᠠᠰᠤ ᠭᠠᠳᠠᠭᠰᠢ ᠴᠦᠯ ᠬᠢᠨ ᠬᠣᠶᠠᠷ ᠳᠠᠪᠬᠤᠷ ᠨᠢᠮᠭᠡᠨ ᠢᠯᠡᠳᠲᠡᠰ ᠮᠠᠶ᠋ᠢᠭᠲᠠᠢ ᠪᠣᠯᠵᠤ ᠲᠡᠳᠡᠭᠡᠷ ᠢᠯᠡᠳᠦᠭᠰᠡᠨ ᠦ ᠵᠠᠪᠰᠠᠷ ᠢᠶᠠᠷ ᠬᠥᠨᠳᠡᠢ ᠡᠭᠦᠰᠦᠨ᠎ᠡ᠃ ᠲᠡᠷᠡ ᠬᠥᠨᠳᠡᠢ ᠪᠣᠯ ᠪᠡᠶ᠎ᠡ ᠶᠢᠨ ᠬᠥᠨᠳᠡᠢ ᠶᠢᠨ ᠦᠷᠭᠦᠯᠵᠢᠯᠡᠯ ᠶᠤᠮ᠃ ᠳᠠᠯᠠᠪᠴᠢᠨ ᠤ ᠬᠥᠨᠳᠡᠢ ᠳᠤ ᠴᠢᠰᠤ᠂ ᠲᠷᠠᠩᠭᠧᠢ ᠶᠢᠨ ᠭᠤᠤᠷᠰᠤᠳᠠᠯᠠᠪᠴᠢᠨ ᠤ ᠨᠢᠮᠭᠡᠨ ᠢᠯᠡᠳᠦᠭᠰᠡᠭᠡᠷ ᠨᠡᠪᠲᠡ ᠬᠠᠷᠠᠭᠳᠠᠬᠤ ᠲᠤᠯᠠ ᠲᠡᠭᠦᠨ ᠢ ᠰᠤᠳᠠᠯ ᠭᠡᠵᠦ ᠨᠡᠷᠡᠯᠡᠨ᠎ᠡ᠃ ᠳᠠᠯᠠᠪᠴᠢᠨ ᠤ ᠰᠤᠳᠠᠯ ᠲᠤᠤᠱ ᠪᠠ ᠬᠥᠨᠳᠡᠯᠡᠨ ᠪᠠᠶᠢᠳᠠᠭ᠃ ᠳᠠᠯᠠᠪᠴᠢᠨ ᠤ ᠤᠭ ᠠᠴᠠ ᠭᠠᠷᠤᠭᠰᠠᠨ ᠲᠤᠤᠱ ᠰᠤᠳᠠᠯ ᠤᠳ ᠢ ᠤᠷᠳᠤ ᠵᠠᠬ᠎ᠠ ᠠᠴᠠ ᠡᠬᠢᠯᠡᠨ ᠺᠣᠰᠲ᠋ᠠᠯ᠂ ᠰᠦᠪᠺᠣᠰᠲ᠋ᠠᠯ᠂ ᠷᠠᠳᠢᠶᠠᠯ᠂ ᠮᠧᠳᠢᠶᠠᠯ᠂ ᠺᠦᠪᠲ᠋ᠠᠯ᠂ ᠠᠨᠠᠯ ᠪᠠ ᠶᠣᠭᠠᠯᠢ ᠰᠤᠳᠠᠯ ᠤᠳ ᠭᠡᠵᠦ ᠨᠡᠷᠡᠯᠡᠨ᠎ᠡ᠃

ᠳᠠᠯᠠᠪᠴᠢ ᠨᠢ ᠪᠦᠲᠦᠴᠡ᠂ ᠪᠠᠶᠢᠳᠠᠯ ᠢᠶᠠᠷ ᠢᠶᠠᠨ ᠬᠠᠲᠠᠭᠤ᠂ ᠰᠠᠷᠢᠰᠤᠯᠠᠭ᠂ ᠠᠷᠠᠰᠤᠯᠢᠭ ᠪᠠ ᠡᠪᠡᠷᠯᠢᠭ ᠪᠠᠶᠢᠳᠠᠭ᠃ ᠮᠥᠨ ᠳᠠᠯᠠᠪᠴᠢ ᠨᠢ ᠬᠠᠶᠢᠷᠰᠤ ᠪᠠᠷ ᠬᠤᠴᠢᠭᠳᠠᠭᠰᠠᠨ ᠪᠠᠶᠢᠵᠤ ᠪᠣᠯᠤᠨ᠎ᠠ᠃ ᠡᠶᠢᠮᠦ ᠳᠦ ᠰᠢᠪᠠᠵᠢ ᠶᠢ ᠳᠠᠯᠠᠪᠴᠢᠨ ᠤ ᠪᠦᠲᠦᠴᠡ ᠪᠠᠶᠢᠳᠠᠯ ᠢᠶᠠᠷ ᠨᠢ ᠬᠠᠲᠠᠭᠤ ᠳᠠᠯᠠᠪᠴᠢᠲᠠᠨ᠂ ᠬᠠᠭᠠᠰ ᠬᠠᠲᠠᠭᠤ ᠳᠠᠯᠠᠪᠴᠢᠲᠠᠨ᠂ ᠰᠠᠷᠢᠭᠰᠠᠨ ᠳᠠᠯᠠᠪᠴᠢᠲᠠᠨ᠂ ᠬᠠᠭᠠᠷᠢᠭᠰᠠᠨ ᠳᠠᠯᠠᠪᠴᠢᠲᠠᠨ᠂ ᠲᠣᠷᠤᠨ ᠳᠠᠯᠠᠪᠴᠢᠲᠠᠨ᠂ ᠬᠣᠣᠰ ᠳᠠᠯᠠᠪᠴᠢᠲᠠᠨ ᠭᠡᠵᠦ ᠨᠡᠷᠡᠯᠡᠳᠡᠭ᠃ ᠬᠠᠲᠠᠭᠤ ᠳᠠᠯᠠᠪᠴᠢᠲᠠᠨ ᠤ(ᠴᠣᠬᠣ ᠶᠢᠨ) ᠡᠮᠦᠨᠡᠲᠦ ᠳᠠᠯᠠᠪᠴᠢ ᠨᠢ ᠬᠠᠲᠠᠭᠤ᠂ ᠡᠪᠡᠷᠯᠢᠭ (ᠳᠠᠯᠠᠪᠴᠢ ᠨᠢ ᠨᠢᠰᠬᠦ ᠳᠦ ᠶᠠᠮᠠᠷ ᠴᠤ ᠡᠭᠦᠷᠭᠡ ᠭᠦᠢᠴᠡᠳᠭᠡᠬᠦ ᠦᠭᠡᠢ᠂ ᠬᠠᠷᠢᠨ ᠪᠡᠶ᠎ᠡ ᠶᠢ ᠨᠢᠷᠤᠭᠤᠨ ᠲᠠᠯ᠎ᠠ ᠠᠴᠠ ᠬᠠᠮᠠᠭᠠᠯᠠᠬᠤ ᠡᠭᠦᠷᠭᠡ ᠲᠡᠢ᠃

ᠳᠡᠭᠡᠳᠦ ᠳᠠᠯᠠᠪᠴᠢᠨ ᠤ ᠳᠣᠣᠷ᠎ᠠ (ᠴᠡᠭᠡᠵᠢ ᠶᠢᠨ III ᠦᠶᠡᠰ ᠭᠠᠷᠤᠭᠰᠠᠨ) ᠰᠠᠷᠢᠰᠤᠯᠠᠭ ᠪᠦᠲᠦᠴᠡ ᠲᠡᠢ ᠨᠢᠮᠭᠡᠨ ᠳᠠᠯᠠᠪᠴᠢ ᠣᠷᠣᠰᠢᠨ᠎ᠠ᠃ ᠡᠭᠦᠨ ᠢ ᠵᠢᠩᠬᠢᠨᠢ ᠳᠠᠯᠠᠪᠴᠢ ᠭᠡᠬᠦ ᠪᠠ ᠨᠢᠰᠬᠦ ᠭᠣᠣᠯ ᠡᠭᠦᠷᠭᠡ ᠭᠦᠢᠴᠡᠳᠭᠡᠨ᠎ᠡ᠃

ᠬᠠᠭᠠᠰ ᠬᠠᠲᠠᠭᠤ ᠳᠠᠯᠠᠪᠴᠢᠲᠠᠨ ᠤ (ᠪᠢᠰ) ᠡᠮᠦᠨᠡᠲᠦ ᠳᠠᠯᠠᠪᠴᠢᠨ ᠤ ᠤᠭ ᠤᠨ ᠬᠡᠰᠡᠭ ᠬᠠᠲᠠᠭᠤ᠂ ᠡᠪᠡᠷᠯᠢᠭ ᠪᠠᠶᠢᠬᠤ ᠳᠤ ᠦᠵᠦᠭᠦᠷ ᠦᠨ ᠬᠡᠰᠡᠭ ᠨᠢ ᠨᠢᠮᠭᠡᠨ ᠰᠠᠷᠢᠰᠤᠷᠬᠠᠭ᠂ ᠰᠤᠳᠠᠯ ᠲᠠᠢ ᠪᠠᠶᠢᠳᠠᠭ᠃ ᠡᠨᠡ ᠤᠴᠢᠷ ᠠᠴᠠ ᠡᠶᠢᠮᠦ ᠳᠠᠯᠠᠪᠴᠢ ᠶᠢ ᠬᠠᠭᠠᠰ ᠬᠠᠲᠠᠭᠤ ᠳᠠᠯᠠᠪᠴᠢ ᠭᠡᠵᠦ ᠨᠡᠷᠡᠯᠡᠵᠡᠢ᠃

ᠡᠷᠪᠡᠬᠡᠢ ᠶᠢᠨ ᠳᠠᠯᠠᠪᠴᠢ ᠨᠤᠭᠤᠳ ᠬᠠᠶᠢᠷᠰᠤ ᠪᠠᠷ ᠬᠤᠴᠢᠭᠳᠠᠭᠰᠠᠨ ᠲᠤᠯᠠ ᠬᠠᠭᠠᠷᠢᠭᠰᠠᠨ ᠳᠠᠯᠠᠪᠴᠢᠲᠠᠨ ᠭᠡᠳᠡᠭ᠃

ᠵᠠᠷᠢᠮ ᠰᠢᠪᠠᠵᠢ ᠪᠦᠷᠢᠮᠦᠰᠦᠨ ᠳᠠᠯᠠᠪᠴᠢ ᠦᠭᠡᠢ ᠪᠠᠶᠢᠳᠠᠭ᠃ ᠵ ᠢᠨᠦ: ᠠᠩᠬᠠᠨ ᠤ ᠳᠠᠯᠠᠪᠴᠢ ᠦᠭᠡᠢ ᠱᠠᠪᠵᠤ ᠳᠤ-Artherygota ᠶᠤᠮ᠃ ᠬᠠᠷᠢᠨ ᠪᠥᠭᠡᠰᠦ᠂ ᠨᠣᠬᠠᠢ ᠪᠥᠭᠡᠰᠦ ᠵᠡᠷᠭᠡ ᠱᠠᠪᠵᠤ ᠳᠤ ᠫᠠᠷᠠᠽᠢᠲ ᠠᠮᠢᠳᠤᠷᠠᠯ ᠠᠴᠠ ᠪᠣᠯᠵᠤ ᠳᠠᠯᠠᠪᠴᠢ ᠦᠭᠡᠢ ᠪᠣᠯᠤᠭᠰᠠᠨ ᠪᠠᠶᠢᠨ᠎ᠠ᠃

ᠰᠢᠪᠠᠵᠢ ᠶᠢᠨ ᠴᠡᠭᠡᠵᠢᠨ ᠦ ᠬᠡᠰᠡᠭ ᠲᠦ ᠳᠠᠯᠠᠪᠴᠢᠨ ᠤ ᠬᠥᠳᠡᠯᠭᠡᠭᠡᠨ ᠢ ᠨᠥᠬᠦᠴᠡᠯᠳᠦᠭᠦᠯᠦᠭᠴᠢ ᠬᠦᠴᠦᠷᠬᠡᠭ ᠪᠤᠯᠴᠢᠩ ᠤᠳ ᠣᠷᠣᠰᠢᠨ᠎ᠠ᠃

ᠬᠡᠪᠡᠯᠢ ᠶᠢᠨ ᠬᠡᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠬᠡᠪᠡᠯᠢ ᠰᠧᠭᠮᠧᠨᠲ ᠡᠴᠡ ᠲᠣᠭᠲᠠᠨ᠎ᠠ᠃ ᠰᠧᠭᠮᠧᠨᠲ ᠦᠨ ᠲᠣᠭ᠎ᠠ ᠵᠦᠢᠯ ᠪᠦᠷᠢ ᠳᠦ ᠬᠠᠷᠢᠯᠴᠠᠨ ᠠᠳᠠᠯᠢ ᠦᠭᠡᠢ ᠪᠠᠶᠢᠬᠤ ᠪᠣᠯᠪᠠᠴᠤ 10 ᠍ ᠠᠴᠠ ᠬᠡᠲᠦᠷᠬᠦ ᠦᠭᠡᠢ᠃ ᠬᠠᠷᠢᠨ ᠳᠡᠭᠡᠳᠦ ᠬᠡᠯᠪᠡᠷᠢ ᠨᠦᠭᠦᠳ ᠲᠦ 4-5 ᠪᠠᠶᠢᠨ᠎ᠠ᠃ ᠬᠡᠪᠡᠯᠢ ᠶᠢᠨ ᠰᠧᠭᠮᠧᠨᠲ ᠦᠳ ᠲᠦ ᠮᠥᠴᠡ ᠪᠠᠶᠢᠬᠤ ᠦᠭᠡᠢ᠂ ᠬᠠᠲᠠᠭᠤ ᠬᠢᠲ᠋ᠢᠨ ᠪᠦᠷᠬᠦᠭᠦᠯ ᠢᠶᠡᠷ ᠬᠤᠴᠢᠭᠳᠠᠭᠰᠠᠨ ᠪᠠᠶᠢᠬᠤ ᠪᠣᠯᠪᠠᠴᠤ ᠬᠣᠶᠠᠷ ᠦᠶ᠎ᠡ ᠶᠢᠨ ᠵᠠᠭᠠᠳᠠᠰᠤ ᠤᠶᠠᠨ ᠨᠠᠯᠠᠷᠬᠠᠢ ᠪᠦᠲᠦᠴᠡ ᠲᠡᠢ᠃ ᠬᠡᠪᠡᠯᠢ ᠶᠢᠨ ᠦᠶ᠎ᠡ ᠨᠦᠭᠦᠳ ᠴᠡᠭᠡᠵᠢᠨ ᠦ ᠦᠶ᠎ᠡ ᠨᠦᠭᠦᠳ ᠦᠨ ᠠᠳᠠᠯᠢ ᠪᠠᠷ ᠨᠢᠷᠤᠭᠤ᠂ ᠥᠶᠥᠬᠡᠢ ᠬᠠᠵᠠᠭᠤ ᠬᠡᠰᠡᠭ ᠦᠳ ᠡᠴᠡ ᠲᠣᠭᠲᠠᠨ᠎ᠠ᠃ ᠵᠠᠷᠢᠮ ᠰᠢᠪᠠᠵᠢ ᠨᠤᠭᠤᠳ ᠤᠨ ᠬᠡᠪᠡᠯᠢ ᠶᠢᠨ ᠲᠡᠭᠦᠰᠬᠡᠯ ᠳᠦ ᠮᠥᠴᠢᠨ ᠦ ᠦᠯᠡᠳᠡᠭᠳᠡᠯ ᠡᠷᠬᠡᠲᠡᠨ ᠪᠣᠯᠬᠤ ᠭᠠᠳᠠᠭᠤᠷ ᠡᠷᠬᠡᠲᠡᠨ ᠴᠥᠭᠡᠨ ᠦᠭᠡᠢ ᠲᠣᠬᠢᠶᠠᠯᠳᠤᠨ᠎ᠠ᠃ ᠲᠤᠬᠠᠶᠢᠯᠠᠪᠠᠯ: ᠥᠨᠳᠡᠭᠡ ᠪᠤᠯᠠᠭᠴᠢ (ᠴᠠᠷᠴᠠᠭ᠎ᠠ᠂ ᠭᠣᠯᠢᠶ᠎ᠠ᠂ ᠱᠣᠩᠬᠣᠷ ᠵᠥᠭᠡᠢ), ᠼᠧᠷᠺᠢ (ᠴᠠᠷᠴᠠᠭ᠎ᠠ᠂ ᠵᠣᠣᠮ᠎ᠠ), ᠭᠷᠢᠹᠧᠯᠺᠢ (ᠵᠣᠣᠮ᠎ᠠ᠂ ᠭᠣᠯᠢᠶ᠎ᠠ) ᠵᠡᠷᠭᠡ ᠶᠢ ᠨᠡᠷᠡᠯᠡᠵᠦ ᠪᠣᠯᠤᠨ᠎ᠠ᠃

ᠠᠷᠠᠰᠤᠨ ᠪᠦᠷᠬᠦᠭᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠶᠡᠬᠡ ᠪᠡᠶ᠎ᠡ ᠠᠷᠠᠰᠤ ᠪᠠᠷ ᠪᠦᠷᠬᠦᠭᠳᠡᠨ᠎ᠡ᠃ ᠠᠷᠠᠰᠤ ᠡᠫᠢᠳᠧᠷᠮᠢ ᠶᠢᠨ ᠡᠰ ᠦᠨ ᠳᠠᠪᠬᠤᠷᠭ᠎ᠠ ᠪᠤᠶᠤ ᠭᠢᠫᠣᠳᠧᠷᠮᠠ᠂ ᠺᠦ᠋ᠲ᠋ᠢᠺᠦᠶᠢᠯᠢ ᠡᠴᠡ ᠪᠥᠷᠢᠯᠳᠦᠨ ᠲᠣᠭᠲᠠᠨ᠎ᠠ᠃ ᠺᠦ᠋ᠲ᠋ᠢᠺᠦᠶᠢᠯ ᠪᠣᠯ ᠭᠢᠫᠣᠳᠧᠷᠮᠢ ᠶᠢᠨ ᠡᠰ ᠦᠨ ᠢᠯᠭᠠᠷᠠᠭᠤᠯᠤᠯᠲᠠ ᠶᠢᠨ ᠪᠦᠲᠦᠭᠡᠭᠳᠡᠬᠦᠨ ᠮᠥᠨ᠃ ᠺᠦ᠋ᠲ᠋ᠢᠺᠦᠶᠢᠯ ᠬᠢᠮᠢ ᠶᠢᠨ ᠨᠠᠶᠢᠷᠠᠯᠭ᠎ᠠ ᠪᠠᠷ ᠢᠶᠠᠨ ᠬᠠᠷᠢᠯᠴᠠᠨ ᠠᠳᠠᠯᠢ ᠦᠭᠡᠢ 3 ᠳᠠᠪᠬᠤᠷ ᠠᠴᠠ ᠪᠦᠷᠢᠳᠦᠨ ᠲᠣᠭᠲᠠᠨ᠎ᠠ᠃ ᠺᠦ᠋ᠲ᠋ᠢᠺᠤᠯ ᠤᠨᠳ᠋ᠣᠣ ᠳᠤ ᠳᠠᠪᠬᠤᠷᠭ᠎ᠠ ᠨᠢ ᠦᠶᠡᠲᠦᠭᠰᠡᠨ᠂ ᠤᠶᠠᠨ ᠨᠠᠯᠠᠷᠬᠠᠢ ᠪᠠᠶᠢᠨ᠎ᠠ᠃ ᠡᠨᠡ ᠳᠠᠪᠬᠤᠷᠭ᠎ᠠ ᠶᠢᠨ ᠳᠡᠭᠡᠷ᠎ᠡ ᠤᠷᠤᠰᠢᠬᠤ ᠬᠣᠶᠠᠳᠠᠭᠴᠢ (ᠳᠤᠮᠳᠠ) ᠳᠠᠪᠬᠤᠷᠭ᠎ᠠ ᠪᠣᠰᠤᠭ᠎ᠠ ᠦᠶ᠎ᠡ ᠲᠡᠢ᠂ ᠬᠠᠲᠠᠭᠤ ᠪᠠᠲᠤ ᠪᠡᠬᠢ ᠰᠢᠨᠵᠢ ᠴᠢᠨᠠᠷ ᠲᠠᠢ᠃ ᠺᠦ᠋ᠲ᠋ᠢᠺᠤᠯ ᠤᠨ ᠬᠠᠮᠤᠭ ᠤᠨ ᠳᠡᠭᠡᠳᠦ ᠭᠤᠷᠪᠠᠳᠠᠭᠴᠢ ᠳᠠᠪᠬᠤᠷᠭ᠎ᠠ ᠮᠠᠰᠢ ᠨᠢᠮᠭᠡᠨ᠂ ᠬᠠᠯᠢᠰᠤᠯᠢᠭ᠂ ᠲᠣᠰᠣᠯᠢᠭ ᠪᠦᠲᠦᠴᠡ ᠲᠡᠢ ᠲᠤᠯᠠ ᠪᠡᠶ᠎ᠡ ᠶᠢᠨ ᠴᠢᠭᠢᠭ ᠢ ᠭᠠᠳᠠᠭᠰᠢ᠂ ᠤᠰᠤ ᠶᠢ ᠳᠣᠲᠣᠭᠰᠢ ᠪᠠᠭ᠎ᠠ ᠪᠠᠷ ᠨᠡᠪᠲᠡᠷᠡᠭᠦᠯᠦᠨ᠎ᠡ᠃ ᠺᠦ᠋ᠲ᠋ᠢᠺᠤᠯ ᠤᠨ ᠳᠠᠪᠬᠤᠷᠭ᠎ᠠ ᠶᠢᠨ ᠭᠠᠳᠠᠷᠭᠤ ᠲᠡᠭᠰᠢ ᠪᠠ ᠢᠷᠮᠡᠭᠲᠦᠭᠰᠡᠨ᠂ ᠲᠥᠪᠥᠶᠢᠭᠰᠡᠨ᠂ ᠬᠣᠪᠢᠯᠲᠤᠭᠰᠠᠨ᠂ ᠬᠣᠩᠬᠣᠶᠢᠭᠰᠠᠨ᠂ ᠴᠡᠭᠯᠡᠭᠳᠡᠭᠰᠡᠨ ᠭᠡᠬᠦ ᠮᠡᠲᠦ ᠶᠢᠨ ᠬᠡᠯᠪᠡᠷᠢ ᠪᠡᠷ ᠭᠦᠳᠦᠭᠦᠷ ᠶᠠᠭᠤᠮᠤ ᠬᠣᠲᠣᠭᠣᠷ ᠪᠠᠶᠢᠵᠤ ᠪᠣᠯᠤᠨ᠎ᠠ᠃ ᠰᠢᠪᠠᠵᠢ ᠶᠢᠨ ᠠᠷᠠᠰᠤᠨ ᠪᠦᠷᠬᠦᠭᠦᠯ ᠦᠨ ᠭᠠᠳᠠᠷᠭᠤ ᠳᠤ ᠦᠶ᠎ᠡ ᠬᠠᠶᠢᠷᠰᠤ ᠪᠠᠶᠢᠳᠠᠭ᠃ ᠡᠳᠡᠭᠡᠷ ᠨᠢ ᠭᠢᠫᠣᠳᠧᠷᠮᠢ ᠶᠢᠨ ᠡᠰ ᠦᠳ ᠦᠨ ᠲᠣᠮᠣᠷᠠᠭᠰᠠᠨ ᠤ ᠦᠷ᠎ᠡ ᠳ᠋ᠦᠩ ᠳᠦ ᠡᠭᠦᠰᠴᠢ ᠪᠤᠢ ᠪᠣᠯᠤᠨ᠎ᠠ᠃

ᠰᠢᠪᠠᠵᠢ ᠶᠢᠨ ᠥᠩᠭᠡ ᠵᠢᠰᠦ ᠺᠦ᠋ᠲ᠋ᠢᠺᠦᠶᠢᠯ ᠪᠠ ᠭᠢᠫᠣᠳᠧᠷᠮᠢ ᠶᠢᠨ ᠳᠠᠪᠬᠤᠷᠭ᠎ᠠ ᠳᠤ ᠤᠷᠤᠰᠢᠬᠤ ᠪᠤᠳᠤᠭᠴᠢ ᠪᠣᠳᠠᠰ ᠫᠧᠭᠮᠧᠨᠲ ᠡᠴᠡ ᠬᠠᠮᠢᠶᠠᠷᠤᠨ᠎ᠠ᠃ ᠭᠢᠯᠠᠯᠵᠠᠭᠰᠠᠨ ᠥᠩᠭᠡ ᠲᠡᠭᠦᠨ ᠦ ᠲᠤᠶᠠᠭ᠎ᠠ ᠨᠢ ᠺᠦ᠋ᠲ᠋ᠢᠺᠤᠯ ᠤᠨ ᠪᠦᠲᠦᠴᠡ ᠡᠴᠡ ᠪᠣᠯᠵᠤ ᠭᠡᠷᠡᠯ ᠢ ᠬᠤᠭᠤᠯᠬᠤ ᠪᠠ ᠰᠠᠴᠤᠷᠠᠭᠤᠯᠬᠤ ᠴᠢᠳᠠᠪᠤᠷᠢ ᠲᠠᠢ ᠰᠢᠭᠤᠳ ᠬᠣᠯᠪᠣᠭ᠎ᠠ ᠲᠠᠢ᠃ ᠠᠷᠠᠰᠤᠨ ᠪᠦᠷᠬᠦᠭᠦᠯ ᠳᠦ ᠠᠷᠠᠰᠤᠨ ᠤ ᠭᠢᠫᠣᠳᠧᠷᠮᠢ ᠶᠢᠨ ᠳᠦᠷᠰᠦ ᠬᠤᠪᠢᠷᠠᠭᠰᠠᠨ ᠡᠰ ᠦᠳ ᠪᠣᠯᠬᠤ ᠪᠤᠯᠴᠢᠷᠬᠠᠢ ᠨᠤᠭᠤᠳ ᠬᠠᠮᠢᠶᠠᠷᠤᠭᠳᠠᠨ᠎ᠠ᠃

ᠪᠤᠯᠴᠢᠷᠬᠠᠢ ᠨᠤᠭᠤᠳ ᠨᠢᠭᠡ ᠪᠠ ᠣᠯᠠᠨ ᠡᠰ ᠡᠴᠡ ᠲᠣᠭᠲᠠᠨ᠎ᠠ᠃ ᠨᠢᠭᠡ ᠡᠰ ᠲᠦ ᠪᠤᠯᠴᠢᠷᠬᠠᠢ ᠭᠢᠫᠣᠳᠧᠷᠮᠢ ᠶᠢᠨ ᠡᠰ ᠦᠳ ᠦᠨ ᠬᠣᠭᠣᠷᠣᠨᠳᠣ ᠣᠷᠣᠰᠢᠨ᠎ᠠ᠃ ᠣᠯᠠᠨ ᠡᠰᠲᠦ ᠪᠤᠯᠴᠢᠷᠬᠠᠢ ᠤᠭᠤᠲᠠᠯᠠᠭ ᠪᠤᠶᠤ ᠬᠣᠭᠣᠯᠠᠢ ᠬᠡᠯᠪᠡᠷᠢ ᠪᠡᠷ ᠪᠡᠶ᠎ᠡ ᠶᠢᠨ ᠬᠥᠨᠳᠡᠶᠢᠳᠡ ᠣᠷᠣᠰᠢᠵᠤ ᠢᠯᠭᠠᠷᠠᠭᠤᠯᠬᠤ ᠰᠤᠪᠠᠭ ᠤᠨ ᠲᠤᠰᠠᠯᠠᠮᠵᠢ ᠲᠠᠢ ᠪᠠᠷ ᠠᠷᠠᠰᠤᠨ ᠤ ᠭᠠᠳᠠᠷᠭᠤ ᠳᠤ ᠨᠡᠭᠡᠭᠡᠭᠳᠡᠨ᠎ᠡ᠃ ᠰᠢᠪᠠᠵᠢ ᠳᠤ ᠲᠣᠰᠣ ᠶᠢ ᠢᠯᠭᠠᠷᠠᠭᠤᠯᠬᠤ ᠲᠣᠰᠤᠨ ᠤ ᠪᠤᠯᠴᠢᠷᠬᠠᠢ , ᠦᠨᠦᠷᠲᠦ ᠪᠣᠳᠠᠰ ᠢ ᠢᠯᠭᠠᠷᠠᠭᠤᠯᠤᠭᠴᠢ ᠦᠨᠦᠷᠲᠦ ᠪᠤᠯᠴᠢᠷᠬᠠᠢ᠂ ᠬᠣᠣᠷᠲᠤ ᠪᠤᠯᠴᠢᠷᠬᠠᠢ ᠪᠠᠶᠢᠬᠤ ᠠᠴᠠ ᠭᠠᠳᠠᠨ᠎ᠠ ᠵᠠᠷᠢᠮ ᠰᠢᠪᠠᠵᠢ ᠶᠢᠨ ᠠᠪᠠᠭᠠᠯᠳᠠᠢ ᠳᠤ ᠮᠢᠨᠳᠠᠰᠤ ᠢᠯᠭᠠᠷᠠᠭᠤᠯᠤᠭᠴᠢ ᠪᠤᠯᠴᠢᠷᠬᠠᠢ ᠪᠠᠶᠢᠨ᠎ᠠ᠃ ᠲᠡᠭᠦᠪᠡᠷ ᠮᠢᠨᠳᠠᠭᠰᠠᠨ ᠭᠡᠷ ᠢ (ᠺᠣᠺᠣᠨ) ᠬᠢᠨ᠎ᠡ᠃

ᠰᠢᠪᠠᠵᠢ ᠲᠠᠢ ᠬᠢᠮᠢ ᠶᠢᠨ ᠠᠷᠭ᠎ᠠ ᠪᠠᠷ ᠲᠡᠮᠡᠴᠡᠯ ᠢ ᠶᠠᠪᠤᠭᠤᠯᠬᠤ ᠳᠤ ᠠᠷᠠᠰᠤᠨ ᠪᠦᠷᠬᠦᠭᠦᠯ ᠦᠨ ᠪᠦᠲᠦᠴᠡ ᠶᠢᠨ ᠣᠨᠴᠠᠯᠢᠭ ᠢ ᠬᠠᠷᠠᠭᠠᠯᠵᠠᠬᠤ ᠬᠡᠷᠡᠭᠲᠡᠢ᠃

ᠲᠣᠰᠤᠨ ᠤ ᠪᠤᠯᠴᠢᠷᠬᠠᠢ ᠶᠢᠨ ᠢᠯᠭᠠᠷᠠᠭᠤᠯᠤᠯᠲᠠ ᠪᠠᠷ ᠪᠦᠷᠬᠦᠭᠳᠡᠭᠰᠡᠨ ᠪᠤᠶᠤ ᠪᠢᠲᠡᠭᠦᠦ ᠦᠰᠦ ᠪᠡᠷ ᠬᠤᠴᠢᠭᠳᠠᠭᠰᠠᠨ ᠰᠢᠪᠠᠵᠢ ᠶᠢᠨ ᠪᠡᠶ᠎ᠡ ᠳᠦ ᠰᠢᠩᠭᠡᠨ ᠬᠣᠷ ᠤᠳ ᠤᠨ ᠨᠢᠯᠵᠠᠯᠲᠠ ᠮᠠᠭᠤ ᠪᠠᠶᠢᠳᠠᠭ ᠲᠤᠯᠠ ᠲᠡᠳᠡᠭᠡᠷ ᠢ ᠬᠡᠷᠡᠭᠯᠡᠬᠦ ᠨᠢ ᠰᠠᠶᠢᠨ ᠦᠷ᠎ᠡ ᠳ᠋ᠦᠩ ᠥᠭᠳᠡᠭ ᠦᠭᠡᠢ᠃ ᠰᠢᠪᠠᠵᠢ ᠶᠢᠨ ᠠᠷᠠᠰᠤ ᠨᠡᠯᠢᠶᠡᠳ ᠪᠣᠳᠠᠰ ᠢ ᠨᠡᠪᠲᠡᠷᠡᠭᠦᠯᠳᠡᠭ ᠪᠣᠯᠪᠠᠴᠤ ᠬᠣᠣᠷ ᠢ ᠨᠡᠪᠲᠡᠷᠡᠭᠦᠯᠬᠦ ᠴᠢᠨᠠᠷ ᠨᠢ ᠬᠠᠷᠢᠯᠴᠠᠨ ᠠᠳᠠᠯᠢ ᠦᠭᠡᠢ ᠪᠥᠭᠡᠳ ᠺᠦ᠋ᠲ᠋ᠢᠺᠤᠯ ᠤᠨ ᠳᠠᠪᠬᠤᠷᠭ᠎ᠠ ᠶᠢᠨ ᠬᠢᠮᠢ ᠶᠢᠨ ᠨᠠᠶᠢᠷᠠᠯᠭ᠎ᠠ ᠪᠣᠯᠤᠨ ᠪᠦᠲᠦᠴᠡ ᠡᠴᠡ ᠬᠠᠮᠢᠶᠠᠷᠤᠭᠳᠠᠨ᠎ᠠ᠃ ᠭᠠᠳᠠᠭᠠᠳᠤ ᠦᠢᠯᠡᠴᠢᠯᠡᠭᠡᠨ ᠦ ᠵᠠᠷᠢᠮ ᠬᠣᠣᠷ ᠢ ᠬᠡᠷᠡᠭᠯᠡᠬᠦ ᠳᠦ ᠪᠡᠨ ᠲᠡᠳᠡᠭᠡᠷ ᠬᠣᠣᠷ ᠰᠢᠪᠠᠵᠢ ᠶᠢᠨ ᠠᠷᠠᠰᠤ ᠪᠠᠷ ᠬᠡᠷᠬᠢᠨ ᠨᠡᠪᠲᠡᠷᠡᠳᠡᠭ ᠪᠣᠯᠬᠤ ᠶᠢ ᠤᠷᠢᠳᠴᠢᠯᠠᠨ ᠮᠡᠳᠡᠬᠦ ᠶᠠᠪᠤᠳᠠᠯ ᠴᠢᠬᠤᠯᠠ᠃

ᠪᠤᠯᠴᠢᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠪᠤᠯᠴᠢᠩ ᠤᠨ ᠡᠳ᠋ ᠠᠭᠰᠢᠬᠤ ᠴᠢᠳᠠᠪᠤᠷᠢ ᠲᠠᠢ ᠨᠠᠷᠢᠨ ᠤᠷᠲᠤ ᠡᠰ ᠦᠳ ᠡᠴᠡ ᠲᠣᠭᠲᠠᠨ᠎ᠠ᠃ ᠪᠠᠭᠴᠠ ᠪᠤᠯᠴᠢᠩᠭ᠎ᠠ ᠨᠤᠭᠤᠳ ᠤᠨ ᠲᠣᠭ᠎ᠠ ᠮᠠᠰᠢ ᠣᠯᠠᠨ 1,5-2 ᠮᠢᠩᠭᠠᠳ ᠬᠦᠷᠡᠨ᠎ᠡ᠃ ᠰᠢᠪᠠᠵᠢ ᠶᠢᠨ ᠪᠤᠯᠴᠢᠩ ᠢ ᠠᠷᠤᠭ ᠶᠠᠰᠤᠨ ᠤ ᠪᠤᠶᠤ ᠬᠥᠳᠡᠯᠭᠡᠭᠡᠨ ᠦ᠂ ᠳᠣᠲᠣᠭᠠᠳᠤ ᠡᠷᠬᠡᠲᠡᠨ ᠨᠦᠭᠦᠳ ᠦᠨ ᠪᠤᠯᠴᠢᠩ ᠭᠡᠵᠦ ᠠᠩᠭᠢᠯᠠᠨ ᠦᠵᠡᠳᠡᠭ᠃ ᠬᠥᠳᠡᠯᠭᠡᠭᠡᠨ ᠦ ᠪᠤᠯᠴᠢᠩ ᠤᠳ ᠶᠡᠬᠡ ᠪᠡᠶ᠎ᠡ ᠲᠡᠭᠦᠨ ᠦ ᠳᠠᠭᠤᠷ ᠤᠳ ᠤᠨ ᠠᠷᠠᠰᠤᠨ ᠤ ᠳᠣᠲᠣᠭᠠᠳᠤ ᠬᠠᠨᠠᠨ ᠳᠤ ᠪᠡᠬᠢᠯᠡᠭᠳᠡᠨ᠎ᠡ᠃ ᠳᠣᠲᠣᠭᠠᠳᠤ ᠡᠷᠬᠡᠲᠡᠨ ᠦ ᠪᠤᠯᠴᠢᠩ᠂ ᠵᠢᠷᠦᠬᠡᠨ ᠦ ᠬᠠᠨ ᠢ ᠡᠭᠦᠰᠭᠡᠬᠦ ᠪᠠ ᠭᠡᠳᠡᠰᠦ ᠪᠣᠯᠤᠨ ᠪᠤᠰᠤᠳ ᠡᠷᠬᠡᠲᠡᠨ ᠨᠦᠭᠦᠳ ᠦᠨ ᠲᠣᠭᠲᠠᠴᠠᠨ ᠳᠤ ᠣᠷᠣᠯᠴᠠᠵᠤ᠂ ᠲᠡᠳᠡᠭᠡᠷ ᠦᠨ ᠬᠥᠳᠡᠯᠭᠡᠭᠡᠨ᠂ ᠦᠢᠯᠡ ᠠᠵᠢᠯᠯᠠᠭ᠎ᠠ ᠶᠢ ᠨᠥᠬᠦᠴᠡᠯᠳᠦᠭᠦᠯᠦᠨ᠎ᠡ᠃

ᠰᠢᠪᠠᠵᠢ ᠶᠢᠨ ᠪᠡᠶ᠎ᠡ ᠶᠢᠨ ᠪᠠᠷᠤᠭ ᠪᠦᠬᠦ ᠪᠤᠯᠴᠢᠩ (ᠭᠢᠰᠲ᠋ᠣᠯᠣᠭ ᠤᠨ ᠪᠦᠲᠦᠴᠡ ᠪᠡᠷ) ᠲᠤᠤᠱ ᠰᠤᠳᠠᠯᠲᠤ ᠪᠤᠯᠴᠢᠩ ᠤᠳ ᠶᠤᠮ᠃

ᠬᠣᠭᠣᠯᠠ ᠪᠣᠯᠪᠠᠰᠤᠷᠠᠭᠤᠯᠬᠤ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠬᠣᠭᠣᠯᠠ ᠪᠣᠯᠪᠠᠰᠤᠷᠠᠭᠤᠯᠬᠤ ᠰᠢᠰᠲ᠋ᠧᠮ ᠠᠮᠠᠨ ᠤ ᠰᠦᠪᠡ ᠪᠡᠷ ᠡᠬᠢᠯᠡᠵᠦ᠂ ᠬᠣᠶᠢᠲᠤ ᠰᠦᠪᠡ ᠪᠡᠷ ᠲᠡᠭᠦᠰᠦᠭᠰᠡᠨ᠂ ᠬᠣᠭᠣᠯᠠᠢ ᠬᠡᠯᠪᠡᠷᠢ ᠲᠡᠢ ᠭᠡᠳᠡᠰᠦᠨ ᠦ ᠰᠢᠰᠲ᠋ᠧᠮ ᠶᠤᠮ᠃ ᠭᠡᠳᠡᠰᠦ ᠡᠮᠦᠨᠡᠲᠦ᠂ ᠳᠤᠮᠳᠠ᠂ ᠬᠣᠶᠢᠲᠤ ᠭᠡᠵᠦ 3 ᠬᠡᠰᠡᠭ ᠡᠴᠡ ᠲᠣᠭᠲᠠᠨ᠎ᠠ᠃ ᠭᠡᠳᠡᠰᠦᠨ ᠦ ᠡᠮᠦᠨᠡᠲᠦ ᠪᠠ ᠬᠣᠶᠢᠳᠤ ᠬᠡᠰᠡᠭ ᠳᠣᠲᠣᠷ᠎ᠠ ᠲᠠᠯ᠎ᠠ ᠳᠤ ᠪᠠᠨ ᠺᠦ᠋ᠲ᠋ᠢᠺᠦᠶᠢᠯ ᠢᠶᠡᠷ ᠬᠤᠴᠢᠭᠳᠠᠭᠰᠠᠨ᠂ ᠲᠡᠵᠢᠭᠡᠯ ᠵᠥᠪᠬᠡᠨ ᠭᠡᠳᠡᠰᠦᠨ ᠦ ᠳᠤᠮᠳᠠ ᠬᠡᠰᠡᠭ ᠢᠶᠡᠷ ᠰᠢᠮᠡᠭᠳᠡᠨ᠎ᠡ᠃ ᠰᠢᠪᠠᠵᠢ ᠶᠢᠨ ᠭᠡᠳᠡᠰᠦᠨ ᠦ ᠡᠮᠦᠨᠡᠲᠦ ᠬᠡᠰᠡᠭ ᠢ ᠰᠢᠯᠦᠰᠦᠨ ᠦ ᠪᠤᠯᠴᠢᠷᠬᠠᠢ ᠪᠦᠬᠦᠢ ᠠᠮᠠᠨ ᠤ ᠬᠥᠨᠳᠡᠢ᠂ ᠪᠠᠭᠠᠯᠵᠤᠷ᠂ ᠤᠯᠠᠭᠠᠨ ᠬᠣᠭᠣᠯᠠᠢ᠂ ᠭᠦᠶᠦᠭᠡ (ᠤᠯᠠᠭᠠᠨ ᠬᠣᠭᠣᠯᠠᠢ ᠶᠢᠨ ᠪᠦᠳᠦᠭᠦᠷᠡᠭᠰᠡᠨ ᠬᠡᠰᠡᠭ) ᠭᠡᠵᠦ ᠠᠩᠭᠢᠯᠠᠨ᠎ᠠ᠃ ᠭᠦᠶᠦᠭᠡ ᠨᠢ ᠬᠣᠭᠣᠯᠠ ᠲᠡᠵᠢᠭᠡᠯ ᠢ ᠲᠦᠷᠢ ᠠᠭᠤᠯᠬᠤ ᠡᠭᠦᠷᠭᠡ ᠲᠡᠢ᠃ ᠬᠠᠲᠠᠭᠤ ᠲᠡᠵᠢᠭᠡᠯ ᠢᠶᠡᠷ ᠬᠣᠭᠣᠯᠠᠯᠠᠳᠠᠭ ᠰᠢᠪᠠᠵᠢ ᠶᠢᠨ ᠭᠦᠶᠡᠨ ᠦ ᠠᠷᠠᠳ ᠪᠤᠯᠴᠢᠩ ᠳᠤ ᠬᠣᠳᠣᠭᠣᠳᠣ ᠤᠷᠤᠰᠢᠬᠤ ᠪᠠ ᠡᠨᠳᠡ ᠲᠡᠵᠢᠭᠡᠯ ᠵᠢᠵᠢᠭᠯᠡᠭᠳᠡᠨ᠎ᠡ᠃

ᠳᠤᠮᠳᠠ ᠭᠡᠳᠡᠰᠦᠨ ᠦ ᠳᠣᠲᠣᠭᠠᠳᠤ ᠬᠠᠨ ᠣᠯᠠᠨ ᠰᠠᠯᠪᠤᠷᠢ ᠨᠤᠭᠤᠴᠢᠭᠠᠰᠤᠲᠠᠢ ᠪᠠᠶᠢᠬᠤ ᠪᠠ ᠭᠡᠳᠡᠰᠦᠨ ᠡᠴᠡ ᠮᠤᠬᠤᠷ ᠤᠨᠵᠢᠯᠭ᠎ᠠ ᠨᠤᠭᠤᠳ ᠰᠠᠯᠪᠤᠷᠢᠯᠠᠨ ᠭᠠᠷᠤᠭᠰᠠᠨ ᠨᠢ ᠰᠢᠭᠦᠰᠦ ᠢᠯᠭᠠᠷᠠᠬᠤ᠂ ᠬᠣᠭᠣᠯᠠ ᠪᠣᠯᠪᠠᠰᠤᠷᠠᠭᠤᠯᠬᠤ ᠭᠠᠳᠠᠷᠭᠤ ᠶᠢ ᠶᠡᠬᠡᠰᠭᠡᠬᠦ ᠡᠭᠦᠷᠭᠡ ᠲᠡᠢ ᠶᠤᠮ᠃ ᠳᠤᠮᠳᠠ ᠭᠡᠳᠡᠰᠦᠨ ᠦ ᠬᠠᠨ᠎ᠠ ᠶᠢᠨ ᠡᠰ ᠦᠳ ᠲᠡᠵᠢᠭᠡᠯ ᠪᠣᠯᠪᠠᠰᠤᠷᠠᠭᠤᠯᠬᠤ ᠢᠰᠭᠡᠬᠦᠷ ᠢᠯᠭᠠᠷᠠᠭᠤᠯᠤᠨ᠎ᠠ᠃ ᠡᠨᠡᠬᠦ ᠢᠰᠭᠡᠬᠦᠷ ᠦᠨ ᠲᠤᠰᠠᠯᠠᠮᠵᠢ ᠲᠠᠢ ᠪᠠᠷ ᠬᠣᠭᠣᠯᠠ ᠲᠡᠵᠢᠭᠡᠯ ᠪᠦᠷᠢᠮᠦᠰᠦᠨ ᠵᠠᠳᠠᠷᠠᠵᠤ ᠪᠣᠯᠪᠠᠰᠤᠷᠠᠨ᠎ᠠ᠃ ᠬᠣᠭᠣᠯᠠ ᠶᠢ ᠵᠠᠳᠠᠯᠬᠤ ᠢᠰᠭᠡᠬᠦᠷ ᠦᠨ ᠦᠢᠯᠡᠴᠢᠯᠡᠭᠡ ᠬᠣᠭᠣᠯᠠ ᠲᠡᠵᠢᠭᠡᠯ ᠦᠨ ᠨᠠᠶᠢᠷᠠᠯᠭ᠎ᠠ ᠠᠴᠠ ᠪᠣᠯᠵᠤ ᠰᠢᠪᠠᠵᠢ ᠪᠦᠬᠦᠨ ᠳᠦ ᠬᠠᠷᠢᠯᠴᠠᠨ ᠠᠳᠠᠯᠢ ᠦᠭᠡᠢ ᠪᠠᠶᠢᠨ᠎ᠠ᠃ ᠴᠢᠰᠤ ᠰᠣᠷᠣᠭᠴᠢᠳ ᠲᠡᠵᠢᠭᠡᠯ ᠦᠨ ᠨᠠᠶᠢᠷᠠᠯᠭ᠎ᠠ ᠤᠭᠤᠷᠠᠭ ᠶᠡᠬᠡ ᠲᠡᠢ ᠲᠤᠯᠠ ᠤᠭᠤᠷᠠᠭ ᠢ ᠵᠠᠳᠠᠯᠬᠤ ᠢᠰᠭᠡᠬᠦᠷ ᠢᠯᠭᠠᠷᠠᠭᠤᠯᠤᠨ᠎ᠠ᠃

ᠡᠷᠪᠡᠬᠡᠢ ᠶᠢᠨ ᠲᠡᠵᠢᠭᠡᠯ ᠦᠨ (ᠴᠡᠴᠡᠭ ᠦᠨ ᠪᠠᠯ ᠤᠨ) ᠨᠠᠶᠢᠷᠠᠯᠭᠠᠨ ᠳᠤ ᠰᠠᠬᠠᠷᠠ ᠡᠯᠪᠡᠭ ᠤᠴᠢᠷ ᠵᠥᠪᠬᠡᠨ ᠰᠠᠬᠠᠷ ᠢ ᠵᠠᠳᠠᠯᠬᠤ ᠢᠰᠭᠡᠬᠦᠷ ᠢᠯᠭᠠᠷᠠᠭᠤᠯᠬᠤ ᠵᠢᠱᠢᠶ᠎ᠡ ᠲᠡᠢ ᠶᠤᠮ᠃

ᠲᠡᠵᠢᠭᠡᠯ ᠦᠨ ᠵᠠᠳᠠᠷᠠᠯ ᠢᠶᠠᠷ ᠡᠭᠦᠰᠴᠢ᠂ ᠭᠡᠳᠡᠰᠦᠨ ᠦ ᠬᠠᠨ᠎ᠠ ᠪᠠᠷ ᠰᠢᠮᠡᠭᠳᠡᠭᠰᠡᠨ ᠪᠦᠲᠦᠭᠡᠭᠳᠡᠬᠦᠨ ᠡᠰᠡ᠂ ᠡᠳ᠋ ᠍ ᠦᠳ ᠲᠦ ᠴᠢᠰᠤ ᠪᠠᠷ ᠬᠦᠷᠭᠡᠭᠳᠡᠵᠦ ᠲᠡᠭᠦᠨ ᠡᠴᠡ ᠰᠢᠨ᠎ᠡ ᠪᠡᠷ ᠨᠡᠭᠦᠷᠡᠰᠦ ᠤᠰᠤ᠂ ᠥᠭᠡᠬᠦ ᠲᠣᠰᠣ᠂ ᠤᠭᠤᠷᠠᠭ ᠪᠥᠷᠢᠯᠳᠦᠨ᠎ᠡ᠃ ᠪᠣᠯᠪᠠᠰᠤᠷᠠᠭᠳᠠᠭ᠎ᠠ ᠦᠭᠡᠢ ᠵᠦᠢᠯᠡᠰ ᠬᠣᠶᠢᠳᠤ ᠭᠡᠳᠡᠰᠦᠨ ᠳᠦ ᠰᠢᠯᠵᠢᠵᠦ᠂ᠰᠢᠯᠤᠭᠤᠨ ᠭᠡᠳᠡᠰᠦᠨ ᠳᠦ ᠬᠤᠷᠠᠮᠲᠤᠯᠠᠭᠳᠠᠨ ᠠᠭᠠᠵᠢᠮ ᠢᠶᠠᠷ ᠬᠣᠶᠢᠳᠤ ᠰᠦᠪᠡ ᠪᠡᠷ ᠭᠠᠳᠠᠭᠰᠢᠯᠠᠬᠤ ᠪᠣᠯᠤᠨ᠎ᠠ᠃ ᠰᠢᠪᠠᠵᠢ ᠶᠢᠨ ᠲᠡᠵᠢᠭᠡᠯ ᠣᠯᠠᠨ ᠶᠠᠩᠵᠤ᠂ ᠭᠣᠣᠯ ᠲᠥᠯᠥᠪᠢᠷᠭᠤᠮᠠᠯ᠂ ᠠᠮᠢᠲᠠᠨ ᠤ ᠭᠠᠷᠤᠯ ᠲᠠᠢ ᠲᠡᠵᠢᠭᠡᠯ ᠢᠶᠡᠷ ᠬᠣᠭᠣᠯᠠᠯᠠᠨ᠎ᠠ᠃

ᠢᠯᠭᠠᠷᠠᠭᠤᠯᠬᠤ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠢᠯᠭᠠᠷᠠᠭᠤᠯᠬᠤ ᠡᠷᠬᠡᠲᠡᠨ ᠨᠢ ᠦᠨᠳᠦᠰᠦᠨ ᠳᠦ ᠪᠡᠨ ᠮᠠᠯᠫᠢᠭ ᠦᠨ ᠰᠤᠳᠠᠰᠤ ᠨᠤᠭᠤᠳ ᠶᠤᠮ᠃ ᠡᠳᠡᠭᠡᠷ ᠨᠢ ᠳᠤᠮᠳᠠ ᠪᠠ ᠬᠣᠶᠢᠳᠤ ᠭᠡᠳᠡᠰᠦᠨ ᠦ ᠵᠠᠭᠠᠭ ᠳᠡᠭᠡᠷ᠎ᠡ ᠨᠡᠭᠡᠭᠡᠭᠳᠡᠭᠰᠡᠨ ᠨᠢᠮᠭᠡᠨ ᠬᠠᠨ᠎ᠠ ᠲᠠᠢ (2-200 ᠬᠦᠷᠲᠡᠯᠡᠬᠢ) ᠰᠤᠳᠠᠰᠤ ᠨᠤᠭᠤᠳ ᠪᠣᠯᠤᠨ᠎ᠠ᠃ ᠮᠠᠯᠫᠢᠭ ᠦᠨ ᠦᠵᠦᠭᠦᠷ ᠦᠳ ᠪᠡᠶ᠎ᠡ ᠶᠢᠨ ᠬᠥᠨᠳᠡᠢ ᠶᠢᠨ ᠴᠢᠰᠤᠨ ᠳᠤ ᠬᠥᠪᠥᠵᠦ ᠪᠠᠶᠢᠨ᠎ᠠ᠃

ᠤᠭᠤᠷᠠᠭ ᠤᠨ ᠵᠠᠳᠠᠷᠠᠯ ᠤᠨ ᠪᠦᠲᠦᠭᠡᠭᠳᠡᠬᠦᠨ ᠪᠣᠯᠬᠤ ᠰᠢᠭᠡᠰᠦᠨ ᠦ ᠬᠦᠴᠢᠯ ᠴᠢᠰᠤᠨ ᠠᠴᠠ ᠮᠠᠯᠫᠢᠭ ᠦᠨ ᠰᠤᠳᠠᠰᠤᠨ ᠤ ᠬᠠᠨ᠎ᠠ ᠪᠠᠷ ᠰᠢᠩᠭᠡᠭᠡᠭᠳᠡᠵᠦ᠂ ᠤᠯᠠᠮ ᠢᠶᠠᠷ ᠬᠣᠶᠢᠳᠤ ᠭᠡᠳᠡᠰᠦᠨ ᠳᠦ ᠣᠷᠣᠵᠤ ᠥᠳᠬᠡᠨ ᠦ ᠬᠠᠮᠲᠤ ᠭᠠᠳᠠᠭᠰᠢᠯᠠᠨ᠎ᠠ᠃ ᠮᠠᠯᠫᠢᠭ ᠦᠨ ᠰᠤᠳᠠᠰᠤ ᠨᠤᠭᠤᠳ ᠠᠴᠠ ᠭᠠᠳᠠᠨ᠎ᠠ ᠥᠭᠡᠬᠦᠨ ᠪᠡᠶ᠎ᠡ ᠢᠯᠭᠠᠷᠠᠭᠤᠯᠬᠤ ᠡᠭᠦᠷᠭᠡ ᠭᠦᠢᠴᠡᠳᠭᠡᠨ᠎ᠡ᠃ ᠵᠠᠳᠠᠷᠠᠯ ᠤᠨ ᠪᠦᠲᠦᠭᠡᠭᠳᠡᠬᠦᠨ ᠰᠢᠭᠡᠰᠦᠨ ᠦ ᠬᠦᠴᠢᠯ ᠥᠭᠡᠬᠦᠨ ᠪᠡᠶ᠎ᠡ ᠶᠢᠨ ᠡᠰ ᠦᠳ ᠲᠦ ᠬᠤᠷᠠᠮᠲᠤᠯᠠᠭᠳᠠᠨ᠎ᠠ᠃ ᠮᠥᠨ ᠰᠢᠪᠠᠵᠢ ᠶᠢᠨ ᠴᠢᠰᠤᠨ ᠳᠤ ᠠᠮᠶᠣᠪᠠ ᠮᠠᠶ᠋ᠢᠭ ᠤᠨ ᠡᠰ ᠦᠳ ᠪᠠ ᠨᠧᠹᠷᠣᠼᠢᠲ ᠭᠡᠳᠡᠭ ᠪᠦᠯᠦᠭ ᠡᠰ ᠦᠳ ᠪᠠᠶᠢᠳᠠᠭ ᠨᠢ ᠵᠠᠶᠢᠯᠠᠭᠤᠯᠬᠤ ᠡᠭᠦᠷᠭᠡ ᠭᠦᠢᠴᠡᠳᠭᠡᠨ᠎ᠡ᠃ ᠨᠧᠹᠷᠣᠼᠢᠲ ᠤᠳ ᠵᠠᠳᠠᠷᠠᠯ ᠤᠨ ᠪᠦᠲᠦᠭᠡᠭᠳᠡᠬᠦᠨ ᠢ ᠵᠢ ᠪᠡᠨᠯᠡᠪᠡᠯ ᠺᠠᠷᠪᠢᠨ ᠢ ᠰᠢᠩᠭᠡᠭᠡᠵᠦ ᠠᠪᠤᠨ᠎ᠠ᠃ ᠬᠠᠷᠢᠨ ᠠᠮᠶᠣᠪᠠ ᠮᠠᠶ᠋ᠢᠭ ᠤᠨ ᠡᠰ ᠦᠳ ᠲᠠᠯᠠᠰᠲᠤ ᠨᠤᠭᠤᠳ ᠢ ᠪᠠᠷᠢᠵᠤ ᠠᠪᠳᠠᠭ᠃ ᠰᠢᠪᠠᠵᠢ ᠶᠢᠨ ᠪᠡᠶ᠎ᠡ ᠳᠦ ᠤᠷᠤᠰᠢᠬᠤ ᠥᠭᠡᠬᠦᠨ ᠪᠡᠶ᠎ᠡ ᠶᠢᠨ ᠡᠳ᠋ ᠍ ᠦᠳ ᠰᠡᠶᠢᠷᠡᠭ ᠪᠥᠭᠡᠳ ᠲᠷᠠᠾᠧᠢ ᠶᠢᠨ ᠭᠤᠤᠷᠰᠤ ᠪᠠᠷ ᠳᠦᠭᠦᠷᠦᠭᠰᠡᠨ ᠪᠠᠶᠢᠨ᠎ᠠ᠃

ᠥᠭᠡᠬᠦᠨ ᠪᠡᠶ᠎ᠡ ᠵᠠᠶᠢᠯᠠᠭᠤᠯᠬᠤ ᠡᠷᠬᠡᠲᠡᠨ ᠦ ᠡᠭᠦᠷᠭᠡ ᠭᠦᠢᠴᠡᠳᠭᠡᠬᠦ ᠡᠴᠡ ᠭᠠᠳᠠᠨ᠎ᠠ ᠬᠣᠭᠣᠯᠠ ᠲᠡᠵᠢᠭᠡᠯ ᠦᠨ ᠪᠣᠳᠠᠰ ᠤᠨ ᠽᠠᠫᠠᠰ ᠢ ᠬᠠᠳᠠᠭᠠᠯᠠᠨ᠎ᠠ᠃ ᠲᠡᠷᠡ ᠪᠡᠷ ᠽᠠᠫᠠᠰ ᠤᠨ ᠠᠴᠢ ᠪᠠᠷ ᠱᠠᠪᠵᠤ ᠳᠤ ᠤᠳᠠᠭᠠᠨ ᠬᠤᠭᠤᠴᠠᠭ᠎ᠠ ᠪᠠᠷ ᠥᠯᠥᠨ ᠪᠠᠶᠢᠵᠤ ᠴᠢᠳᠠᠨ᠎ᠠ᠃

ᠵᠠᠷᠢᠮ ᠰᠢᠪᠠᠵᠢ ᠨᠤᠭᠤᠳ ᠤᠨ ᠥᠭᠡᠬᠦᠨ ᠪᠡᠶ᠎ᠡ ᠭᠡᠷᠡᠯᠲᠦᠬᠦ ᠡᠷᠬᠡᠲᠡᠨ ᠪᠣᠯᠳᠠᠭ᠃ ᠰᠢᠪᠠᠵᠢ ᠶᠢᠨ ᠭᠡᠷᠡᠯᠲᠦᠬᠦ ᠶᠠᠪᠤᠴᠠ ᠨᠧᠷᠧ ᠶᠢᠨ ᠰᠢᠰᠲ᠋ᠧᠮ ᠦᠨ ᠵᠣᠬᠢᠴᠠᠭᠤᠯᠤᠯᠲᠠ ᠪᠠᠷ ᠭᠦᠢᠴᠡᠳᠬᠡᠭᠳᠡᠨ᠎ᠡ᠃

ᠮᠡᠳᠡᠷᠡᠯ ᠦᠨ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠨᠧᠷᠧ ᠶᠢᠨ ᠰᠢᠰᠲ᠋ᠧᠮ ᠪᠤᠰᠤᠳ ᠦᠶ᠎ᠡ ᠬᠥᠯᠲᠡᠨ ᠦ ᠨᠧᠷᠧ ᠶᠢᠨ ᠰᠢᠰᠲ᠋ᠧᠮ ᠦᠨ ᠠᠳᠠᠯᠢ ᠬᠡᠪᠡᠯᠢ ᠶᠢᠨ ᠨᠧᠷᠧ ᠶᠢᠨ ᠭᠢᠨᠵᠢᠯᠡᠭᠰᠡᠨ ᠬᠡᠯᠪᠡᠷᠢ ᠲᠡᠢ ᠪᠠᠶᠢᠬᠤ ᠪᠣᠯᠪᠠᠴᠤ ᠬᠥᠭᠵᠢᠯ ᠦᠨ ᠳᠡᠭᠡᠳᠦ ᠲᠦᠪᠰᠢᠨ ᠳᠦ ᠬᠦᠷᠦᠭᠰᠡᠨ ᠪᠠᠶᠢᠨ᠎ᠠ᠃ ᠲᠥᠪ ᠨᠧᠷᠧ ᠶᠢᠨ ᠰᠢᠰᠲ᠋ᠧᠮ ᠨᠢ ᠲᠠᠷᠢᠬᠢ ᠪᠣᠯᠤᠨ ᠬᠡᠪᠡᠯᠢ ᠶᠢᠨ ᠨᠧᠷᠧ ᠶᠢᠨ ᠭᠢᠨᠵᠢᠯᠡᠭᠰᠡᠨ ᠵᠠᠩᠭᠢᠯᠠᠭ᠎ᠠ ᠨᠤᠭᠤᠳ ᠠᠴᠠ ᠲᠣᠭᠲᠠᠨ᠎ᠠ᠃ ᠲᠠᠷᠢᠬᠢ ᠨᠢ ᠡᠮᠦᠨᠡᠲᠦ ᠫᠷᠣᠲ᠋ᠣᠼᠧᠷᠧᠪᠷᠤᠮ᠂ ᠳᠤᠮᠳᠠ- ᠳᠧᠲ᠋ᠣᠼᠧᠷᠧᠪᠷᠤᠮ᠂ ᠬᠣᠶᠢᠳᠤ ᠲᠷᠢᠲ᠋ᠣᠼᠧᠷᠧᠪᠷᠤᠮ ᠬᠡᠮᠡᠬᠦ 3 ᠬᠡᠰᠡᠭ ᠡᠴᠡ ᠪᠦᠲᠦᠨ᠎ᠡ᠃ ᠲᠠᠷᠢᠬᠢ ᠭᠢᠲ᠋ᠣᠯᠣᠭ ᠤᠨ ᠮᠠᠰᠢ ᠨᠠᠷᠢᠨ ᠪᠦᠲᠦᠴᠡ ᠲᠡᠢ ᠪᠥᠭᠡᠳ ᠲᠡᠭᠦᠨ ᠦ ᠬᠡᠰᠡᠭ ᠲᠤᠰ ᠪᠦᠷᠢ ᠨᠧᠷᠧ ᠶᠢᠨ ᠰᠢᠷᠬᠡᠭ ᠪᠦᠬᠦᠢ ᠬᠡᠳᠦ ᠬᠡᠳᠦᠨ ᠵᠠᠩᠭᠢᠯᠠᠭ᠎ᠠ ᠨᠤᠭᠤᠳ ᠠᠴᠠ ᠲᠣᠭᠲᠠᠨ᠎ᠠ᠃ ᠲᠠᠷᠢᠬᠢᠨ ᠤ ᠵᠠᠳᠠᠯᠤᠨ ᠢᠯᠭᠠᠬᠤ ᠴᠢᠬᠤᠯᠠ ᠲᠥᠪ ᠨᠢ ᠫᠷᠣᠲ᠋ᠣᠼᠧᠷᠧᠪᠷᠤᠮ ᠳᠤ ᠤᠷᠤᠰᠢᠬᠤ «ᠮᠥᠭᠦᠨ ᠬᠡᠯᠪᠡᠷᠢ ᠶᠢᠨ ᠪᠡᠶ ᠡ» ᠪᠣᠯᠤᠨ᠎ᠠ᠃ ᠡᠨᠡ ᠤᠴᠢᠷ ᠨᠡᠶᠢᠭᠡᠮᠴᠢ ᠠᠮᠢᠳᠤᠷᠠᠯ ᠲᠠᠢ ᠰᠢᠪᠠᠵᠢ ᠨᠤᠭᠤᠳ ᠤᠨ (ᠰᠢᠷᠭᠤᠯᠵᠢ᠂ ᠪᠠᠯᠲᠤ ᠵᠥᠭᠡᠢ᠂ ᠲᠧᠷᠮᠢᠲ) ᠲᠠᠷᠢᠬᠢᠨ ᠤ ᠡᠨᠡ ᠬᠡᠰᠡᠭ ᠰᠠᠶᠢᠨ ᠬᠥᠭᠵᠢᠭᠰᠡᠨ ᠪᠠᠶᠢᠨ᠎ᠠ᠃

ᠬᠡᠪᠡᠯᠢ ᠶᠢᠨ ᠨᠧᠷᠧ ᠶᠢᠨ ᠭᠢᠨᠵᠢᠯᠡᠭᠰᠡᠨ ᠵᠠᠩᠭᠢᠯᠠᠭ᠎ᠠ ᠨᠢ ᠪᠠᠭᠠᠯᠵᠤᠷ ᠤᠨ ᠳ᠋ᠣᠣ ᠳᠤ ᠵᠠᠩᠭᠢᠯᠠᠭ᠎ᠠ (ᠲᠡᠭᠦᠨ ᠡᠴᠡ ᠭᠠᠷᠤᠭᠰᠠᠨ ᠨᠧᠷᠧ ᠨᠦᠭᠦᠳ 3 ᠬᠣᠣᠰ ᠬᠥᠯ ᠥᠭᠡᠳᠡ ᠣᠴᠢᠭᠰᠠᠨ ᠪᠠᠶᠢᠨ᠎ᠠ) ᠴᠡᠭᠡᠵᠢᠨ ᠦ 3 ᠲᠣᠮᠣ ᠵᠠᠩᠭᠢᠯᠠᠭ᠎ᠠ ᠪᠠ ᠬᠡᠪᠡᠯᠢ ᠶᠢᠨ ᠵᠠᠩᠭᠢᠯᠠᠭ᠎ᠠ ᠨᠤᠭᠤᠳ ᠠᠴᠠ ᠲᠣᠭᠲᠠᠨ᠎ᠠ᠃ ᠬᠡᠪᠡᠯᠢ ᠶᠢᠨ ᠵᠠᠩᠭᠢᠯᠠᠨ ᠤ ᠲᠣᠭ᠎ᠠ ᠬᠠᠷᠢᠯᠴᠠᠨ ᠠᠳᠠᠯᠢ ᠦᠭᠡᠢ᠃ ᠪᠦᠷᠢᠨ ᠲᠣᠬᠢᠶᠠᠯᠳᠤᠯ ᠳᠤ (ᠵᠣᠣᠮ᠎ᠠ᠂ᠬᠤᠨ ᠬᠣᠷᠣᠬᠠᠢ᠂ᠴᠣᠬᠣᠨ ᠨᠤᠭᠤᠳ ᠤᠨ ᠬᠥᠪᠦᠷᠡᠯ ᠦᠨ ᠬᠥᠭᠵᠢᠯ ᠦᠨ ᠡᠬᠢᠨ ᠦᠶ᠎ᠡ ᠳᠦ) 11 ᠰᠢᠷᠬᠡᠭ ᠪᠠᠶᠢᠨ᠎ᠠ᠃ ᠶᠡᠬᠡᠩᠬᠢ ᠰᠢᠪᠠᠵᠢ ᠶᠢᠨ ᠬᠡᠪᠡᠯᠢ ᠶᠢᠨ ᠭᠢᠨᠵᠢᠯᠡᠭᠰᠡᠨ ᠵᠠᠩᠭᠢᠯᠠᠨ ᠤ ᠲᠣᠭ᠎ᠠ ᠭᠣᠣᠯ ᠲᠥᠯᠥᠪ 8 ᠪᠠᠶᠢᠬᠤ ᠪᠣᠯᠪᠠᠴᠤ ᠬᠥᠭᠵᠢᠩᠭᠦᠢ ᠰᠢᠪᠠᠵᠢ ᠨᠤᠭᠤᠳ ᠲᠤ ᠲᠡᠭᠦᠨ ᠡᠴᠡ ᠴᠤ ᠴᠥᠭᠡᠨ ᠪᠠᠶᠢᠨ᠎ᠠ᠃ ᠵᠠᠷᠢᠮ ᠰᠢᠪᠠᠵᠢ ᠳᠤ ᠴᠡᠭᠡᠵᠢ ᠪᠠ ᠬᠡᠪᠡᠯᠢ ᠶᠢᠨ ᠨᠧᠷᠧ ᠶᠢᠨ ᠵᠠᠩᠭᠢᠯᠠᠭ᠎ᠠ ᠨᠤᠭᠤᠳ ᠨᠡᠶᠢᠯᠡᠵᠦ ᠵᠥᠪᠬᠡᠨ ᠴᠡᠭᠡᠵᠢᠨ ᠦ ᠵᠠᠩᠭᠢᠯᠠᠭ᠎ᠠ ᠶᠢ ᠡᠭᠦᠰᠬᠡᠭᠰᠡᠨ ᠪᠠᠶᠢᠬᠤ ᠲᠤᠯᠠ ᠬᠡᠪᠡᠯᠢ ᠶᠢᠨ ᠬᠡᠰᠡᠭ ᠲᠦ᠂ ᠵᠠᠩᠭᠢᠯᠠᠭ᠎ᠠ ᠦᠭᠡᠢ ᠨᠧᠷᠧ ᠨᠦᠭᠦᠳ ᠣᠷᠣᠰᠢᠨ᠎ᠠ᠃ ᠰᠢᠪᠠᠵᠢ ᠳᠤ ᠲᠠᠷᠢᠬᠢᠨ ᠠᠴᠠ ᠰᠢᠮᠫᠠᠲ᠋ᠢᠭ ᠨᠧᠷᠧ ᠨᠦᠭᠦᠳ ᠭᠠᠷᠤᠭᠰᠠᠨ ᠪᠠᠶᠢᠬᠤ ᠨᠢ ᠳᠣᠲᠣᠭᠠᠳᠤ ᠡᠷᠬᠡᠲᠡᠨ ᠨᠦᠭᠦᠳ᠂ ᠪᠤᠯᠴᠢᠩᠭ᠎ᠠ ᠨᠤᠭᠤᠳ ᠤᠨ ᠦᠢᠯᠡ ᠠᠵᠢᠯᠯᠠᠭ᠎ᠠ ᠶᠢ ᠤᠳᠤᠷᠢᠳᠤᠨ ᠵᠣᠬᠢᠴᠠᠭᠤᠯᠤᠨ᠎ᠠ᠃ ᠰᠢᠮᠫᠠᠲ᠋ᠢᠭ ᠨᠧᠷᠧ ᠶᠢᠨ ᠰᠢᠰᠲ᠋ᠧᠮ ᠦᠨ ᠦᠢᠯᠡ ᠠᠵᠢᠯᠯᠠᠭ᠎ᠠ ᠲᠥᠪ ᠨᠧᠷᠧ ᠶᠢᠨ ᠰᠢᠰᠲ᠋ᠧᠮᠲ᠋ᠡᠢ ᠬᠣᠯᠪᠣᠭᠠᠲᠠᠢ᠃ ᠨᠧᠷᠧ ᠶᠢᠨ ᠲᠥᠪ ᠦᠳ ᠪᠡᠶ᠎ᠡ ᠪᠡᠨ ᠳᠠᠭᠠᠭᠰᠠᠨ ᠰᠢᠨᠵᠢ ᠲᠡᠢ ᠥᠪᠡᠷ ᠬᠣᠭᠣᠷᠣᠨᠳᠣ ᠪᠠᠨ ᠬᠣᠯᠪᠣᠭᠠᠲᠠᠢ ᠪᠠᠶᠢᠨ᠎ᠠ᠃ ᠪᠠᠭᠠᠯᠵᠤᠷ ᠤᠨ ᠳᠡᠭᠡᠷᠡᠬᠢ ᠨᠧᠷᠧ ᠶᠢᠨ ᠵᠠᠩᠭᠢᠯᠠᠭ᠎ᠠ (ᠲᠠᠷᠢᠬᠢ) ᠨᠧᠷᠧ ᠶᠢᠨ ᠰᠢᠰᠲ᠋ᠧᠮ ᠦᠨ ᠪᠦᠬᠦ ᠦᠢᠯᠡ ᠠᠵᠢᠯᠯᠠᠭ᠎ᠠ ᠶᠢ ᠵᠣᠬᠢᠴᠠᠭᠤᠯᠤᠨ᠎ᠠ᠃

ᠦᠠᠪᠵᠤ ᠶᠢᠨ ᠳᠣᠲᠣᠭᠠᠳᠤ ᠡᠷᠬᠡᠲᠡᠨ ᠦ ᠦᠢᠯᠡ ᠠᠵᠢᠯᠯᠠᠭᠠᠨ ᠳᠤ ᠭᠣᠷᠮᠣᠨ ᠤ ᠰᠢᠩᠭᠡᠨ ᠦ ᠵᠣᠬᠢᠴᠠᠭᠤᠯᠤᠯᠲᠠ ᠴᠢᠬᠤᠯᠠ ᠡᠭᠦᠷᠭᠡ ᠭᠦᠢᠴᠡᠳᠭᠡᠬᠦ ᠪᠠ ᠲᠡᠭᠦᠨ ᠢ ᠨᠧᠷᠧ ᠶᠢᠨ ᠰᠢᠰᠲ᠋ᠧᠮ ᠤᠳᠤᠷᠢᠳᠬᠤ ᠲᠤᠯᠠ ᠨᠧᠷᠧ ᠰᠢᠩᠭᠡᠨ ᠦ ᠵᠣᠬᠢᠴᠠᠭᠤᠯᠤᠯᠲᠠ ᠭᠡᠵᠦ ᠨᠡᠷᠡᠯᠡᠳᠡᠭ᠃

ᠰᠡᠷᠡᠯᠵᠢᠬᠦ ᠡᠷᠬᠡᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠮᠡᠳᠡᠷᠡᠯ ᠦᠨ ᠡᠷᠬᠡᠲᠡᠨ ᠨᠦᠭᠦᠳ ᠨᠡᠯᠢᠶᠡᠳ ᠨᠠᠷᠢᠨ᠂ ᠰᠠᠶᠢᠨ ᠬᠥᠭᠵᠢᠯ ᠢ ᠣᠯᠤᠭᠰᠠᠨ ᠣᠯᠠᠨ ᠬᠡᠯᠪᠡᠷᠢ ᠲᠡᠢ᠃ ᠡᠨᠡ ᠨᠢ ᠰᠢᠪᠠᠵᠢ ᠶᠢᠨ ᠪᠡᠶ᠎ᠡ ᠶᠢᠨ ᠪᠦᠲᠦᠴᠡ ᠥᠨᠳᠥᠷ ᠲᠦᠪᠰᠢᠨ ᠳᠦ ᠪᠠᠶᠢᠭ᠎ᠠ ᠪᠠᠷ ᠲᠠᠶᠢᠯᠪᠤᠷᠢᠯᠠᠭᠳᠠᠨ᠎ᠠ᠃ ᠱᠠᠪᠵᠤ ᠳᠤ ᠭᠠᠳᠠᠭᠠᠳᠤ ᠣᠷᠴᠢᠨ ᠠᠴᠠ ᠶᠠᠩᠵᠤ ᠪᠦᠷᠢ ᠶᠢᠨ ᠴᠣᠴᠢᠷᠠᠯ ᠢ ᠬᠦᠯᠢᠶᠡᠨ ᠠᠪᠬᠤ᠂ ᠬᠦᠷᠦᠯᠴᠡᠬᠦ᠂ ᠠᠮᠲᠠᠯᠠᠬᠤ᠂ ᠰᠤᠨᠤᠰᠬᠤ᠂ ᠬᠠᠷᠠᠬᠤ ᠡᠷᠬᠡᠲᠡᠨ ᠨᠦᠭᠦᠳ ᠲᠡᠢ᠃ ᠮᠡᠳᠡᠷᠡᠬᠦ ᠡᠷᠬᠡᠲᠡᠨ ᠨᠦᠭᠦᠳ ᠦᠨ ᠮᠣᠷᠹᠣᠯᠣᠭ᠂ ᠦᠢᠯᠡ ᠠᠵᠢᠯᠯᠠᠭᠠᠨ ᠤ ᠦᠨᠳᠦᠰᠦᠨ ᠨᠢᠭᠡᠴᠡ ᠨᠢ ᠰᠧᠨᠰᠡᠯᠡᠯ ᠦᠳ ᠶᠤᠮ᠃

ᠰᠧᠨᠰᠢᠯ ᠪᠦᠬᠦᠨ ᠨᠢᠭᠡ ᠪᠤᠶᠤ ᠬᠡᠳᠦ ᠬᠡᠳᠦᠨ ᠰᠡᠷᠡᠯᠵᠢᠬᠦ ᠡᠰ ᠡᠴᠡ ᠲᠣᠭᠲᠠᠨ᠎ᠠ᠃ ᠲᠡᠷᠬᠡᠦ ᠮᠡᠳᠡᠷᠡᠬᠦ ᠡᠰᠡ ᠪᠦᠷᠢ ᠡᠴᠡ ᠰᠡᠵᠢᠭᠦᠷ ᠭᠠᠷᠴᠤ ᠨᠧᠷᠧ ᠶᠢᠨ ᠰᠢᠷᠬᠡᠭ ᠦᠳ ᠲᠡᠢ ᠬᠣᠯᠪᠣᠭᠳᠠᠵᠤ ᠮᠡᠳᠡᠷᠡᠯ ᠦᠨ ᠵᠠᠬ᠎ᠠ ᠬᠢᠵᠠᠭᠠᠷ ᠤᠨ ᠪᠠ ᠲᠥᠪ ᠰᠢᠰᠲ᠋ᠧᠮ ᠳᠦ ᠬᠦᠷᠡᠨ᠎ᠡ᠃ ᠬᠠᠮᠤᠭ ᠤᠨ ᠡᠩ ᠦᠨ ᠰᠧᠨᠰᠢᠯ ᠪᠣᠯ ᠭᠠᠳᠠᠨ᠎ᠠ ᠶᠢᠨ ᠮᠧᠬᠠᠨᠢᠭ ᠴᠣᠴᠢᠷᠠᠯ ᠢ ᠬᠦᠯᠢᠶᠡᠨ ᠠᠪᠬᠤ ᠰᠧᠨᠰᠢᠯ ᠮᠥᠨ᠃ ᠴᠣᠴᠢᠷᠠᠯ ᠢ ᠬᠦᠯᠢᠶᠡᠨ ᠠᠪᠬᠤ ᠰᠧᠨᠰᠢᠯ ᠨᠢ ᠠᠷᠠᠰᠤᠨ ᠤ ᠺᠦ᠋ᠲ᠋ᠢᠺᠦᠶᠢᠯᠢ ᠳᠤ ᠬᠥᠳᠡᠯᠭᠡᠭᠡᠨᠲᠡᠢ ᠬᠣᠯᠪᠣᠭᠳᠠᠭᠰᠠᠨ ᠦᠰᠦ᠂ ᠥᠷᠭᠡᠰᠦ ᠨᠦᠭᠦᠳ ᠪᠣᠯᠤᠨ᠎ᠠ᠃ ᠲᠡᠳᠡᠭᠡᠷ ᠦᠰᠦ᠂ ᠥᠷᠭᠡᠰᠦ ᠨᠦᠭᠦᠳ ᠪᠦᠬᠦ ᠪᠡᠶ᠎ᠡ ᠶᠢᠨ ᠢᠯᠠᠩᠭᠤᠶ᠎ᠠ ᠰᠠᠬᠠᠯ᠂ ᠲᠡᠮᠲᠡᠷᠢᠭᠦᠯ᠂ ᠬᠥᠯ᠂ ᠬᠡᠪᠡᠯᠢ ᠶᠢᠨ ᠭᠠᠳᠠᠷᠭᠤ ᠳᠡᠭᠡᠷ᠎ᠡ ᠪᠠᠶᠢᠷᠢᠯᠠᠵᠤ ᠭᠠᠳᠠᠭᠠᠳᠤ ᠴᠣᠴᠢᠷᠠᠯ ᠢ ᠮᠡᠳᠡᠷᠡᠨ᠎ᠡ᠃ ᠦᠨᠦᠷ ᠢ ᠬᠦᠯᠢᠶᠡᠨ ᠠᠪᠬᠤ ᠰᠧᠨᠰᠡᠯᠡᠯ ᠦᠳ ᠨᠢ ᠤᠭᠠᠵᠤ ᠶᠢᠨ ᠲᠡᠮᠲᠡᠷᠢᠭᠦᠯ ᠦᠳ ᠪᠠ ᠰᠠᠬᠠᠯ ᠤᠨ ᠭᠠᠳᠠᠷᠭᠤ ᠳᠡᠭᠡᠷ᠎ᠡ ᠤᠷᠤᠰᠢᠬᠤ ᠪᠥᠭᠡᠳ ᠡᠨᠡ ᠨᠢ ᠦᠰᠦ ᠪᠦᠬᠦᠢ ᠠᠷᠠᠰᠤᠨ ᠤ ᠣᠯᠠᠨ ᠲᠣᠭᠠᠨ ᠤ ᠳᠦᠷᠰᠦ ᠬᠤᠪᠢᠷᠠᠭᠰᠠᠨ ᠡᠰ ᠦᠳ ᠪᠣᠯᠤᠨ᠎ᠠ᠃ ᠡᠳᠡᠭᠡᠷ ᠦᠰᠦ ᠶᠢᠨ ᠡᠰ ᠦᠳ ᠲᠡᠢ ᠲᠥᠪ ᠡᠴᠡ ᠢᠷᠡᠭᠰᠡᠨ ᠨᠧᠷᠧ ᠨᠦᠭᠦᠳ ᠬᠣᠯᠪᠣᠭᠳᠠᠵᠤ ᠦᠨᠦᠷ ᠦᠨ ᠰᠡᠷᠡᠯ ᠢ ᠬᠦᠯᠢᠶᠡᠨ ᠠᠪᠤᠨ᠎ᠠ᠃

ᠰᠢᠪᠠᠵᠢ ᠶᠢᠨ ᠦᠨᠦᠷᠯᠡᠬᠦ ᠡᠷᠬᠡᠲᠡᠨ ᠬᠣᠭᠣᠯᠠ ᠲᠡᠵᠢᠭᠡᠯ ᠢ ᠤᠯᠬᠤ᠂ ᠳᠬᠢᠭᠰᠠᠨ ᠠᠴᠠ ᠵᠢᠭᠤᠳᠠᠬᠤ᠂ ᠪᠡᠶ᠎ᠡ ᠪᠡᠶᠡᠰ ᠢᠶᠡᠨ ᠬᠠᠶᠢᠵᠤ ᠣᠯᠬᠤ ᠳᠤ ᠴᠢᠬᠤᠯᠠ ᠡᠭᠦᠷᠭᠡ ᠭᠦᠢᠴᠡᠳᠭᠡᠳᠡᠭ᠃ ᠣᠷᠢᠶᠠᠨ ᠤ ᠦᠶ᠎ᠡ ᠳᠦ ᠡᠷᠡᠭᠴᠢᠨ ᠨᠢ ᠡᠮᠡᠭᠴᠢᠨ ᠢᠶᠡᠨ ᠦᠨᠦᠷ ᠢᠶᠡᠷ ᠣᠯᠤᠨ᠎ᠠ᠃ ᠡᠮᠡᠭᠴᠢᠨ ᠰᠢᠪᠠᠵᠢ ᠦᠨᠦᠷᠲᠦ ᠪᠣᠳᠠᠰ ᠠᠲᠷᠠᠺᠲ᠋ᠠᠨ ᠢ ᠢᠯᠭᠠᠷᠠᠭᠤᠯᠳᠠᠭ᠃ ᠡᠨᠡᠬᠦ ᠪᠣᠳᠠᠰ ᠤᠨ ᠥᠴᠥᠬᠡᠨ ᠬᠡᠮᠵᠢᠶ᠎ᠡ (ᠠᠭᠠᠷ ᠤᠨ 1 ᠺᠦᠪ ᠰᠠᠨᠲ᠋ᠢᠮᠧᠲ᠋ᠷ ᠳᠠᠬᠢ 1000 ᠍ ᠤ ᠬᠡᠰᠡᠭ)ᠡᠷᠡᠭᠴᠢᠨ ᠢ ᠴᠣᠴᠢᠷᠠᠭᠤᠯᠤᠨ᠎ᠠ᠃

ᠠᠮᠲᠠ ᠶᠢ ᠬᠦᠯᠢᠶᠡᠨ ᠠᠪᠬᠤ ᠦᠰᠦ ᠪᠦᠬᠦᠢ ᠰᠧᠨᠰᠡᠯᠡᠯ ᠦᠳ ᠠᠮᠠᠨ ᠤ ᠡᠷᠬᠡᠲᠡᠨ ᠦ ᠳᠠᠭᠤᠷ ᠤᠳ ᠪᠠ ᠰᠠᠷᠪᠠᠭᠤᠨ ᠤᠳ᠋ᠣᠣ ᠳᠤ ᠲᠠᠯ᠎ᠠ ᠳᠤ ᠣᠷᠣᠰᠢᠨ᠎ᠠ᠃ ᠡᠳᠡᠭᠡᠷ ᠰᠧᠨᠰᠡᠯᠡᠯ ᠦᠳ ᠦᠨᠦᠷᠯᠡᠬᠦ ᠰᠧᠨᠰᠢᠯ ᠦᠨ ᠠᠳᠠᠯᠢ ᠪᠦᠲᠦᠴᠡ ᠲᠡᠢ᠃ ᠰᠢᠪᠠᠵᠢ ᠨᠤᠭᠤᠳ ᠭᠠᠰᠢᠭᠤᠨ᠂ ᠱᠣᠷᠪᠣᠭ᠂ ᠰᠢᠬᠢᠷᠯᠢᠭ ᠴᠢᠨᠠᠷ ᠢ ᠢᠯᠭᠠᠪᠤᠷᠢᠯᠠᠨ᠎ᠠ᠃ ᠠᠮᠲᠠᠯᠠᠬᠤ ᠡᠷᠬᠡᠲᠡᠨ ᠰᠠᠶᠢᠨ ᠬᠥᠭᠵᠢᠭᠰᠡᠨ ᠪᠠᠶᠢᠨ᠎ᠠ᠃

ᠰᠤᠨᠤᠰᠬᠤ ᠡᠷᠬᠡᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠯᠢᠶᠡᠳ ᠱᠠᠪᠵᠤ ᠳᠤ ᠰᠡᠭᠡᠷ ᠨᠢᠷᠤᠭᠤᠲᠠᠨ ᠠᠮᠢᠲᠠᠳ ᠤᠨ ᠰᠤᠨᠤᠰᠬᠤ ᠡᠷᠬᠡᠲᠡᠨ ᠦ ᠵᠠᠷᠢᠮ ᠲᠠᠯ᠎ᠠ ᠪᠠᠷ ᠠᠨᠠᠯᠣᠭ ᠲᠤᠰᠬᠠᠢ ᠡᠷᠬᠡᠲᠡᠨ ᠲᠡᠢ ᠪᠠᠶᠢᠬᠤ ᠪᠠ ᠲᠡᠳᠡᠭᠡᠷ ᠨᠢ ᠰᠤᠨᠤᠰᠬᠤ ᠡᠷᠬᠡᠲᠡᠨ ᠦ ᠡᠭᠦᠷᠭᠡ ᠭᠦᠢᠴᠡᠳᠭᠡᠨ᠎ᠡ᠃ ᠡᠭᠦᠨ ᠳᠦ: ᠴᠠᠷᠴᠠᠭᠠᠨ ᠤ ᠬᠡᠪᠡᠯᠢ ᠶᠢᠨ 1 ᠍ ᠳᠦᠭᠡᠷ ᠦᠶ᠎ᠡ ᠶᠢᠨ ᠬᠠᠵᠠᠭᠤ ᠳᠤ ᠨᠢᠮᠭᠡᠨ ᠰᠠᠷᠢᠰᠤ ᠪᠠᠷ ᠪᠦᠷᠬᠦᠮᠡᠯ ᠳᠤᠤᠭᠠᠷᠭ ᠨᠦᠬᠡ ᠣᠷᠣᠰᠢᠨ᠎ᠠ᠃ ᠡᠨᠡᠬᠦ ᠨᠦᠬᠡ ᠨᠢ ᠳᠣᠲᠣᠭᠰᠢ ᠪᠠᠨ ᠬᠥᠨᠳᠡᠢ ᠲᠡᠢ ᠪᠠᠶᠢᠬᠤ ᠪᠥᠭᠡᠳ ᠠᠭᠤᠯᠠ ᠬᠥᠨᠳᠡᠶᠢᠳᠡ ᠨᠧᠷᠧ ᠶᠢᠨ ᠲᠡᠭᠦᠰᠬᠡᠯ ᠲᠡᠢ (ᠦᠵᠦᠭᠦᠷ ᠲᠡᠢ) ᠬᠣᠯᠪᠣᠭᠳᠠᠭᠰᠠᠨ ᠮᠡᠳᠡᠷᠡᠯ ᠦᠨ ᠡᠰ ᠪᠦᠬᠦᠢ ᠤᠨᠵᠢᠯᠭ᠎ᠠ ᠨᠤᠭᠤᠳ ᠰᠠᠯᠪᠤᠷᠢᠯᠠᠭᠰᠠᠨ ᠪᠠᠶᠢᠨ᠎ᠠ᠃ ᠲᠡᠷᠡ ᠨᠢ ᠠᠭᠠᠷ ᠤᠨ ᠳᠣᠯᠭᠢᠶᠠᠨ ᠢ ᠮᠡᠳᠡᠷᠡᠨ᠎ᠡ᠃

ᠭᠣᠯᠢᠶᠠᠨ ᠤ ᠡᠮᠦᠨᠡᠲᠦ ᠰᠢᠯᠪᠢᠨ ᠳᠡᠭᠡᠷ᠎ᠡ ᠳᠣᠲᠣᠭᠰᠢ ᠣᠷᠣᠭᠰᠠᠨ ᠬᠥᠨᠳᠡᠢ ᠲᠡᠢ ᠬᠣᠪᠢᠯ ᠬᠡᠯᠪᠡᠷᠢ ᠶᠢᠨ ᠰᠤᠨᠤᠰᠬᠤ ᠡᠷᠬᠡᠲᠡᠨ ᠣᠷᠣᠰᠢᠨ᠎ᠠ᠃ᠲᠡᠷᠬᠡᠦ ᠬᠥᠨᠳᠡᠢ ᠶᠢᠨ ᠺᠦ᠋ᠲ᠋ᠢᠺᠤᠯ ᠤᠨ ᠨᠢᠮᠭᠡᠨ ᠬᠠᠯᠢᠰᠤᠨ ᠳᠤ ᠨᠧᠷᠧ ᠶᠢᠨ ᠲᠡᠭᠦᠰᠬᠡᠯ ᠦᠳ ᠲᠡᠢ (ᠦᠵᠦᠭᠦᠷ ᠦᠳ ᠲᠡᠢ) ᠬᠣᠯᠪᠣᠭᠳᠠᠭᠰᠠᠨ ᠮᠡᠳᠡᠷᠡᠬᠦ ᠡᠰ ᠦᠳ ᠪᠡᠬᠢᠯᠡᠭᠳᠡᠨ᠎ᠡ᠃ ᠲᠡᠳᠡᠭᠡᠷ ᠡᠰ ᠦᠳ ᠠᠭᠠᠷ ᠤᠨ ᠳᠣᠯᠭᠢᠶᠠᠨ ᠢ ᠬᠦᠯᠢᠶᠡᠨ ᠠᠪᠤᠨ᠎ᠠ᠃ ᠥᠪᠡᠷ ᠡᠴᠡ ᠪᠡᠨ ᠳᠠᠭᠤᠤ ᠭᠠᠷᠭᠠᠳᠠᠭ ᠱᠠᠪᠵᠤ ᠳᠤ ᠰᠣᠨᠣᠰᠬᠠᠯ ᠤᠨ ᠡᠷᠬᠡᠲᠡᠨ ᠲᠡᠢ ᠪᠠᠶᠢᠨ᠎ᠠ᠃ ᠳᠠᠭᠤᠤ ᠶᠢ ᠡᠷᠡᠭᠴᠢᠨ᠂ ᠡᠮᠡᠭᠴᠢᠨ ᠨᠢ ᠪᠡᠶ᠎ᠡ ᠪᠡᠶᠡᠰ ᠢᠶᠡᠨ ᠡᠷᠢᠵᠦ ᠤᠯᠬᠤ ᠪᠠ ᠠᠶᠤᠯᠭᠠᠬᠤ᠂ ᠪᠡᠶ᠎ᠡ ᠪᠡᠨ ᠬᠠᠮᠠᠭᠠᠯᠠᠬᠤ ᠶᠢᠨ ᠲᠤᠯᠠᠳᠠ ᠭᠠᠷᠭᠠᠨ᠎ᠠ᠃ ᠶᠡᠷᠦ ᠨᠢ ᠱᠠᠪᠵᠤ ᠳᠤ ᠮᠠᠰᠢ ᠥᠷᠭᠡᠨ ᠳ᠋ᠢᠶᠠᠫᠠᠽᠣᠨ ᠲᠠᠢ , ᠶᠡᠷᠦ ᠶᠢᠨ ᠳᠠᠭᠤᠨ ᠠᠴᠠ (8-10 ᠭᠧᠷᠼ) ᠬᠡᠲᠦ ᠨᠠᠮ ᠳᠠᠭᠤᠤ (45000 ᠭᠧᠷᠼ) ᠬᠦᠷᠲᠡᠯᠡᠬᠢ ᠴᠢᠮᠡᠭᠡ ᠶᠢ ᠬᠦᠯᠢᠶᠡᠨ ᠠᠪᠳᠠᠭ᠃ ᠰᠣᠨᠣᠰᠬᠠᠯ ᠤᠨ ᠡᠷᠬᠡᠲᠡᠨ ᠪᠦᠬᠦᠢ ᠱᠠᠪᠵᠤ ᠳᠤ ᠳᠠᠭᠤᠤ ᠭᠠᠷᠭᠠᠬᠤ ᠴᠢᠳᠠᠪᠤᠷᠢ ᠲᠠᠢ᠃ ᠨᠢᠭᠡᠨ ᠲᠣᠬᠢᠶᠠᠯᠳᠤᠯ ᠳᠤ ᠳᠠᠯᠠᠪᠴᠢᠨ ᠤ ᠬᠣᠣᠷᠣᠨᠣ ᠶᠢᠨ ᠦᠷᠦᠯᠲᠡ ᠪᠡᠷ ᠳᠠᠭᠤᠤ ᠭᠠᠷᠭᠠᠬᠤ (ᠭᠣᠯᠢᠶᠠᠯᠢᠭ ᠲᠠᠷᠰᠢᠭ᠎ᠠ) ᠨᠥᠭᠥᠭᠡ ᠲᠣᠬᠢᠶᠠᠯᠳᠤᠯ ᠳᠤ ᠭᠤᠶ᠎ᠠ᠂ ᠳᠠᠯᠠᠪᠴᠢᠨ ᠤ ᠰᠤᠳᠠᠯ ᠲᠠᠢ ᠬᠠᠪᠢᠷᠠᠭᠰᠠᠨ ᠢᠶᠠᠷ ᠳᠠᠭᠤᠤ ᠭᠠᠷᠤᠨ᠎ᠠ (ᠴᠠᠷᠴᠠᠭ᠎ᠠ). ᠡᠨᠡ ᠮᠡᠲᠦᠴᠢᠯᠠᠨ ᠳᠠᠭᠤᠤ ᠭᠠᠷᠭᠠᠬᠤ ᠣᠯᠠᠨ ᠬᠡᠯᠪᠡᠷᠢ ᠪᠠᠶᠢᠳᠠᠭ᠃

ᠬᠠᠷᠠᠬᠤ ᠡᠷᠬᠡᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠬᠠᠷᠠᠬᠤ ᠡᠷᠬᠡᠲᠡᠨ ᠨᠢᠳᠦ ᠨᠡᠶᠢᠯᠡᠮᠡᠯ(ᠵᠦᠢᠮᠡᠯ) ᠪᠠ ᠡᠩ ᠦᠨ ᠪᠦᠲᠦᠴᠡ ᠲᠡᠢ᠃ ᠨᠡᠶᠢᠯᠡᠮᠡᠯ ᠨᠢᠳᠦ ᠨᠢ ᠣᠯᠠᠨ ᠵᠢᠵᠢᠭ ᠨᠢᠳᠦ ᠡᠴᠡ (ᠣᠮᠮᠠᠲ᠋ᠢᠳ᠋ ᠍ ᠠᠴᠠ) ᠪᠦᠲᠦᠨ᠎ᠡ᠃ ᠨᠡᠶᠢᠯᠡᠮᠡᠯ ᠨᠢᠳᠦᠨ ᠦ ᠣᠮᠮᠠᠲ᠋ᠢᠳ᠋ ᠍ ᠤᠨ ᠲᠣᠭ᠎ᠠ ᠰᠢᠷᠬᠡᠭ ᠬᠠᠷᠢᠯᠴᠠᠨ ᠠᠳᠠᠯᠢ ᠦᠭᠡᠢ ᠪᠠᠶᠢᠬᠤ ᠨᠢ ᠰᠢᠪᠠᠵᠢ ᠶᠢᠨ ᠪᠢᠣᠯᠣᠭᠢ ᠶᠢᠨ ᠣᠨᠴᠠᠯᠢᠭ ᠠᠴᠠ ᠰᠢᠯᠲᠠᠭᠠᠯᠠᠨ᠎ᠠ᠃ ᠨᠡᠶᠢᠯᠡᠮᠡᠯ ᠨᠢᠳᠦᠨ ᠦ ᠭᠠᠳᠠᠷᠭᠤ ᠨᠢ ᠵᠢᠵᠢᠭ ᠨᠢᠳᠦ (ᠣᠮᠮᠠᠲ᠋ᠢᠳ᠋) ᠲᠤᠰ ᠪᠦᠷᠢ ᠶᠢᠨ ᠭᠠᠳᠠᠭᠠᠳᠤ ᠬᠡᠰᠡᠭ ᠪᠣᠯᠬᠤ ᠣᠯᠠᠨ ᠲᠣᠭᠠᠨ ᠤ ᠳᠤᠤᠭᠠᠷᠭ ᠪᠤᠶᠤ ᠵᠢᠷᠭᠤᠭᠠᠨ ᠲᠠᠯᠠᠲᠤ ᠰᠠᠷᠬᠢᠶᠠᠭ ᠠᠴᠠ ᠲᠣᠭᠲᠠᠨ᠎ᠠ᠃

ᠣᠮᠮᠠᠲ᠋ᠢᠳ᠋ ᠲᠤᠰ ᠪᠦᠷᠢ ᠶᠢᠨ ᠣᠫᠲ᠋ᠢᠺ ᠤᠨ ᠠᠫᠫᠠᠷᠠᠲ ᠡᠪᠡᠷᠯᠢᠭ ᠲᠤᠩᠭᠠᠯᠠᠭ ᠬᠡᠰᠡᠭ ᠪᠣᠯᠬᠤ ᠾᠷᠦ᠋ᠰᠲᠠᠯ᠎ᠠ ᠶᠢᠨ ᠺᠣᠨᠤᠶᠢᠰ᠂ ᠭᠡᠷᠡᠯ ᠦᠨ ᠲᠤᠶᠠᠭ᠎ᠠ ᠶᠢ ᠨᠡᠪᠲᠡᠷᠡᠭᠦᠯᠬᠦ ᠪᠠ ᠬᠤᠭᠤᠯᠬᠤ ᠠᠫᠫᠠᠷᠠᠲ ᠷᠠᠪ ᠲᠦᠶᠢᠮ᠂ ᠭᠡᠷᠡᠯ ᠦᠨ ᠲᠤᠶᠠᠭ᠎ᠠ ᠶᠢ ᠬᠦᠯᠢᠶᠡᠨ ᠠᠪᠬᠤ ᠲᠣᠷᠯᠣᠭ ᠭᠡᠰᠡᠨ 3 ᠬᠡᠰᠡᠭ ᠡᠴᠡ ᠲᠣᠭᠲᠠᠨ᠎ᠠ᠃ ᠲᠠᠷᠢᠬᠢᠨ ᠠᠴᠠ ᠢᠷᠡᠬᠦ ᠬᠠᠷᠠᠭᠠᠨ ᠤ ᠨᠧᠷᠧ ᠶᠢᠨ ᠲᠡᠭᠦᠰᠬᠡᠯ (ᠦᠵᠦᠭᠦᠷ) ᠭᠡᠷᠡᠯ ᠦᠨ ᠲᠤᠶᠠᠭ᠎ᠠ ᠶᠢ ᠬᠦᠯᠢᠶᠡᠨ ᠠᠪᠬᠤ ᠲᠣᠷᠯᠣᠭ ᠤᠨ ᠡᠰ ᠦᠳ ᠲᠡᠢ ᠬᠣᠯᠪᠣᠭᠳᠠᠨ᠎ᠠ᠃ ᠣᠮᠮᠠᠲ᠋ᠢᠳ᠋ (ᠨᠢᠳᠦ) ᠲᠤᠰ ᠪᠦᠷᠢ ᠲᠤᠶᠠᠭ᠎ᠠ ᠶᠢ ᠦᠯᠦ ᠰᠠᠴᠤᠷᠠᠭᠤᠯᠤᠭᠴᠢ ᠫᠧᠭᠮᠧᠨᠲ ᠦᠨ ᠡᠰ ᠦᠳ ᠢᠶᠡᠷ ᠪᠦᠬᠦ ᠲᠠᠯ᠎ᠠ ᠪᠠᠷ ᠢᠶᠠᠨ ᠬᠦᠷᠢᠶᠡᠯᠡᠭᠳᠡᠭᠰᠡᠨ ᠪᠠᠶᠢᠨ᠎ᠠ᠃ ᠡᠶᠢᠮᠦ ᠳᠦ 1 ᠣᠮᠮᠠᠲ᠋ᠢᠳ᠋ ᠍ ᠲᠤ ᠲᠤᠰᠠᠭᠰᠠᠨ ᠲᠤᠶᠠᠭ᠎ᠠ ᠨᠥᠭᠥᠭᠡ ᠬᠠᠵᠠᠭᠤ ᠶᠢᠨ ᠣᠮᠮᠠᠲ᠋ᠢᠳ᠋ ᠍ ᠲᠤ ᠲᠤᠰᠤᠬᠤ ᠦᠭᠡᠢ᠃ ᠭᠡᠲᠡᠯ᠎ᠡ ᠵᠠᠷᠢᠮ ᠰᠢᠪᠠᠵᠢ ᠶᠢᠨ ᠣᠮᠮᠠᠲ᠋ᠢᠳ᠋ ᠲᠤᠰ ᠪᠦᠷᠢ ᠫᠧᠭᠮᠧᠨᠲ ᠦᠨ ᠡᠰ ᠢᠶᠡᠷ ᠪᠦᠬᠦ ᠲᠠᠯ᠎ᠠ ᠪᠠᠷ ᠢᠶᠠᠨ ᠬᠦᠷᠢᠶᠡᠯᠡᠭᠳᠡᠭᠡ ᠦᠭᠡᠢ᠂ ᠵᠥᠪᠬᠡᠨ ᠾᠷᠦ᠋ᠰᠲᠠᠯ᠎ᠠ ᠶᠢᠨ ᠺᠣᠨᠤᠶᠢᠰ ᠤᠨ ᠬᠠᠵᠠᠭᠤ ᠳᠤ ᠫᠧᠭᠮᠧᠨᠲ ᠦᠨ ᠡᠰ ᠦᠳ ᠣᠷᠣᠰᠢᠨ᠎ᠠ᠃ ᠡᠶᠢᠮᠦ ᠳᠦ 1 ᠣᠮᠮᠠᠲ᠋ᠢᠳ᠋ ᠍ ᠲᠤ ᠲᠤᠰᠠᠭᠰᠠᠨ ᠭᠡᠷᠡᠯ ᠦᠨ ᠲᠤᠶᠠᠭ᠎ᠠ ᠨᠥᠭᠥᠭᠡ ᠬᠠᠵᠠᠭᠤ ᠶᠢᠨ ᠣᠮᠮᠠᠲ᠋ᠢᠳ᠋ ᠍ ᠤᠨ ᠲᠣᠷᠯᠣᠭ ᠲᠤ ᠲᠤᠰᠠᠨ᠎ᠠ᠃ ᠡᠶᠢᠨᠬᠦᠦ ᠫᠧᠭᠮᠧᠨᠲ ᠦᠨ ᠡᠰ ᠦᠳ ᠦᠨ ᠪᠠᠶᠢᠷᠢᠰᠢᠯ ᠠᠴᠠ ᠪᠣᠯᠵᠤ ᠰᠢᠪᠠᠵᠢ ᠶᠢᠨ ᠬᠠᠷ᠎ᠠ ᠥᠭᠡᠷ᠎ᠡ ᠥᠭᠡᠷ᠎ᠡ ᠪᠠᠶᠢᠳᠠᠭ ᠲᠤᠯᠠ ᠡᠳᠦᠷ ᠦᠨ ᠪᠠ ᠰᠥᠨᠢ ᠶᠢᠨ ᠬᠠᠷ᠎ᠠ ᠲᠠᠢ ᠰᠢᠪᠠᠵᠢ ᠨᠤᠭᠤᠳ ᠭᠡᠵᠦ ᠢᠯᠭᠠᠪᠤᠷᠢᠯᠠᠨ ᠦᠵᠡᠳᠡᠭ᠃ ᠰᠢᠪᠠᠵᠢ ᠶᠢᠨ ᠨᠢᠳᠦ ᠵᠥᠪᠬᠡᠨ ᠣᠶᠢᠷ᠎ᠠ ᠶᠢᠨ ᠬᠠᠷᠠᠭ᠎ᠠ ᠲᠠᠢ ᠪᠠᠶᠢᠬᠤ ᠪᠠ ᠬᠥᠳᠡᠯᠵᠦ ᠪᠠᠶᠢᠭ᠎ᠠ ᠶᠠᠭᠤᠮᠠᠰ ᠢ ᠰᠠᠶᠢᠨ ᠬᠠᠷᠠᠳᠠᠭ᠃ ᠰᠢᠪᠠᠵᠢ ᠶᠢᠨ ᠨᠡᠶᠢᠯᠡᠮᠡᠯ ᠨᠢᠳᠦᠨ ᠦ ᠣᠮᠮᠠᠲ᠋ᠢᠳ᠋ ᠲᠤᠰ ᠪᠦᠷᠢ ᠶᠠᠭᠤᠮ᠎ᠠ ᠶᠢ ᠬᠡᠰᠡᠭᠯᠡᠵᠦ ᠬᠠᠷᠠᠬᠤ ᠪᠠᠷ ᠬᠠᠷᠠᠭᠳᠠᠵᠤ ᠪᠠᠶᠢᠭ᠎ᠠ ᠪᠡᠶ᠎ᠡ ᠨᠦᠭᠦᠳ ᠵᠦᠢᠭᠳᠡᠨ ᠨᠢᠭᠡᠨ ᠬᠡᠯᠪᠡᠷᠢ ᠶᠢ ᠤᠯᠬᠤ ᠲᠤᠯᠠ ᠰᠢᠪᠠᠵᠢ ᠶᠢᠨ (ᠨᠡᠶᠢᠯᠡᠮᠡᠯ ᠨᠢᠳᠦᠨ ᠦ)ᠬᠠᠷᠠᠭ᠎ᠠ ᠶᠢ ᠵᠦᠢᠮᠡᠯ ᠬᠠᠷ᠎ᠠ ᠭᠡᠵᠦ ᠨᠡᠷᠡᠯᠡᠨ᠎ᠡ᠃ ᠰᠢᠪᠠᠵᠢ ᠶᠢᠨ ᠨᠡᠶᠢᠯᠡᠮᠡᠯ ᠨᠢᠳᠦ ᠭᠡᠷᠡᠯ ᠦᠨ ᠪᠣᠭᠣᠨᠢ ᠲᠤᠶᠠᠭ᠎ᠠ ᠶᠢ ᠰᠠᠶᠢᠨ ᠮᠡᠳᠡᠷᠡᠨ᠎ᠡ᠃ ᠭᠡᠲᠡᠯ᠎ᠡ ᠬᠦᠮᠦᠨ ᠬᠦᠷᠢᠨ ᠤ ᠭᠠᠳᠠᠨᠠᠬᠢ ᠲᠤᠶᠠᠭ᠎ᠠ ᠶᠢ ᠮᠡᠳᠡᠷᠡᠬᠦ ᠦᠭᠡᠢ᠃ ᠪᠡᠶ᠎ᠡ ᠭᠦᠢᠴᠡᠭᠰᠡᠨ ᠰᠢᠪᠠᠵᠢᠨ ᠳᠤ ᠨᠡᠶᠢᠯᠡᠮᠡᠯ ᠨᠢᠳᠦᠨ ᠡᠴᠡ ᠭᠠᠳᠠᠨ᠎ᠠ ᠡᠩ ᠦᠨ ᠨᠢᠳᠦ ᠪᠠᠶᠢᠨ᠎ᠠ᠃ ᠶᠡᠬᠡᠪᠴᠢᠯᠡᠨ 2-3 ᠲᠣᠭᠠᠨ ᠤ ᠡᠩ ᠦᠨ ᠨᠢᠳᠦ ᠨᠡᠶᠢᠯᠡᠮᠡᠯ ᠨᠢᠳᠦᠨ ᠦ ᠬᠣᠭᠣᠷᠣᠨᠳᠣ (ᠲᠣᠯᠣᠭᠠᠢ ᠶᠢᠨ ᠬᠡᠰᠡᠭ ᠲᠦ) ᠣᠷᠣᠰᠢᠨ᠎ᠠ᠃ ᠡᠩ ᠦᠨ ᠨᠢᠳᠦ ᠬᠠᠷᠠᠭᠠᠨ ᠤ ᠡᠷᠬᠡᠲᠡᠨ ᠪᠣᠯᠬᠤ ᠪᠥᠭᠡᠳ ᠭᠡᠷᠡᠯ ᠦᠨ ᠬᠦᠴᠦ ᠶᠢ ᠲᠣᠳᠣᠷᠬᠠᠶᠢᠯᠠᠬᠤ ᠴᠢᠳᠠᠪᠤᠷᠢ ᠲᠠᠢ᠃ ᠪᠦᠷᠢᠨ ᠬᠤᠪᠢᠷᠠᠯᠲᠠ ᠲᠠᠢ ᠰᠢᠪᠠᠵᠢ ᠶᠢᠨ ᠠᠪᠠᠭᠠᠯᠳᠠᠢ ᠨᠤᠭᠤᠳ ᠵᠥᠪᠬᠡᠨ ᠡᠩ ᠦᠨ ᠨᠢᠳᠦ ᠲᠡᠢ᠃ ᠡᠩ ᠦᠨ ᠨᠢᠳᠦ ᠲᠣᠯᠣᠭᠠᠢ ᠶᠢᠨ ᠬᠠᠵᠠᠭᠤ ᠪᠠᠷ 1-8 ᠬᠣᠣᠰ ᠪᠠᠶᠢᠨ᠎ᠠ᠃ ᠠᠪᠠᠭᠠᠯᠳᠠᠢ ᠶᠢᠨ ᠡᠩ ᠦᠨ ᠨᠢᠳᠦᠨ ᠦ ᠪᠦᠲᠦᠴᠡ ᠪᠡᠶ᠎ᠡ ᠭᠦᠢᠴᠡᠭᠰᠡᠨ ᠰᠢᠪᠠᠵᠢ ᠶᠢᠨ ᠡᠩ ᠦᠨ ᠨᠢᠳᠦᠨ ᠦ ᠪᠦᠲᠦᠴᠡ ᠡᠴᠡ ᠥᠭᠡᠷ᠎ᠡ ᠪᠠᠶᠢᠨ᠎ᠠ᠃

ᠠᠮᠢᠰᠬᠤᠯ ᠤᠨ ᠡᠷᠬᠡᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠪᠡᠶ᠎ᠡ ᠪᠡᠷ ᠨᠡᠪᠲᠡᠷᠡᠨ ᠰᠦᠯᠵᠢᠯᠳᠦᠭᠰᠡᠨ ᠠᠮᠢᠰᠬᠤᠯ ᠤᠨ ᠲᠷᠠᠩᠭᠧᠢ ᠶᠢᠨ ᠰᠢᠰᠲ᠋ᠧᠮ ᠪᠣᠯ ᠠᠮᠢᠰᠬᠤᠯ ᠢ ᠡᠷᠬᠡᠲᠡᠨ ᠶᠤᠮ᠃ ᠲᠷᠠᠾᠧᠢ ᠴᠡᠭᠡᠵᠢ ᠪᠠ ᠬᠡᠪᠡᠯᠢ ᠶᠢᠨ ᠬᠣᠶᠠᠷ ᠬᠠᠵᠠᠭᠤ ᠪᠠᠷ ᠤᠷᠤᠰᠢᠬᠤ ᠠᠮᠢᠰᠬᠤᠯ ᠤᠨ ᠰᠦᠪᠡ ᠨᠦᠭᠦᠳ ᠪᠤᠶᠤ ᠠᠮᠢᠰᠬᠤᠯᠠᠭᠤᠷ ᠤᠳ ᠠᠴᠠ ᠰᠠᠯᠪᠤᠷᠢᠯᠠᠨ᠎ᠠ᠃ ᠠᠮᠢᠰᠬᠤᠯ ᠤᠨ ᠰᠦᠪᠡ ᠶᠢ (ᠠᠮᠢᠰᠬᠤᠯᠠᠭᠤᠷ ᠢ) ᠰᠲ᠋ᠢᠭᠮᠠ ᠭᠡᠵᠦ ᠨᠡᠷᠡᠯᠡᠨ᠎ᠡ᠃ ᠲᠷᠠᠾᠧᠢ ᠶᠢᠨ ᠡᠬᠢᠨ ᠦ ᠬᠡᠰᠡᠭ ᠲᠦ ᠪᠦᠳᠦᠭᠦᠨ ᠲᠷᠠᠾᠧᠢ ᠪᠠᠶᠢᠬᠤ ᠪᠥᠭᠡᠳ ᠲᠡᠳᠡᠰᠢ ᠪᠡᠷ ᠨᠢ ᠴᠠᠰᠢ ᠰᠠᠯᠪᠤᠷᠢᠯᠠᠨ ᠨᠠᠷᠢᠰᠴᠢ ᠣᠯᠠᠨ ᠲᠣᠭᠠᠨ ᠤ ᠮᠠᠰᠢ ᠵᠢᠵᠢᠭ ᠬᠢᠯᠭᠠᠰᠤᠯᠠᠭ ᠲᠷᠠᠬᠧᠣᠯ ᠤᠳ ᠢ ᠡᠭᠦᠰᠬᠡᠵᠦ ᠶᠠᠪᠤᠭᠰᠠᠭᠠᠷ ᠪᠡᠶ᠎ᠡ ᠶᠢᠨ ᠡᠳ᠋ ᠡᠰᠡ ᠨᠦᠭᠦᠳ ᠦᠨ ᠳᠣᠲᠣᠷ᠎ᠠ ᠨᠡᠪᠲᠡᠷᠡᠨ ᠣᠷᠣᠵᠤ ᠲᠡᠭᠦᠰᠦᠨ᠎ᠡ᠃ ᠠᠮᠢᠰᠬᠤᠯ ᠤᠨ ᠲᠣᠮᠣ ᠲᠷᠠᠾᠧᠢ ᠨᠤᠭᠤᠳ ᠥᠪᠡᠷ ᠬᠣᠭᠣᠷᠣᠨᠳᠣ ᠪᠠᠨ ᠲᠤᠤᠱ ᠪᠠ ᠬᠥᠨᠳᠡᠯᠡᠨ ᠵᠢᠵᠢᠭ ᠲᠷᠠᠾᠧᠢ ᠪᠠᠷ ᠬᠣᠯᠪᠣᠭᠳᠠᠨ᠎ᠠ᠃ ᠠᠮᠢᠰᠬᠤᠯ ᠤᠨ ᠲᠷᠠᠾᠧᠢ ᠬᠥᠪᠦᠷᠡᠯ ᠦᠨ ᠡᠺᠲ᠋ᠣᠳᠧᠷᠮᠢ ᠶᠢᠨ ᠳᠠᠪᠬᠤᠷᠭ᠎ᠠ ᠠᠴᠠ ᠡᠭᠦᠰᠬᠦ ᠲᠤᠯᠠ ᠳᠣᠲᠣᠭᠠᠳᠤ ᠬᠠᠨ᠎ᠠ ᠨᠢ ᠺᠦ᠋ᠲ᠋ᠢᠺᠦᠶᠢᠯ ᠢᠶᠡᠷ ᠪᠦᠷᠬᠦᠭᠳᠡᠨ᠎ᠡ᠃ ᠪᠡᠶ᠎ᠡ ᠶᠢᠨ ᠬᠣᠶᠠᠷ ᠬᠠᠵᠠᠭᠤ ᠶᠢᠨ ᠲᠷᠠᠾᠧᠢ ᠲᠤᠰ ᠪᠦᠷᠢ ᠶᠢᠨ ᠦᠵᠦᠭᠦᠷ ᠲᠦ ᠠᠮᠢᠰᠬᠤᠯ ᠤᠨ ᠰᠦᠪᠡ ᠶᠢᠨ (ᠰᠲᠦᠭᠡᠮ ᠦᠨ) ᠣᠶᠢᠷᠠᠯᠴᠠᠭ᠎ᠠ ᠬᠠᠭᠠᠬᠤ ᠠᠫᠫᠠᠷᠠᠲ ᠪᠠᠶᠢᠨ᠎ᠠ᠃ ᠬᠠᠭᠠᠬᠤ ᠠᠫᠫᠠᠷᠠᠲ ᠪᠣᠯ ᠠᠮᠢᠰᠬᠤᠯ ᠤᠨ ᠰᠦᠪᠡ ᠶᠢ ᠲᠣᠭᠣᠷᠢᠭᠰᠠᠨ ᠬᠥᠰᠢᠭᠦᠷᠭᠡ ᠶᠢᠨ ᠰᠢᠰᠲ᠋ᠧᠮ ᠶᠤᠮ᠃ ᠬᠥᠰᠢᠭᠦᠷᠭᠡ᠂ ᠪᠤᠯᠴᠢᠩ ᠤᠨ ᠦᠢᠯᠡᠴᠢᠯᠡᠭᠡ ᠪᠡᠷ ᠣᠶᠢᠷᠠᠳᠤᠨ᠂ ᠠᠮᠢᠰᠬᠤᠯ ᠤᠨᠰᠦᠪᠡ ᠶᠢᠨ ᠠᠮᠠᠰᠠᠷ ᠢ ᠰᠢᠬᠠᠵᠤ᠂ ᠲᠡᠭᠦᠨ ᠦ ᠳᠣᠲᠣᠭᠠᠳᠤ ᠬᠥᠨᠳᠡᠢ ᠶᠢ ᠬᠠᠮᠢᠭ᠎ᠠ᠃

ᠰᠢᠪᠠᠵᠢ ᠣᠷᠴᠢᠨ ᠤ ᠠᠭᠠᠷ ᠤᠨ ᠲᠣᠬᠢᠷᠠᠮᠵᠢ ᠦᠭᠡᠢ ᠨᠥᠬᠥᠴᠡᠯ ᠶᠠᠭᠤᠮᠤ ᠬᠣᠣᠷᠲᠤ ᠬᠡᠢ ᠲᠡᠢ ᠲᠤᠯᠭᠠᠷᠠᠪᠠᠯ ᠠᠮᠢᠰᠬᠤᠯ ᠤᠨ ᠠᠫᠫᠠᠷᠠᠲ (ᠰᠲ᠋ᠢᠭᠮᠠ) ᠨᠢ ᠬᠠᠭᠠᠭᠳᠠᠵᠤ ᠲᠦᠷ ᠵᠠᠭᠤᠷ᠎ᠠ ᠴᠤ ᠠᠲᠤᠭᠠᠢ ᠠᠮᠢᠰᠬᠤᠯ ᠵᠣᠭᠰᠣᠩᠭᠢ ᠪᠠᠶᠢᠳᠠᠯ ᠳᠤ ᠣᠷᠣᠨ᠎ᠠ᠃ ᠭᠡᠪᠡᠴᠦ ᠲᠡᠭᠦᠨ ᠢ ᠰᠢᠪᠠᠵᠢ ᠲᠡᠰᠪᠦᠷᠢᠯᠡᠵᠦ ᠴᠢᠳᠠᠨ᠎ᠠ᠃ ᠲᠡᠷᠡᠴᠢᠯᠡᠨ ᠠᠮᠢᠰᠬᠤᠯ ᠤᠨ ᠰᠦᠪᠡ ᠶᠢᠨ ᠳᠣᠲᠣᠷ᠎ᠠ ᠬᠠᠨ᠎ᠠ ᠪᠠᠷ ᠮᠠᠰᠢ ᠣᠯᠠᠨ ᠦᠶ᠎ᠡ ᠬᠢᠯᠭᠠᠰᠤ ᠨᠤᠭᠤᠳ ᠪᠠᠶᠢᠬᠤ ᠨᠢ ᠠᠭᠠᠷ ᠤᠨ ᠪᠣᠬᠢᠷᠳᠠᠯᠲᠠ ᠶᠢ (ᠲᠣᠭᠣᠰᠣ ᠶᠢ) ᠰᠢᠭᠦᠬᠦ ᠡᠭᠦᠷᠭᠡ ᠭᠦᠢᠴᠡᠳᠭᠡᠨ᠎ᠡ᠃

ᠲᠷᠠᠾᠧᠢ ᠳᠣᠲᠣᠷ᠎ᠠ ᠲᠠᠯ᠎ᠠ ᠳᠤ ᠪᠠᠨ ᠣᠷᠢᠶᠠᠮᠠᠭ ᠬᠡᠯᠪᠡᠷᠢ ᠶᠢᠨ ᠺᠦ᠋ᠲ᠋ᠢᠺᠦᠶᠢᠯ ᠢᠶᠡᠷ ᠬᠤᠴᠢᠭᠳᠠᠭᠰᠠᠨ ᠪᠠᠶᠢᠨ᠎ᠠ᠃ ᠠᠮᠢᠰᠬᠤᠯ ᠤᠨ ᠲᠷᠠᠾᠧᠢ ᠶᠢᠨ ᠡᠶᠢᠮᠦ ᠣᠷᠢᠶᠠᠮᠠᠭ ᠪᠦᠲᠦᠴᠡ᠂ ᠲᠡᠭᠦᠨ ᠢ ᠶᠠᠭᠤᠮᠠᠨ ᠳᠤ ᠳᠠᠷᠤᠭᠳᠠᠨ ᠬᠠᠪᠴᠢᠭᠳᠠᠵᠤ ᠬᠠᠭᠠᠭᠳᠠᠬᠤ ᠠᠴᠠ ᠬᠠᠮᠠᠭᠠᠯᠠᠨ᠎ᠠ᠃ ᠡᠶᠢᠮᠦ ᠲᠣᠬᠢᠶᠠᠯᠳᠤᠯ ᠳᠤ ᠣᠷᠢᠶᠠᠮᠠᠭ ᠲᠷᠠᠾᠧᠢ ᠶᠢᠨ ᠳᠣᠲᠣᠭᠤᠷ ᠬᠡᠢ ᠴᠢᠯᠦᠭᠡᠲᠡᠢ ᠤᠷᠤᠰᠬᠤ ᠪᠣᠯᠤᠨ᠎ᠠ᠃ ᠵᠠᠷᠢᠮ ᠰᠢᠪᠠᠵᠢ ᠨᠤᠭᠤᠳ ᠤᠨ (ᠴᠠᠷᠴᠠᠭ᠎ᠠ᠂ᠢᠯᠠᠭ᠎ᠠ)ᠲᠷᠠᠾᠧᠢ ᠶᠢᠨ ᠵᠠᠷᠢᠮ ᠬᠡᠰᠡᠭ ᠲᠦ ᠠᠮᠢᠰᠬᠤᠯ ᠤᠨ ᠤᠭᠤᠲᠠ ᠡᠭᠦᠰᠬᠦ ᠪᠥᠭᠡᠳ ᠲᠡᠷᠡ ᠨᠢ ᠽᠠᠫᠠᠰ ᠬᠡᠢ ᠶᠢ ᠬᠠᠳᠠᠭᠠᠯᠠᠬᠤ ᠳᠤ ᠵᠣᠬᠢᠯᠳᠤᠭᠰᠠᠨ ᠪᠠᠶᠢᠬᠤ ᠶᠢᠨ ᠵᠡᠷᠭᠡᠴᠡᠭᠡ ᠨᠢᠰᠦᠯᠲᠡ ᠶᠢᠨ ᠦᠶ᠎ᠡ ᠳᠦ ᠪᠡᠶ᠎ᠡ ᠶᠢᠨ ᠬᠤᠪᠢ ᠤᠨ ᠵᠢᠩ ᠢ ᠪᠠᠭᠠᠰᠭᠠᠬᠤ ᠡᠭᠦᠷᠭᠡ ᠭᠦᠢᠴᠡᠳᠭᠡᠨ᠎ᠡ᠃ ᠬᠡᠪᠡᠯᠢ ᠶᠢᠨ ᠪᠤᠯᠴᠢᠩᠭ᠎ᠠ ᠨᠤᠭᠤᠳ ᠤᠨ ᠠᠭᠰᠢᠯᠲᠠ ᠪᠠᠷ ᠪᠡᠶ᠎ᠡ ᠶᠢᠨ ᠪᠠᠭᠲᠠᠭᠠᠮᠵᠢ ᠪᠠᠭᠠᠰᠴᠤ ᠠᠮᠢᠰᠬᠤᠯ ᠭᠠᠳᠠᠭᠰᠢᠯᠠᠬᠤ ᠪᠠ ᠪᠤᠯᠴᠢᠩ ᠤᠨ ᠰᠤᠯᠠᠷᠠᠯᠲᠠ ᠪᠠᠷ ᠪᠡᠶ᠎ᠡ ᠶᠢᠨ ᠪᠠᠭᠲᠠᠭᠠᠮᠵᠢ ᠶᠡᠬᠡᠰᠴᠦ ᠠᠮᠢᠰᠬᠤᠯ ᠠᠪᠤᠨ᠎ᠠ᠃

ᠬᠦᠴᠢᠯᠲᠥᠷᠦᠭᠴᠢ ᠬᠡᠢ ᠲᠷᠠᠾᠧᠢ ᠶᠢᠨ ᠰᠢᠰᠲ᠋ᠧᠮ ᠥᠭᠡᠳᠡ ᠤᠷᠤᠬᠤ ᠪᠠ ᠨᠡᠭᠦᠷᠡᠰᠦᠭᠦᠴᠢᠯ ᠦᠨ ᠬᠡᠢ ᠢᠯᠭᠠᠷᠠᠨ ᠭᠠᠷᠬᠤ ᠶᠠᠪᠤᠴᠠ ᠠᠮᠢᠰᠬᠤᠯ ᠤᠨ ᠰᠦᠪᠡ ᠨᠦᠭᠦᠳ ᠢᠶᠡᠷ ᠳ᠋ᠢᠹᠹᠦᠽᠢ ᠶᠢᠨ ᠵᠠᠮ ᠢᠶᠠᠷ ᠶᠠᠪᠤᠭᠳᠠᠨ᠎ᠠ᠃ ᠠᠮᠢᠰᠬᠤᠯ ᠤᠨ ᠬᠥᠳᠡᠯᠭᠡᠭᠡᠨ ᠦ ᠲᠣᠭ᠎ᠠ ᠮᠢᠨᠦ᠋ᠲᠤᠨ ᠳᠤ 4-200 ᠬᠦᠷᠲᠡᠯ᠎ᠡ ᠭᠦᠢᠴᠡᠳᠬᠡᠭᠳᠡᠬᠦ ᠪᠣᠯᠪᠠᠴᠤ ᠰᠢᠪᠠᠵᠢ ᠶᠢᠨ ᠬᠥᠳᠡᠯᠭᠡᠭᠡᠨ ᠦ ᠦᠶ᠎ᠡ ᠳᠦ ᠶᠡᠬᠡᠰᠦᠨ᠎ᠡ᠃

ᠰᠢᠪᠠᠵᠢ ᠪᠣᠳᠠᠰ ᠤᠨ ᠰᠣᠯᠢᠯᠴᠠᠭᠠᠨ ᠤ ᠶᠠᠪᠤᠴᠠ ᠤᠨ ᠦᠷ᠎ᠡ ᠳ᠋ᠦᠩ ᠳᠦ ᠪᠠᠷᠤᠭ ᠪᠡᠶ᠎ᠡ ᠶᠢᠨ ᠵᠢᠩ ᠦᠨ ᠬᠦᠨᠡᠶᠢᠬᠢ ᠲᠡᠢ ᠠᠳᠠᠯᠢ ᠬᠡᠮᠵᠢᠶᠡᠨ ᠦ ᠳᠤᠯᠠᠭᠠᠨ ᠢ ᠢᠯᠭᠠᠷᠠᠭᠤᠯᠪᠠᠴᠤ ᠰᠢᠪᠠᠵᠢ ᠶᠢᠨ ᠪᠡᠶ᠎ᠡ ᠶᠢᠨ ᠬᠡᠮᠵᠢᠶ᠎ᠡ ᠪᠠᠭ᠎ᠠ᠂ ᠺᠦ᠋ᠲ᠋ᠢᠺᠦᠶᠢᠯ ᠤᠨ ᠪᠦᠷᠬᠦᠭᠦᠯ ᠢᠶᠡᠷ ᠳᠤᠯᠠᠭᠠᠨ ᠨᠡᠪᠲᠡᠷᠡᠴᠢ ᠭᠡᠷᠡᠯ ᠢ ᠰᠠᠴᠤᠷᠠᠭᠤᠯᠬᠤ ᠲᠠᠯᠠᠪᠠᠢ ᠬᠠᠷᠢᠴᠠᠩᠭᠤᠢ ᠶᠡᠬᠡ ᠲᠤᠯᠠ ᠳᠤᠯᠠᠭᠠᠨ ᠢ ᠲᠦᠷᠭᠡᠨ ᠠᠯᠠᠳᠠᠳᠠᠭ᠃ ᠡᠨᠡ ᠤᠴᠢᠷ ᠠᠴᠠ ᠰᠢᠪᠠᠵᠢ ᠶᠢᠨ ᠪᠡᠶ᠎ᠡ ᠶᠢᠨ ᠳᠤᠯᠠᠭᠠᠨ ᠬᠦᠢᠲᠡᠨ ᠨᠢ ᠭᠠᠳᠠᠭᠠᠳᠤ ᠣᠷᠴᠢᠨ ᠤ ᠳᠤᠯᠠᠭᠠᠨ ᠬᠦᠢᠲᠡᠨᠲᠡᠢ ᠰᠢᠭᠤᠳ ᠫᠣᠷᠫᠤᠷᠼᠢᠨᠠᠯ ᠪᠠᠶᠢᠨ᠎ᠠ᠃ ᠬᠠᠷᠢᠨ ᠨᠠᠷᠠᠨ ᠤ ᠢᠯᠴᠢ ᠪᠤᠶᠤ ᠡᠰᠡᠪᠡᠯ ᠬᠥᠳᠡᠯᠭᠡᠭᠡᠨ ᠦ ᠦᠶ᠎ᠡ ᠳᠦ ᠪᠤᠯᠴᠢᠩ ᠤᠨ ᠦᠢᠯᠡ ᠠᠵᠢᠯᠯᠠᠭ᠎ᠠ ᠶᠡᠬᠡᠰ ᠢᠶᠡᠭᠰᠡᠨ ᠡᠴᠡ ᠪᠣᠯᠵᠤ ᠪᠡᠶ᠎ᠡ ᠶᠢᠨ ᠲᠣᠯᠠᠭᠠᠨ ᠤ ᠬᠡᠮᠵᠢᠶ᠎ᠡ 10 ᠍ ᠪᠠᠷ ᠨᠡᠮᠡᠭᠳᠡᠨ᠎ᠡ᠃ ᠤᠰᠤᠨ ᠤ ᠰᠢᠪᠠᠵᠢ ᠨᠤᠭᠤᠳ ᠤᠨ ᠠᠪᠠᠭᠠᠯᠳᠠᠢ ᠲᠷᠠᠾᠧᠢ ᠶᠢᠨ ᠰᠢᠰᠲ᠋ᠧᠮ ᠪᠢᠲᠡᠭᠦᠦ᠂ ᠥᠭᠡᠷ᠎ᠡ ᠪᠡᠷ ᠬᠡᠯᠡᠪᠡᠯ ᠠᠮᠢᠰᠬᠤᠯ ᠤᠨ ᠰᠦᠪᠡ (ᠰᠲ᠋ᠢᠭᠮᠠ) ᠪᠠᠶᠢᠬᠤ ᠦᠭᠡᠢ᠃ ᠡᠶᠢᠮᠦ ᠲᠣᠬᠢᠶᠠᠯᠳᠤᠯ ᠳᠤ ᠲᠡᠳᠡᠭᠡᠷ ᠦᠨ ᠬᠡᠢ ᠶᠢᠨ ᠰᠣᠯᠢᠯᠴᠠᠭ᠎ᠠ ᠲᠷᠠᠬᠠᠧᠯᠢᠭ ᠵᠠᠯᠮᠠᠭᠠᠢ ᠠᠴᠢ ᠪᠠᠷ ᠶᠠᠪᠤᠭᠳᠠᠨ᠎ᠠ᠃ ᠲᠡᠳᠡᠭᠡᠷ ᠦᠨ ᠪᠡᠶ᠎ᠡ ᠶᠢᠨ ᠬᠣᠶᠠᠷ ᠬᠠᠵᠠᠭᠤ ᠪᠤᠶᠤ ᠲᠡᠭᠦᠰᠬᠡᠯ ᠳᠦ ᠮᠠᠰᠢ ᠨᠢᠮᠭᠡᠨ ᠬᠠᠨ᠎ᠠ ᠲᠠᠢ ᠢᠯᠡᠳᠲᠡᠰ ᠮᠠᠶ᠋ᠢᠭ ᠤᠨ ᠲᠷᠠᠬᠬᠢᠯᠢᠭ ᠵᠠᠯᠮᠠᠭᠠᠢ ᠣᠷᠣᠰᠢᠨ᠎ᠠ᠃ ᠲᠷᠠᠾᠧᠢᠯᠢᠭ ᠵᠠᠯᠮᠠᠭᠠᠢ ᠮᠠᠰᠢ ᠨᠠᠷᠢᠨ ᠲᠷᠠᠬᠧᠣᠯ ᠤᠳ ᠢᠶᠠᠷ ᠪᠠᠶᠠᠯᠢᠭ ᠪᠠᠶᠢᠨ᠎ᠠ᠃ ᠲᠡᠭᠦᠪᠡᠷ ᠬᠡᠢ ᠶᠢᠨ ᠰᠣᠯᠢᠯᠴᠠᠭ᠎ᠠ ᠨᠥᠬᠦᠴᠡᠯᠳᠦᠨ᠎ᠡ᠃

ᠴᠢᠰᠤᠨ ᠤ ᠡᠷᠭᠢᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠴᠢᠰᠤᠨ ᠤ ᠰᠢᠰᠲ᠋ᠧᠮ᠂ ᠠᠮᠢᠰᠬᠤᠯ ᠤᠨ ᠰᠢᠰᠲ᠋ᠧᠮ ᠢ ᠪᠣᠳᠣᠪᠠᠯ ᠮᠠᠭᠤ ᠬᠥᠭᠵᠢᠭᠰᠡᠨ᠃ ᠴᠢᠰᠤᠨ ᠤ ᠡᠷᠭᠢᠯᠲᠡ ᠶᠢᠨ ᠭᠣᠣᠯ ᠡᠷᠬᠡᠲᠡᠨ ᠨᠢ ᠨᠢᠷᠤᠭᠤ ᠶᠢ ᠳᠠᠭᠠᠭᠰᠠᠨ ᠰᠢᠪᠲᠤᠷᠭ᠎ᠠ ᠦᠵᠦᠭᠦᠷ ᠨᠢ ᠪᠢᠲᠡᠭᠦᠦ᠂ ᠪᠦᠳᠦᠭᠦᠨ ᠰᠤᠳᠠᠰᠤ ᠶᠤᠮ᠃ ᠡᠨᠡᠬᠦ ᠰᠤᠳᠠᠰᠤᠨ ᠤ ᠬᠣᠶᠢᠲᠤ ᠬᠡᠰᠡᠭ ᠢ ᠵᠢᠷᠦᠬᠡ ᠭᠡᠵᠦ ᠨᠡᠷᠡᠯᠡᠬᠦ ᠪᠠ ᠡᠮᠦᠨ᠎ᠡ ᠳᠦ ᠬᠡᠰᠡᠭ ᠢ ᠠᠣᠷᠲ ᠭᠡᠨ᠎ᠡ᠃ ᠵᠢᠷᠦᠬᠡ ᠴᠤᠪᠤᠷᠠᠨ ᠲᠣᠭᠲᠠᠭᠰᠠᠨ ᠣᠯᠠᠨ ᠲᠠᠰᠤᠯᠭ᠎ᠠ ᠲᠠᠢ᠃ ᠵᠢᠷᠦᠬᠡᠨ ᠦ ᠲᠠᠰᠤᠯᠭ᠎ᠠ ᠲᠤᠰ ᠪᠦᠷᠢ ᠬᠣᠶᠠᠷ ᠬᠠᠵᠠᠭᠤ ᠬᠠᠨᠠᠨ ᠳᠤ ᠪᠠᠨ ᠨᠦᠬᠡ ᠲᠡᠢ ᠪᠠᠶᠢᠨ᠎ᠠ᠃ ᠲᠡᠷᠬᠡᠦ ᠬᠣᠣᠰ ᠨᠦᠬᠡ ᠶᠢ ᠣᠰᠲ᠋ᠢᠢ ᠭᠡᠵᠦ ᠨᠡᠷᠡᠯᠡᠨ᠎ᠡ᠃ ᠣᠰᠲ᠋ᠢᠢ᠂ ᠵᠢᠷᠦᠬᠡᠨ ᠦ ᠲᠠᠰᠤᠯᠭᠠᠨ ᠤ ᠠᠭᠰᠢᠬᠤ ᠦᠶ᠎ᠡ ᠳᠦ /ᠰᠢᠰᠲᠠᠯ᠎ᠠ/ ᠬᠠᠭᠠᠭᠳᠠᠵᠤ᠂ ᠰᠤᠯᠠᠷᠠᠬᠤ ᠦᠶ᠎ᠡ ᠳᠦ /ᠳ᠋ᠢᠰᠲᠠᠯ᠎ᠠ/ ᠨᠡᠭᠡᠭᠡᠭᠳᠡᠳᠡᠭ ᠲᠤᠯᠠ ᠪᠡᠶ᠎ᠡ ᠶᠢᠨ ᠬᠥᠨᠳᠡᠢ ᠳᠠᠬᠢ ᠴᠢᠰᠤ ᠵᠢᠷᠦᠬᠡᠨ ᠳᠤ ᠣᠰᠲ᠋ᠢᠢ ᠰᠦᠪᠡ ᠪᠡᠷ ᠣᠷᠣᠵᠤ ᠢᠷᠡᠨ᠎ᠡ᠃ ᠮᠥᠨ ᠵᠢᠷᠦᠬᠡᠨ ᠦ ᠲᠠᠰᠤᠯᠭ᠎ᠠ ᠪᠦᠷᠢ ᠶᠢᠨ ᠬᠣᠭᠣᠷᠣᠨᠳᠣᠬᠢ ᠨᠦᠬᠡ ᠬᠣᠶᠢᠨ᠎ᠠ ᠠᠴᠠ ᠪᠠᠨ ᠤᠷᠤᠭᠰᠢ ᠳᠡᠰ ᠳᠠᠷᠠᠭᠠᠯᠠᠨ ᠨᠡᠭᠡᠭᠡᠭᠳᠡᠬᠦ ᠦᠶ᠎ᠡ ᠪᠡᠷ ᠵᠢᠷᠦᠬᠡᠨ ᠳ᠋ᠡᠬᠢ ᠴᠢᠰᠤ ᠨᠢᠭᠡ ᠲᠠᠰᠤᠯᠭᠠᠨ ᠠᠴᠠ᠂ ᠨᠥᠭᠥᠭᠡ ᠲᠠᠰᠤᠯᠭ᠎ᠠ ᠷᠤ ᠥᠭᠡᠳᠡ᠂ ᠤᠷᠤᠭᠰᠢ ᠰᠢᠬᠠᠭᠳᠠᠨ ᠣᠷᠣᠨ᠎ᠠ᠃ ᠴᠢᠰᠤ ᠵᠢᠷᠦᠬᠡᠨ ᠦ ᠲᠠᠰᠤᠯᠭᠠᠨ ᠨᠤᠭᠤᠳ ᠤᠨ ᠠᠭᠰᠢᠯᠲᠠ ᠪᠠᠷ ᠠᠣᠲᠣᠳ ᠲᠦᠯᠬᠢᠭᠳᠡᠨ ᠣᠷᠣᠵᠤ᠂ ᠠᠣᠷᠲ ᠰᠤᠳᠠᠰᠤ ᠪᠠᠷ ᠤᠷᠤᠭᠰᠢ ᠤᠷᠤᠰᠴᠤ᠂ ᠲᠣᠯᠣᠭᠠᠢ ᠶᠢᠨ ᠬᠡᠰᠡᠭ ᠲᠦ ᠪᠡᠶ᠎ᠡ ᠶᠢᠨ ᠬᠥᠨᠳᠡᠶᠢᠳᠡ ᠰᠤᠯᠠ ᠴᠢᠳᠬᠤᠵᠤ᠂ ᠳᠣᠲᠣᠭᠠᠳᠤ ᠡᠷᠬᠡᠲᠡᠨ ᠪᠠ ᠮᠥᠴᠢᠳ ᠢ ᠳᠠᠮᠵᠢᠨ ᠤᠭᠢᠶᠠᠵᠤ ᠵᠢᠷᠦᠬᠡᠨ ᠳᠤ ᠢᠷᠡᠵᠦ ᠣᠰᠲ᠋ᠢ ᠪᠠᠷ ᠡᠷᠭᠢᠵᠦ ᠣᠷᠣᠨ᠎ᠠ᠃ ᠡᠶᠢᠮᠦ ᠵᠠᠮ ᠢᠶᠠᠷ ᠴᠢᠰᠤᠨ ᠤ ᠡᠷᠭᠢᠯᠲᠡ ᠶᠠᠪᠤᠭᠳᠠᠬᠤ ᠲᠤᠯᠠ ᠰᠢᠪᠠᠵᠢ ᠶᠢᠨ ᠴᠢᠰᠤᠨ ᠤ ᠡᠷᠭᠢᠯᠲᠡ ᠵᠠᠳᠠᠭᠠᠢ᠃ ᠰᠢᠪᠠᠵᠢ ᠶᠢᠨ ᠵᠢᠷᠦᠬᠡᠨ ᠦ ᠲᠠᠰᠤᠯᠭ᠎ᠠ ᠪᠦᠷᠢ ᠶᠢᠨ ᠭᠠᠳᠠᠨ᠎ᠠ ᠬᠠᠨ᠎ᠠ ᠶᠢᠨ ᠳ᠋ᠣᠣ ᠳᠤ ᠲᠠᠯ᠎ᠠ ᠠᠴᠠ ᠥᠷᠦᠴᠡᠨ ᠳᠦ ᠲᠠᠲᠠᠭᠳᠠᠭᠰᠠᠨ ᠳᠠᠯᠠᠪᠴᠢ ᠮᠠᠶ᠋ᠢᠭ ᠤᠨ ᠪᠤᠯᠴᠢᠩ ᠤᠳ ᠪᠠᠶᠢᠨ᠎ᠠ᠃ ᠡᠶᠢᠮᠦ ᠳᠦ ᠵᠢᠷᠦᠬᠡᠨ ᠦ ᠲᠠᠰᠤᠯᠭᠠᠨ ᠨᠤᠭᠤᠳ ᠳᠠᠯᠠᠪᠴᠢ ᠮᠠᠶ᠋ᠢᠭ ᠤᠨ ᠪᠤᠯᠴᠢᠩ ᠤᠳ ᠪᠠ ᠥᠷᠥᠴᠡ ᠶᠢᠨ ᠠᠭᠰᠢᠯᠲᠠ᠂ ᠰᠤᠨᠠᠯᠲᠠ ᠶᠢᠨ ᠲᠤᠰᠠᠯᠠᠮᠵᠢ ᠪᠠᠷ ᠠᠵᠢᠯᠯᠠᠨ᠎ᠠ᠃ ᠵᠢᠷᠦᠬᠡᠨ ᠦ ᠯᠤᠭᠰᠢᠯᠲᠠ ᠶᠢᠨ ᠲᠣᠭ᠎ᠠ ᠬᠠᠷᠢᠯᠴᠠᠨ ᠠᠳᠠᠯᠢ ᠦᠭᠡᠢ᠃

ᠰᠢᠪᠠᠵᠢ ᠶᠢᠨ ᠴᠢᠰᠤ ᠥᠩᠭᠡ ᠦᠭᠡᠢ᠂ ᠰᠢᠷᠠᠪᠲᠤᠷ᠂ ᠪᠤᠶᠤ ᠨᠣᠭᠣᠪᠲᠤᠷ᠂ ᠵᠠᠷᠢᠮ ᠳᠤ ᠪᠠᠨ ᠤᠯᠠᠭᠠᠨ ᠥᠩᠭᠡ ᠶᠢᠨ ᠭᠧᠮᠣᠯᠢᠮᠹ ᠦᠨ ᠰᠢᠩᠭᠡᠨ ᠪᠠ ᠴᠢᠰᠤᠨ ᠤ ᠥᠩᠭᠡ ᠦᠭᠡᠢ ᠡᠰ ᠦᠳ ᠭᠧᠮᠣᠼᠲᠤ ᠨᠤᠭᠤᠳ ᠠᠴᠠ ᠪᠥᠷᠢᠯᠳᠦᠨ ᠲᠣᠭᠲᠠᠨ᠎ᠠ᠃ ᠲᠡᠵᠢᠭᠡᠯ ᠦᠨ ᠪᠣᠳᠠᠰ ᠭᠧᠮᠣᠯᠢᠮᠹ ᠲᠤ ᠣᠷᠣᠵᠤ ᠪᠦᠬᠦ ᠪᠡᠶ᠎ᠡ ᠮᠠᠬᠠᠪᠣᠳ ᠤᠨ ᠡᠰ᠂ ᠡᠳ᠋ ᠍ ᠦᠳ ᠲᠦ ᠲᠠᠷᠠᠨ᠎ᠠ᠃ ᠴᠢᠰᠤᠨ ᠤ ᠡᠰ ᠦᠳ ᠭᠧᠮᠣᠼᠢᠲ ᠤᠳ ᠪᠠ ᠹᠠᠭᠣᠴᠢᠲ ᠤᠳ ᠴᠢᠰᠤᠨ ᠳᠤ ᠨᠡᠪᠲᠡᠷᠡᠨ ᠣᠷᠣᠭᠰᠠᠨ ᠬᠣᠣᠷᠲᠤ ᠪᠣᠳᠠᠰ ᠤᠳ ᠪᠣᠯᠤᠨ ᠨᠢᠩᠭ᠎ᠠ ᠨᠤᠭᠤᠳ ᠠᠴᠠ ᠬᠠᠮᠠᠭᠠᠯᠠᠬᠤ ᠡᠭᠦᠷᠭᠡ ᠭᠦᠢᠴᠡᠳᠭᠡᠨ᠎ᠡ᠃

ᠪᠡᠯᠭᠡ ᠶᠢᠨ ᠰᠢᠰᠲ᠋ᠧᠮ ᠪᠠ ᠦᠷᠡᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠰᠠᠯᠤᠩᠭᠢ ᠪᠡᠯᠭᠡ ᠲᠡᠢ ᠪᠡᠯᠭᠡ ᠶᠢᠨ ᠦᠷᠡᠵᠢᠯ ᠢᠶᠡᠷ ᠦᠷᠡᠵᠢᠳᠡᠭ᠃

ᠡᠮᠡᠭᠴᠢᠨ ᠦ ᠪᠡᠯᠭᠡ ᠶᠢᠨ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠡᠭᠡᠨ ᠦ ᠬᠣᠣᠰ ᠪᠤᠯᠴᠢᠷᠬᠠᠢ᠂ ᠥᠨᠳᠡᠭᠡ ᠳᠠᠮᠵᠢᠭᠤᠯᠤᠭᠴᠢ᠂ ᠬᠣᠣᠰ ᠬᠣᠭᠣᠯᠠᠢ᠂ ᠥᠨᠳᠡᠭᠡ ᠭᠠᠷᠭᠠᠬᠤ ᠬᠣᠣᠰ ᠪᠢᠰᠢ ᠶᠡᠷᠦᠩᠬᠡᠢ ᠬᠣᠭᠣᠯᠠᠢ᠂ ᠲᠡᠭᠦᠨ ᠳᠦ ᠨᠡᠭᠡᠭᠡᠭᠳᠡᠭᠰᠡᠨ ᠦᠷ᠎ᠡ ᠬᠦᠯᠢᠶᠡᠨ ᠠᠪᠤᠭᠴᠢ᠂ ᠳᠠᠭᠤᠷ ᠪᠤᠯᠴᠢᠷᠬᠠᠢ ᠵᠡᠷᠭᠡ ᠡᠴᠡ ᠪᠦᠲᠦᠨ᠎ᠡ᠃ ᠵᠠᠷᠢᠮ ᠰᠢᠪᠠᠵᠢ ᠶᠢᠨ ᠡᠮᠡᠭᠴᠢᠨ ᠦ ᠪᠡᠯᠭᠡ ᠶᠢᠨ ᠭᠠᠳᠠᠭᠠᠳᠤ ᠰᠦᠪᠡ ᠶᠢᠨ ᠠᠮᠠᠰᠠᠷ ᠲᠤ ᠥᠨᠳᠡᠭᠡ ᠪᠤᠯᠠᠭᠴᠢ ᠪᠠᠶᠢᠳᠠᠭ᠃

ᠥᠨᠳᠡᠭᠡᠨ ᠦ ᠪᠤᠯᠴᠢᠷᠬᠠᠢ ᠥᠨᠳᠡᠭᠡᠨ ᠦ ᠬᠣᠭᠣᠯᠠᠢ ᠨᠤᠭᠤᠳ ᠠᠴᠠ ᠲᠣᠭᠲᠠᠬᠤ ᠪᠥᠭᠡᠳ ᠲᠡᠳᠡᠭᠡᠷ ᠦᠨ ᠲᠣᠭ᠎ᠠ ᠬᠡᠳᠦ ᠠᠷᠪᠠ ᠳᠤ ᠬᠦᠷᠡᠨ᠎ᠡ᠃ ᠬᠣᠭᠣᠯᠠᠢ ᠶᠢᠨ ᠳᠡᠭᠡᠳᠦ ᠨᠠᠷᠢᠰᠤᠭᠰᠠᠨ ᠬᠡᠰᠡᠭ ᠪᠡᠯᠭᠡ ᠶᠢᠨ ᠣᠯᠠᠨ ᠲᠣᠭᠠᠨ ᠤ ᠥᠨᠳᠡᠭᠡᠨ ᠡᠰᠡ ᠨᠦᠭᠦᠳ ᠢ ᠠᠭᠤᠯᠠᠭᠰᠠᠨ ᠪᠠᠶᠢᠬᠤ ᠪᠠ ᠲᠡᠭᠦᠨ ᠡᠴᠡ ᠠᠭᠠᠵᠢᠮ ᠳᠤ ᠪᠠᠨ ᠥᠨᠳᠡᠭᠡ ᠪᠣᠯᠪᠠᠰᠤᠷᠠᠵᠤ ᠬᠥᠭᠵᠢᠨ᠎ᠡ᠃ ᠦᠷ᠎ᠡ ᠬᠦᠯᠢᠶᠡᠨ ᠠᠪᠤᠭᠴᠢ ᠲᠤᠰᠬᠠᠢ ᠪᠤᠯᠴᠢᠷᠬᠠᠢ ᠲᠠᠢ ᠪᠠᠶᠢᠬᠤ ᠪᠥᠭᠡᠳ ᠲᠡᠭᠦᠨ ᠦ ᠢᠯᠭᠠᠷᠠᠯᠲᠠ ᠦᠷ᠎ᠡ ᠬᠦᠯᠢᠶᠡᠨ ᠠᠪᠤᠭᠴᠢᠳ ᠣᠷᠣᠵᠤ᠂ ᠡᠪᠴᠡᠯᠳᠦᠭᠰᠡᠨ ᠦ ᠳᠠᠷᠠᠭᠠᠬᠢ ᠡᠷ᠎ᠡ ᠦᠷ᠎ᠡ ᠶᠢᠨ ᠡᠰᠡ ᠨᠦᠭᠦᠳ ᠦᠨ ᠬᠠᠳᠠᠭᠠᠯᠠᠬᠤᠴᠢᠳᠠᠪᠤᠷᠢ ᠶᠢ ᠨᠡᠮᠡᠭᠳᠡᠭᠦᠯᠦᠨ᠎ᠡ᠃

ᠡᠮᠡᠭᠴᠢᠨ ᠦ ᠪᠡᠯᠭᠡ ᠶᠢᠨ ᠳᠠᠭᠤᠷ ᠪᠤᠯᠴᠢᠷᠬᠠᠢ ᠥᠨᠳᠡᠭᠡ ᠨᠦᠭᠦᠳ ᠢ ᠬᠣᠭᠣᠷᠣᠨᠳᠣ ᠨᠢ ᠨᠠᠭᠠᠯᠳᠤᠭᠤᠯᠬᠤ᠂ ᠡᠰᠡᠪᠡᠯ ᠶᠠᠭᠤᠮᠠᠨ ᠳᠤ ᠨᠠᠭᠠᠯᠳᠤᠵᠤ ᠪᠡᠬᠢᠯᠡᠭᠳᠡᠬᠦ ᠳᠦ ᠵᠣᠷᠢᠭᠤᠯᠤᠭᠳᠠᠭᠰᠠᠨ ᠨᠠᠭᠠᠯᠳᠤᠮᠠᠬᠠᠢ ᠪᠣᠳᠠᠰ ᠢ ᠢᠯᠭᠠᠷᠠᠭᠤᠯᠬᠤ ᠡᠭᠦᠷᠭᠡ ᠲᠡᠢ᠃

ᠡᠷᠡᠭᠴᠢᠨ ᠦ ᠪᠡᠯᠭᠡ ᠶᠢᠨ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠷ᠎ᠡ ᠶᠢᠨ ᠬᠣᠣᠰ ᠪᠤᠯᠴᠢᠷᠬᠠᠢ/ᠲᠥᠮᠥᠰᠥ/, ᠦᠷ᠎ᠡ ᠳᠠᠮᠵᠢᠭᠤᠯᠤᠭᠴᠢ ᠬᠣᠣᠰ ᠬᠣᠭᠣᠯᠠᠢ᠂ ᠦᠷ᠎ᠡ ᠰᠢᠬᠠᠬᠤ ᠬᠣᠣᠰ ᠪᠢᠰᠢ ᠰᠤᠪᠠᠭ᠂ ᠳᠠᠭᠤᠷ ᠪᠤᠯᠴᠢᠷᠬᠠᠢ ᠨᠤᠭᠤᠳ ᠪᠠ ᠭᠠᠳᠠᠭᠠᠳᠤ ᠪᠡᠯᠭᠡ ᠡᠷᠬᠡᠲᠡᠨ ᠡᠴᠡ ᠪᠦᠲᠦᠨ᠎ᠡ᠃ ᠦᠷ᠎ᠡ ᠶᠢᠨ ᠪᠤᠯᠴᠢᠷᠬᠠᠢ ᠬᠣᠭᠣᠯᠠᠢ ᠨᠤᠭᠤᠳ ᠠᠴᠠ ᠲᠣᠭᠲᠠᠬᠤ ᠪᠥᠭᠡᠳ ᠪᠥᠭᠡᠷᠡᠩᠬᠡᠢ ᠪᠤᠶᠤ ᠭᠣᠨᠵᠣᠭᠣᠢ ᠬᠡᠯᠪᠡᠷᠢ ᠲᠡᠢ ᠪᠠᠶᠢᠨ᠎ᠠ᠃ ᠲᠡᠷᠬᠡᠦ ᠬᠣᠭᠣᠯᠠᠢ ᠶᠢᠨ ᠳᠣᠲᠣᠷ᠎ᠠ ᠡᠷ᠎ᠡ ᠪᠡᠯᠭᠡ ᠶᠢᠨ ᠡᠰ ᠦᠳ ᠬᠥᠭᠵᠢᠯ ᠢᠶᠡᠨ ᠣᠯᠤᠨ᠎ᠠ᠃ ᠡᠷ᠎ᠡ ᠪᠡᠯᠭᠡ ᠶᠢᠨ ᠡᠰ ᠦᠳ ᠮᠠᠰᠢ ᠵᠢᠵᠢᠭ ᠬᠡᠮᠵᠢᠶ᠎ᠡ ᠲᠡᠢ᠂ ᠬᠥᠳᠡᠯᠭᠡᠭᠡᠨᠲᠡᠢ ᠡᠰ ᠦᠳ ᠪᠠᠶᠢᠳᠠᠭ᠃ ᠡᠷᠡᠭᠴᠢᠨ ᠦ ᠪᠡᠯᠭᠡ ᠶᠢᠨ ᠳᠠᠭᠤᠷ ᠪᠤᠯᠴᠢᠷᠬᠠᠢ ᠶᠢᠨ ᠰᠤᠪᠠᠭ ᠦᠷ᠎ᠡ ᠳᠠᠮᠵᠢᠭᠤᠯᠤᠭᠴᠢ ᠬᠣᠭᠣᠯᠠᠢ ᠳᠤ ᠨᠡᠭᠡᠭᠡᠭᠳᠡᠨ᠎ᠡ᠃ ᠲᠡᠷᠬᠡᠦ ᠳᠠᠭᠤᠷ ᠪᠤᠯᠴᠢᠷᠬᠠᠢ ᠠᠴᠠ ᠢᠯᠭᠠᠷᠠᠬᠤ ᠰᠢᠩᠭᠡᠨ᠂ ᠪᠡᠯᠭᠡ ᠶᠢᠨ ᠡᠷ᠎ᠡ ᠡᠰ ᠢ ᠬᠠᠮᠠᠭᠠᠯᠠᠬᠤ ᠪᠦᠷᠬᠦᠭᠦᠯ ᠰᠫᠧᠷᠮᠠᠲ᠋ᠣᠹᠣᠷ ᠢ ᠡᠭᠦᠰᠬᠡᠨ᠎ᠡ᠃ ᠰᠫᠧᠷᠮᠠᠲ᠋ᠣᠹᠣᠷ᠂ ᠦᠷ᠎ᠡ ᠳᠠᠮᠵᠢᠭᠤᠯᠤᠭᠴᠢ ᠬᠣᠭᠣᠯᠠᠢ ᠪᠠᠷ ᠭᠠᠳᠠᠭᠰᠢ ᠭᠠᠷᠤᠨ᠎ᠠ᠃

ᠦᠷᠡᠵᠢᠯ ᠦᠨ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠡᠭᠴᠢᠨ᠂ ᠡᠮᠡᠭᠴᠢᠨ ᠰᠢᠪᠠᠵᠢ ᠶᠢᠨ ᠡᠪᠴᠡᠯᠳᠦᠬᠦ ᠦᠶ᠎ᠡ ᠳᠦ ᠰᠫᠧᠷᠮᠠᠲ᠋ᠣᠹᠣᠷ᠂ ᠡᠮᠡᠭᠴᠢᠨ ᠦ ᠥᠨᠳᠡᠭᠡ ᠳᠠᠮᠵᠢᠭᠤᠯᠬᠤ ᠬᠣᠣᠰ ᠪᠢᠰᠢ ᠶᠡᠷᠦᠩᠬᠡᠢ ᠬᠣᠭᠣᠯᠠᠢ ᠪᠤᠶᠤ ᠡᠰᠡᠪᠡᠯ ᠡᠪᠴᠡᠯᠳᠦᠬᠦ ᠤᠭᠤᠲᠠᠨ ᠳᠤ ᠣᠷᠣᠨ᠎ᠠ᠃ ᠡᠨᠳᠡ ᠰᠫᠧᠷᠮᠠᠲ᠋ᠣᠹᠣᠷ ᠤᠨ ᠬᠠᠨ ᠤᠤᠭᠤᠭᠰᠠᠨ ᠡᠷ᠎ᠡ ᠪᠡᠯᠭᠡ ᠶᠢᠨ ᠡᠰ ᠦᠳ ᠰᠫᠧᠷᠮᠢ ᠦᠷ᠎ᠡ ᠬᠦᠯᠢᠶᠡᠨ ᠠᠪᠤᠭᠴᠢᠳ ᠤᠷᠤᠬᠤ ᠪᠣᠯᠤᠨ᠎ᠠ᠃ ᠡᠨᠡ ᠦᠶ᠎ᠡ ᠳᠦ ᠥᠨᠳᠡᠭᠡ ᠳᠠᠮᠵᠢᠭᠤᠯᠤᠭᠴᠢ ᠬᠣᠣᠰ ᠪᠠ ᠬᠣᠣᠰ ᠪᠢᠰᠢ ᠰᠤᠪᠠᠭ ᠢᠶᠠᠷ ᠥᠨᠳᠡᠭᠡ ᠥᠩᠬᠥᠷᠢᠨ ᠢᠷᠡᠬᠦ ᠵᠠᠭᠤᠷ᠎ᠠ᠂ ᠡᠷ᠎ᠡ ᠪᠡᠯᠭᠡ ᠶᠢᠨ ᠡᠰ ᠦᠷ᠎ᠡ ᠬᠦᠯᠢᠶᠡᠨ ᠠᠪᠤᠭᠴᠢ ᠠᠴᠠ ᠭᠠᠷᠴᠤ ᠥᠨᠳᠡᠭᠡᠨ ᠳᠦ ᠨᠡᠪᠲᠡᠷᠡᠨ ᠣᠷᠣᠵᠤ ᠦᠷ᠎ᠡ ᠲᠣᠭᠲᠠᠨ᠎ᠠ᠃ ᠦᠷ᠎ᠡ ᠲᠣᠭᠲᠠᠭᠰᠠᠨ ᠥᠨᠳᠡᠭᠡᠨ ᠡᠰ ᠲᠡᠵᠢᠭᠡᠯ ᠦᠨ ᠪᠣᠳᠠᠰ ᠪᠠᠶᠠᠯᠢᠭ ᠲᠠᠢ ᠪᠠᠶᠢᠬᠤ ᠪᠥᠭᠡᠳ ᠭᠠᠳᠠᠭᠤᠷ ᠢᠶᠠᠨ ᠬᠣᠷᠢᠨ ᠭᠡᠵᠦ ᠨᠡᠷᠡᠯᠡᠭᠳᠡᠬᠦ ᠪᠦᠷᠬᠦᠭᠦᠯ ᠢᠶᠡᠷ ᠪᠦᠷᠬᠦᠭᠳᠡᠨ᠎ᠡ᠃ ᠥᠨᠳᠡᠭᠡᠨ ᠦ ᠬᠡᠯᠪᠡᠷᠢ ᠪᠠ ᠬᠡᠮᠵᠢᠶ᠎ᠡ ᠶᠠᠩᠵᠤ ᠪᠦᠷᠢ ᠪᠠᠶᠢᠳᠠᠭ ᠪᠣᠯᠪᠠᠴᠤ ᠲᠣᠳᠣᠷᠬᠠᠢ ᠵᠦᠢᠯ ᠦᠨ ᠰᠢᠪᠠᠵᠢ ᠲᠤᠰ ᠪᠦᠷᠢ ᠳᠦ ᠲᠣᠳᠣᠷᠬᠠᠢ ᠬᠡᠯᠪᠡᠷᠢ ᠲᠡᠢ ᠪᠠᠶᠢᠳᠠᠭ᠃ ᠥᠨᠳᠡᠭᠡᠨ ᠦ ᠬᠡᠯᠪᠡᠷᠢ ᠪᠡᠷ ᠰᠢᠪᠠᠵᠢ ᠶᠢᠨ ᠵᠦᠢᠯ ᠢ ᠲᠣᠳᠣᠷᠬᠠᠶᠢᠯᠠᠨ ᠮᠡᠳᠡᠵᠦ ᠪᠣᠯᠤᠨ᠎ᠠ᠃

ᠰᠢᠪᠠᠵᠢ ᠮᠠᠰᠢ ᠣᠯᠠᠨ ᠥᠨᠳᠡᠭᠡ ᠲᠥᠷᠦᠭᠦᠯᠦᠨ᠎ᠡ᠃ ᠵᠢᠱᠢᠶᠡᠯᠡᠪᠡᠯ: ᠬᠠᠲᠤᠨ᠂ ᠪᠠᠯᠲᠤ ᠵᠥᠭᠡᠢ 1.5 ᠰᠠᠶ᠎ᠠ᠂ ᠬᠠᠯᠠᠭᠤᠨ ᠣᠷᠣᠨ ᠤ ᠰᠢᠷᠭᠤᠯᠵᠢ ᠲᠧᠷᠮᠢᠲ ᠬᠣᠨᠣᠭ ᠲᠤ 30000, ᠡᠷᠪᠡᠬᠡᠢ 1.5-2 ᠮᠢᠩᠭ᠎ᠠ ᠥᠨᠳᠡᠭᠡ ᠲᠥᠷᠦᠭᠦᠯᠦᠨ᠎ᠡ᠃

ᠣᠯᠠᠩᠬᠢ ᠰᠢᠪᠠᠵᠢ ᠶᠢ ᠭᠠᠳᠠᠨ᠎ᠠ ᠠᠴᠠ ᠬᠠᠷᠠᠬᠤ ᠳᠤ ᠡᠷᠡᠭᠴᠢᠨ᠂ ᠡᠮᠡᠭᠴᠢᠨ ᠨᠢ ᠡᠷᠡᠰ ᠢᠯᠭᠠᠭᠳᠠᠳᠠᠭ᠃ ᠡᠷᠡᠭᠴᠢᠨ᠂ ᠡᠮᠡᠭᠴᠢᠨ ᠦ ᠡᠶᠢᠨᠬᠦᠦ ᠢᠯᠭᠠᠭᠳᠠᠬᠤ ᠰᠢᠨᠵᠢ ᠨᠦᠭᠦᠳ ᠢ ᠪᠡᠯᠭᠡ ᠶᠢᠨ ᠳ᠋ᠢᠮᠣᠷᠹᠢᠰᠮ ᠭᠡᠵᠦ ᠨᠡᠷᠡᠯᠡᠨ᠎ᠡ᠃

ᠰᠢᠪᠠᠵᠢ ᠶᠢᠨ ᠬᠥᠭᠵᠢᠯᠲᠡ: ᠰᠢᠪᠠᠵᠢ ᠶᠢᠨ ᠬᠥᠭᠵᠢᠯᠲᠦ ᠶᠢ ᠦᠷ᠎ᠡ ᠬᠥᠪᠦᠷᠡᠯ ᠦᠨ ᠪᠠ ᠦᠷ᠎ᠡ ᠬᠥᠪᠦᠷᠡᠯ ᠦᠨ ᠳᠠᠷᠠᠭᠠᠬᠢ ᠭᠡᠵᠦ ᠬᠣᠶᠠᠷ ᠦᠶ᠎ᠡ ᠱᠠᠲᠤ ᠪᠣᠯᠭᠠᠨ ᠦᠵᠡᠳᠡᠭ᠃ ᠦᠷ᠎ᠡ ᠬᠥᠪᠦᠷᠡᠯ ᠦᠨ ᠬᠥᠭᠵᠢᠯᠲᠡ ᠨᠢ ᠦᠷ᠎ᠡ ᠲᠣᠭᠲᠠᠭᠰᠠᠨ ᠥᠨᠳᠡᠭᠡᠨ ᠡᠰ ᠦᠨ ᠬᠥᠭᠵᠢᠯᠲᠦ ᠶᠤᠮ᠃ ᠦᠷ᠎ᠡ ᠲᠣᠭᠲᠠᠭᠰᠠᠨ᠂ ᠥᠨᠳᠡᠭᠡᠨ ᠡᠰ ᠭᠣᠣᠯ ᠲᠥᠯᠥᠪ ᠵᠤᠤᠪᠠᠩ ᠬᠡᠯᠪᠡᠷᠢ ᠲᠡᠢ᠂ ᠲᠡᠵᠢᠭᠡᠯ ᠦᠨ ᠪᠣᠳᠠᠰ ᠰᠢᠷ᠎ᠠ ᠤᠭᠤᠷᠠᠭ ᠢᠶᠠᠷ ᠪᠠᠶᠠᠯᠢᠭ ᠪᠠᠶᠢᠨ᠎ᠠ᠃ ᠰᠢᠷ᠎ᠠ ᠤᠭᠤᠷᠠᠭ ᠥᠨᠳᠡᠭᠡᠨ ᠡᠰ ᠦᠨ ᠲᠥᠪ ᠬᠡᠰᠡᠭ ᠲᠦ ᠣᠷᠣᠰᠢᠨ᠎ᠠ᠃ ᠡᠨᠡ ᠤᠴᠢᠷ ᠦᠷ᠎ᠡ ᠲᠣᠭᠲᠠᠭᠰᠠᠨ ᠥᠨᠳᠡᠭᠡᠨ ᠡᠰ ᠭᠠᠳᠠᠷᠭᠤ ᠶᠢᠨ ᠬᠡᠯᠪᠡᠷᠢ ᠪᠡᠷ ᠬᠤᠪᠢᠶᠠᠭᠳᠠᠵᠤ ᠴᠢᠨᠠᠭᠰᠢᠳᠠ ᠦᠷ᠎ᠡ ᠬᠥᠪᠦᠷᠡᠯ ᠦᠨ ᠬᠥᠭᠵᠢᠯᠲᠡ ᠶᠠᠪᠤᠭᠳᠠᠨ᠎ᠠ᠃

ᠦᠷ᠎ᠡ ᠬᠥᠪᠦᠷᠡᠯ ᠦᠨ ᠳᠠᠷᠠᠭᠠᠬᠢ ᠬᠥᠭᠵᠢᠯᠲᠡ᠂ ᠥᠨᠳᠡᠭᠡᠨ ᠡᠴᠡ ᠥᠲᠥ ᠪᠤᠶᠤ ᠠᠮᠢᠳᠤ ᠵᠤᠯᠵᠠᠭ᠎ᠠ ᠲᠥᠷᠦᠵᠢ ᠭᠠᠷᠬᠤ ᠠᠴᠠ ᠡᠬᠢᠯᠡᠨ ᠶᠠᠪᠤᠭᠳᠠᠨ᠎ᠠ᠃ ᠰᠢᠪᠠᠵᠢ ᠶᠢᠨ ᠦᠷ᠎ᠡ ᠬᠥᠪᠦᠷᠡᠯ ᠦᠨ ᠳᠠᠷᠠᠭᠠᠬᠢ ᠬᠥᠭᠵᠢᠯ ᠦᠨ ᠣᠨᠴᠠᠯᠢᠭ ᠨᠢ ᠬᠤᠪᠢᠷᠠᠯᠲᠠ ᠶᠤᠮ᠃

ᠰᠢᠪᠠᠵᠢ ᠶᠢᠨ ᠪᠦᠳᠦᠭᠦᠯᠢᠭ ᠬᠡᠯᠪᠡᠷᠢ ᠨᠦᠭᠦᠳ ᠦᠨ ᠥᠰᠦᠯᠲᠡ᠂ ᠬᠥᠭᠵᠢᠯᠲᠡ ᠣᠨᠴᠠ ᠶᠢᠨ ᠬᠤᠪᠢᠷᠠᠯᠲᠠ ᠦᠭᠡᠢ ᠶᠠᠪᠤᠭᠳᠠᠳᠠᠭ᠃ ᠵᠠᠯᠠᠭᠤ ᠪᠡᠶ᠎ᠡ ᠨᠦᠭᠦᠳ ᠡᠬᠡ ᠣᠷᠭᠠᠨᠢᠰᠮ ᠲᠠᠢ ᠪᠠᠨ ᠮᠠᠰᠢ ᠲᠥᠰᠥᠭᠡᠲᠡᠢ ᠪᠠᠶᠢᠳᠠᠭ᠃ ᠡᠶᠢᠮᠦ ᠤᠴᠢᠷ ᠠᠴᠠ ᠲᠡᠳᠡᠭᠡᠷ ᠦᠨ ᠬᠥᠭᠵᠢᠯ ᠢ ᠰᠢᠭᠤᠳ ᠬᠥᠭᠵᠢᠯᠲᠡ ᠭᠡᠨ᠎ᠡ᠃

ᠳᠡᠭᠡᠳᠦ ᠬᠥᠭᠵᠢᠯᠲᠡᠢ ᠳᠠᠯᠠᠪᠴᠢᠲᠤ ᠰᠢᠪᠠᠵᠢ ᠨᠤᠭᠤᠳ ᠤᠨ ᠬᠥᠭᠵᠢᠯᠲᠡ ᠥᠭᠡᠷ᠎ᠡ ᠪᠡᠷ ᠶᠠᠪᠤᠭᠳᠠᠳᠠᠭ ᠲᠤᠯᠠ ᠲᠡᠳᠡᠭᠡᠷ ᠢ ᠪᠦᠷᠢᠨ ᠪᠢᠰᠢ ᠪᠠ ᠪᠦᠷᠢᠨ ᠬᠤᠪᠢᠷᠠᠯᠲᠠ ᠲᠠᠢ ᠱᠠᠪᠵᠤ ᠳᠤ ᠭᠡᠵᠦ ᠠᠩᠭᠢᠯᠠᠨ᠎ᠠ᠃

ᠪᠦᠷᠢᠨ ᠪᠢᠰᠢ ᠬᠤᠪᠢᠷᠠᠯᠲᠠ ᠲᠠᠢ ᠥᠨᠳᠡᠭᠡ᠂ ᠠᠪᠠᠭᠠᠯᠳᠠᠢ᠂ ᠪᠡᠶ᠎ᠡ ᠭᠦᠢᠴᠡᠭᠰᠡᠨ ᠭᠡᠵᠦ ᠭᠤᠷᠪᠠᠨ ᠱᠠᠲᠤ ᠶᠢ ᠳᠠᠮᠵᠢᠨ ᠬᠥᠭᠵᠢᠨ᠎ᠡ᠃ ᠡᠶᠢᠮᠦ ᠰᠢᠪᠠᠵᠢ ᠶᠢᠨ ᠠᠪᠠᠭᠠᠯᠳᠠᠢ᠂ ᠪᠡᠶ᠎ᠡ ᠭᠦᠢᠴᠡᠭᠰᠡᠨ ᠰᠢᠪᠠᠵᠢ ᠲᠠᠢ ᠪᠠᠨ ᠭᠠᠳᠠᠭᠠᠳᠤ ᠪᠠᠶᠢᠳᠠᠯ ᠢᠶᠠᠷ ᠢᠶᠠᠨ ᠲᠥᠰᠥᠭᠡᠲᠡᠢ᠃ ᠬᠠᠷᠢᠨ ᠪᠡᠶ᠎ᠡ ᠶᠢᠨ ᠬᠡᠮᠵᠢᠶ᠎ᠡ ᠪᠠᠭ᠎ᠠ᠂ ᠳᠠᠯᠠᠪᠴᠢᠨ ᠤ ᠬᠥᠭᠵᠢᠯ ᠰᠤᠯᠠ ᠳᠣᠷᠣᠢ᠂ ᠰᠠᠬᠠᠯ ᠤᠨ ᠦᠶ᠎ᠡ ᠴᠥᠭᠡᠨ ᠵᠡᠷᠭᠡ ᠵᠠᠷᠢᠮ ᠰᠢᠨᠵᠢ ᠪᠡᠷ ᠢᠯᠭᠠᠪᠤᠷᠢᠯᠠᠭᠳᠠᠨ᠎ᠠ᠃

ᠪᠦᠷᠢᠨ ᠪᠢᠰᠢ ᠬᠤᠪᠢᠷᠠᠯᠲᠠ ᠲᠠᠢ ᠰᠢᠪᠠᠵᠢ ᠨᠤᠭᠤᠳ ᠲᠤ ᠰᠢᠯᠤᠭᠤᠨ ᠳᠠᠯᠠᠪᠴᠢᠲᠠᠨ᠂ ᠵᠣᠣᠮ᠎ᠠ᠂ ᠪᠢᠰ᠂ ᠰᠣᠨᠣ᠂ ᠮᠥᠬᠥᠭᠡᠯᠵᠢᠭᠦᠳ ᠬᠠᠮᠢᠶᠠᠷᠤᠭᠳᠠᠨ᠎ᠠ᠃

ᠪᠦᠷᠢᠨ ᠬᠤᠪᠢᠷᠠᠯᠲᠠ ᠲᠠᠢ ᠱᠠᠪᠵᠤ ᠳᠤ ᠥᠨᠳᠡᠭᠡ᠂ ᠠᠪᠠᠭᠠᠯᠳᠠᠢ᠂ ᠬᠡᠦᠬᠡᠯᠳᠡᠢ᠂ ᠪᠡᠶ᠎ᠡ ᠭᠦᠢᠴᠡᠭᠰᠡᠨ ᠭᠡᠰᠡᠨ 4 ᠦᠶ᠎ᠡ ᠱᠠᠲᠤ ᠶᠢ ᠳᠠᠮᠵᠢᠨ ᠬᠥᠭᠵᠢᠨ᠎ᠡ᠃

ᠥᠨᠳᠡᠭᠡᠨ ᠡᠴᠡ ᠠᠮᠠᠨ ᠤ ᠡᠷᠬᠡᠲᠡᠨ ᠪᠦᠬᠦᠢ ᠥᠲᠥ ᠬᠡᠯᠪᠡᠷᠢ ᠲᠡᠢ ᠠᠪᠠᠭᠠᠯᠳᠠᠢ ᠲᠥᠷᠥᠨ ᠭᠠᠷᠴᠤ᠂ ᠴᠢᠨᠠᠭᠰᠢᠳᠠ ᠪᠠᠨ ᠬᠡᠳᠦ ᠳᠠᠬᠢᠨ ᠭᠤᠤᠵᠢᠵᠤ ᠥᠰᠴᠢ᠂ ᠲᠣᠮᠣᠷᠠᠭᠰᠠᠭᠠᠷ ᠬᠡᠦᠬᠡᠯᠳᠡᠢ ᠪᠣᠯᠤᠨ᠎ᠠ᠃ ᠬᠡᠦᠬᠡᠯᠳᠡᠢ ᠬᠥᠳᠡᠯᠭᠡᠭᠡᠨᠡᠢ᠃ ᠬᠡᠦᠬᠡᠯᠳᠡᠢ ᠶᠢᠨ ᠡᠴᠡ ᠪᠦᠷᠢᠨ ᠪᠣᠯᠪᠠᠰᠤᠷᠠᠭᠰᠠᠨ᠂ ᠪᠡᠶ᠎ᠡ ᠭᠦᠢᠴᠡᠭᠰᠡᠨ ᠰᠢᠪᠠᠵᠢ ᠭᠠᠷᠤᠨ᠎ᠠ᠃ ᠪᠦᠷᠢᠨ ᠬᠤᠪᠢᠷᠠᠯᠲᠠ ᠲᠠᠢ ᠰᠢᠪᠠᠵᠢ ᠨᠤᠭᠤᠳ ᠲᠤ ᠡᠷᠪᠡᠬᠡᠢ᠂ ᠴᠣᠬᠣᠨ ᠨᠤᠭᠤᠳ᠂ ᠢᠯᠠᠭ᠎ᠠ᠂ ᠰᠠᠷᠢᠭᠰᠠᠨ ᠳᠠᠯᠠᠪᠴᠢᠲᠠᠨ ᠨᠤᠭᠤᠳ ᠬᠠᠮᠢᠶᠠᠷᠤᠭᠳᠠᠨ᠎ᠠ᠃

ᠪᠦᠷᠢᠨ ᠬᠤᠪᠢᠷᠠᠯᠲᠠ ᠲᠠᠢ ᠰᠢᠪᠠᠵᠢ ᠶᠢᠨ ᠠᠪᠤᠭᠠᠶᠢᠯᠳᠠᠢ ᠨᠤᠭᠤᠳ ᠶᠠᠩᠵᠤ ᠪᠦᠷᠢ ᠪᠠᠶᠢᠬᠤ ᠪᠣᠯᠪᠠᠴᠤ ᠭᠤᠷᠪᠠᠨ ᠦᠨᠳᠦᠰᠦᠨ ᠬᠡᠯᠪᠡᠷᠢ ᠳᠦ ᠬᠤᠪᠢᠶᠠᠨ ᠦᠵᠡᠵᠦ ᠪᠣᠯᠤᠨ᠎ᠠ᠃ ᠡᠭᠦᠨ ᠳᠦ:

1. ᠠᠩᠬᠠᠳᠠᠭᠴᠢ ᠰᠢᠪᠠᠵᠢ ᠶᠢᠨ ᠬᠡᠯᠪᠡᠷᠢ ᠲᠡᠢ ᠠᠪᠠᠭᠠᠯᠳᠠᠢ

2. ᠬᠣᠷᠣᠬᠠᠢ ᠬᠡᠯᠪᠡᠷᠢ ᠲᠡᠢ ᠠᠪᠠᠭᠠᠯᠳᠠᠢ

3. ᠬᠦᠷᠢᠨᠴᠢᠷ ᠮᠠᠶ᠋ᠢᠭ ᠤᠨ ᠠᠪᠠᠭᠠᠯᠳᠠᠢ

ᠠᠩᠬᠠᠳᠠᠭᠴᠢ ᠬᠡᠯᠪᠡᠷᠢ ᠲᠡᠢ ᠠᠪᠠᠭᠠᠯᠳᠠᠢ ᠴᠡᠭᠡᠵᠢᠨ ᠳᠦ ᠪᠡᠨ ᠤᠷᠲᠤ 3 ᠬᠣᠣᠰ ᠤᠷᠲᠤ ᠬᠥᠯᠲᠡᠢ᠂ ᠤᠷᠲᠤᠪᠲᠤᠷ ᠭᠣᠨᠵᠣᠭᠣᠢ ᠬᠡᠯᠪᠡᠷᠢ ᠲᠡᠢ᠂ ᠠᠮᠠᠨ ᠤ ᠡᠷᠬᠡᠲᠡᠨ ᠰᠠᠶᠢᠨ ᠬᠥᠭᠵᠢᠭᠰᠡᠨ᠂ ᠤᠭᠢᠶᠠᠵᠢᠭᠤᠳ ᠨᠢ ᠤᠷᠤᠭᠰᠢ ᠴᠢᠭᠯᠡᠭᠰᠡᠨ᠂ ᠱᠠᠯᠠᠮᠠᠭᠠᠢ ᠬᠥᠳᠡᠯᠭᠡᠭᠡᠨᠲᠡᠢ ᠪᠠᠶᠢᠨ᠎ᠠ᠃

ᠠᠮᠢᠲᠠᠨ ᠢᠶᠠᠷ ᠬᠣᠭᠣᠯᠠᠯᠠᠳᠠᠭ ᠰᠢᠪᠠᠵᠢ᠂ ᠱᠢᠷᠦ ᠴᠣᠬᠣ᠂ ᠵᠢᠭᠢᠨᠡᠭᠦᠷ ᠴᠣᠬᠣ ᠵᠡᠷᠭᠡ ᠶᠢᠨ ᠠᠪᠠᠭᠠᠯᠳᠠᠢ ᠡᠶᠢᠮᠦ ᠬᠡᠯᠪᠡᠷᠢ ᠲᠡᠢ ᠪᠠᠶᠢᠨ᠎ᠠ᠃ ᠬᠣᠷᠣᠬᠠᠢ ᠬᠡᠯᠪᠡᠷᠢ ᠲᠡᠢ ᠠᠪᠠᠭᠠᠯᠳᠠᠢ ᠶᠢᠨᠪᠡᠶ᠎ᠡ ᠰᠤᠩᠭᠠᠭᠳᠠᠭᠰᠠᠨ ᠥᠲᠥ ᠬᠡᠯᠪᠡᠷᠢ ᠲᠡᠢ ᠪᠠᠶᠢᠳᠠᠭ ᠢᠶᠠᠷ ᠢᠶᠠᠨ ᠣᠨᠴᠠᠯᠢᠭ᠃ ᠶᠡᠬᠡᠩᠬᠢ ᠴᠣᠬᠣ ᠶᠢᠨ ᠥᠲᠥ ᠬᠡᠯᠪᠡᠷᠢ ᠶᠢᠨ ᠠᠪᠠᠭᠠᠯᠳᠠᠢ ᠴᠡᠭᠡᠵᠢᠨ ᠦ ᠭᠤᠷᠪᠠᠨ ᠬᠣᠣᠰ ᠬᠥᠯᠲᠡᠢ ᠪᠠᠶᠢᠳᠠᠭ᠃ ᠭᠡᠬᠦ ᠳᠦ ᠪᠡᠨ ᠱᠥᠪᠥᠭᠡᠷ ᠬᠣᠰᠢᠭᠤᠲᠤ ᠴᠣᠬᠣ᠂ ᠬᠣᠯᠲᠣᠰᠴᠢ ᠴᠣᠬᠣ ᠶᠢᠨ ᠪᠠ ᠵᠠᠷᠢᠮ ᠢᠮᠠᠭᠠᠨ ᠴᠣᠬᠣᠨ ᠨᠤᠭᠤᠳ ᠤᠨ ᠠᠪᠠᠭᠠᠯᠳᠠᠢ ᠳᠤ ᠴᠡᠭᠡᠵᠢᠨ ᠦ ᠭᠤᠷᠪᠠᠨ ᠬᠣᠣᠰ ᠬᠥᠯ ᠪᠠᠶᠢᠳᠠᠭ ᠦᠭᠡᠢ᠃ ᠢᠯᠠᠭᠠᠨ ᠤ ᠠᠪᠠᠭᠠᠯᠳᠠᠢ ᠳᠤ ᠲᠣᠯᠣᠭᠠᠢ ᠪᠠ ᠬᠥᠯ ᠦᠳ ᠲᠣᠳᠣ ᠦᠵᠡᠭᠳᠡᠳᠡᠭ ᠦᠭᠡᠢ᠃ ᠬᠦᠷᠢᠨᠴᠢᠷ ᠮᠠᠶ᠋ᠢᠭ ᠤᠨ ᠠᠪᠠᠭᠠᠯᠳᠠᠢ ᠬᠣᠷᠣᠬᠠᠢ ᠬᠡᠯᠪᠡᠷᠢ ᠶᠢᠨ ᠪᠡᠶ᠎ᠡ ᠲᠡᠢ ᠲᠣᠯᠣᠭᠠᠢ ᠶᠢᠨ ᠬᠡᠰᠡᠭ ᠲᠣᠳᠣ ᠦᠵᠡᠭᠳᠡᠨ᠎ᠡ᠃ ᠬᠠᠷᠢᠨ ᠴᠡᠭᠡᠵᠢ ᠶᠢᠨ ᠭᠤᠷᠪᠠᠨ ᠬᠣᠣᠰ ᠬᠥᠯ ᠡᠴᠡ ᠭᠠᠳᠠᠨ᠎ᠠ ᠬᠡᠪᠡᠯᠢ ᠳᠦ ᠪᠡᠨ 2-5 ᠬᠣᠣᠰ ᠬᠥᠯ ᠦᠳ ᠲᠡᠢ᠃ ᠡᠷᠪᠡᠬᠡᠢ ᠶᠢᠨ ᠠᠪᠠᠭᠠᠯᠳᠠᠢ ᠶᠢ ᠬᠦᠷᠢᠨᠴᠢᠷ ᠭᠡᠵᠦ ᠨᠡᠷᠡᠯᠡᠬᠦ ᠪᠠ ᠬᠢᠷᠭ᠎ᠠ ᠶᠢᠨ ᠠᠪᠠᠭᠠᠯᠳᠠᠢ ᠶᠢ ᠡᠷᠪᠡᠬᠡᠢ ᠶᠢᠨ ᠬᠦᠷᠢᠨᠴᠢᠷ ᠲᠡᠢ ᠲᠥᠰᠲᠡᠢ ᠪᠣᠯᠪᠠᠴᠤ ᠲᠣᠯᠣᠭᠠᠢ ᠶᠢᠨ ᠬᠡᠯᠪᠡᠷᠢ᠂ ᠬᠥᠯᠡᠨ ᠦ ᠲᠣᠭ᠎ᠠ ᠪᠠᠷ ᠥᠭᠡᠷ᠎ᠡ ᠪᠠᠶᠢᠳᠠᠭ᠃

ᠰᠢᠪᠠᠵᠢ ᠶᠢᠨ ᠬᠡᠦᠬᠡᠯᠳᠡᠢ ᠨᠦᠭᠦᠳ ᠣᠯᠠᠨ ᠶᠠᠩᠵᠤ᠃ ᠭᠠᠳᠠᠭᠠᠳᠤ ᠪᠠᠶᠢᠳᠠᠯ ᠢᠶᠠᠷ ᠨᠢ ᠲᠡᠳᠡᠭᠡᠷ ᠢ ᠭᠤᠷᠪᠠᠨ ᠬᠡᠯᠪᠡᠷᠢ ᠳᠦ ᠬᠤᠪᠢᠶᠠᠵᠤ ᠦᠵᠡᠳᠡᠭ᠃

1. ᠵᠠᠳᠠᠭᠠᠢ ᠬᠡᠯᠪᠡᠷᠢ ᠲᠡᠢ᠂ ᠡᠶᠢᠮᠦ ᠬᠡᠯᠪᠡᠷᠢ ᠲᠡᠢ ᠭᠠᠳᠠᠭᠤᠷ ᠢᠶᠠᠨ ᠪᠦᠷᠬᠦᠭᠦᠯ ᠭᠦᠢ᠃ ᠡᠶᠢᠮᠦ ᠡᠴᠡ ᠪᠡᠶ᠎ᠡ ᠶᠢᠨ ᠭᠠᠳᠠᠭᠠᠳᠤ ᠡᠷᠬᠡᠲᠡᠨ ᠨᠦᠭᠦᠳ:ᠰᠠᠬᠠᠯ᠂ ᠬᠥᠯ ᠳᠠᠯᠠᠪᠴᠢᠨ ᠤ ᠡᠬᠡ ᠡᠭᠦᠰᠪᠦᠷᠢ ᠨᠦᠭᠦᠳ ᠲᠣᠳᠣ ᠬᠠᠷᠠᠭᠳᠠᠨ᠎ᠠ᠃ ᠲᠤᠬᠠᠶᠢᠯᠠᠪᠠᠯ᠂ ᠴᠣᠬᠣᠨ ᠨᠤᠭᠤᠳ ᠪᠠ ᠰᠠᠷᠢᠭᠰᠠᠨ ᠳᠠᠯᠠᠪᠴᠢᠲᠠᠨ ᠤ ᠬᠡᠦᠬᠡᠯᠳᠡᠢ ᠨᠦᠭᠦᠳ ᠢ ᠨᠡᠷᠡᠯᠡᠵᠦ ᠪᠣᠯᠤᠨ᠎ᠠ᠃

2. ᠪᠦᠷᠬᠦᠭᠦᠯᠲᠦ ᠬᠡᠦᠬᠡᠯᠳᠡᠢ᠃ ᠡᠨᠡ ᠨᠢ ᠭᠠᠳᠠᠭᠤᠷ ᠢᠶᠠᠨ ᠲᠤᠰᠬᠠᠢ ᠪᠦᠷᠬᠦᠭᠦᠯ ᠲᠡᠢ ᠪᠠᠶᠢᠬᠤ ᠲᠤᠯᠠ ᠪᠡᠶ᠎ᠡ ᠨᠢ ᠲᠡᠳᠦᠢ ᠯᠠ ᠬᠠᠷᠠᠭᠳᠠᠬᠤ ᠦᠭᠡᠢ᠃ ᠡᠭᠦᠨ ᠳᠦ: ᠡᠯᠳᠡᠪ ᠡᠷᠪᠡᠬᠡᠢ ᠶᠢᠨ ᠬᠡᠦᠬᠡᠯᠳᠡᠢ ᠨᠦᠭᠦᠳ ᠬᠠᠮᠢᠶᠠᠷᠤᠭᠳᠠᠨ᠎ᠠ᠃

3. ᠬᠠᠭᠤᠷᠮᠠᠴᠢ ᠳᠤᠭᠲᠤᠢ ᠳᠣᠲᠣᠷᠠᠬᠢ ᠬᠡᠦᠬᠡᠯᠳᠡᠢ ᠪᠤᠶᠤ ᠫᠦᠶᠢᠲ᠋ᠠᠷᠢ᠃ ᠡᠨᠡ ᠨᠢ ᠲᠣᠷᠬ᠎ᠠ ᠬᠡᠯᠪᠡᠷᠢ ᠲᠡᠢ ᠪᠠᠶᠢᠨ᠎ᠠ᠃ ᠲᠣᠷᠬ᠎ᠠ ᠬᠡᠯᠪᠡᠷᠢ ᠶᠢᠨ ᠳᠤᠭᠲᠤᠢ ᠨᠢ ᠠᠪᠠᠭᠠᠯᠳᠠᠢ ᠶᠢᠨ ᠬᠠᠮᠤᠭ ᠤᠨ ᠰᠡᠭᠦᠯᠴᠢ ᠶᠢᠨ ᠭᠤᠤᠵᠢᠯᠲᠠ ᠶᠢᠨ ᠬᠠᠶᠠᠭᠳᠠᠭ᠎ᠠ ᠦᠭᠡᠢ ᠠᠷᠠᠰᠤ ᠶᠤᠮ᠃ ᠡᠶᠢᠮᠦ ᠤᠴᠢᠷ ᠠᠴᠠ ᠬᠠᠭᠤᠷᠮᠠᠴᠢ ᠳᠤᠭᠲᠤᠢ ᠭᠡᠵᠦ ᠨᠡᠷᠡᠯᠡᠵᠡᠢ᠃ ᠲᠤᠬᠠᠶᠢᠯᠠᠪᠠᠯ: ᠢᠯᠠᠭᠠᠨ ᠤ ᠬᠡᠦᠬᠡᠯᠳᠡᠢ ᠨᠦᠭᠦᠳ ᠶᠤᠮ᠃ ᠱᠠᠪᠵᠤ ᠳᠤ ᠠᠪᠠᠭᠠᠯᠳᠠᠢ ᠶᠢᠨ ᠱᠠᠲᠤᠨ ᠳᠤ ᠪᠠᠨ ᠬᠣᠪᠳᠣᠭ ᠬᠣᠭᠣᠯᠠᠯᠠᠵᠤ᠂ ᠲᠦᠷᠭᠡᠨ ᠥᠰᠴᠢ ᠲᠣᠮᠣᠷᠠᠳᠠᠭ ᠲᠤᠯᠠ ᠶᠡᠬᠡᠩᠬᠢ ᠱᠠᠪᠵᠤ ᠳᠤ ᠭᠣᠣᠯ ᠲᠥᠯᠥᠪ ᠠᠪᠠᠭᠠᠯᠳᠠᠢ ᠶᠢᠨ ᠦᠶᠡᠳᠡᠭᠡ ᠶᠡᠬᠡᠬᠡᠨ ᠬᠥᠨᠥᠭᠡᠯ ᠤᠴᠠᠷᠠᠭᠤᠯᠤᠨ᠎ᠠ᠃

ᠪᠡᠶ᠎ᠡ ᠶᠢᠨ ᠬᠡᠮᠵᠢᠶ᠎ᠡ ᠥᠰᠴᠢ ᠲᠣᠮᠣᠷᠠᠬᠤ ᠶᠢᠨ ᠬᠠᠮᠲᠤ ᠺᠦ᠋ᠲ᠋ᠢᠺᠦᠶᠢᠯ ᠪᠦᠷᠬᠦᠭᠦᠯ ᠢᠶᠡᠨ ᠬᠠᠶᠠᠵᠤ ᠭᠤᠤᠵᠢᠰᠤᠨ ᠤ ᠦᠨᠳᠦᠰᠦᠨ ᠳᠦ ᠠᠪᠠᠭᠠᠯᠳᠠᠢ ᠶᠢᠨ ᠥᠰᠦᠯᠲᠡ ᠶᠠᠪᠤᠭᠳᠠᠨ᠎ᠠ᠃ ᠠᠪᠠᠭᠠᠯᠳᠠᠢ ᠥᠪᠡᠷ ᠦᠨ ᠬᠥᠭᠵᠢᠯ ᠦᠨ ᠬᠤᠭᠤᠴᠠᠭᠠᠨ ᠳᠤ ᠨᠡᠯᠢᠶᠡᠳ ᠬᠡᠳᠦ ᠳᠠᠬᠢᠨ ᠭᠤᠤᠵᠢᠨ᠎ᠠ᠃ ᠶᠡᠬᠡᠪᠴᠢᠯᠡᠨ 4-5 ᠭᠤᠤᠵᠢᠨ᠎ᠠ᠃ ᠭᠤᠤᠵᠢᠯᠲᠠ ᠶᠢᠨ ᠬᠣᠭᠣᠷᠣᠨᠳᠣᠬᠢ ᠦᠶ᠎ᠡ ᠶᠢ ᠥᠰᠦᠯᠲᠡ ᠭᠡᠵᠦ ᠨᠡᠷᠡᠯᠡᠨ᠎ᠡ᠃

ᠠᠩᠬᠠᠨ ᠤ ᠥᠰᠦᠯᠲᠡ ᠨᠢ ᠥᠨᠳᠡᠭᠡᠨ ᠡᠴᠡ ᠠᠪᠠᠭᠠᠯᠳᠠᠢ ᠭᠠᠷᠴᠤ᠂ ᠡᠬᠢᠨ ᠦ ᠭᠤᠤᠵᠢᠯᠲᠠ ᠶᠢ ᠬᠦᠷᠬᠦ ᠦᠶ᠎ᠡ ᠶᠤᠮ᠃ ᠬᠣᠶᠠᠷ ᠳ᠋ᠡᠬᠢ ᠥᠰᠦᠯᠲᠡ ᠨᠢ ᠠᠩᠬᠠᠨ ᠤ ᠪᠠ ᠬᠣᠶᠠᠳᠤᠭᠠᠷ ᠭᠤᠤᠵᠢᠯᠲᠠ ᠶᠢᠨ ᠬᠣᠭᠣᠷᠣᠨᠳᠣᠬᠢ ᠦᠶ᠎ᠡ ᠶᠢ ᠡᠵᠡᠯᠡᠨ᠎ᠡ᠃ ᠬᠡᠪ ᠦᠨ ᠨᠥᠬᠥᠴᠡᠯ ᠳᠦ ᠶᠡᠬᠡᠩᠬᠢ ᠰᠢᠪᠠᠵᠢ ᠶᠢᠨ ᠥᠰᠦᠯᠲᠡ ᠪᠠ ᠭᠤᠤᠵᠢᠯᠲᠠ ᠶᠢᠨ ᠲᠣᠭ᠎ᠠ ᠠᠳᠠᠯᠢ ᠪᠠᠶᠢᠨ᠎ᠠ᠃

ᠵᠠᠷᠢᠮ ᠰᠢᠪᠠᠵᠢ ᠶᠢᠨ ᠠᠪᠠᠭᠠᠯᠳᠠᠢ ᠨᠤᠭᠤᠳ ᠬᠡᠦᠬᠡᠯᠳᠡᠢ ᠶᠢᠨ ᠱᠠᠲᠤᠨ ᠳᠤ ᠬᠤᠪᠢᠷᠠᠬᠤ ᠶᠢᠨ ᠡᠮᠦᠨ᠎ᠡ ᠮᠢᠨᠳᠠᠰᠤᠯᠢᠭ ᠳᠤᠭᠲᠤᠢ ᠶᠢ ᠨᠡᠬᠡᠵᠦ ᠲᠡᠭᠦᠨ ᠳᠣᠲᠣᠷ᠎ᠠ ᠪᠠᠨ ᠬᠡᠦᠬᠡᠯᠳᠡᠢ ᠪᠣᠯᠤᠨ ᠬᠤᠪᠢᠷᠠᠨ᠎ᠠ᠃ ᠳᠤᠭᠲᠤᠢ ᠶᠢ ᠵᠥᠪᠬᠡᠨ ᠮᠢᠨᠳᠠᠰᠤᠯᠢᠭ ᠰᠢᠯᠦᠰᠦᠨ ᠦ ᠪᠤᠯᠴᠢᠷᠬᠠᠢ ᠲᠠᠢ ᠠᠪᠠᠭᠠᠯᠳᠠᠢ ᠨᠤᠭᠤᠳ ᠨᠡᠬᠡᠨ᠎ᠡ᠃ ᠲᠡᠷᠬᠡᠦ ᠪᠤᠯᠴᠢᠷᠬᠠᠢ ᠶᠢᠨ ᠢᠯᠭᠠᠷᠠᠭᠤᠯᠤᠯᠲᠠ ᠳ᠋ᠣᠣ ᠳᠤ ᠤᠷᠤᠭᠤᠯ ᠳᠡᠭᠡᠷ᠎ᠡ ᠤᠷᠤᠰᠢᠬᠤ ᠨᠠᠷᠢᠬᠠᠨ ᠬᠣᠣᠰ ᠰᠦᠪᠡ ᠪᠡᠷ ᠭᠠᠷᠤᠮᠠᠭᠴᠠ ᠠᠭᠠᠷ ᠤᠨ ᠨᠥᠯᠦᠭᠡᠨ ᠳᠦ ᠲᠦᠷᠭᠡᠨ ᠴᠠᠷᠴᠠᠨ᠎ᠠ᠃

ᠣᠯᠠᠩᠬᠢ ᠰᠢᠪᠠᠵᠢ ᠶᠢᠨ ᠠᠪᠠᠭᠠᠯᠳᠠᠢ ᠥᠪᠡᠷ ᠦᠨ ᠪᠡᠶ᠎ᠡ ᠪᠡᠷ ᠬᠥᠷᠦᠰ ᠢ ᠳᠠᠷᠤᠵᠤ ᠬᠣᠩᠬᠣᠶᠢᠯᠠᠨ ᠭᠠᠵᠠᠷ ᠲᠤ ᠤᠷᠤᠬᠤ ᠪᠥᠭᠡᠳ ᠵᠠᠷᠢᠮ ᠨᠥᠬᠥᠴᠡᠯ ᠳᠦ ᠰᠢᠯᠦᠰᠦ ᠪᠠ ᠢᠯᠭᠠᠳᠠᠰᠤᠨ ᠤ ᠵᠦᠢᠯ ᠢᠶᠡᠷ ᠲᠣᠷ ᠬᠢᠵᠦ ᠥᠯᠥᠭᠡᠶᠢᠳᠦᠭᠳᠡᠨ᠎ᠡ᠃ ᠲᠡᠷᠬᠡᠦ ᠲᠣᠷᠤᠨ ᠪᠦᠷᠬᠦᠭᠦᠯ ᠨᠢ ᠬᠥᠷᠦᠭᠰᠡᠨ ᠳ᠋ᠡᠬᠢ ᠴᠢᠭᠢᠭ ᠪᠠ ᠬᠢᠮᠢ ᠶᠢᠨ ᠬᠣᠣᠷᠲᠤ ᠪᠣᠳᠠᠰ ᠤᠨ ᠨᠥᠯᠦᠭᠡᠨ ᠡᠴᠡ ᠬᠡᠦᠬᠡᠯᠳᠡᠢ ᠶᠢᠨ ᠪᠡᠶ᠎ᠡ ᠶᠢ ᠬᠠᠮᠠᠭᠠᠯᠠᠨ᠎ᠠ᠃ ᠰᠢᠪᠠᠵᠢ ᠶᠢᠨ ᠬᠡᠦᠬᠡᠯᠳᠡᠢ ᠶᠢᠨ ᠱᠠᠲᠤᠨ ᠳᠤ ᠠᠪᠠᠭᠠᠯᠳᠠᠢ ᠶᠢᠨ ᠪᠡᠶ᠎ᠡ ᠮᠠᠬᠠᠪᠣᠳᠢ ᠥᠭᠡᠷᠡᠴᠢᠯᠡᠭᠳᠡᠨ ᠪᠡᠶ᠎ᠡ ᠭᠦᠢᠴᠡᠭᠰᠡᠨ ᠰᠢᠪᠠᠵᠢ ᠶᠢᠨ ᠬᠡᠯᠪᠡᠷᠢ ᠳᠦᠷᠰᠦ ᠶᠢ ᠤᠯᠬᠤ ᠶᠠᠪᠤᠴᠠ ᠶᠠᠪᠤᠭᠳᠠᠨ᠎ᠠ᠃

ᠬᠡᠦᠬᠡᠯᠳᠡᠢ ᠬᠥᠳᠡᠯᠭᠡᠭᠡᠨ ᠦᠭᠡᠢ ᠪᠣᠯᠪᠠᠴᠤ᠂ ᠬᠠᠷᠢᠨ ᠲᠡᠭᠦᠨ ᠦ ᠪᠦᠷᠬᠦᠭᠦᠯ ᠦᠨ ᠳᠣᠲᠣᠷᠠᠬᠢ ᠠᠪᠠᠭᠠᠯᠳᠠᠢ ᠶᠢᠨ ᠵᠠᠷᠢᠮ ᠡᠷᠬᠡᠲᠡᠨ ᠦ ᠡᠳᠡ ᠨᠦᠭᠦᠳ ᠢ ᠡᠪᠳᠡᠬᠦ᠂ ᠢᠷᠡᠭᠡᠳᠦᠢ ᠳᠦ ᠪᠡᠶ᠎ᠡ ᠭᠦᠢᠴᠡᠬᠦ ᠰᠢᠪᠠᠵᠢ ᠶᠢᠨ ᠡᠷᠬᠡᠲᠡᠨ ᠨᠦᠭᠦᠳ ᠢ ᠪᠦᠲᠦᠭᠡᠬᠦ ᠶᠠᠪᠤᠴᠠ ᠶᠠᠪᠤᠭᠳᠠᠨ᠎ᠠ᠃

ᠦᠷᠡᠵᠢᠯ ᠦᠨ ᠵᠠᠷᠢᠮ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠷᠲ᠋ᠧᠨᠠᠭᠧᠨᠧᠽ ᠦᠷᠡᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠪᠦᠬᠦᠨ ᠦᠷ᠎ᠡ ᠲᠣᠭᠲᠠᠵᠤ ᠥᠨᠳᠡᠭᠡᠯᠡᠨ ᠦᠷᠡᠵᠢᠳᠡᠭ ᠪᠠᠶᠢᠭᠰᠠᠨ ᠪᠣᠯᠪᠠᠴᠤ ᠵᠠᠷᠢᠮ ᠦᠶ᠎ᠡ ᠳᠦ ᠦᠷ᠎ᠡ ᠲᠣᠭᠲᠠᠭ᠎ᠠ ᠦᠭᠡᠢ ᠥᠨᠳᠡᠭᠡ ᠪᠡᠷ ᠦᠷᠡᠵᠢᠬᠦ ᠶᠠᠪᠤᠳᠠᠯ ᠦᠵᠡᠭᠳᠡᠳᠡᠭ᠃ ᠡᠭᠦᠨ ᠢ ᠥᠬᠢᠨ ᠦᠷᠡᠵᠢᠯ ᠪᠤᠶᠤ ᠫᠦᠷᠲ᠋ᠧᠨᠠᠭᠧᠨᠧᠽ ᠦᠷᠡᠵᠢᠯ ᠭᠡᠨ᠎ᠡ᠃ ᠰᠠᠷᠢᠭᠰᠠᠨ ᠳᠠᠯᠠᠪᠴᠢᠲᠠᠨ ᠤ ᠪᠠᠭ᠎ᠠ ᠠᠴᠠ ᠱᠣᠩᠬᠣᠷ ᠵᠥᠭᠡᠢ ᠪᠠ ᠬᠢᠷᠭ᠎ᠠ ᠥᠬᠢᠨ ᠦᠷᠡᠵᠢᠯ ᠢᠶᠡᠷ ᠦᠷᠡᠵᠢᠳᠡᠭ᠃ ᠤᠷᠭᠤᠮᠠᠯ ᠤᠨ ᠪᠥᠭᠡᠰᠦ ᠵᠡᠷᠭᠡ ᠵᠠᠷᠢᠮ ᠰᠢᠪᠠᠵᠢ ᠶᠢᠨ ᠫᠠᠷᠲ᠋ᠧᠨᠠᠭᠧᠨᠧᠽ ᠦᠷᠡᠵᠢᠯ ᠪᠡᠯᠭᠡ ᠶᠢᠨ ᠦᠷᠡᠵᠢᠯ ᠢᠶᠡᠷ ᠦᠷᠡᠵᠢᠬᠦ ᠶᠠᠪᠤᠳᠠᠯ ᠲᠠᠢ ᠢᠮᠠᠭᠲᠠ ᠡᠭᠡᠯᠵᠢᠯᠡᠨ ᠶᠠᠪᠤᠭᠳᠠᠨ᠎ᠠ᠃ ᠥᠭᠡᠷ᠎ᠡ ᠪᠡᠷ ᠬᠡᠯᠡᠪᠡᠯ ᠨᠢᠭᠡ ᠦᠶ᠎ᠡ ᠳᠦ ᠫᠠᠷᠲ᠋ᠧᠨᠠᠭᠧᠨᠧᠽ ᠦᠷᠡᠵᠢᠯ ᠢᠶᠡᠷ ᠦᠷᠡᠵᠢᠬᠦ ᠨᠥᠭᠥᠭᠡ ᠦᠶ᠎ᠡ ᠪᠡᠯᠭᠡ ᠶᠢᠨ ᠦᠷᠡᠵᠢᠯ ᠢᠶᠡᠷ ᠦᠷᠡᠵᠢᠳᠡᠭ ᠶᠤᠮ᠃

ᠪᠡᠯᠡᠭ ᠪᠣᠯᠪᠠᠰᠤᠷᠠᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠡᠶ᠎ᠡ ᠭᠦᠢᠴᠡᠭᠰᠡᠨ ᠰᠢᠪᠠᠵᠢ ᠶᠢᠨ (ᠢᠮᠠᠭ ᠤᠨ) ᠪᠡᠯᠡᠭ ᠪᠣᠯᠪᠠᠰᠤᠷᠠᠯ ᠳᠤ ᠳᠤᠲᠠᠭᠤ ᠪᠤᠶᠤ ᠭᠦᠢᠴᠡᠳ ᠪᠣᠯᠪᠠᠰᠤᠷᠠᠯ ᠲᠠᠢ ᠪᠠᠷ ᠬᠡᠦᠬᠡᠯᠳᠡᠢ ᠶᠢᠨ ᠡᠴᠡ ᠭᠠᠷᠤᠨ᠎ᠠ᠃ ᠪᠡᠯᠡᠭ ᠪᠣᠯᠪᠠᠰᠤᠷᠠᠯ ᠳᠤ ᠨᠢ ᠭᠦᠢᠴᠡᠳ ᠬᠥᠭᠵᠢᠭᠰᠡᠨ ᠰᠢᠪᠠᠵᠢ ᠬᠡᠦᠬᠡᠯᠳᠡᠢ ᠶᠢᠨ ᠡᠴᠡ ᠭᠠᠷᠤᠮᠠᠭᠴᠠ ᠰᠢᠭᠤᠳ ᠡᠪᠴᠡᠯᠳᠦᠭᠡᠨ ᠳᠦ ᠣᠷᠣᠵᠤ ᠥᠨᠳᠡᠭᠡ ᠲᠥᠷᠥᠭᠦᠯᠬᠦ ᠴᠢᠳᠠᠪᠤᠷᠢᠲᠠᠢ ᠪᠠᠶᠢᠨ᠎ᠠ᠃ ᠡᠶᠢᠮᠦ ᠰᠢᠪᠠᠵᠢ ᠬᠣᠭᠣᠯᠠ ᠲᠡᠵᠢᠭᠡᠯ ᠬᠡᠷᠡᠭᠯᠡᠬᠦ ᠦᠭᠡᠢ᠃ ᠲᠡᠳᠡᠭᠡᠷ ᠦᠨ ᠠᠮᠠᠨ ᠤ ᠡᠷᠬᠡᠲᠡᠨ ᠵᠥᠪᠬᠡᠨ ᠦᠯᠡᠳᠡᠭᠳᠡᠯ ᠲᠡᠳᠦᠢ ᠪᠠᠶᠢᠨ᠎ᠠ᠃ ᠪᠡᠯᠡᠭ ᠪᠣᠯᠪᠠᠰᠤᠷᠠᠯ ᠳᠤ ᠳᠤᠲᠠᠭᠤ ᠬᠥᠭᠵᠢᠯᠲᠡᠢ ᠪᠡᠷ ᠬᠡᠦᠬᠡᠯᠳᠡᠢ ᠶᠢᠨ ᠡᠴᠡ ᠭᠠᠷᠤᠭᠰᠠᠨ ᠰᠢᠪᠠᠵᠢ ᠨᠡᠯᠢᠶᠡᠳ ᠬᠤᠭᠤᠴᠠᠭᠠᠨ ᠳᠤ ᠬᠣᠭᠣᠯᠠᠯᠠᠭᠰᠠᠨ ᠤ ᠳᠠᠷᠠᠭ᠎ᠠ ᠪᠡᠯᠭᠡ ᠡᠷᠬᠡᠲᠡᠨ ᠨᠢ ᠪᠣᠯᠪᠠᠰᠤᠷᠠᠨ᠎ᠠ᠃ ᠬᠥᠭᠵᠢᠯ ᠦᠨ ᠪᠡᠶ᠎ᠡ ᠭᠦᠢᠴᠡᠯᠲᠡ ᠶᠢᠨ ᠱᠠᠲᠤᠨ ᠳᠤ ᠪᠠᠨ ᠬᠣᠭᠣᠯᠠᠯᠠᠬᠤ ᠶᠢ ᠨᠡᠮᠡᠯᠲᠡ ᠲᠡᠵᠢᠭᠡᠯ ᠭᠡᠵᠦ ᠨᠡᠷᠡᠯᠡᠵᠡᠢ᠃ ᠨᠡᠮᠡᠯᠲᠡ ᠲᠡᠵᠢᠭᠡᠯ ᠦᠨ ᠦᠶ᠎ᠡ ᠳᠦ ᠰᠢᠪᠠᠵᠢ ᠨᠡᠯᠢᠶᠡᠳ ᠢᠳᠡᠮᠡᠬᠡᠢ ᠪᠠᠶᠢᠬᠤ ᠤᠴᠢᠷ ᠠᠵᠤ ᠠᠬᠤᠢ ᠳᠤ ᠬᠥᠨᠥᠭᠡᠯ ᠤᠴᠠᠷᠠᠭᠤᠯᠬᠤ ᠨᠢ ᠶᠡᠬᠡ ᠪᠠᠶᠢᠬᠤ ᠪᠣᠯᠤᠨ᠎ᠠ᠃ ᠶᠡᠬᠡᠩᠬᠢ ᠰᠢᠪᠠᠵᠢ ᠪᠡᠯᠡᠭ ᠪᠣᠯᠪᠠᠰᠤᠷᠠᠯᠲᠠ ᠶᠢᠨ ᠦᠶ᠎ᠡ ᠳᠦ ᠰᠢᠪᠠᠵᠢ ᠶᠢᠨ ᠣᠷᠣᠭ᠎ᠠ ᠣᠷᠣᠵᠤ ᠦᠢ ᠣᠯᠠᠨ ᠢᠶᠠᠷ ᠨᠢᠰᠴᠦ ᠡᠷᠡᠭᠴᠢᠨ ᠨᠢ ᠡᠮᠡᠭᠴᠢᠨ ᠢᠶᠡᠨ ᠡᠷᠢᠵᠦ ᠲᠡᠭᠦᠨ ᠲᠡᠢ ᠡᠪᠴᠡᠯᠳᠦᠨ᠎ᠡ᠃ ᠯᠤᠤᠪᠠᠩ ᠤᠨ ᠱᠥᠪᠥᠭᠡᠷ ᠬᠤᠰᠢᠭᠤ ᠳᠤ ᠵᠡᠷᠭᠡ ᠵᠠᠷᠢᠮ ᠰᠢᠪᠠᠵᠢ ᠪᠡᠯᠡᠭ ᠪᠣᠯᠪᠠᠰᠤᠷᠠᠯᠲᠠ ᠶᠢ ᠬᠦᠷᠲᠡᠯ᠎ᠡ ᠨᠢᠰᠬᠦ ᠦᠭᠡᠢ᠃ ᠪᠡᠯᠭᠡ ᠪᠣᠯᠪᠠᠰᠤᠷᠠᠵᠤ ᠪᠡᠶ᠎ᠡ ᠭᠦᠢᠴᠡᠭᠰᠡᠨ ᠰᠢᠪᠠᠵᠢ ᠭᠤᠤᠵᠢᠬᠤ ᠦᠭᠡᠢ ᠪᠠ ᠥᠰᠴᠢ ᠲᠣᠮᠣᠷᠠᠬᠤ ᠦᠭᠡᠢ᠃ ᠰᠢᠪᠠᠵᠢ ᠶᠢᠨ ᠥᠰᠦᠯᠲᠡ ᠵᠥᠪᠬᠡᠨ ᠠᠪᠠᠭᠠᠯᠳᠠᠢ ᠶᠢᠨ ᠱᠠᠲᠤᠨ ᠳᠤ ᠶᠠᠪᠤᠭᠳᠠᠨ᠎ᠠ᠃

ᠭᠧᠨᠧᠷᠠᠼᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠡᠭᠡᠨ ᠡᠴᠡ ᠪᠡᠶ᠎ᠡ ᠭᠦᠢᠴᠡᠭᠰᠡᠨ ᠰᠢᠪᠠᠵᠢ (ᠢᠮᠠᠭᠣ) ᠬᠦᠷᠲᠡᠯ᠎ᠡ ᠥᠰᠦᠨ ᠬᠥᠭᠵᠢᠵᠦ ᠳᠠᠬᠢᠨᠥᠨᠳᠡᠭᠡ ᠲᠥᠷᠥᠭᠦᠯᠬᠦ ᠬᠦᠷᠲᠡᠯᠡᠬᠢ ᠬᠤᠭᠤᠴᠠᠭ᠎ᠠ ᠶᠢ ᠰᠢᠪᠠᠵᠢ ᠶᠢᠨ ᠭᠧᠨᠧᠷᠠᠼᠢ (ᠦᠶ᠎ᠡ ᠤᠳᠤᠮ) ᠭᠡᠵᠦ ᠨᠡᠷᠡᠯᠡᠨ᠎ᠡ᠃ ᠭᠧᠨᠧᠷᠠᠼ ᠤᠨ ᠶᠠᠪᠤᠭᠳᠠᠬᠤ ᠬᠤᠭᠤᠴᠠᠭ᠎ᠠ ᠵᠢᠯ ᠦᠨ ᠭᠧᠨᠧᠷᠠᠼ ᠤᠨ ᠲᠣᠭ᠎ᠠ᠂ ᠰᠢᠪᠠᠵᠢ ᠪᠦᠷᠢ ᠳᠦ ᠬᠠᠷᠢᠯᠴᠠᠨ ᠠᠳᠠᠯᠢ ᠦᠭᠡᠢ ᠪᠠᠶᠢᠨ᠎ᠠ᠃ ᠵᠠᠷᠢᠮ ᠰᠢᠪᠠᠵᠢ ᠶᠢᠨ (ᠴᠠᠷᠴᠠᠭ᠎ᠠ᠂ ᠭᠣᠯᠢᠶ᠎ᠠ ᠭᠡᠬᠦ ᠮᠡᠲᠦ) ᠭᠧᠨᠧᠷᠠᠼᠢ ᠵᠢᠯ ᠳᠤ ᠭᠠᠭᠴᠠᠬᠠᠨ ᠤᠳᠠᠭ᠎ᠠ ᠶᠠᠪᠤᠭᠳᠠᠳᠠᠭ ᠪᠠᠶᠢᠬᠤ ᠳᠤ ᠢᠩᠰ ᠲᠦ ᠬᠢ ᠴᠣᠬᠣ ᠮᠡᠲᠦ ᠵᠠᠷᠢᠮ ᠰᠢᠪᠠᠵᠢ ᠶᠢᠨ ᠬᠢ ᠣᠯᠠᠨ ᠵᠢᠯ ᠦᠷᠭᠦᠯᠵᠢᠯᠡᠵᠦ ᠭᠧᠨᠧᠷᠠᠼᠢ ᠲᠠᠢ ᠭᠡᠵᠦ ᠬᠤᠪᠢᠶᠠᠨ᠎ᠠ᠃ ᠭᠡᠲᠡᠯ᠎ᠡ ᠤᠷᠭᠤᠮᠠᠯ ᠤᠨ ᠪᠥᠭᠡᠰᠦ ᠨᠤᠭᠤ ᠶᠢᠨ ᠪᠣᠷᠣ ᠡᠷᠪᠡᠬᠡᠢ ᠵᠡᠷᠭᠡ ᠵᠠᠷᠢᠮ ᠰᠢᠪᠠᠵᠢ ᠨᠤᠭᠤᠳ ᠵᠢᠯ ᠳᠤ ᠬᠡᠳᠦ ᠬᠡᠳᠦᠨ ᠦᠶ᠎ᠡ ᠤᠳᠤᠮ ᠥᠭᠳᠡᠭ ᠲᠤᠯᠠ ᠣᠯᠠᠨ ᠳᠠᠬᠢᠯᠲᠠ ᠳᠤ ᠭᠧᠨᠧᠷᠠᠼᠢ ᠭᠡᠵᠦ ᠨᠡᠷᠡᠯᠡᠨ᠎ᠡ᠃ ᠲᠤᠬᠠᠶᠢᠯᠠᠪᠠᠯ ᠤᠷᠭᠤᠮᠠᠯ ᠤᠨ ᠪᠥᠭᠡᠰᠦ ᠨᠢᠭᠡ ᠸᠸᠭᠠᠲ᠋ᠠᠲ᠋ᠢᠸ ᠦᠶ᠎ᠡ ᠶᠢᠨ ᠲᠤᠷᠰᠢᠳᠠ 10 ᠬᠦᠷᠲᠡᠯ᠎ᠡ ᠪᠠ ᠲᠡᠭᠦᠨᠡᠰ ᠢᠯᠡᠭᠦᠦ ᠤᠳᠤᠮ ᠢ (ᠭᠧᠨᠧᠷᠠᠼ ᠢ) ᠥᠭᠭᠦᠨ᠎ᠡ᠃ ᠳᠷᠣᠵᠣᠹᠢᠯ ᠢᠯᠠᠭ᠎ᠠ ᠮᠥᠨ ᠣᠯᠠᠨ ᠳᠠᠬᠢᠯᠲᠠᠲᠤ ᠭᠧᠨᠧᠷᠠᠼᠢ ᠪᠦᠬᠦᠢ ᠰᠢᠪᠠᠵᠢ ᠶᠤᠮ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠠᠩᠬᠢᠯᠠᠯ ᠳᠤ ᠠᠮᠠᠨ ᠤ ᠪᠦᠲᠦᠴᠡ᠂ ᠳᠠᠯᠠᠪᠴᠢᠨ ᠤ ᠪᠦᠲᠦᠴᠡ᠂ ᠬᠥᠭᠵᠢᠯ ᠦᠨ ᠬᠤᠪᠢᠷᠠᠯᠲᠠ ᠵᠡᠷᠭᠡ ᠶᠢ ᠭᠣᠣᠯᠴᠢᠯᠠᠨ ᠠᠩᠬᠠᠷᠴᠤ ᠰᠢᠪᠠᠵᠢ ᠶᠢᠨ ᠠᠩᠭᠢ ᠶᠢ ᠰᠠᠯᠪᠤᠷᠢ ᠠᠩᠭᠢ᠂ ᠪᠠᠭ ᠤᠳ ᠪᠣᠯᠭᠠᠵᠤ ᠬᠤᠪᠢᠶᠠᠨ᠎ᠠ᠃ ᠡᠭᠦᠨ ᠳᠦ: ᠠᠩᠬᠠᠨ ᠤ᠂ ᠳᠠᠯᠠᠪᠴᠢ ᠦᠭᠡᠢ ᠳ᠋ᠣᠣ ᠳᠤ ᠰᠢᠪᠠᠵᠢ ᠨᠤᠭᠤᠳ ᠪᠠ ᠳᠠᠯᠠᠪᠴᠢᠲᠤ ᠳᠡᠭᠡᠳᠦ ᠰᠢᠪᠠᠵᠢ ᠶᠢᠨ ᠰᠠᠯᠪᠤᠷᠢ ᠠᠩᠭᠢ ᠶᠤᠮ᠃ ᠡᠭᠦᠨ ᠡᠴᠡ 20 ᠪᠠᠭ ᠤᠨ ᠲᠥᠯᠥᠭᠡᠯᠡᠭᠴᠢᠳ ᠮᠠᠨ ᠤ ᠣᠷᠣᠨ ᠳᠤ ᠣᠳᠣ ᠪᠠᠷ ᠮᠡᠳᠡᠭᠳᠡᠵᠦ ᠪᠠᠶᠢᠨ᠎ᠠ᠃

ᠠᠩᠬᠠᠨ ᠤ᠂ ᠳᠠᠯᠠᠪᠴᠢ ᠦᠭᠡᠢ ᠳ᠋ᠣᠣ ᠳᠤ ᠰᠢᠪᠠᠵᠢ ᠶᠢᠨ ᠰᠠᠯᠪᠤᠷᠢ ᠠᠩᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠪᠡᠶ᠎ᠡ ᠲᠡᠢ /0.3-0.5 ᠮᠢᠯᠯᠢᠮᠧᠲ᠋ᠷ/ ᠪᠦᠳᠦᠭᠦᠯᠢᠭ ᠪᠦᠲᠦᠴᠡ ᠲᠡᠢ ᠰᠢᠪᠠᠵᠢ ᠨᠤᠭᠤᠳ ᠶᠤᠮ᠃ ᠬᠡᠵᠢᠶ᠎ᠡ ᠴᠤ ᠳᠠᠯᠠᠪᠴᠢ ᠲᠠᠢ ᠪᠠᠶᠢᠭ᠎ᠠ ᠦᠭᠡᠢ᠃ ᠬᠡᠪᠡᠯᠢ ᠶᠢᠨ ᠬᠣᠶᠢᠳᠤ ᠬᠡᠰᠡᠭ ᠦᠨ ᠵᠠᠷᠢᠮ ᠦᠶ᠎ᠡ ᠨᠦᠭᠦᠳ ᠳᠡᠭᠡᠷ᠎ᠡ ᠮᠥᠴᠢᠳ ᠦᠨ ᠦᠯᠡᠳᠡᠭᠳᠡᠯ ᠳᠠᠭᠤᠷ ᠪᠠᠶᠢᠳᠠᠭ᠃ ᠶᠡᠬᠡᠩᠬᠢ ᠰᠢᠪᠠᠵᠢᠨ ᠤ ᠳᠡᠭᠡᠳᠦ ᠤᠭᠠᠵᠤ ᠶᠢᠨ ᠦᠵᠦᠭᠦᠷ ᠢᠯᠡ᠂ ᠲᠣᠳᠣ ᠦᠵᠡᠭᠳᠡᠨ᠎ᠡ᠃ ᠨᠡᠶᠢᠯᠡᠮᠡᠯ ᠨᠢᠳᠦ ᠪᠠᠶᠢᠬᠤ ᠦᠭᠡᠢ᠃ ᠶᠡᠬᠡᠩᠬᠢ ᠳᠦ ᠪᠡᠨ ᠭᠠᠵᠠᠷ ᠤᠨ ᠬᠥᠷᠦᠭᠰᠡᠨ ᠳᠦ ᠪᠤᠶᠤ ᠤᠷᠭᠤᠮᠠᠯ ᠤᠨ ᠦᠯᠡᠳᠡᠭᠳᠡᠯ ᠳᠣᠣᠷ᠎ᠠ ᠨᠢᠭᠤᠭᠳᠠᠵᠤ ᠠᠮᠢᠳᠤᠷᠠᠨ᠎ᠠ᠃ ᠬᠥᠯ ᠰᠡᠭᠦᠯᠲᠡᠨ ᠦ ᠵᠠᠷᠢᠮ ᠨᠢ ᠬᠥᠳᠡᠭᠡ ᠠᠵᠤ ᠠᠬᠤᠢ ᠶᠢᠨ ᠤᠷᠭᠤᠮᠠᠯ ᠳᠤ ᠬᠥᠨᠥᠭᠡᠯ ᠤᠴᠠᠷᠠᠭᠤᠯᠳᠠᠭ᠃ ᠳ᠋ᠣᠣ ᠳᠤ ᠰᠢᠪᠠᠵᠢ ᠨᠤᠭᠤᠳ ᠭᠠᠵᠠᠷ ᠤᠨ ᠬᠥᠷᠦᠭᠰᠡᠨ ᠳᠦ ᠠᠮᠢᠳᠤᠷᠠᠵᠤ ᠠᠮᠢᠲᠠᠨ᠂ ᠤᠷᠭᠤᠮᠠᠯ ᠤᠨ ᠣᠷᠭᠠᠨᠢᠭ ᠢᠯᠵᠠᠮᠠᠭ ᠢᠶᠠᠷ ᠬᠣᠭᠣᠯᠠᠯᠠᠳᠠᠭ ᠤᠴᠢᠷ ᠠᠴᠠ ᠪᠠᠶᠢᠭᠠᠯᠢ ᠳᠠᠬᠢ ᠪᠣᠳᠠᠰ ᠤᠨ ᠡᠷᠭᠢᠯᠲᠡ ᠳᠦ ᠴᠢᠬᠤᠯᠠ ᠨᠥᠯᠥᠭᠡ ᠦᠵᠡᠭᠦᠯᠵᠦ᠂ ᠬᠥᠷᠦᠰᠦᠨ ᠦ ᠦᠷᠡᠵᠢᠯ ᠰᠢᠮ᠎ᠡ ᠶᠢ ᠳᠡᠭᠡᠭᠰᠢᠯᠡᠭᠦᠯᠬᠦ ᠠᠴᠢ ᠬᠣᠯᠪᠣᠭᠳᠠᠯ ᠲᠠᠢ᠃ ᠡᠨᠡᠬᠦ ᠰᠠᠯᠪᠤᠷᠢ ᠠᠩᠭᠢ ᠳᠤ ᠫᠷᠣᠲ᠋ᠦᠶᠢᠷᠠ ᠪᠤᠶᠤ ᠰᠠᠬᠠᠯᠭᠦᠶᠢᠲᠦᠨ᠂ ᠬᠥᠯ ᠰᠡᠭᠦᠯᠲᠡᠨ᠂ ᠰᠠᠯᠠᠩ ᠰᠡᠭᠦᠯᠲᠡᠨ᠂ ᠥᠷᠭᠡᠰᠦ ᠰᠡᠭᠦᠯᠲᠡᠨ ᠭᠡᠳᠡᠭ 4 ᠪᠠᠭ ᠬᠠᠮᠢᠶᠠᠷᠤᠭᠳᠠᠨ᠎ᠠ᠃

ᠳᠠᠯᠠᠪᠴᠢᠲᠤ ᠳᠡᠭᠡᠳᠦ ᠰᠢᠪᠠᠵᠢ ᠶᠢᠨ ᠰᠠᠯᠪᠤᠷᠢ ᠠᠩᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠰᠠᠯᠪᠤᠷᠢ ᠠᠩᠭᠢ ᠳᠤ ᠰᠢᠪᠠᠵᠢ ᠶᠢᠨ ᠵᠣᠩᠬᠢᠯᠠᠬᠤ ᠬᠡᠰᠡᠭ ᠪᠠᠭᠠᠳᠤᠨ᠎ᠠ᠃ ᠪᠡᠶ᠎ᠡ ᠶᠢᠨ ᠪᠦᠲᠦᠴᠡ᠂ ᠪᠠᠶᠢᠭᠤᠯᠤᠯᠲᠠ ᠰᠠᠶᠢᠲᠠᠢ᠂ ᠠᠮᠢᠳᠤᠷᠠᠯ ᠤᠨ ᠶᠠᠩᠵᠤ ᠪᠦᠷᠢ ᠶᠢᠨ ᠨᠥᠬᠥᠴᠡᠯ ᠳᠦ ᠠᠮᠢᠳᠤᠷᠠᠳᠠᠭ ᠲᠤᠯᠠ ᠮᠠᠰᠢ ᠣᠯᠠᠨ ᠬᠡᠯᠪᠡᠷᠢ ᠳᠦᠷᠰᠦ ᠲᠡᠢ᠂ ᠴᠥᠮ ᠳᠠᠯᠠᠪᠴᠢ ᠲᠠᠢ᠃ ᠶᠡᠬᠡᠩᠬᠢ ᠵᠦᠢᠯ ᠦᠳ ᠬᠣᠶᠠᠷ ᠬᠣᠣᠰ ᠳᠠᠯᠠᠪᠴᠢ ᠲᠠᠢ ᠪᠠᠶᠢᠳᠠᠭ ᠪᠣᠯᠪᠠᠴᠤ ᠵᠠᠷᠢᠮ ᠨᠢ ᠨᠢᠭᠡ ᠬᠣᠣᠰ ᠳᠠᠯᠠᠪᠴᠢ ᠲᠠᠢ ᠪᠠᠶᠢᠨ᠎ᠠ᠃ ᠭᠣᠣᠯ ᠲᠥᠯᠥᠪ ᠨᠢᠰᠦᠨ᠎ᠡ᠃ ᠳᠠᠯᠠᠪᠴᠢ ᠲᠠᠢ ᠪᠣᠯᠪᠠᠴᠤ ᠨᠢᠰᠳᠡᠭ ᠦᠭᠡᠢ ᠱᠠᠪᠵᠤ ᠳᠤ ᠪᠤᠢ᠃ ᠪᠥᠭᠡᠰᠦ᠂ ᠨᠣᠬᠠᠢ ᠪᠥᠭᠡᠰᠦ ᠵᠡᠷᠭᠡ ᠱᠠᠪᠵᠤ ᠳᠤ ᠳᠠᠯᠠᠪᠴᠢ ᠲᠠᠢ ᠰᠢᠪᠠᠵᠢ ᠨᠤᠭᠤᠳ ᠤᠨ ᠲᠣᠭᠠᠨ ᠳᠤ ᠪᠠᠭᠲᠠᠳᠠᠭ᠃

ᠳᠠᠯᠠᠪᠴᠢᠲᠤ ᠰᠢᠪᠠᠵᠢ ᠨᠤᠭᠤᠳ ᠢ ᠡᠷᠲᠡᠨ ᠦ ᠳᠠᠯᠠᠪᠴᠢᠲᠠᠨ ᠪᠠ ᠰᠢᠨ᠎ᠡ ᠳᠠᠯᠤᠯᠪᠴᠢᠲᠠᠨ ᠭᠡᠵᠦ ᠬᠣᠶᠠᠷ ᠪᠦᠯᠦᠭ ᠪᠣᠯᠭᠠᠨ ᠦᠵᠡᠨ᠎ᠡ᠃ ᠡᠷᠲᠡᠨ ᠦ ᠳᠠᠯᠠᠪᠴᠢᠲᠤ ᠰᠢᠪᠠᠵᠢ ᠨᠤᠭᠤᠳ ᠭᠧᠣᠯᠣᠭᠢ ᠶᠢᠨ ᠬᠥᠭᠵᠢᠯ ᠦᠨ ᠴᠢᠯᠠᠭᠤᠨ ᠨᠡᠭᠦᠷᠡᠰᠦᠨ ᠦ ᠦᠶ᠎ᠡ ᠳᠦ ᠰᠣᠨᠣ ᠦᠯᠡᠳᠡᠵᠦ ᠬᠣᠴᠣᠷᠴᠠᠢ᠃ ᠰᠢᠨ᠎ᠡ ᠳᠠᠯᠠᠪᠴᠢᠲᠠᠨ ᠤ ᠪᠦᠯᠦᠭ ᠲᠦ ᠪᠠᠭᠠᠳᠬᠤ ᠰᠢᠪᠠᠵᠢ ᠨᠤᠭᠤᠳ ᠳᠠᠯᠠᠪᠴᠢ ᠪᠠᠨ ᠡᠪᠬᠡᠬᠦ᠂ ᠲᠡᠨᠢᠢᠯᠭᠡᠬᠦ ᠲᠤᠰᠬᠠᠢ ᠪᠤᠯᠴᠢᠩᠭ ᠤᠳ ᠲᠠᠢ ᠪᠣᠯᠤᠭᠰᠠᠨ ᠪᠠᠶᠢᠨ᠎ᠠ᠃ ᠳᠠᠯᠠᠪᠴᠢᠲᠤ ᠳᠡᠭᠡᠳᠦ ᠰᠢᠪᠠᠵᠢ ᠶᠢᠨ ᠰᠠᠯᠪᠤᠷᠢ ᠠᠩᠭᠢ ᠶᠢ ᠳᠣᠲᠣᠷ᠎ᠠ ᠨᠢ ᠠᠩᠭᠢᠯᠠᠨ ᠬᠤᠪᠢᠶᠠᠵᠤ ᠦᠵᠡᠳᠡᠭ᠃

ᠡᠷᠲᠡᠨ ᠦ ᠳᠠᠯᠠᠪᠴᠢᠲᠠᠨ ᠤ ᠪᠦᠯᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠬᠥᠭᠡᠯᠵᠢ ᠶᠢᠨ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Ephemeroptera. ᠪᠡᠶ᠎ᠡ ᠨᠢ ᠨᠠᠷᠢᠬᠠᠨ ᠤᠷᠲᠤ᠂ ᠲᠣᠷᠤᠨ ᠳᠠᠯᠠᠪᠴᠢ ᠲᠠᠢ᠃ ᠳᠠᠯᠠᠪᠴᠢ ᠨᠢ ᠪᠤᠯᠪᠠᠷᠠᠢ᠂ ᠬᠣᠶᠢᠳᠤ ᠳᠠᠯᠠᠪᠴᠢ ᠤᠷᠳᠤᠬᠢ ᠠᠴᠠ ᠪᠠᠨ ᠵᠢᠵᠢᠭ ᠪᠤᠶᠤ ᠪᠠᠶᠢᠬᠤ ᠦᠭᠡᠢ ᠪᠣᠯᠤᠭᠰᠠᠨ᠃ ᠠᠮᠠᠨ ᠤ ᠡᠷᠬᠡᠲᠡᠨ ᠬᠥᠭᠵᠢᠭᠡ ᠦᠭᠡᠢ᠂ ᠪᠡᠶ᠎ᠡ ᠭᠦᠢᠴᠡᠭᠰᠡᠨ ᠰᠢᠪᠠᠵᠢ ᠬᠣᠭᠣᠯᠠᠯᠠᠬᠤ ᠦᠭᠡᠢ᠃ ᠬᠡᠪᠡᠯᠢ ᠶᠢᠨ ᠲᠡᠭᠦᠰᠬᠡᠯ ᠳᠦ 2-3 ᠤᠷᠲᠤ ᠨᠠᠷᠢᠬᠠᠨ ‹ᠰᠡᠭᠦᠯ› ᠪᠠᠶᠢᠨ᠎ᠠ᠃ ᠲᠡᠷᠡ ᠨᠢ ᠨᠢᠰᠬᠦ ᠳᠦ ᠪᠡᠶ᠎ᠡ ᠶᠢ ᠵᠠᠯᠠᠵᠤ ᠥᠭᠭᠦᠨ᠎ᠡ᠃ ᠪᠦᠷᠢᠨ ᠪᠢᠰᠢ ᠬᠤᠪᠢᠷᠠᠯᠲᠠ ᠲᠠᠢ᠃ ᠠᠪᠠᠭᠠᠯᠳᠠᠢ ᠨᠢ ᠤᠰᠤᠨ ᠳᠤ ᠠᠮᠢᠳᠤᠷᠠᠨ᠎ᠠ᠃ ᠲᠷᠠᠾᠧᠢ ᠶᠢᠨ ᠵᠠᠯᠮᠠᠭᠠᠢ ᠨᠤᠭᠤᠳ ᠲᠠᠢ ᠪᠠᠶᠢᠳᠠᠭ᠃ 1-3 ᠵᠢᠯ ᠨᠠᠰᠤᠯᠠᠨ᠎ᠠ᠃ ᠡᠨᠡ ᠬᠤᠭᠤᠴᠠᠭᠠᠨ ᠳᠤ ᠪᠠᠨ 20-25 ᠤᠳᠠᠭ᠎ᠠ ᠭᠤᠤᠵᠢᠨ᠎ᠠ᠃ ᠠᠪᠠᠭᠠᠯᠳᠠᠢ ᠶᠢᠨ ᠰᠡᠭᠦᠯᠴᠢ ᠶᠢᠨ ᠭᠤᠤᠵᠢᠯᠲᠠ ᠠᠴᠠ ᠳᠠᠯᠠᠪᠴᠢ ᠲᠠᠢ᠂ ᠪᠡᠯᠡᠭ ᠪᠣᠯᠪᠠᠰᠤᠷᠠᠭ᠎ᠠ ᠦᠭᠡᠢ ᠰᠢᠪᠠᠵᠢ ᠨᠤᠭᠤᠳ ᠨᠢᠰᠴᠢ ᠭᠠᠷᠤᠨ᠎ᠠ᠃ ᠲᠡᠳᠡᠭᠡᠷ ᠢ ᠰᠦᠪᠮᠤᠭᠣ ᠭᠡᠵᠦ ᠨᠡᠷᠡᠯᠡᠨ᠎ᠡ᠃

ᠰᠣᠨᠣ ᠶᠢᠨ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Odonata. ᠪᠡᠶ᠎ᠡ ᠪᠡᠷ ᠤᠷᠲᠤ᠃ ᠲᠣᠯᠣᠭᠠᠢ ᠶᠢᠨ ᠬᠡᠰᠡᠭ ᠲᠦ ᠲᠣᠮᠣ ᠵᠦᠢᠮᠡᠯ ᠨᠢᠳᠦ ᠪᠠᠶᠢᠨ᠎ᠠ᠃ ᠬᠣᠶᠠᠷ ᠬᠣᠣᠰ ᠢᠵᠢᠯᠢ ᠲᠣᠮᠣ᠂ ᠲᠣᠷᠯᠣᠭ ᠰᠤᠳᠠᠯ ᠲᠠᠢ ᠳᠠᠯᠠᠪᠴᠢ ᠲᠠᠢ᠃ ᠰᠣᠨᠣ ᠮᠢᠬᠠᠴᠢᠨ ᠠᠮᠢᠳᠤᠷᠠᠯ ᠲᠠᠢ᠃ ᠨᠢᠰᠬᠦ ᠵᠠᠭᠤᠷ᠎ᠠ ᠬᠥᠬᠡ ᠲᠦᠷᠦᠭᠦᠦ᠂ ᠰᠢᠮᠠᠭᠤᠯ ᠵᠡᠷᠭᠡ ᠶᠢ ᠪᠠᠷᠢᠵᠤ ᠢᠳᠡᠳᠡᠭ ᠢᠶᠡᠷ ᠢᠶᠡᠨ ᠠᠰᠢᠭᠲᠠᠢ᠃ ᠨᠠᠮᠤᠷ ᠰᠣᠨᠣ ᠣᠯᠠᠰᠢᠷᠠᠬᠤ ᠳᠤ ᠬᠥᠬᠡ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠡᠷᠡᠰ ᠴᠥᠭᠡᠷᠡᠳᠡᠭ᠃ ᠠᠪᠠᠭᠠᠯᠳᠠᠢ ᠨᠢ ᠤᠰᠤᠨ ᠳᠤ ᠠᠮᠢᠳᠤᠷᠠᠵᠤ᠂ ᠤᠰᠤᠨ ᠤ ᠵᠢᠵᠢᠭ ᠠᠮᠢᠲᠠᠳ ᠢᠶᠠᠷ ᠬᠣᠭᠣᠯᠠᠯᠠᠨ᠎ᠠ᠃ ᠠᠪᠠᠭᠠᠯᠳᠠᠢ ᠶᠢ ᠵᠢᠭᠠᠰᠤ ᠢᠳᠡᠳᠡᠭ ᠤᠴᠢᠷ ᠵᠢᠭᠠᠰᠤ ᠦᠷᠡᠵᠢᠭᠦᠯᠭᠡᠨ ᠳᠦ ᠠᠴᠢ ᠬᠣᠯᠪᠣᠭᠳᠠᠯ ᠲᠠᠢ᠃ 4500 ᠭᠠᠷᠤᠢ ᠵᠦᠢᠯ ᠮᠡᠳᠡᠭᠳᠡᠵᠦ ᠪᠠᠶᠢᠨ᠎ᠠ᠃ ᠮᠠᠨ ᠤ ᠣᠷᠣᠨ ᠳᠤ ᠰᠣᠨᠣ ᠶᠢᠨ 2 ᠳᠡᠳ᠋ ᠪᠠᠭ 11 ᠣᠪᠤᠭ 28 ᠲᠥᠷᠥᠯ 78 ᠵᠦᠢᠯ ᠦᠨ ᠰᠣᠨᠣ ᠲᠡᠮᠳᠡᠭᠯᠡᠭᠳᠡᠵᠡᠢ᠃

ᠰᠢᠨ᠎ᠡ ᠳᠠᠯᠠᠪᠴᠢᠲᠠᠨ ᠤ ᠪᠦᠯᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠷᠢᠨ ᠪᠤᠰᠤ ᠬᠤᠪᠢᠷᠠᠯᠲᠠ ᠲᠠᠢ ᠰᠢᠪᠠᠵᠢ ᠶᠢᠨ ᠰᠠᠯᠪᠤᠷᠢ ᠪᠦᠯᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]
ᠵᠣᠣᠮᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Blattoptera- ᠪᠡᠶ᠎ᠡ ᠨᠢ ᠬᠠᠪᠲᠠᠭᠠᠢ᠂ ᠤᠲᠤᠭᠰᠠᠨ ᠰᠠᠬᠠᠯ ᠲᠠᠢ᠃ ᠡᠮᠦᠨᠡᠲᠦ ᠳᠠᠯᠠᠪᠴᠢ ᠬᠠᠲᠠᠭᠤ᠂ ᠬᠣᠶᠢᠳᠤ ᠳᠠᠯᠠᠪᠴᠢ ᠵᠥᠭᠡᠯᠡᠨ᠂ ᠲᠡᠷᠡ ᠨᠢ ᠬᠠᠲᠠᠭᠤ ᠳᠠᠯᠠᠪᠴᠢᠨ ᠤ ᠳᠣᠣᠷ᠎ᠠ ᠡᠪᠬᠢᠭᠳᠡᠨ᠎ᠡ᠃ ᠡᠮᠡᠭᠴᠢᠨ ᠵᠣᠣᠮ᠎ᠠ ᠵᠠᠷᠢᠮ ᠳᠤ ᠪᠠᠨ ᠳᠠᠯᠠᠪᠴᠢ ᠦᠭᠡᠢ ᠪᠠᠶᠢᠳᠠᠭ᠃ ᠬᠡᠪᠡᠯᠢ ᠶᠢᠨ ᠲᠡᠭᠦᠰᠬᠡᠯ ᠳᠦ ᠳᠦᠷᠰᠦ ᠬᠤᠪᠢᠷᠠᠭᠰᠠᠨ ᠮᠥᠴᠡ ᠬᠣᠰ ᠼᠧᠷᠺᠢ ᠪᠠᠶᠢᠨ᠎ᠠ᠃ ᠠᠮᠠᠨ ᠤ ᠡᠷᠬᠡᠲᠡᠨ ᠨᠢ ᠮᠡᠷᠡᠬᠦ ᠳᠦ ᠵᠣᠬᠢᠯᠳᠤᠭᠰᠠᠨ᠃ ᠡᠯᠳᠡᠪ ᠢᠳᠡᠰᠢᠲᠡᠨ ᠰᠢᠪᠠᠵᠢ᠃

ᠡᠳᠦᠷ ᠬᠥᠷᠦᠰᠦᠨ ᠦ ᠠᠨ ᠵᠠᠪᠰᠠᠷ᠂ ᠶᠤᠮ ᠳᠣᠣᠷ᠎ᠠ ᠨᠢᠭᠤᠭᠳᠠᠵᠤ ᠰᠥᠨᠢ ᠭᠠᠷᠴᠤ ᠶᠠᠪᠤᠨ᠎ᠠ᠃ ᠰᠢᠷ᠎ᠠ ᠵᠣᠣᠮ᠎ᠠ᠂ ᠬᠠᠷ᠎ᠠ ᠵᠣᠣᠮ᠎ᠠ ᠬᠦᠮᠦᠨ ᠦ ᠣᠷᠣᠨ ᠰᠠᠭᠤᠴᠠᠨ ᠳᠤ ᠡᠯᠳᠡᠪ ᠵᠦᠢᠯ ᠢ ᠪᠣᠬᠢᠷᠳᠠᠭᠤᠯᠬᠤ ᠠᠴᠠ ᠭᠠᠳᠠᠨ᠎ᠠ ᠫᠠᠷᠠᠽᠢᠲ ᠬᠣᠷᠣᠬᠠᠢ ᠨᠤᠭᠤᠳ ᠤᠨ ᠥᠨᠳᠡᠭᠡ᠂ ᠡᠪᠡᠳᠴᠢᠨ ᠦ ᠡᠯᠳᠡᠪ ᠨᠢᠩ ᠢ ᠲᠠᠷᠠᠭᠠᠳᠠᠭ᠃ 3600 ᠣᠷᠴᠢᠮ ᠵᠦᠢᠯ ᠦᠨ ᠵᠣᠣᠮ᠎ᠠ ᠪᠤᠢ᠃

ᠮᠠᠨ ᠤ ᠣᠷᠣᠨ ᠤ ᠭᠣᠪᠢ ᠶᠢᠨ ᠪᠥᠰᠡᠨ ᠳᠦ ᠬᠡᠭᠡᠷ᠎ᠡ ᠶᠢᠨ ᠵᠣᠣᠮ᠎ᠠ ᠭᠤᠤ ᠵᠢᠯᠠᠭ᠎ᠠ ᠪᠣᠯᠤᠨ ᠮᠡᠷᠡᠭᠴᠢᠳ ᠦᠨ ᠨᠦᠬᠡᠨ ᠳᠦ᠂ ᠲᠡᠭᠦᠨ ᠢ ᠬᠥᠮᠦᠷᠢᠭᠡ ᠭᠡᠵᠦ ᠨᠡᠷᠡᠯᠡᠳᠡᠭ᠃

ᠮᠥᠷᠭᠥᠯᠵᠢ ᠶᠢᠨ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Mantoptera- ᠤᠷᠳᠤ ᠮᠥᠴᠢ ᠪᠡᠷ ᠢᠶᠡᠨ ᠵᠢᠵᠢᠭ ᠠᠮᠢᠲᠠᠳ ᠢ ᠰᠢᠭᠦᠷᠡᠨ ᠪᠠᠷᠢᠵᠤ ᠬᠣᠭᠣᠯᠠᠯᠠᠳᠠᠭ ᠮᠢᠬᠠᠴᠢᠨ ᠰᠢᠪᠠᠵᠢ᠃ ᠤᠷᠭᠤᠮᠠᠯ ᠳᠡᠭᠡᠷ᠎ᠡ ᠤᠷᠳᠤ ᠮᠥᠴᠢ ᠪᠡᠷ ᠢᠶᠡᠨ ᠳᠡᠭᠡᠭᠰᠢ ᠡᠷᠭᠦᠨ ᠵᠠᠯᠪᠠᠷᠢᠵᠤ ᠪᠤᠢ ᠮᠠᠶ᠋ᠢᠭ ᠢᠶᠠᠷ ᠰᠠᠭᠤᠳᠠᠭ ᠲᠤᠯᠠ ᠮᠥᠷᠭᠥᠯᠡᠵᠦ ᠭᠡᠵᠦ ᠨᠡᠷᠡᠯᠡᠭᠳᠡᠵᠡᠢ᠃ ᠲᠣᠯᠣᠭᠠᠢ ᠨᠢ ᠮᠠᠰᠢ ᠬᠥᠳᠡᠯᠭᠡᠭᠡᠨᠲᠡᠢ᠂ ᠱᠠᠯᠠᠮᠠᠭ᠂ ᠳᠠᠯᠠᠪᠴᠢ ᠨᠢ ᠱᠤᠭᠤᠮᠠᠨ ᠨᠠᠪᠴᠢ ᠬᠡᠯᠪᠡᠷᠢ ᠲᠡᠢ᠂ 2000 ᠣᠷᠴᠢᠮ ᠵᠦᠢᠯ ᠦᠨ ᠮᠥᠷᠭᠥᠯᠵᠢ ᠡᠴᠡ ᠮᠠᠨ ᠤ ᠣᠷᠣᠨ ᠳᠤ 9 ᠵᠦᠢᠯ ᠲᠡᠮᠳᠡᠭᠯᠡᠭᠳᠡᠵᠡᠢ᠃

ᠰᠢᠯᠤᠭᠤᠨ ᠳᠠᠯᠠᠪᠴᠢᠲᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Orthoptera- ᠠᠮᠠᠨ ᠤ ᠡᠷᠬᠡᠲᠡᠨ ᠮᠡᠷᠡᠬᠦ ᠳᠦ ᠵᠣᠬᠢᠯᠳᠤᠭᠰᠠᠨ᠃ ᠡᠮᠦᠨᠡᠲᠦ ᠳᠠᠯᠠᠪᠴᠢ ᠨᠢ ᠨᠠᠷᠢᠪᠲᠤᠷ᠂ ᠵᠤᠵᠠᠭᠠᠨ ᠠᠷᠠᠰᠤᠯᠢᠭ ᠪᠣᠯᠪᠠᠴᠤ ᠲᠣᠳᠣ ᠰᠤᠳᠠᠯ ᠲᠠᠢ᠃ ᠰᠠᠭᠤᠬᠤ ᠦᠶᠡᠳᠡᠭᠡ ᠡᠮᠦᠨᠡᠲᠦ ᠳᠠᠯᠠᠪᠴᠢᠨ ᠤ ᠳᠣᠣᠷ᠎ᠠ ᠪᠠᠨ ᠬᠣᠶᠢᠳᠤ ᠳᠠᠯᠠᠪᠴᠢ ᠪᠠᠨ ᠡᠪᠬᠡᠵᠦ ᠳᠠᠯᠳᠠᠯᠠᠨ ᠬᠤᠴᠢᠨ᠎ᠠ᠃ ᠬᠣᠶᠢᠲᠤ ᠬᠣᠣᠰ ᠳᠠᠯᠠᠪᠴᠢ ᠨᠢ ᠲᠣᠮᠣ᠂ ᠨᠢᠮᠭᠡᠨ ᠰᠠᠷᠢᠰᠤᠯᠠᠭ ᠪᠦᠲᠦᠴᠡ ᠲᠡᠢ᠃ ᠭᠡᠪᠡᠴᠦ ᠡᠨᠡ ᠪᠠᠭ ᠤᠨ ᠵᠠᠷᠢᠮ ᠵᠦᠢᠯ ᠦᠳ ᠳᠠᠯᠠᠪᠴᠢ ᠦᠭᠡᠢ ᠪᠤᠶᠤ ᠰᠤᠯᠠ ᠬᠥᠭᠵᠢᠯᠲᠡᠢ ᠳᠠᠯᠠᠪᠴᠢ ᠲᠠᠢ ᠪᠠᠶᠢᠳᠠᠭ᠃ ᠬᠣᠶᠢᠲᠤ ᠬᠥᠯᠡᠨ ᠦ ᠰᠢᠯᠪᠢ ᠤᠷᠲᠤ ᠨᠠᠷᠢᠬᠠᠨ᠂ ᠭᠤᠶ᠎ᠠ ᠨᠢ ᠪᠦᠳᠦᠭᠦᠨ ᠪᠤᠯᠴᠢᠩᠯᠢᠭ ᠪᠣᠯᠤᠭᠰᠠᠨ ᠨᠢ ᠦᠰᠦᠷᠬᠦ ᠳᠦ ᠵᠣᠬᠢᠯᠳᠤᠵᠠᠢ᠃ ᠰᠢᠯᠤᠭᠤᠨ ᠳᠠᠯᠠᠪᠴᠢᠲᠠᠨ ᠤ ᠪᠠᠭ ᠲᠤ ᠴᠠᠷᠴᠠᠭ᠎ᠠ᠂ ᠭᠣᠯᠢᠶ᠎ᠠ᠂ ᠭᠦᠷᠡᠯᠵᠡᠭᠡᠨ᠎ᠡ᠂ ‹ᠬᠦᠮᠦᠨ ᠬᠣᠷᠣᠬᠠᠢ› ᠵᠡᠷᠭᠡ ᠣᠪᠤᠭ ᠤᠨ ᠱᠠᠪᠵᠤ ᠳᠤ ᠪᠠᠭᠠᠳᠤᠨ᠎ᠠ᠃

ᠴᠠᠷᠴᠠᠭ᠎ᠠ ᠠᠮᠢᠳᠤᠷᠠᠯ ᠤᠨ ᠪᠠᠶᠢᠳᠠᠯ ᠢᠶᠠᠷ ᠰᠦᠷᠦᠭ ᠪᠠ ᠰᠦᠷᠦᠭ ᠪᠢᠰᠢ ᠭᠡᠵᠦ ᠢᠯᠭᠠᠭᠳᠠᠨ᠎ᠠ᠃ ᠰᠦᠷᠦᠭᠯᠡᠳᠡᠭ ᠢ ᠴᠠᠷᠴᠠᠬᠠᠢ᠂ ᠰᠦᠷᠦᠭᠯᠡᠳᠡᠭ ᠦᠭᠡᠢ ᠶᠢ ᠴᠠᠷᠴᠠᠭ᠎ᠠ ᠭᠡᠵᠦ ᠢᠯᠭᠠᠨ ᠨᠡᠷᠡᠯᠡᠬᠦ ᠨᠢ ᠵᠣᠬᠢᠮᠵᠢᠲᠠᠢ᠃ ᠮᠠᠨ ᠤ ᠣᠷᠣᠨ ᠳᠤ ᠴᠠᠷᠴᠠᠬᠠᠢ ᠶᠢᠨ ᠵᠦᠢᠯ ᠮᠠᠰᠢ ᠴᠥᠭᠡᠨ᠂ ᠪᠠᠷᠤᠭ ᠪᠠᠶᠢᠬᠤ ᠦᠭᠡᠢ᠃ ᠬᠠᠷᠢᠨ ᠣᠯᠠᠨ ᠵᠦᠢᠯ ᠦᠨ ᠴᠠᠷᠴᠠᠭ᠎ᠠ ᠠᠮᠢᠳᠤᠷᠠᠳᠠᠭ᠃ ᠮᠠᠨ ᠤ ᠣᠷᠣᠨ ᠳᠤ 130 ᠭᠠᠷᠤᠢ ᠵᠦᠢᠯ ᠦᠨ ᠴᠠᠷᠴᠠᠭ᠎ᠠ ᠠᠮᠢᠳᠤᠷᠠᠳᠠᠭ ᠤᠨ 30 ᠣᠷᠴᠢᠮ ᠵᠦᠢᠯ ᠨᠢ ᠬᠠᠳᠤᠯᠠᠩ ᠪᠡᠯᠴᠢᠭᠡᠷ᠂ ᠦᠷ᠎ᠡ ᠲᠠᠷᠢᠶᠠᠨ ᠤ ᠤᠷᠭᠤᠮᠠᠯ ᠤᠳ ᠤᠨ ᠦᠨᠳᠦᠰᠦᠨ ᠬᠣᠣᠷᠲᠠᠨ ᠪᠣᠯᠤᠨ᠎ᠠ᠃ ᠲᠡᠳᠡᠭᠡᠷ ᠦᠨ ᠳᠣᠲᠣᠷ᠎ᠠ ᠠᠴᠠ ᠰᠢᠪᠸᠷᠢᠶ ᠠ ᠶᠢᠨ ᠴᠠᠷᠴᠠᠭ᠎ᠠ᠂ ᠲᠣᠨᠣᠯᠵᠢᠲᠤ ᠴᠠᠷᠴᠠᠭ᠎ᠠ᠂ ᠪᠠᠷᠠᠭᠠᠨ ᠳᠠᠯᠠᠪᠴᠢᠲᠤ ᠴᠠᠷᠴᠠᠭ᠎ᠠ᠂ ᠴᠠᠭᠠᠨ ᠰᠤᠭᠤ ᠳᠤ ᠴᠠᠷᠴᠠᠭ᠎ᠠ ᠵᠡᠷᠭᠡ ᠶᠢ ᠣᠨᠴᠠᠯᠠᠨ ᠨᠡᠷᠡᠯᠡᠵᠦ ᠪᠣᠯᠤᠨ᠎ᠠ᠃ ᠬᠠᠷᠢᠨ ᠠᠽᠢᠶ᠎ᠠ ᠶᠢᠨ᠂ ᠴᠥᠯ ᠦᠨ ᠴᠠᠷᠴᠠᠬᠠᠢ ᠰᠦᠷᠦᠭᠯᠡᠨ ᠨᠢᠰᠬᠦ ᠵᠠᠮ ᠳᠤ ᠪᠠᠨ ᠳᠤᠮᠳᠠᠳᠤ ᠠᠽᠢᠶ᠎ᠠ᠂ ᠪᠠᠭ᠎ᠠ ᠠᠽᠢᠶ᠎ᠠ᠂ ᠠᠹᠷᠢᠺᠠ ᠶᠢᠨ ᠣᠷᠣᠨ ᠨᠤᠭᠤᠳ ᠲᠤ ᠶᠡᠬᠡᠬᠡᠨ ᠬᠥᠨᠥᠭᠡᠯ ᠤᠴᠠᠷᠠᠭᠤᠯᠳᠠᠭ᠃ ᠮᠠᠨ ᠤ ᠣᠷᠣᠨ ᠠᠴᠠ 20 ᠭᠠᠷᠤᠢ ᠵᠦᠢᠯ ᠦᠨ ᠭᠣᠯᠢᠶ᠎ᠠ ᠲᠡᠮᠳᠡᠭᠯᠡᠭᠳᠡᠵᠡᠢ᠃ ᠣᠯᠠᠩᠬᠢ ᠨᠢ ᠬᠠᠳᠤᠯᠠᠩ ᠪᠡᠯᠴᠢᠭᠡᠷ ᠦᠨ ᠤᠷᠭᠤᠮᠠᠯ ᠢ ᠢᠳᠡᠵᠦ ᠰᠦᠢᠳᠬᠡᠬᠦ ᠡᠴᠡ ᠭᠠᠳᠠᠨ᠎ᠠ ᠡᠯᠳᠡᠪ ᠰᠢᠪᠠᠵᠢ᠂ ᠬᠣᠷᠣᠬᠠᠢ᠂ ᠴᠠᠷᠴᠠᠭᠠᠭ ᠪᠠᠷᠢᠵᠤ ᠢᠳᠡᠳᠡᠭ᠃ ᠣᠯᠠᠨ ᠵᠦᠢᠯ ᠦᠨ ᠭᠣᠯᠢᠶᠠᠨ ᠤ ᠳᠣᠲᠣᠷ᠎ᠠ ᠠᠴᠠ ᠨᠣᠭᠣᠭᠠᠨ ᠭᠣᠯᠢᠶ᠎ᠠ᠂ ᠣᠶᠢᠲᠤ ᠬᠡᠭᠡᠷ᠎ᠡ᠂ ᠮᠣᠩᠭᠣᠯ ᠰᠠᠷᠠᠯ ᠭᠣᠯᠢᠶ᠎ᠠ᠂ ᠨᠢᠷᠤᠭᠤ ᠥᠷᠭᠡᠰᠦᠲᠦ ᠭᠣᠯᠢᠶ᠎ᠠ᠂ ᠣᠶᠢᠲᠤ ᠬᠡᠭᠡᠷ᠎ᠡ᠂ ᠴᠥᠯ ᠬᠡᠭᠡᠷ᠎ᠡ ᠶᠢᠨ ᠪᠦᠰ ᠢᠶᠡᠷ ᠥᠷᠭᠡᠨ ᠳᠡᠯᠭᠡᠷ ᠲᠠᠷᠬᠠᠵᠤ ᠬᠠᠳᠤᠯᠠᠩ ᠪᠡᠯᠴᠢᠭᠡᠷ ᠲᠦ ᠬᠥᠨᠥᠭᠡᠯ ᠤᠴᠠᠷᠠᠭᠤᠯᠤᠨ᠎ᠠ᠃

ᠮᠠᠨ ᠤ ᠣᠷᠣᠨ ᠳᠤ 3 ᠵᠦᠢᠯ ᠦᠨ ᠭᠦᠷᠡᠯᠵᠡᠭᠡᠨ᠎ᠡ᠂ ᠥᠷᠥᠭᠡᠰᠦᠭᠡᠯ ᠬᠠᠨᠠᠭᠤᠷ ᠬᠦᠮᠦᠨ ᠬᠣᠷᠣᠬᠠᠢ᠂ ᠭᠣᠪᠢ ᠶᠢᠨ ᠪᠠᠶᠠᠨᠪᠦᠷ ᠲᠦ᠂ ᠮᠠᠷᠠᠴᠠ ᠪᠦᠬᠦᠢ ᠡᠯᠡᠰᠦᠨᠴᠢᠷ ᠬᠥᠷᠦᠰᠦᠨ ᠳᠦ ᠠᠮᠢᠳᠤᠷᠠᠵᠤ ᠤᠷᠭᠤᠮᠠᠯ ᠳᠤ ᠬᠥᠨᠥᠭᠡᠯ ᠤᠴᠠᠷᠠᠭᠤᠯᠤᠨ᠎ᠠ᠃ ᠮᠠᠨ ᠤ ᠳᠡᠯᠡᠬᠡᠢ ᠳᠡᠭᠡᠷ᠎ᠡ ᠰᠢᠯᠤᠭᠤᠨ ᠳᠠᠯᠠᠪᠴᠢᠲᠠᠨ ᠤ 20000 ᠣᠷᠴᠢᠮ ᠵᠦᠢᠯ ᠠᠮᠢᠳᠤᠷᠠᠳᠠᠭ ᠪᠣᠯᠬᠤ ᠨᠢ ᠮᠡᠳᠡᠭᠳᠡᠵᠦ ᠪᠠᠶᠢᠨ᠎ᠠ᠃

ᠵᠢᠭᠳᠡ /ᠢᠵᠢᠯ/ ᠳᠠᠯᠠᠪᠴᠢᠲᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Homoptera- ᠡᠨᠡ ᠪᠠᠭ ᠲᠤ ᠣᠯᠠᠨ ᠬᠡᠯᠪᠡᠷᠢ ᠶᠢᠨ ᠵᠢᠵᠢᠭ᠂ ᠲᠣᠮᠣ ᠬᠡᠮᠵᠢᠶᠡᠨ ᠦ᠂ ᠬᠠᠳᠬᠤᠵᠤ- ᠰᠤᠷᠤᠬᠤ ᠤᠷᠲᠤ ᠬᠣᠰᠢᠭᠤ ᠲᠠᠢ ᠰᠢᠪᠠᠵᠢ ᠨᠤᠭᠤᠳ ᠬᠠᠮᠢᠶᠠᠷᠤᠭᠳᠠᠨ᠎ᠠ᠃ ᠳᠠᠯᠠᠪᠴᠢ ᠨᠢ ᠰᠠᠷᠢᠰᠤᠯᠢᠭ᠂ ᠡᠮᠦᠨᠡᠲᠦ ᠳᠠᠯᠠᠪᠴᠢ ᠨᠢ ᠨᠢᠭᠲᠠᠴᠠ ᠠᠷᠠᠰᠤᠯᠠᠭ᠂ ᠬᠣᠶᠢᠲᠤᠬᠢ ᠨᠢ ᠬᠡᠮᠵᠢᠶ᠎ᠡ ᠪᠡᠷ ᠵᠢᠵᠢᠭ ᠪᠤᠶᠤ ᠵᠠᠷᠢᠮ ᠳᠤ ᠨᠢ ᠪᠠᠶᠢᠬᠤ ᠦᠭᠡᠢ ᠪᠠᠶᠢᠵᠤ ᠪᠣᠯᠤᠨ᠎ᠠ᠃ ᠶᠡᠷᠦ ᠳᠠᠯᠠᠪᠴᠢ ᠦᠭᠡᠢ ᠵᠦᠢᠯ ᠦᠳ ᠴᠤ ᠣᠯᠠᠨ ᠪᠠᠶᠢᠳᠠᠭ᠃ ᠶᠡᠬᠡᠩᠬᠢ ᠨᠢ ᠬᠥᠳᠡᠭᠡ ᠠᠵᠤ ᠠᠬᠤᠢ ᠶᠢᠨ ᠲᠠᠷᠢᠮᠠᠯ ᠤᠷᠭᠤᠮᠠᠯ ᠤᠳ ᠲᠤ ᠬᠥᠨᠥᠭᠡᠯ ᠤᠴᠠᠷᠠᠭᠤᠯᠤᠨ᠎ᠠ᠃ ᠤᠷᠭᠤᠮᠠᠯ ᠤᠨ ᠪᠥᠭᠡᠰᠦ ᠵᠢᠵᠢᠭ᠍ᠭᠡᠨ ᠪᠡᠶ᠎ᠡ ᠲᠡᠢ᠂ ᠨᠢᠭᠡ ᠳᠣᠣᠷ᠎ᠠ ᠣᠯᠠᠨ ᠢᠶᠠᠷ ᠢᠶᠠᠨ ᠴᠤᠭᠯᠠᠷᠠᠨ ᠠᠮᠢᠳᠤᠷᠠᠵᠤ ᠤᠷᠭᠤᠮᠠᠯ ᠤᠨ ᠰᠢᠭᠦᠰᠦ ᠶᠢ ᠰᠣᠷᠣᠵᠤ ᠬᠣᠭᠣᠯᠠᠯᠠᠨ᠎ᠠ᠃ ᠵᠢᠭᠳᠡ ᠳᠠᠯᠠᠪᠴᠢᠲᠠᠨ ᠤ ᠪᠠᠭ ᠲᠤ ᠤᠷᠭᠤᠮᠠᠯ ᠤᠨ ᠪᠥᠭᠡᠰᠦ ᠡᠴᠡ ᠭᠠᠳᠠᠨ᠎ᠠ ᠨᠥᠮᠥᠷᠭᠡ᠂ ᠪᠦᠭᠦᠷᠭᠡ᠂ ᠴᠠᠭᠠᠨ ᠳᠠᠯᠠᠪᠴᠢᠲᠠᠨ᠂ ᠪᠠᠮᠪᠣᠢ ᠳᠤ ᠭᠡᠳᠡᠭ ᠳᠣᠭᠣᠳᠤ ᠪᠠᠭ ᠤᠨ ᠱᠠᠪᠵᠤ ᠳᠤ ᠪᠠᠭᠠᠳᠤᠨ᠎ᠠ᠃ ᠡᠳᠡᠭᠡᠷ ᠡᠴᠡ ᠮᠠᠨ ᠤ ᠣᠷᠣᠨ ᠳᠤ ᠵᠢᠷᠭᠤᠭᠠᠨ ᠴᠡᠭ ᠲᠦ ᠨᠥᠮᠥᠷᠭᠡ᠂ ᠰᠤᠳᠠᠯᠲᠤ ᠨᠥᠮᠥᠷᠭᠡ᠂ ᠠᠯᠢᠮ᠎ᠠ ᠶᠢᠨ ᠨᠣᠭᠣᠭᠠᠨ ᠪᠥᠭᠡᠰᠦ᠂ ᠸᠠᠨᠳᠧᠦ ᠶᠢᠨ ᠪᠥᠭᠡᠰᠦ᠂ ᠦᠶ᠎ᠡ ᠳᠦ ᠤᠷᠭᠤᠮᠠᠯ ᠤᠨ ᠪᠥᠭᠡᠰᠦ ᠵᠡᠷᠭᠡ ᠣᠯᠠᠨ ᠵᠦᠢᠯ ᠦᠳ ᠤᠷᠭᠤᠮᠠᠯ ᠤᠨ ᠡᠷᠬᠡᠲᠡᠨ ᠨᠦᠭᠦᠳ ᠦᠨ ᠰᠢᠭᠦᠰᠦ ᠶᠢ ᠰᠣᠷᠣᠵᠤ ᠤᠷᠭᠤᠴᠠ ᠶᠢᠨ ᠬᠡᠮᠵᠢᠶ᠎ᠡ ᠶᠢ ᠡᠷᠡᠰ ᠪᠠᠭᠠᠰᠬᠠᠨ᠎ᠠ᠃ ᠵᠢᠭᠳᠡ ᠳᠠᠯᠠᠪᠴᠢᠲᠠᠨ ᠤ ᠪᠠᠭ ᠤᠨ 30000 ᠭᠠᠷᠤᠢ ᠵᠦᠢᠯ ᠦᠳ ᠪᠠᠶᠢᠳᠠᠭ᠃

ᠬᠠᠭᠠᠰ ᠬᠠᠲᠠᠭᠤ ᠳᠠᠯᠠᠪᠴᠢᠲᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Hemiptera- ᠬᠣᠶᠠᠷ ᠬᠣᠣᠰ ᠳᠠᠯᠠᠪᠴᠢ ᠲᠠᠢ ᠪᠣᠯᠪᠠᠴᠤ ᠡᠮᠦᠨᠡᠲᠦ ᠳᠠᠯᠠᠪᠴᠢᠨ ᠤ ᠤᠭ ᠤᠨ ᠬᠡᠰᠡᠭ ᠬᠠᠲᠠᠭᠤ᠂ ᠠᠷᠠᠰᠤᠯᠢᠭ᠂ ᠭᠠᠳᠠᠨ᠎ᠠ ᠲᠠᠯ᠎ᠠ ᠠᠴᠠ ᠪᠠᠨ ᠵᠤᠵᠠᠭᠠᠨ ᠬᠢᠲ᠋ᠢᠨ ᠢᠶᠡᠷ ᠬᠤᠴᠢᠭᠳᠠᠭᠰᠠᠨ ᠪᠠᠶᠢᠬᠤ ᠳᠤ ᠦᠵᠦᠭᠦᠷ ᠦᠨ ᠬᠡᠰᠡᠭ ᠨᠢ ᠰᠠᠷᠢᠰᠤᠷᠬᠠᠭ ᠨᠢᠮᠭᠡᠨ ᠪᠦᠲᠦᠴᠡ ᠲᠡᠢ ᠪᠠᠶᠢᠨ᠎ᠠ᠃ ᠡᠶᠢᠮᠦ ᠡᠴᠡ ᠬᠠᠭᠠᠰ ᠳᠤᠲᠠᠭᠤ ᠳᠠᠯᠠᠪᠴᠢᠲᠠᠨ ᠭᠡᠵᠦ ᠨᠡᠷᠡᠯᠡᠭᠳᠡᠵᠡᠢ᠃

ᠪᠥᠭᠡᠰᠦᠨ ᠦ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Anaplura- ᠳᠠᠯᠠᠪᠴᠢ ᠪᠠᠶᠢᠬᠤ ᠦᠭᠡᠢ᠂ ᠠᠮᠠᠨ ᠤ ᠡᠷᠬᠡᠲᠡᠨ ᠨᠢ ᠬᠠᠳᠬᠤᠵᠤ ᠰᠣᠷᠣᠬᠤ ᠳᠤ ᠵᠣᠬᠢᠯᠳᠤᠭᠰᠠᠨ᠃ ᠰᠦ᠋ ᠍ ᠪᠡᠷ ᠪᠣᠶᠢᠵᠢᠭᠴᠢ ᠠᠮᠢᠲᠠᠳ ᠤᠨ ᠡᠺᠲ᠋ᠣᠫᠠᠷᠠᠽᠢᠲ ᠤᠳ ᠪᠣᠯᠤᠨ᠎ᠠ᠃ ᠬᠦᠮᠦᠨ ᠦ ᠪᠡᠶ᠎ᠡ ᠳᠦ ᠲᠣᠯᠣᠭᠠᠢ ᠶᠢᠨ ᠪᠥᠭᠡᠰᠦ᠂ ᠬᠤᠪᠴᠠᠰᠤᠨ ᠤ ᠪᠥᠭᠡᠰᠦ᠂ ᠨᠠᠮᠢᠢᠯᠵᠠᠭᠠᠨ᠎ᠠ ᠲᠣᠬᠢᠶᠠᠯᠳᠤᠨ᠎ᠠ᠃ ᠪᠥᠭᠡᠰᠦᠨ ᠦ ᠲᠢᠹ ᠪᠠ ᠪᠤᠰᠤᠳ ᠬᠠᠯᠳᠠᠪᠤᠷᠢᠲᠤ ᠡᠪᠡᠳᠴᠢᠨ ᠢ ᠲᠠᠷᠠᠭᠠᠨ᠎ᠠ᠂ 300 ᠣᠷᠴᠢᠮ ᠵᠦᠢᠯ ᠦᠳ ᠪᠤᠢ᠃

ᠪᠦᠷᠢᠨ ᠬᠤᠪᠢᠷᠠᠯᠲᠠ ᠲᠠᠢ ᠰᠢᠪᠠᠵᠢ ᠶᠢᠨ ᠰᠠᠯᠪᠤᠷᠢ ᠪᠦᠯᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠲ᠋ᠢᠨ ᠨᠡᠷᠡᠰᠢᠯ ᠨᠢ Holometabola.

ᠬᠠᠲᠠᠭᠤ ᠳᠠᠯᠠᠪᠴᠢᠲᠠᠨ ᠪᠤᠶᠤ ᠴᠣᠬᠣ ᠶᠢᠨ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Coleoptera- ᠡᠮᠦᠨᠡᠲᠦ ᠳᠡᠭᠡᠳᠦ ᠬᠣᠣᠰ ᠳᠠᠯᠠᠪᠴᠢ ᠨᠢ ᠬᠠᠲᠠᠭᠤ ᠬᠢᠲᠡᠨ ᠢᠶᠡᠷ ᠪᠦᠷᠬᠦᠭᠳᠡᠭᠰᠡᠨ ᠪᠠᠶᠢᠬᠤ ᠤᠴᠢᠷ ᠬᠠᠲᠠᠭᠤ ᠳᠠᠯᠠᠪᠴᠢᠲᠠᠨ ᠭᠡᠵᠦ ᠨᠡᠷᠡᠯᠡᠵᠡᠢ᠃ ᠬᠣᠶᠠᠳᠠᠭᠴᠢ ᠬᠣᠣᠰ ᠳᠠᠯᠠᠪᠴᠢ ᠨᠢ ᠨᠢᠰᠳᠡᠭ ᠴᠣᠬᠣ ᠨᠤᠭᠤᠳ ᠲᠤ ᠨᠢᠮᠭᠡᠨ ᠰᠠᠷᠢᠰᠤᠯᠠᠭ ᠪᠠᠶᠢᠨ᠎ᠠ᠃ ᠬᠠᠷᠢᠨ ᠨᠢᠰᠳᠡᠭ ᠦᠭᠡᠢ ᠴᠣᠬᠣ ᠶᠢᠨ ᠬᠣᠶᠢᠳᠤ ᠨᠢᠮᠭᠡᠨ ᠳᠠᠯᠠᠪᠴᠢ ᠦᠯᠡᠳᠡᠭᠳᠡᠯ ᠲᠡᠳᠦᠢ ᠪᠠ ᠪᠦᠷᠢᠮᠦᠰᠦᠨ ᠪᠠᠶᠢᠬᠤ ᠦᠭᠡᠢ ᠪᠠᠶᠢᠳᠠᠭ᠃ ᠴᠣᠬᠣ ᠶᠢᠨᠠᠮᠠᠨ ᠤ ᠡᠷᠬᠡᠲᠡᠨ ᠮᠡᠷᠡᠬᠦ ᠳᠦ ᠵᠣᠬᠢᠯᠳᠤᠭᠰᠠᠨ᠃ ᠠᠮᠢᠲᠠᠨ ᠢᠶᠠᠷ ᠬᠣᠭᠣᠯᠠᠯᠠᠭᠴᠢ᠂ ᠤᠷᠭᠤᠮᠠᠯ ᠢᠳᠡᠰᠢᠲᠡᠨ᠂ ᠢᠯᠵᠠᠮᠠᠭ ᠢᠳᠡᠰᠢᠲᠡᠨ᠂ ᠡᠯᠳᠡᠪ ᠢᠳᠡᠰᠢᠲᠡᠨ ᠭᠡᠵᠦ ᠢᠯᠭᠠᠷᠠᠪᠤᠷᠯᠠᠨ ᠦᠵᠡᠳᠡᠭ᠃ ᠠᠰᠢᠭᠲᠠᠢ ᠪᠠ ᠬᠥᠨᠥᠭᠡᠯᠲᠡᠢ ᠴᠣᠬᠣ ᠨᠤᠭᠤᠳ ᠮᠠᠰᠢ ᠣᠯᠠᠨ᠃

ᠲᠣᠷᠤᠨ ᠳᠠᠯᠠᠪᠴᠢᠲᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Neuroptera- ᠬᠠᠯᠢᠰᠤᠷᠬᠠᠭ᠂ ᠲᠤᠩᠭᠠᠯᠠᠭ ᠲᠣᠷᠯᠣᠭ ᠰᠤᠳᠠᠯ ᠪᠦᠬᠦᠢ ᠬᠣᠶᠠᠷ ᠬᠣᠣᠰ ᠳᠠᠯᠠᠪᠴᠢ ᠲᠠᠢ ᠰᠢᠪᠠᠵᠢ᠃ ᠮᠡᠷᠡᠬᠦ ᠠᠮᠠᠨ ᠤ ᠡᠷᠬᠡᠲᠡᠨ ᠲᠡᠢ᠃ᠶᠡᠬᠡᠩᠬᠢ ᠨᠢ ᠠᠮᠢᠲᠠᠨ ᠢᠶᠠᠷ ᠬᠣᠭᠣᠯᠠᠯᠠᠨ᠎ᠠ᠃ ᠬᠣᠣᠷᠲᠠᠨ ᠰᠢᠪᠠᠵᠢ ᠪᠠᠷ ᠬᠣᠭᠣᠯᠠᠯᠠᠳᠠᠭ ᠲᠤᠯᠠ ᠠᠰᠢᠭ ᠲᠠᠢ᠃ ᠲᠤᠬᠠᠶᠢᠯᠠᠪᠠᠯ ᠠᠯᠲᠠᠨ ᠨᠢᠳᠦᠨ᠂ ᠰᠢᠷᠭᠤᠯᠵᠢ ᠶᠢᠨ ᠠᠷᠰᠯᠠᠨ ᠵᠡᠷᠭᠡ ᠮᠠᠨ ᠤ ᠣᠷᠣᠨ ᠳᠤ ᠥᠷᠭᠡᠨ ᠲᠠᠷᠬᠠᠭᠰᠠᠨ ᠶᠤᠮ᠃

ᠬᠣᠪᠣᠭᠣᠩ ᠤᠨ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Trichoptera- ᠬᠣᠶᠠᠷ ᠬᠣᠣᠰ ᠳᠠᠯᠠᠪᠴᠢ ᠲᠠᠢ᠂ ᠳᠠᠯᠠᠪᠴᠢ ᠨᠢ ᠦᠰᠦ ᠪᠡᠷ ᠪᠦᠷᠬᠦᠮᠡᠯ᠂ ᠬᠣᠶᠢᠳᠤ ᠳᠠᠯᠠᠪᠴᠢ ᠨᠢ ᠤᠷᠳᠤᠬᠢ ᠠᠴᠠ ᠪᠠᠨ ᠲᠣᠮᠣ᠃ ᠳᠡᠭᠡᠳᠦ ᠤᠭᠢᠶᠠᠵᠤ ᠦᠯᠡᠳᠡᠭᠳᠡᠯ ᠲᠡᠳᠦᠢ᠂ ᠬᠠᠷᠢᠨ ᠳ᠋ᠣᠣ ᠳᠤ ᠤᠭᠢᠶᠠᠵᠤ ᠨᠢ ᠪᠣᠭᠣᠨᠢᠬᠠᠨ ᠬᠣᠰᠢᠭᠤ ᠶᠢ ᠡᠭᠦᠰᠬᠡᠨ᠎ᠡ᠃ ᠠᠪᠠᠭᠠᠯᠳᠠᠢ ᠤᠰᠤᠨ ᠳᠤ ᠠᠮᠢᠳᠤᠷᠠᠨ᠎ᠠ᠃ ᠭᠤᠷᠪᠠᠨ ᠬᠣᠣᠰ ᠬᠥᠯᠲᠡᠢ᠂ ᠲᠡᠭᠦᠨ ᠦ ᠪᠡᠶ᠎ᠡ ᠳᠦ ᠰᠢᠭᠦᠰᠦᠯᠢᠭ ᠪᠤᠯᠴᠢᠷᠬᠠᠢ ᠪᠠᠶᠢᠨ᠎ᠠ᠃ ᠠᠪᠠᠭᠠᠯᠳᠠᠢ ᠶᠢᠨ ᠶᠡᠬᠡᠩᠬᠢ ᠨᠢ ᠲᠤᠰᠬᠠᠢ ᠭᠡᠷ ᠳᠣᠲᠣᠷ᠎ᠠ ᠠᠮᠢᠳᠤᠷᠠᠨ᠎ᠠ᠃ ᠡᠯᠡᠰᠦ᠂ ᠬᠠᠶᠢᠷᠭᠤ᠂ ᠳᠤᠩ᠂ ᠡᠪᠡᠰᠦ᠂ ᠤᠷᠭᠤᠮᠠᠯ ᠤᠨ ᠬᠡᠰᠡᠭ ᠢ ᠪᠡᠶᠡᠳᠡᠭᠡ ᠨᠠᠭᠠᠯᠳᠤᠭᠤᠯᠤᠨ ᠭᠠᠳᠠᠨᠠᠬᠢ ᠭᠡᠷ ᠪᠥᠷᠢᠰᠡ ᠬᠢᠨ᠎ᠡ᠃ ᠡᠶᠢᠮᠦ ᠤᠴᠢᠷ ᠠᠴᠠ ᠬᠣᠪᠣᠭᠣᠨ ᠭᠡᠵᠦ ᠨᠡᠷᠡᠯᠡᠨ᠎ᠡ᠃ ᠣᠯᠠᠩᠬᠢ ᠠᠪᠠᠭᠠᠯᠳᠠᠢ ᠨᠤᠭᠤᠳ ᠬᠦᠴᠢᠯᠲᠥᠷᠦᠭᠴᠢ ᠪᠡᠷ ᠡᠯᠪᠡᠭ᠂ ᠬᠦᠢᠲᠡᠨ ᠤᠰᠤ ᠲᠠᠢ᠂ ᠤᠷᠤᠰᠬᠠᠯ ᠰᠠᠶᠢᠲᠤᠨ ᠠᠭᠤᠯᠠ ᠶᠢᠨ ᠭᠣᠣᠯ ᠭᠣᠷᠭᠢᠩ ᠳᠦ ᠠᠮᠢᠳᠤᠷᠠᠨ᠎ᠠ᠃ ᠵᠢᠭᠠᠰᠤᠨ ᠤ ᠦᠨᠳᠦᠰᠦᠨ ᠬᠣᠭᠣᠯᠠ ᠲᠡᠵᠢᠭᠡᠯ ᠪᠣᠯᠳᠠᠭ ᠤᠴᠢᠷ ᠠᠴᠠ ᠵᠢᠭᠠᠰᠤ ᠦᠷᠡᠵᠢᠭᠦᠯᠭᠡᠨ ᠳᠦ ᠠᠴᠢ ᠬᠣᠯᠪᠣᠭᠳᠠᠯ ᠲᠠᠢ᠃ ᠡᠨᠡ ᠪᠠᠭ ᠲᠤ 3000 ᠭᠠᠷᠤᠢ ᠵᠦᠢᠯ ᠦᠳ ᠬᠠᠮᠢᠶᠠᠷᠤᠭᠳᠠᠬᠤ ᠠᠴᠠ ᠮᠠᠨ ᠤ ᠣᠷᠣᠨ ᠳᠤ 80 ᠭᠠᠷᠤᠢ ᠵᠦᠢᠯ ᠮᠡᠳᠡᠭᠳᠡᠵᠦ ᠪᠠᠶᠢᠨ᠎ᠠ᠃

ᠬᠠᠭᠠᠷᠢᠭᠰᠠᠨ ᠳᠠᠯᠠᠪᠴᠢᠲᠠᠨ ᠪᠤᠶᠤ ᠡᠷᠪᠡᠬᠡᠢ ᠶᠢᠨ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Lepidoptera- ᠬᠣᠶᠠᠷ ᠬᠣᠣᠰ ᠳᠠᠯᠠᠪᠴᠢ ᠲᠠᠢ ᠳᠠᠯᠠᠪᠴᠢ ᠨᠢ ᠬᠠᠶᠢᠷᠰᠤ ᠪᠠᠷ ᠪᠦᠷᠬᠦᠭᠳᠡᠭᠰᠡᠨ ᠲᠤᠯᠠ ᠡᠶᠢᠨᠬᠦᠦ ᠨᠡᠷᠡᠯᠡᠵᠡᠢ᠃ ᠠᠮᠠᠨ ᠤ ᠡᠷᠬᠡᠲᠡᠨ ᠨᠢ ᠴᠡᠴᠡᠭ ᠦᠨ ᠪᠠᠯ᠂ ᠲᠣᠭᠣᠰᠣ ᠶᠢ ᠰᠣᠷᠣᠬᠤ ᠳᠤ ᠵᠣᠬᠢᠯᠳᠤᠭᠰᠠᠨ ᠬᠣᠰᠢᠭᠤ ᠪᠣᠯᠵᠤ ᠬᠤᠪᠢᠷᠠᠭᠰᠠᠨ ᠪᠠᠶᠢᠬᠤ ᠨᠢ ᠣᠷᠢᠶᠠᠮᠠᠭ ᠮᠠᠶ᠋ᠢᠭ ᠢᠶᠠᠷ ᠡᠪᠬᠢᠭᠳᠡᠭᠰᠡᠨ ᠪᠠᠶᠢᠨ᠎ᠠ᠃ ᠵᠠᠷᠢᠮ ᠵᠦᠢᠯ ᠦᠨ ᠬᠠᠭᠠᠷᠢᠭᠰᠠᠨ ᠳᠠᠯᠠᠪᠴᠢᠲᠠᠨ ᠬᠣᠰᠢᠭᠤ ᠦᠭᠡᠢ ᠪᠣᠯᠤᠭᠰᠠᠨ ᠪᠡᠶ᠎ᠡ ᠭᠦᠢᠴᠡᠭᠰᠡᠨ ᠦᠶᠡᠳᠡᠭᠡ ᠬᠣᠭᠣᠯᠠᠯᠠᠳᠠᠭ ᠦᠭᠡᠢ ᠳᠦ ᠣᠷᠣᠰᠢᠨ᠎ᠠ᠃ ᠬᠠᠭᠠᠷᠢᠭᠰᠠᠨ ᠳᠠᠯᠠᠪᠴᠢᠲᠠᠨ ᠤ ᠪᠠᠭ ᠢ ᠳ᠋ᠣᠣ ᠳᠤ ᠪᠤᠶᠤ ᠢᠵᠢᠯ ᠳᠠᠯᠠᠪᠴᠢᠲᠠᠨ᠂ ᠳᠡᠭᠡᠳᠦ ᠪᠤᠶᠤ ᠢᠵᠢᠯ ᠪᠢᠰᠢ ᠳᠠᠯᠠᠪᠴᠢᠲᠠᠨ ᠤ ᠰᠠᠯᠪᠤᠷᠢ ᠪᠠᠭ ᠲᠤ ᠬᠤᠪᠢᠶᠠᠨ᠎ᠠ᠃

ᠮᠠᠨ ᠤ ᠣᠢ ᠳᠤ ᠰᠢᠪᠸᠷᠢᠶ ᠠ ᠶᠢᠨ ᠬᠦᠷᠦ ᠡᠷᠪᠡᠬᠡᠢ᠂ ᠶᠠᠺᠣᠪᠰᠣᠨ ᠤ ᠲᠥᠭᠡᠯᠡᠭᠦᠷ᠂ ᠨᠠᠷᠠᠰᠤᠨ ᠤ ᠲᠥᠭᠡᠯᠡᠭᠦᠷ ᠵᠡᠷᠭᠡ ᠡᠷᠪᠡᠬᠡᠢ ᠶᠢᠨ ᠬᠦᠷᠢᠨᠴᠢᠷ ᠦᠳ ᠰᠢᠩᠰᠦ᠂ ᠨᠠᠷᠠᠰᠤᠨ ᠤ ᠰᠢᠯᠮᠦᠦᠰᠦ ᠶᠢ ᠢᠳᠡᠵᠦ ᠶᠡᠬᠡᠬᠡᠨ ᠬᠥᠨᠥᠭᠡᠯ ᠤᠴᠠᠷᠠᠭᠤᠯᠳᠠᠭ᠃ ᠮᠥᠨ ᠳᠣᠯᠣᠭᠣᠨ ᠤ ᠴᠠᠭᠠᠨ ᠡᠷᠪᠡᠬᠡᠢ᠂ ᠥᠷᠥᠭᠡᠰᠦᠭᠡᠯ ᠬᠦᠷᠦ ᠡᠷᠪᠡᠬᠡᠢ᠂ ᠦᠨᠦᠷᠲᠦ ᠺᠣᠰᠦ᠋ᠰ ᠵᠡᠷᠭᠡ ᠡᠷᠪᠡᠬᠡᠢ ᠶᠢᠨ ᠬᠦᠷᠢᠨᠴᠢᠷ ᠦᠳ ᠨᠠᠪᠴᠢᠲᠤ ᠣᠢ᠂ ᠦᠷ᠎ᠡ ᠵᠢᠮᠢᠰᠦᠨ ᠦ ᠮᠣᠳᠣᠨ ᠤ ᠨᠠᠪᠴᠢ ᠶᠢ ᠢᠳᠡᠵᠦ ᠰᠦᠢᠳᠬᠡᠨ᠎ᠡ᠃

ᠰᠠᠷᠢᠭᠰᠠᠨ ᠳᠠᠯᠠᠪᠴᠢᠲᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Hymenoptera- ᠬᠣᠶᠠᠷ ᠬᠣᠣᠰ ᠰᠠᠷᠢᠰᠤᠷᠬᠠᠭ ᠪᠦᠲᠦᠴᠡ ᠪᠦᠬᠦᠢ ᠳᠠᠯᠠᠪᠴᠢ ᠲᠠᠢ ᠰᠢᠪᠠᠵᠢ᠃ ᠡᠮᠦᠨᠡᠲᠦ ᠳᠠᠯᠠᠪᠴᠢ ᠨᠢ ᠬᠣᠶᠢᠳᠤ ᠳᠠᠯᠠᠪᠴᠢ ᠠᠴᠠ ᠪᠠᠨ ᠲᠣᠮᠣ᠂ ᠤᠷᠲᠤ ᠪᠠᠶᠢᠨ᠎ᠠ᠃ ᠶᠡᠬᠡᠪᠴᠢᠯᠡᠨ ᠠᠮᠠᠨ ᠤ ᠮᠡᠷᠡᠬᠦ ᠡᠷᠬᠡᠲᠡᠨ ᠲᠡᠢ ᠪᠣᠯᠪᠠᠴᠤ ᠵᠠᠷᠢᠮ ᠨᠢ ᠳᠣᠯᠢᠶᠠᠬᠤ᠂ ᠬᠠᠳᠬᠤᠵᠤ ᠰᠤᠷᠤᠬᠤ ᠪᠦᠲᠦᠴᠡ ᠲᠡᠢ ᠪᠠᠶᠢᠳᠠᠭ᠃ ᠰᠠᠷᠢᠰᠤᠨ ᠳᠠᠯᠠᠪᠴᠢᠲᠠᠨ ᠤ ᠡᠮᠡᠭᠴᠢᠨ ᠨᠢ ᠥᠨᠳᠡᠭᠡ ᠪᠤᠯᠠᠭᠴᠢ᠂ ᠬᠠᠳᠬᠤᠭᠤᠷ ᠲᠠᠢ ᠪᠠᠶᠢᠨ᠎ᠠ᠃ ᠴᠡᠭᠡᠵᠢ ᠪᠠ ᠬᠡᠪᠡᠯᠢ ᠶᠢᠨ ᠵᠠᠯᠭᠠᠯᠲᠠ ᠣᠯᠠᠨ ᠶᠠᠩᠵᠤ ᠪᠣᠯᠵᠤ ᠰᠠᠭᠤᠮᠠᠭᠠᠢ ᠡᠰᠢᠷᠬᠡᠭ ᠡᠯᠭᠦᠮᠡᠯ ᠬᠡᠯᠪᠡᠷᠢ ᠶᠢᠨ ᠬᠡᠪᠡᠯᠢ ᠶᠢ ᠡᠭᠦᠰᠬᠡᠨ᠎ᠡ᠃ ᠶᠡᠷᠦ ᠨᠢ ᠡᠨᠡ ᠪᠠᠭ ᠲᠤ ᠮᠠᠰᠢ ᠣᠯᠠᠨ ᠵᠦᠢᠯ 150000 ᠭᠠᠷᠤᠢ ᠪᠠᠭᠠᠳᠬᠤ ᠪᠥᠭᠡᠳ ᠪᠦᠲᠦᠴᠡ ᠶᠢᠨ ᠲᠠᠯ᠎ᠠ ᠪᠠᠷ ᠣᠯᠠᠨ ᠶᠠᠩᠵᠤ ᠶᠤᠮ᠃ ᠰᠠᠷᠢᠭᠰᠠᠨ ᠳᠠᠯᠠᠪᠴᠢᠲᠠᠨ ᠤ ᠵᠥᠩ ᠪᠢᠯᠢᠭ ᠪᠤᠶᠤ ᠢᠨᠰᠲ᠋ᠢᠨᠺᠲ ᠮᠥᠰ ᠨᠠᠷᠢᠨ ᠢᠨᠰᠲ᠋ᠢᠨᠺᠲ ᠨᠢ ᠨᠡᠶᠢᠭᠡᠮ ᠢᠶᠡᠷ ᠠᠮᠢᠳᠤᠷᠠᠯᠢᠭ ᠵᠥᠭᠡᠢ᠂ ᠰᠢᠷᠭᠤᠯᠵᠢ᠂ ᠲᠧᠷᠮᠢᠲ ᠵᠡᠷᠭᠡ ᠰᠢᠪᠠᠵᠢ ᠨᠤᠭᠤᠳ ᠲᠤ ᠲᠣᠳᠣ ᠮᠡᠳᠡᠭᠳᠡᠳᠡᠭ᠃ ᠶᠡᠬᠡᠩᠬᠢ ᠰᠠᠷᠢᠭᠰᠠᠨ ᠳᠠᠯᠠᠪᠴᠢᠲᠠᠨ ᠤ ᠠᠪᠠᠭᠠᠯᠳᠠᠢ ᠬᠥᠯ ᠪᠠᠶᠢᠬᠤ ᠦᠭᠡᠢ ᠲᠣᠯᠣᠭᠠᠢ ᠨᠢ ᠬᠥᠭᠵᠢᠯ ᠢᠶᠡᠷ ᠳᠣᠷᠣᠢ ᠨᠢᠳᠦ ᠦᠭᠡᠢ ᠪᠠᠶᠢᠳᠠᠭ ᠪᠣᠯᠪᠠᠴᠤ ᠵᠠᠷᠢᠮ ᠵᠦᠢᠯ ᠦᠨ ᠬᠢᠷᠭ᠎ᠠ ᠶᠢᠨ ᠠᠪᠠᠭᠠᠯᠳᠠᠢ ᠬᠡᠪᠡᠯᠢ ᠳᠦ ᠪᠡᠨ 6-8 ᠬᠣᠣᠰ ᠬᠥᠯᠲᠡᠢ ᠡᠷᠪᠡᠬᠡᠢ ᠶᠢᠨ ᠬᠦᠷᠢᠨᠴᠢᠷ ᠲᠡᠢ ᠲᠥᠰᠥᠭᠡᠲᠡᠢ ᠪᠠᠶᠢᠳᠠᠭ ᠲᠤᠯᠠ ᠬᠠᠭᠤᠷᠮᠠᠴᠢ ᠬᠦᠷᠢᠨᠴᠢᠷ ᠭᠡᠵᠦ ᠨᠡᠷᠡᠯᠡᠵᠡᠢ᠃ ᠰᠠᠷᠢᠭᠰᠠᠨ ᠳᠠᠯᠠᠪᠴᠢᠲᠠᠨ ᠠᠵᠤ ᠠᠬᠤᠢ ᠶᠢᠨ ᠶᠡᠬᠡᠬᠡᠨ ᠠᠴᠢ ᠬᠣᠯᠪᠣᠭᠳᠠᠯ ᠲᠠᠢ ᠶᠤᠮ᠃ ᠪᠠᠯᠲᠤ ᠵᠥᠭᠡᠢ Apis mellifera L ᠡᠨᠡ ᠪᠠᠭ ᠲᠤ ᠬᠠᠮᠤᠷᠤᠭᠳᠠᠨ᠎ᠠ᠃ ᠪᠠᠯ ᠳᠤ ᠵᠥᠭᠡᠢ ᠶᠢ ᠦᠷᠡᠵᠢᠭᠦᠯᠦᠨ ᠥᠰᠬᠡᠵᠦ ᠠᠮᠲᠠᠲᠤ ᠪᠠᠯ ᠡᠮ ᠦᠨ ᠪᠣᠳᠠᠰ ᠤᠳ ᠢ ᠠᠪᠴᠤ ᠠᠰᠢᠭᠯᠠᠨ᠎ᠠ᠃ ᠰᠢᠷᠭᠤᠯᠵᠢ Fomicoidae ᠡᠨᠡ ᠪᠠᠭ ᠲᠤ ᠣᠷᠣᠨ᠎ᠠ᠃ ᠶᠡᠬᠡᠩᠬᠢ ᠰᠢᠷᠭᠤᠯᠵᠢ ᠤᠷᠭᠤᠮᠠᠯ ᠤᠨ ᠢᠯᠠᠩᠭᠤᠶ᠎ᠠ ᠣᠢ ᠶᠢᠨ ᠬᠣᠣᠷᠲᠠᠨ ᠰᠢᠪᠠᠵᠢ ᠪᠠᠷ ᠬᠣᠭᠣᠯᠠᠯᠠᠳᠠᠭ ᠲᠤᠯᠠ ᠠᠰᠢᠭᠲᠠᠢ᠃ ᠮᠠᠨ ᠤ ᠣᠷᠣᠨ ᠠᠴᠠ 10 ᠭᠠᠷᠤᠢ ᠵᠦᠢᠯ ᠦᠨ ᠰᠢᠷᠭᠤᠯᠵᠢ ᠮᠡᠳᠡᠭᠳᠡᠵᠦ ᠪᠠᠶᠢᠨ᠎ᠠ᠃

ᠬᠥᠳᠡᠭᠡ ᠠᠵᠤ ᠠᠬᠤᠢ ᠶᠢᠨ ᠲᠠᠷᠢᠮᠠᠯ ᠤᠷᠭᠤᠮᠠᠯ ᠤᠨ ᠬᠣᠣᠷᠲᠠᠨ ᠰᠢᠪᠠᠵᠢ ᠶᠢᠨ ᠥᠨᠳᠡᠭᠡ ᠠᠪᠠᠭᠠᠯᠳᠠᠢ ᠬᠡᠦᠬᠡᠯᠳᠡᠢ ᠵᠡᠷᠭᠡ ᠳᠦ ᠥᠪᠡᠷ ᠦᠨ ᠥᠨᠳᠡᠭᠡ ᠶᠢ ᠭᠠᠷᠭᠠᠵᠤ ᠫᠠᠷᠵᠦᠲᠯᠠᠨ ᠠᠮᠢᠳᠤᠷᠠᠳᠠᠭ ᠱᠣᠩᠬᠣᠷ ᠵᠥᠭᠡᠢ ( Aphelinus, Apanteles ) ᠮᠡᠲᠦ ᠶᠢᠨ ᠲᠥᠷᠥᠯ ᠶᠡᠬᠡᠬᠡᠨ ᠠᠰᠢᠭᠲᠠᠢ᠃ ᠰᠠᠷᠢᠭᠰᠠᠨ ᠳᠠᠯᠠᠪᠴᠢᠲᠠᠨ ᠤ ᠪᠠᠭ ᠤᠨ ᠬᠠᠯᠼᠢᠳ ᠦᠨ ᠣᠪᠣᠭᠲᠤ ᠲᠷᠢᠬᠣᠭᠷᠠᠮ (Trichogramma evanesvens), ᠫᠢᠮᠫᠯᠠ (Pimpla examinatora), ᠠᠫᠣᠨᠲ᠋ᠧᠯᠧᠰ (Apantoles glomeratus) ᠵᠡᠷᠭᠡ ᠫᠷᠠᠽᠢᠲ ᠠᠮᠢᠳᠤᠷᠠᠯ ᠲᠠᠢ ᠰᠠᠷᠢᠭᠰᠠᠨ ᠳᠠᠯᠠᠪᠴᠢᠲᠠᠨ ᠣᠯᠠᠨ᠃ ᠲᠡᠳᠡᠭᠡᠷ ᠢ ᠣᠢ ᠪᠠ ᠬᠥᠳᠡᠭᠡ ᠠᠵᠤ ᠠᠬᠤᠢ ᠶᠢᠨ ᠤᠷᠭᠤᠮᠠᠯ ᠤᠨ ᠬᠣᠣᠷᠲᠠᠨ ᠰᠢᠪᠠᠵᠢ ᠲᠠᠢ ᠪᠢᠣᠯᠣᠭᠢ ᠶᠢᠨ ᠠᠷᠭ᠎ᠠ ᠪᠠᠷ ᠲᠡᠮᠡᠴᠡᠬᠦ ᠳᠦ ᠥᠷᠭᠡᠨ ᠠᠰᠢᠭᠯᠠᠨ᠎ᠠ᠃ ᠡᠨᠡ ᠪᠠᠭ ᠲᠤ ᠤᠷᠭᠤᠮᠠᠯ ᠳᠤ ᠬᠥᠨᠥᠭᠡᠯ ᠤᠴᠠᠷᠠᠭᠤᠯᠬᠤ ᠵᠦᠢᠯ ᠦᠳ ᠴᠤ ᠴᠥᠭᠡᠨ ᠦᠭᠡᠢ᠃

ᠮᠣᠳᠣᠯᠢᠭ ᠪᠠ ᠵᠢᠮᠢᠰᠦᠨ ᠦ ᠤᠷᠭᠤᠮᠠᠯ ᠢᠶᠠᠷ ᠬᠣᠭᠣᠯᠠᠯᠠᠭᠴᠢ ᠮᠣᠩᠭᠣᠯ ᠤᠨ ᠡᠪᠬᠡᠷᠡᠨ ᠰᠡᠭᠦᠯ ᠳᠦ (Paurus mongolicum), ᠨᠠᠷᠠᠰᠤᠨ ᠤ ᠬᠢᠷᠭ᠎ᠠ ᠪᠤᠷᠭᠠᠰᠤᠨ ᠤ ᠪᠠᠷᠢᠭᠤᠯ ᠤᠨ ᠬᠢᠷᠭ᠎ᠠ (Haplocampa testudinea), ᠬᠦᠨᠡᠰᠦᠨ ᠦ ᠨᠣᠭᠣᠭᠠᠨ ᠤ ᠬᠣᠣᠷᠲᠠᠨ ᠷᠠᠫᠰ ᠦᠨ ᠬᠢᠷᠭ᠎ᠠ (Athalia) ᠵᠡᠷᠭᠡ ᠣᠯᠠᠨ ᠵᠦᠢᠯ ᠮᠠᠨ ᠤ ᠣᠷᠣᠨ ᠠᠴᠠ ᠢᠯᠡᠷᠡᠵᠦ ᠪᠦᠷᠢᠳᠬᠡᠭᠳᠡᠭᠰᠡᠨ ᠪᠣᠯᠤᠨ᠎ᠠ᠃

ᠨᠣᠬᠠᠢ ᠪᠥᠭᠡᠰᠦᠨ ᠦ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

(Aphaniptera). ᠳᠠᠯᠠᠪᠴᠢ ᠦᠭᠡᠢ ᠬᠠᠳᠬᠤᠵᠤ ᠰᠤᠷᠤᠬᠤ ᠠᠮᠠᠨ ᠤ ᠡᠷᠬᠡᠲᠡᠨᠴᠢᠷ ᠲᠡᠢ ᠬᠥᠯ ᠨᠢ ᠱᠰᠦᠷᠬᠦ ᠳᠦ ᠵᠣᠬᠢᠯᠳᠤᠭᠰᠠᠨ᠃ ᠨᠡᠶᠢᠯᠡᠮᠡᠯ ᠨᠢᠳᠦ ᠪᠠᠶᠢᠬᠤ ᠦᠭᠡᠢ᠃ ᠪᠡᠶ᠎ᠡ ᠨᠢ ᠬᠣᠶᠠᠷ ᠬᠠᠵᠠᠭᠤ ᠠᠴᠠ ᠪᠠᠨᠬᠠᠪᠴᠢᠭᠳᠠᠭᠰᠠᠨ ᠪᠠᠶᠢᠨ᠎ᠠ᠃ ᠠᠪᠠᠭᠠᠯᠳᠠᠢ ᠨᠢ ᠠᠮᠢᠲᠠᠨ ᠤ ᠭᠠᠷᠤᠯᠲᠠᠢ ᠣᠷᠭᠠᠨᠢᠭ ᠪᠣᠳᠠᠰ ᠤᠨ ᠢᠯᠵᠠᠮᠠᠭ ᠢᠶᠠᠷ ᠬᠣᠭᠣᠯᠠᠯᠠᠳᠠᠭ ᠤᠴᠢᠷ ᠮᠡᠷᠡᠬᠦ ᠠᠮᠠᠨ ᠤ ᠡᠷᠬᠡᠲᠡᠨ ᠲᠡᠢ ᠪᠠᠶᠢᠨ᠎ᠠ᠃ ᠨᠣᠬᠠᠢ ᠪᠥᠭᠡᠰᠦ ᠰᠦ᠋ ᠍ ᠪᠡᠷ ᠪᠣᠶᠢᠵᠢᠭᠴᠢ ᠠᠮᠢᠲᠠᠳ ᠪᠠ ᠰᠢᠭᠤᠪᠠᠭᠤᠨ ᠤ ᠪᠡᠶ᠎ᠡ ᠶᠢᠨ ᠴᠢᠰᠤ ᠰᠣᠷᠣᠵᠤ ᠠᠮᠢᠳᠤᠷᠠᠨ᠎ᠠ᠃ ᠬᠦᠨᠳᠦ᠂ ᠬᠦᠮᠦᠨ ᠦ ᠨᠣᠬᠠᠢ ᠪᠥᠭᠡᠰᠦᠨ ᠡᠴᠡ (Pulex irritans) ᠭᠠᠳᠠᠨ᠎ᠠ ᠨᠣᠬᠠᠢ ᠶᠢᠨ᠂ ᠮᠤᠤᠷ ᠤᠨ᠂ ᠲᠠᠷᠪᠠᠭᠠᠨ ᠤ᠂ ᠵᠢᠷᠤᠮ ᠤᠨ ᠭᠡᠬᠦ ᠮᠡᠲᠦ ᠨᠣᠬᠠᠢ ᠪᠥᠭᠡᠰᠦ ᠠᠮᠢᠳᠤᠷᠠᠬᠤ ᠴᠢᠳᠠᠪᠤᠷᠢ ᠲᠠᠢ ᠲᠤᠯᠠ ᠡᠯᠳᠡᠪ ᠲᠠᠬᠤᠯ ᠡᠪᠡᠳᠴᠢᠨ ᠢ ᠲᠠᠷᠠᠭᠠᠨ᠎ᠠ᠃ ᠨᠣᠬᠠᠢ ᠶᠢᠨ ᠪᠥᠭᠡᠰᠦᠨ ᠦ ᠪᠠᠭ ᠲᠤ 1000 ᠭᠠᠷᠤᠢ ᠵᠦᠢᠯ ᠪᠠᠭᠲᠠᠭᠠᠨ᠎ᠠ᠃ ᠮᠠᠨ ᠤ ᠣᠷᠣᠨ ᠠᠴᠠ 80 ᠭᠠᠷᠤᠢ ᠵᠦᠢᠯᠠᠲᠤᠷᠢ ᠨᠣᠬᠠᠢ ᠶᠢᠨ ᠪᠥᠭᠡᠰᠦ ᠡᠯᠳᠡᠪ ᠮᠡᠷᠡᠭᠴᠢᠳ ᠪᠠ ᠵᠢᠭᠦᠷᠲᠡᠨ ᠡᠴᠡ ᠪᠦᠷᠢᠳᠬᠡᠭᠳᠡᠭᠰᠡᠨ ᠪᠠᠶᠢᠨ᠎ᠠ᠃

ᠬᠣᠣᠰ ᠳᠠᠯᠠᠪᠴᠢᠲᠠᠨ ᠪᠤᠶᠤ ᠢᠯᠠᠭᠠᠨ ᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

Diptera. ᠬᠠᠮᠤᠭ ᠤᠨ ᠳᠡᠭᠡᠳᠦ ᠵᠡᠷᠭᠡ ᠶᠢᠨ ᠪᠦᠲᠦᠴᠡ ᠲᠡᠢ ᠰᠢᠪᠠᠵᠢ ᠶᠤᠮ᠃ ᠬᠣᠣᠰ ᠳᠠᠯᠠᠪᠴᠢᠲᠠᠨ ᠤ ᠡᠮᠦᠨᠡᠲᠦ ᠬᠣᠣᠰ ᠳᠠᠯᠠᠪᠴᠢ ᠰᠠᠷᠢᠰᠤᠳ ᠢ ᠲᠤᠩᠭᠠᠯᠠᠭ ᠥᠩᠭᠡ ᠲᠡᠢ ᠪᠠᠶᠢᠨ᠎ᠠ᠃ ᠬᠣᠣᠰ ᠳᠠᠯᠠᠪᠴᠢ ᠨᠢ ᠦᠯᠡᠳᠡᠭᠳᠡᠯ ᠲᠡᠳᠦᠢ ᠶᠢᠨ ᠬᠤᠴᠤᠷᠠᠵᠤ ᠳᠠᠭᠤᠨ ᠤ ᠡᠷᠬᠡᠲᠡᠨ ᠳᠦᠩᠭᠢᠨᠡᠭᠦᠷ ᠪᠣᠯᠵᠤ ᠬᠤᠪᠢᠷᠠᠭᠰᠠᠨ ᠪᠠᠶᠢᠨ᠎ᠠ᠃ ᠠᠮᠠᠨ ᠤ ᠡᠷᠬᠡᠲᠡᠨ ᠨᠢ ᠬᠠᠳᠬᠤᠵᠤ ᠰᠤᠷᠤᠬᠤ ᠪᠤᠶᠤ ᠳᠣᠯᠢᠶᠠᠬᠤ ᠳᠤ ᠵᠣᠷᠢᠭᠤᠯᠤᠭᠳᠠᠭᠰᠠᠨ᠃ ᠬᠣᠣᠰ ᠳᠠᠯᠠᠪᠴᠢᠲᠠᠨ ᠤ ᠪᠠᠭ ᠢ ᠰᠠᠬᠠᠯ ᠤᠨ ᠪᠦᠲᠦᠴᠡ ᠪᠡᠷ ᠤᠷᠲᠤ ᠰᠠᠬᠠᠯ ᠲᠠᠢ (Nematocera) ᠪᠠ ᠪᠣᠭᠣᠨᠢ ᠰᠠᠬᠠᠯ ᠲᠠᠢ (Brachecera) ᠰᠠᠯᠪᠤᠷᠢ ᠪᠣᠯᠭᠠᠨ ᠦᠵᠡᠳᠡᠭ᠃ ᠤᠷᠲᠤ ᠰᠠᠬᠠᠯᠲᠤ ᠬᠣᠣᠰ ᠳᠠᠯᠠᠪᠴᠢᠲᠠᠨ ᠤ ᠰᠠᠯᠪᠤᠷᠢ ᠪᠠᠭ ᠲᠤ: ᠰᠢᠮᠠᠭᠤᠯ᠂ ᠳᠡᠯᠡᠩᠴᠢ᠂ ᠮᠣᠺᠰᠢ ᠳᠤ᠂ ᠲᠡᠮᠡᠭᠡᠯᠵᠢᠭᠡᠨ᠎ᠡ᠂ ᠵᠢᠩᠵᠢᠨ (ᠬᠢᠷᠣᠨᠣᠮᠢ ᠳᠤ) ᠢᠯᠠᠭ᠎ᠠ᠂ ᠤᠷ᠎ᠠ ᠶᠢᠨ ᠢᠯᠠᠭ᠎ᠠ ᠨᠤᠭᠤᠳ (ᠭᠠᠯᠯᠢ) ᠵᠡᠷᠭᠡ ᠬᠠᠮᠤᠷᠤᠭᠳᠠᠨ᠎ᠠ᠃ ᠪᠣᠭᠣᠨᠢ ᠰᠠᠬᠠᠯᠲᠤ ᠬᠣᠣᠰ ᠳᠠᠯᠠᠪᠴᠢᠲᠠᠨ ᠤ ᠰᠠᠯᠪᠤᠷᠢ ᠪᠠᠭ ᠲᠤ: ᠬᠥᠬᠡᠲᠦᠷᠢᠭᠦᠦ᠂ ᠬᠠᠷ᠎ᠠ ᠢᠯᠠᠭ᠎ᠠ᠂ ᠭᠤᠤᠷ᠂ ᠲᠠᠬᠢᠨ᠎ᠠ᠂ ᠺᠲ᠋ᠷ ᠤᠷ ᠪᠠ ᠴᠢᠰᠤ ᠶᠣᠷᠣᠭᠴᠢᠳ ᠵᠡᠷᠭᠡ ᠣᠯᠠᠨ ᠢᠯᠠᠭᠠᠨ ᠨᠤᠭᠤᠳ ᠪᠠᠭᠠᠳᠤᠨ᠎ᠠ᠃ ᠠᠪᠠᠭᠠᠯᠳᠠᠢ (ᠥᠲᠥ ᠨᠢ ᠬᠥᠯ ᠪᠠᠶᠢᠬᠤ ᠦᠭᠡᠢ ᠬᠠᠶᠠ ᠲᠣᠯᠣᠭᠠᠢ ᠨᠢ ᠦᠯᠦ ᠮᠡᠳᠡᠭᠳᠡᠨ᠎ᠡ ᠢᠯᠠᠭᠠᠨ ᠤ ᠥᠲᠥ) ᠬᠡᠦᠬᠡᠯᠳᠡᠢ ᠨᠢ ᠴᠢᠯᠦᠭᠡᠲᠡᠢ ᠪᠤᠶᠤ ᠲᠣᠷᠬᠠᠨ ᠬᠡᠯᠪᠡᠷᠢ ᠲᠡᠢ ᠪᠠᠶᠢᠨ᠎ᠠ᠃ ᠠᠮᠢᠲᠠᠨ ᠪᠤᠶᠤ ᠤᠷᠭᠤᠮᠠᠯ ᠢᠳᠡᠰᠢᠲᠡᠨ ᠪᠣᠯᠤᠨ᠎ᠠ᠃ ᠭᠡᠪᠡᠴᠦ ᠴᠢᠰᠤ ᠰᠣᠷᠣᠭᠴᠢᠳ (ᠳᠡᠯᠡᠩᠴᠢ ᠰᠢᠭᠤᠮᠠᠭᠤᠯ᠂ ᠬᠥᠬᠡᠲᠦᠷᠢᠭᠦᠦ᠂ ᠴᠧᠼᠧ ᠢᠯᠠᠭ᠎ᠠ ᠵᠡᠷᠭᠡ) ᠣᠯᠠᠨ᠃ ᠨᠡᠯᠢᠶᠡᠳ ᠬᠡᠯᠪᠡᠷᠢ ᠶᠢᠨ ᠰᠢᠮᠠᠭᠤᠯ ᠳᠡᠯᠡᠩᠴᠢ ᠶᠢᠨ ᠠᠪᠠᠭᠠᠯᠳᠠᠢ ᠨᠤᠭᠤᠳ ᠤᠰᠤᠨ ᠳᠤ ᠠᠮᠢᠳᠤᠷᠠᠨ᠎ᠠ᠃ ᠵᠠᠷᠢᠮ ᠵᠦᠢᠯ ᠦᠨ ᠢᠯᠠᠭᠠᠨ ᠤ ᠥᠲᠥ ᠢᠯᠵᠠᠷᠠᠭᠰᠠᠨ ᠣᠷᠭᠠᠨᠢᠭ ᠪᠣᠳᠠᠰ ᠢᠶᠠᠷ ᠬᠣᠭᠣᠯᠠᠯᠠᠵᠤ ᠬᠥᠭᠵᠢᠨ᠎ᠡ᠃ ᠨᠡᠯᠢᠶᠡᠳ ᠬᠣᠣᠰ ᠳᠠᠯᠠᠪᠴᠢᠲᠠᠨ ᠤ (ᠭᠤᠤᠷ᠂ ᠲᠠᠬᠢᠨ᠎ᠠ ᠢᠯᠠᠭ᠎ᠠ ᠵᠡᠷᠭᠡ) ᠥᠲᠦᠨ ᠨᠦᠭᠦᠳ ᠫᠷᠠᠽᠢᠲ ᠠᠮᠢᠳᠤᠷᠠᠯ ᠲᠠᠢ ᠪᠠᠶᠢᠳᠠᠭ᠃ ᠬᠣᠣᠰ ᠳᠠᠯᠠᠪᠴᠢᠲᠠᠨ ᠨᠤᠭᠤᠳ ᠪᠠᠶᠢᠭᠠᠯᠢ ᠪᠠ ᠠᠵᠤ ᠠᠬᠤᠢ ᠳᠤ ᠦᠵᠡᠭᠦᠯᠬᠦ ᠠᠴᠢ ᠬᠣᠯᠪᠣᠭᠳᠠᠯ ᠢᠶᠠᠷ ᠠᠰᠤᠷᠤ ᠶᠡᠬᠡ ᠪᠣᠯᠤᠨ᠎ᠠ᠃ ᠮᠥᠨ ᠬᠣᠣᠷ ᠬᠣᠯᠪᠣᠭᠳᠠᠯ ᠢᠶᠠᠷ ᠴᠤ ᠪᠠᠶᠢᠭ᠎ᠠ ᠦᠭᠡᠢ᠃ ᠣᠯᠠᠨ ᠬᠡᠯᠪᠡᠷᠢᠭᠦᠳᠡ ᠤᠷᠭᠤᠮᠠᠯ ᠳᠤ᠂ ᠢᠯᠠᠩᠭᠤᠶ᠎ᠠ ᠬᠥᠳᠡᠭᠡ ᠠᠵᠤ ᠠᠬᠤᠢ ᠶᠢᠨ ᠲᠠᠷᠢᠮᠠᠯ ᠤᠷᠭᠤᠮᠠᠯ ᠳᠤ ᠬᠥᠨᠥᠭᠡᠯ ᠤᠴᠠᠷᠠᠭᠤᠯᠤᠨ᠎ᠠ᠃

ᠭᠤᠤᠷ ᠤᠨ ᠢᠯᠠᠭ᠎ᠠ ᠨᠤᠭᠤᠳ ᠮᠠᠯ ᠠᠵᠤ ᠠᠬᠤᠢ ᠳᠤ ᠠᠰᠤᠷᠤ ᠶᠡᠬᠡ ᠬᠣᠬᠢᠷᠠᠯ ᠤᠴᠠᠷᠠᠭᠤᠯᠳᠠᠭ᠃ ᠲᠡᠳᠡ ᠲᠣᠮᠣ ᠪᠡᠶ᠎ᠡ ᠲᠡᠢ᠂ ᠦᠰᠦᠷᠬᠡᠭ ᠢᠯᠠᠭ᠎ᠠ ᠨᠤᠭᠤᠳ ᠶᠤᠮ᠃ ᠠᠳᠤᠭᠤ᠂ ᠦᠬᠡᠷ ᠪᠣᠭ ᠮᠠᠯ ᠤᠨ ᠪᠡᠶ᠎ᠡ ᠳᠡᠭᠡᠷ᠎ᠡ ᠰᠠᠭᠤᠵᠤ ᠥᠨᠳᠡᠭᠡ ᠪᠤᠶᠤ ᠥᠲᠥ ᠴᠠᠴᠠᠨ᠎ᠠ᠃ ᠥᠲᠦᠨ ᠨᠦᠭᠦᠳ ᠨᠢ ᠪᠦᠳᠦᠨ ᠤᠷᠤᠭᠰᠢ ᠪᠠᠨ ᠨᠠᠷᠢᠰᠤᠭᠰᠠᠨ ᠪᠠᠶᠢᠬᠤ ᠪᠠ ᠬᠠᠲᠠᠭᠤ ᠥᠷᠥᠭᠰᠡ ᠲᠡᠢ ᠴᠠᠭᠠᠷᠢᠭ ᠤᠳ ᠪᠠᠶᠢᠳᠠᠭ᠃ ᠭᠡᠷ ᠦᠨ ᠮᠠᠯ ᠪᠠ ᠵᠡᠷᠯᠢᠭ ᠠᠮᠢᠳᠤᠲᠤ ᠶᠢᠨ ᠬᠣᠳᠣᠭᠣᠳᠣ᠂ ᠠᠷᠠᠰᠤ᠂ ᠬᠠᠮᠠᠷ ᠪᠠᠭᠠᠯᠵᠤᠷ ᠤᠨ ᠬᠥᠨᠳᠡᠢ ᠳᠤ ᠭᠤᠤᠷ (ᠥᠲᠥ) ᠠᠮᠢᠳᠤᠷᠠᠵᠤ ᠡᠪᠡᠳᠴᠢᠯᠡᠭᠦᠯᠦᠨ᠎ᠡ᠃ ᠠᠶᠤᠯᠲᠠᠢ ᠬᠣᠣᠷᠲᠠᠨ ᠪᠣᠯ ᠸᠣᠯᠹᠠᠷᠲ᠋ᠣᠸ ᠤᠨ ᠢᠯᠠᠭ᠎ᠠ (Wohlfahrtia magnifica) ᠶᠤᠮ᠃ ᠡᠨᠡ ᠢᠯᠠᠭ᠎ᠠ ᠬᠦᠮᠦᠨ ᠪᠠ ᠠᠮᠢᠲᠠᠳ ᠤᠨ ᠬᠠᠮᠠᠷ ᠴᠢᠬᠢ ᠨᠢᠳᠦᠨ ᠳᠦ ᠪᠤᠶᠤ ᠠᠷᠠᠰᠤᠨ ᠤ ᠰᠢᠷᠬᠠᠨ ᠳᠤ ᠠᠮᠢᠳᠤ ᠥᠲᠥ ᠴᠠᠴᠤᠬᠤ ᠲᠤᠯᠠ ᠲᠡᠳᠡᠭᠡᠷ ᠨᠢ ᠡᠳ᠋, ᠡᠷᠬᠡᠲᠡᠨᠢᠷᠷ ᠬᠣᠯᠠᠯᠯᠠᠵᠤ ᠥᠰᠴᠢ ᠲᠣᠮᠣᠷᠠᠭᠠᠳ ᠭᠠᠵᠠᠷ ᠤᠨᠠᠵᠤ ᠬᠥᠷᠦᠭᠰᠡᠨ ᠳᠦ ᠬᠡᠦᠬᠡᠯᠳᠡᠢ ᠪᠣᠯᠵᠤ ᠬᠤᠪᠢᠷᠠᠨ᠎ᠠ᠃ ᠴᠢᠰᠤ ᠰᠣᠷᠣᠭᠴᠢᠳ ᠪᠠ ᠬᠦᠮᠦᠨ ᠮᠠᠯᠦᠲ᠋ᠠ ᠬᠠᠯᠳᠠᠪᠤᠷᠢᠲᠤ ᠡᠪᠡᠳᠴᠢᠨ ᠲᠠᠷᠠᠭᠠᠨ᠎ᠠ᠃ ᠲᠤᠬᠠᠶᠢᠯᠠᠪᠠᠯ: ᠮᠠᠯᠢᠶᠠᠷ ᠤᠨ ᠰᠢᠮᠠᠭᠤᠯ (Anopheles) ᠬᠠᠯᠠᠭᠤᠨ ᠬᠤᠮᠬᠠᠭ᠎ᠠ ᠡᠪᠡᠳᠴᠢᠨ ᠢ᠂ ᠮᠣᠺᠰᠢ ᠳᠤ ᠢᠯᠠᠭ᠎ᠠ (Phlebotomus) ᠯᠧᠢᠰᠮᠠᠨᠢᠣᠵᠠ ᠶᠢ᠂ ᠬᠥᠬᠡᠲᠦᠷᠢᠭᠦᠦ (Tabanus) ᠲᠦᠶᠢᠯᠢᠶᠠᠷᠮᠢ᠂ ᠲᠷᠢᠫᠨᠠᠽᠣᠮᠣᠽ᠂ ᠰᠢᠪᠸᠷᠢᠶ ᠠ ᠶᠢᠨ ᠪᠣᠭᠣᠮ᠎ᠠ᠂ ᠴᠧᠼᠧ ᠢᠯᠠᠭ᠎ᠠ (Glossina morsitans) ᠨᠣᠶᠢᠷ ᠤᠨ ᠡᠪᠡᠳᠴᠢᠨ ᠵᠡᠷᠭᠡ ᠬᠠᠯᠳᠠᠪᠤᠷᠢᠲᠤ ᠡᠪᠡᠳᠴᠢᠨ ᠨᠦᠭᠦᠳ ᠢ ᠳᠠᠮᠵᠢᠭᠤᠯᠬᠤ ᠲᠤᠯᠠ ᠠᠶᠤᠯ ᠲᠠᠢ᠃ ᠭᠡᠲᠡᠯ᠎ᠡ ᠦᠷ᠎ᠡ ᠲᠠᠷᠢᠶ᠎ᠠ ᠪᠠ ᠬᠦᠨᠡᠰᠦᠨ ᠦ ᠨᠣᠭᠣᠭᠠᠨ ᠤ ᠲᠠᠷᠢᠮᠠᠯ ᠤᠷᠭᠤᠮᠠᠯ ᠳᠤ ᠬᠥᠨᠥᠭᠡᠯ ᠤᠴᠠᠷᠠᠭᠤᠯᠤᠭᠴᠢ ᠬᠣᠣᠰ ᠳᠠᠯᠠᠪᠴᠢᠲᠠᠨ ᠴᠥᠭᠡᠨ ᠦᠭᠡᠢ᠃ ᠮᠠᠨ ᠤ ᠣᠷᠣᠨ ᠳᠤ ᠰᠸᠸᠳᠡᠨ ᠢᠯᠠᠭ᠎ᠠ (Ossinella pusilla), ᠨᠣᠭᠣᠭᠠᠨ ᠨᠢᠳᠦᠨ (Chlorops pumilionus) ᠮᠧᠷᠣᠽᠢᠮᠠ (Merrozuma saltatrixtris) ᠪᠦᠳᠦᠭᠦᠨ ᠬᠥᠯ ᠳᠦ ᠢᠯᠠᠭ᠎ᠠ (Bibbio consanguineus, bibio nigriven) ᠵᠡᠷᠭᠡ ᠦᠷ᠎ᠡ ᠲᠠᠷᠢᠶᠠᠨ ᠤ ᠦᠶ᠎ᠡ ᠳᠦ ᠤᠷᠭᠤᠮᠠᠯ ᠤᠳ ᠪᠠᠶᠢᠴᠠᠭᠠᠨ ᠤ ᠬᠠᠪᠤᠷ ᠤᠨ ᠢᠯᠠᠭ᠎ᠠ (Hylemyia floralis) ᠰᠣᠩᠭᠢᠨ ᠤ ᠢᠯᠠᠭ᠎ᠠ (Hylemyia Antigua) ᠯᠠᠭ ᠯᠤᠤᠪᠠᠩ ᠤᠨ ᠢᠯᠠᠭ᠎ᠠ (Pegomyia hiosviami) ᠵᠡᠷᠭᠡ ᠢᠯᠠᠭᠠᠨ ᠨᠤᠭᠤᠳ ᠬᠦᠨᠡᠰᠦᠨ ᠦ ᠨᠣᠭᠣᠭᠠᠨ ᠳᠤ ᠶᠡᠬᠡᠬᠡᠨ ᠭᠡᠮᠲᠦᠯ ᠤᠴᠠᠷᠠᠭᠤᠯᠤᠨ᠎ᠠ᠃ ᠣᠯᠠᠨ ᠵᠦᠢᠯ ᠦᠨ ᠢᠯᠠᠭᠠᠨ ᠨᠤᠭᠤᠳ ᠴᠡᠴᠡᠭᠲᠦ ᠤᠷᠭᠤᠮᠠᠯ ᠤᠨ ᠲᠣᠭᠣᠰᠣ ᠬᠦᠷᠲᠡᠭᠡᠳᠡᠭ ᠲᠤᠯᠠ ᠪᠠᠶᠢᠭᠠᠯᠢ ᠪᠠ ᠠᠵᠤ ᠠᠬᠤᠢ ᠳᠤ ᠶᠡᠬᠡᠬᠡᠨ ᠠᠴᠢ ᠲᠤᠰᠠ ᠦᠵᠡᠭᠦᠯᠦᠨ᠎ᠡ᠃ᠬᠣᠣᠰ ᠳᠠᠯᠠᠪᠴᠢᠲᠠᠨ ᠤ ᠪᠠᠭ ᠲᠤ 80000 ᠣᠷᠴᠢᠮ ᠢᠯᠠᠭᠠᠨᠤᠳ ᠬᠠᠮᠢᠶᠠᠷᠤᠭᠳᠠᠨ᠎ᠠ᠃

ᠪᠢᠣᠯᠣᠭᠢ ᠡᠺᠣᠯᠣᠭ ᠤᠨ ᠵᠠᠷᠢᠮ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠋ᠢᠶᠠᠫᠠᠦ᠋ᠽ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠣᠷᠴᠢᠨ ᠤ ᠲᠣᠯᠠᠭᠠᠨ ᠤ ᠬᠡᠮᠵᠢᠶ᠎ᠡ ᠶᠡᠬᠡᠰᠬᠦ ᠪᠤᠶᠤ ᠪᠠᠭᠤᠷᠠᠬᠤ ᠭᠠᠨ ᠪᠣᠯᠬᠤ ᠬᠣᠭᠣᠯᠠ ᠲᠡᠵᠢᠭᠡᠯᠭᠦᠶᠢᠳᠡᠬᠦ ᠵᠡᠷᠭᠡ ᠠᠮᠢᠳᠤᠷᠠᠯ ᠤᠨ ᠲᠣᠬᠢᠷᠠᠮᠵᠢ ᠦᠭᠡᠢ ᠨᠥᠬᠥᠴᠡᠯ ᠳᠦ ᠰᠢᠪᠠᠵᠢ ᠶᠢᠨ ᠥᠰᠦᠯᠲᠡ ᠬᠥᠭᠵᠢᠯᠲᠡ ᠵᠣᠭᠰᠣᠩᠭᠢ ᠪᠠᠶᠢᠳᠠᠯ ᠳᠤ ᠣᠷᠣᠳᠠᠭ ᠡᠭᠦᠨ ᠢ ᠳ᠋ᠢᠶᠠᠫᠦᠽ ᠭᠡᠨ᠎ᠡ᠃ ᠰᠢᠪᠠᠵᠢ ᠨᠤᠭᠤᠳ ᠳ᠋ᠢᠶᠠᠫᠦᠽᠢ ᠶᠢᠨ ᠦᠶ᠎ᠡ ᠳᠦ ᠬᠥᠳᠡᠯᠭᠡᠭᠡᠨ ᠦᠭᠡᠢ ᠪᠣᠯᠵᠤ ᠪᠣᠳᠠᠰ ᠤᠨ ᠰᠣᠯᠢᠯᠴᠠᠭᠠᠨ ᠤ ᠶᠠᠪᠤᠴᠠ ᠡᠷᠡᠰ ᠪᠠᠭᠤᠷᠴᠢ ᠴᠢᠨᠠᠷ ᠤᠨ ᠲᠠᠯ᠎ᠠ ᠪᠠᠷ ᠥᠭᠡᠷᠡᠴᠢᠯᠭ ᠠᠳᠡᠨ᠎ᠡ᠃ ᠳ᠋ᠢᠶᠠᠫᠦᠽᠢ ᠶᠢᠨ ᠠᠮᠢᠳᠤᠷᠠᠯ ᠨᠢ ᠥᠭᠡᠬᠦᠯᠢᠭ ᠪᠡᠶ᠎ᠡ ᠳᠦ ᠬᠤᠷᠠᠮᠲᠤᠯᠠᠭᠳᠠᠭᠰᠠᠨ ᠲᠡᠵᠢᠭᠡᠯ ᠦᠨ ᠪᠣᠳᠠᠰ ᠤᠨ ᠲᠤᠰᠠᠯᠠᠮᠵᠢ ᠪᠠᠷ ᠶᠠᠪᠠᠷᠳᠠᠬᠤ ᠪᠠ ᠠᠮᠢᠰᠬᠤᠯ ᠨᠢ ᠠᠭᠠᠷ ᠬᠦᠴᠢᠯᠲᠥᠷᠦᠭᠴᠢ ᠶᠢᠨ ᠡᠰ ᠦᠨ ᠲᠤᠰᠬᠠᠢ ᠢᠰᠭᠡᠬᠦᠷ ᠦᠨ ᠨᠥᠯᠥᠭᠡ ᠪᠡᠷ ᠲᠡᠵᠢᠭᠡᠯ ᠦᠨ ᠪᠣᠳᠠᠰ ᠤᠨ ᠡᠰᠡᠯᠳᠦᠭᠰᠡᠨ ᠦ ᠦᠨᠳᠦᠰᠦᠨ ᠳᠦ ᠶᠠᠪᠤᠭᠳᠠᠨ᠎ᠠ᠃ ᠠᠮᠢᠰᠬᠤᠯ ᠤᠨ ᠡᠶᠢᠮᠦ ᠠᠷᠭ᠎ᠠ ᠪᠣᠯ ᠲᠦᠷᠢ ᠵᠣᠭᠰᠣᠯᠲᠠ ᠶᠢᠨ ᠪᠠᠶᠢᠳᠠᠯ ᠳᠤ (ᠳ᠋ᠢᠶᠠᠫᠠᠦ᠋ᠽᠢ ᠳᠤ) ᠪᠠᠶᠢᠭ᠎ᠠ ᠰᠢᠪᠠᠵᠢ ᠶᠢᠨ ᠬᠦᠢᠲᠡᠨ ᠢ ᠲᠡᠰᠪᠦᠷᠢᠯᠡᠬᠦ ᠴᠢᠪᠠᠷᠪᠠ ᠠᠮᠢᠳᠤᠷᠠᠬᠤ ᠣᠷᠴᠢᠨ ᠤ ᠪᠤᠰᠤᠳ ᠲᠣᠬᠢᠷᠠᠮᠵᠢ ᠦᠭᠡᠢ ᠨᠥᠬᠥᠴᠡᠯ ᠦᠳ ᠢ ᠡᠰᠡᠷᠭᠦᠴᠡᠬᠦ ᠶᠠᠪᠤᠳᠠᠯ ᠢ ᠰᠠᠶᠢᠵᠢᠷᠠᠭᠤᠯᠵᠤ ᠥᠭᠭᠦᠨ᠎ᠡ᠃ ᠰᠢᠪᠠᠵᠢ ᠬᠥᠭᠵᠢᠯ ᠦᠨ ᠪᠦᠬᠦ ᠱᠠᠲᠤᠨ ᠳᠤ ᠪᠠᠨ ᠳ᠋ᠢᠶᠠᠫᠠᠦ᠋ᠽᠳ ᠤᠷᠤᠬᠤ ᠪᠣᠯᠪᠠᠴᠤ ᠬᠠᠷᠢᠨ ᠵᠠᠷᠢᠮ ᠵᠦᠢᠯ ᠦᠨ ᠰᠢᠪᠠᠵᠢ ᠶᠢᠨ ᠳ᠋ᠢᠶᠠᠫᠠᠦ᠋ᠽ ᠨᠢ ᠲᠡᠭᠦᠨ ᠦ ᠬᠥᠭᠵᠢᠯ ᠦᠨ ᠲᠣᠳᠣᠷᠬᠠᠢ ᠱᠠᠲᠤ ᠲᠠᠢ ᠬᠣᠯᠪᠣᠭ᠎ᠠ ᠲᠠᠢ ᠪᠠᠶᠢᠳᠠᠭ᠃

ᠨᠡᠶᠢᠭᠡᠮᠴᠢ ᠰᠢᠪᠠᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠭᠡᠮᠴᠢ ᠰᠢᠪᠠᠵᠢ ᠨᠤᠭᠤᠳ ᠪᠦᠯᠢ ᠶᠢᠨ ᠳᠣᠲᠣᠷ᠎ᠠ ᠢᠵᠢᠯ ᠲᠥᠷᠥᠯ ᠦᠨ ᠲᠣᠳᠣᠷᠬᠠᠢ ᠬᠤᠪᠢᠶᠠᠷᠢ ᠲᠠᠢ ᠪᠠᠶᠢᠳᠠᠭ ᠨᠢ ᠲᠡᠳᠡᠨ ᠦ ᠠᠮᠢᠳᠤᠷᠠᠯ ᠤᠨ ᠶᠠᠪᠤᠴᠠ ᠲᠤ ᠡᠭᠦᠰᠴᠢ ᠪᠤᠢ ᠪᠣᠯᠤᠭᠰᠠᠨ ᠬᠡᠪ ᠵᠠᠩᠰᠢᠯ (ᠢᠨᠰᠲ᠋ᠢᠨᠺᠲ) ᠶᠤᠮ᠃ ᠵᠥᠭᠡᠢ ᠶᠢᠨ ᠡᠭᠦᠷ ᠲᠦ ᠥᠨᠳᠡᠭᠡ ᠲᠥᠷᠥᠭᠦᠯᠬᠦ ᠴᠢᠳᠠᠪᠤᠷᠢ ᠦᠭᠡᠢ ᠮᠠᠰᠢ ᠣᠯᠠᠨ ᠲᠣᠭᠠᠨ ᠤ ᠠᠵᠢᠯᠴᠢᠨ ᠵᠥᠭᠡᠢ ᠴᠡᠴᠡᠭ ᠦᠨ ᠪᠠᠯ ᠴᠤᠭᠯᠠᠭᠤᠯᠵᠤ ᠬᠣᠭᠣᠯᠠ ᠲᠡᠵᠢᠭᠡᠯ ᠪᠡᠯᠡᠳᠬᠡᠬᠦ᠂ ᠡᠭᠦᠷ ᠪᠠᠷᠢᠬᠤ᠂ ᠴᠡᠪᠡᠷᠯᠡᠬᠦ᠂ ᠦᠷ ᠦᠨ ᠳᠣᠲᠣᠷᠠᠬᠢ ᠠᠭᠠᠷ ᠢ ᠰᠣᠯᠢᠬᠤ ᠴᠢᠭᠢᠭ ᠦᠨ ᠬᠡᠮᠵᠢᠶ᠎ᠡ ᠶᠢ ᠲᠤᠬᠢᠷᠠᠭᠤᠯᠬᠤ ᠠᠪᠠᠭᠠᠯᠳᠠᠢ ᠶᠢ ᠬᠣᠭᠣᠯᠠᠯᠠᠬᠤ ᠭᠡᠬᠦ ᠮᠡᠲᠦ ᠭᠣᠣᠯ ᠠᠵᠢᠯ ᠢ ᠭᠦᠢᠴᠡᠳᠭᠡᠨ᠎ᠡ᠃ ᠨᠢᠭᠡ ᠪᠦᠯᠢ ᠳᠦ ᠦᠷᠡᠵᠢᠬᠦ ᠴᠢᠳᠠᠪᠤᠷᠢ ᠲᠠᠢ ᠭᠠᠭᠴᠠᠬᠠᠨ ᠬᠠᠲᠠᠨ ᠵᠥᠭᠡᠢ ᠪᠠᠶᠢᠨ᠎ᠠ᠃ ᠬᠠᠲᠤᠨ ᠵᠥᠭᠡᠢ ᠥᠨᠳᠡᠭᠡᠯᠡᠵᠦ ᠦᠷ᠎ᠡ ᠤᠳᠤᠮ ᠢᠶᠠᠨ ᠪᠦᠯᠢ ᠳᠦ ᠦᠯᠡᠳᠡᠭᠡᠬᠦ ᠡᠴᠡ ᠥᠭᠡᠷ᠎ᠡ ᠠᠵᠢᠯ ᠦᠭᠡᠢ᠃ ᠬᠠᠲᠤᠨ ᠵᠥᠭᠡᠢ ᠠᠵᠢᠯᠴᠢᠨ ᠡᠮᠡᠭᠴᠢᠨ ᠵᠥᠭᠡᠢ ᠨᠦᠭᠦᠳ ᠡᠴᠡ ᠲᠣᠳᠣ ᠢᠯᠭᠠᠭᠳᠠᠨ᠎ᠠ᠃ ᠮᠥᠨ ᠦᠷ᠎ᠡ ᠲᠣᠭᠲᠠᠭᠠᠬᠤ ᠡᠭᠦᠷᠭᠡ ᠲᠡᠢ ᠡᠴᠢᠭᠡ ᠵᠥᠭᠡᠢ ᠡᠭᠦᠬᠡᠨ ᠳᠦ ᠪᠠᠶᠢᠬᠤ ᠪᠥᠭᠡᠳ ᠡᠷᠡᠭᠴᠢᠨ ᠵᠥᠭᠡᠢ ᠦᠨᠦᠷᠯᠡᠬᠦ ᠡᠷᠬᠡᠲᠡᠨ ᠰᠠᠬᠠᠯ᠂ ᠬᠠᠷᠠᠭ᠎ᠠ ᠰᠠᠶᠢᠨ ᠬᠥᠭᠵᠢᠭᠰᠡᠨ ᠪᠠᠶᠢᠳᠠᠭ ᠨᠢ ᠦᠷᠡᠵᠢᠯ ᠦᠨ ᠦᠶ᠎ᠡ ᠳᠦ ᠬᠠᠲᠤᠨ ᠵᠥᠭᠡᠢ ᠶᠢ ᠣᠯᠬᠤ ᠳᠤ ᠭᠣᠣᠯ ᠡᠭᠦᠷᠭᠡ ᠭᠦᠢᠴᠡᠳᠭᠡᠨ᠎ᠡ᠃ ᠠᠵᠢᠯᠴᠢᠨ ᠵᠥᠭᠡᠢ ᠦᠷᠡᠵᠢᠬᠦ ᠦᠭᠡᠢ ᠪᠠ ᠡᠴᠢᠭᠡ ᠵᠥᠭᠡᠢ ᠦᠷ᠎ᠡ ᠲᠣᠭᠲᠠᠰ᠎ᠠ ᠶᠢᠨ ᠳᠠᠷᠠᠭ᠎ᠠ ᠦᠬᠦᠨ᠎ᠡ᠃ ᠬᠠᠷᠢᠨ ᠬᠠᠲᠤᠨ ᠵᠥᠭᠡᠢ ᠤᠳᠠᠭᠠᠨ ᠨᠠᠰᠤᠯᠠᠨ᠎ᠠ᠃ ᠰᠢᠷᠭᠤᠯᠵᠢ ᠡᠭᠦᠷ ᠦᠨ ᠳᠣᠲᠣᠷ᠎ᠠ ᠮᠥᠨ ᠪᠦᠯᠢ ᠪᠡᠷ ᠠᠮᠢᠳᠤᠷᠠᠨ᠎ᠠ᠃ ᠥᠨᠳᠡᠭᠡ ᠲᠥᠷᠥᠭᠦᠯᠬᠦ ᠴᠢᠳᠠᠪᠤᠷᠢ ᠦᠭᠡᠢ ᠠᠵᠢᠯᠴᠢᠨ ᠰᠢᠷᠭᠤᠯᠵᠢᠨ ᠨᠤᠭᠤᠳ ᠦᠷ ᠦᠨ ᠳᠣᠲᠣᠷᠠᠬᠢ ᠪᠦᠬᠦ ᠠᠵᠢᠯ ᠢ ᠬᠢᠬᠦ ᠡᠴᠡ ᠭᠠᠳᠠᠨ᠎ᠠ ᠴᠡᠷᠢᠭ ᠴᠢᠷᠭᠤᠯᠵᠢ ᠡᠭᠦᠷ᠂ ᠪᠦᠯᠢ ᠶᠢ ᠪᠤᠰᠤᠳ ᠤᠨ ᠳᠣᠪᠲᠣᠯᠭᠠᠨ ᠠᠴᠠ ᠬᠠᠮᠠᠭᠠᠯᠠᠬᠤ ᠡᠭᠦᠷᠭᠡ ᠲᠡᠢ ᠲᠤᠯᠠ ᠲᠡᠳᠡᠭᠡᠷ ᠦᠨ ᠤᠭᠢᠶᠠᠵᠤ ᠮᠠᠰᠢ ᠬᠦᠴᠦᠷᠬᠡᠭ ᠬᠥᠭᠵᠢᠭᠰᠡᠨ ᠪᠠᠶᠢᠨ᠎ᠠ᠃

ᠪᠡᠶ᠎ᠡ ᠪᠡᠨ ᠬᠠᠮᠠᠭᠠᠯᠠᠬᠤ ᠵᠣᠬᠢᠯᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠠᠮᠢᠲᠠᠳ ᠠᠴᠠ ᠪᠡᠶ᠎ᠡ ᠪᠡᠨ ᠬᠠᠮᠠᠭᠠᠯᠠᠬᠤ ᠶᠢᠨ ᠲᠤᠯᠠᠳᠠ ᠠᠮᠢᠳᠤᠷᠠᠯ ᠤᠨ ᠲᠡᠮᠡᠴᠡᠯ ᠳᠦ ᠶᠠᠩᠵᠤ ᠪᠦᠷᠢ ᠶᠢᠨ ᠵᠣᠬᠢᠯᠳᠤᠯᠭ᠎ᠠ ᠪᠠᠨ ᠪᠣᠯᠵᠠᠢ᠃ ᠰᠢᠪᠠᠵᠢ ᠶᠢᠨ ᠠᠮᠢᠳᠤᠷᠠᠯ ᠳᠤ ᠪᠡᠶ᠎ᠡ ᠶᠢᠨ ᠥᠩᠭᠡ ᠴᠢᠬᠤᠯᠠ ᠡᠭᠦᠷᠭᠡ ᠭᠦᠢᠴᠡᠳᠭᠡᠨ᠎ᠡ᠃ ᠶᠡᠬᠡᠩᠬᠢ ᠰᠢᠪᠠᠵᠢ ᠶᠢᠨ ᠥᠩᠭᠡ ᠥᠪᠡᠷ ᠦᠨ ᠠᠮᠢᠳᠤᠷᠠᠬᠤ ᠣᠷᠴᠢᠨ ᠤ ᠥᠩᠭᠡ ᠲᠡᠢ ᠢᠵᠢᠯᠢ ᠪᠠᠶᠢᠳᠠᠭ ᠪᠠ ᠵᠠᠷᠢᠮ ᠰᠢᠪᠠᠵᠢ ᠨᠤᠭᠤᠳ ᠤᠷᠭᠤᠮᠠᠯ ᠢ ᠨᠠᠪᠴᠢ᠂ ᠮᠥᠴᠢᠷ ᠭᠡᠬᠦ ᠮᠡᠲᠦ ᠡᠷᠬᠡᠲᠡᠨ ᠲᠡᠢ ᠲᠥᠰᠥᠭᠡᠲᠡᠢ ᠪᠣᠯᠬᠤ᠂ ᠶᠠᠮᠠᠷ ᠴᠤ ᠲᠥᠷᠥᠯ ᠦᠨ ᠬᠣᠯᠪᠣᠭ᠎ᠠ ᠦᠭᠡᠢ ᠥᠭᠡᠷ᠎ᠡ ᠬᠣᠣᠷᠲᠠᠨ ᠰᠢᠪᠠᠵᠢ ᠲᠠᠢ ᠠᠳᠠᠯᠢ ᠴᠣᠬᠣᠷ ᠥᠩᠭᠡ ᠲᠡᠢ ᠪᠣᠯᠬᠤ ᠵᠡᠷᠭᠡ ᠵᠣᠬᠢᠯᠳᠤᠯᠭ᠎ᠠ ᠶᠢ ᠣᠯᠤᠭᠰᠠᠨ ᠪᠠᠶᠢᠳᠠᠭ᠃

ᠡᠶᠢᠮᠦ ᠦᠵᠡᠭᠳᠡᠯ ᠢ ᠢᠪᠡᠭᠡᠬᠦ ᠥᠩᠭᠡ ᠭᠡᠵᠦ ᠨᠡᠷᠡᠯᠡᠨ᠎ᠡ᠃ ᠶᠡᠬᠡᠩᠬᠢ ᠰᠢᠯᠤᠭᠤᠨ ᠳᠠᠯᠠᠪᠴᠢᠲᠠᠨ ᠪᠢᠰ ᠵᠥᠷᠢᠭᠡᠭ ᠨᠢ ᠣᠷᠴᠢᠨ ᠤ ᠪᠠᠶᠢᠳᠠᠯ ᠲᠠᠢ ᠠᠳᠠᠯᠢᠬᠠᠨ ᠨᠣᠭᠣᠭᠠᠨ ᠬᠦᠷᠡᠪᠲᠦᠷ᠂ ᠪᠠᠷᠠᠭᠠᠨ ᠰᠠᠷᠠᠯ ᠥᠩᠭᠡ ᠲᠡᠢ ᠪᠠᠶᠢᠳᠠᠭ᠃ ᠭᠡᠲᠡᠯ᠎ᠡ ᠨᠢᠰᠴᠢ ᠶᠠᠪᠤᠭ᠎ᠠ ᠦᠶ᠎ᠡ ᠳᠦ ᠬᠣᠶᠢᠳᠤ ᠳᠠᠯᠠᠪᠴᠢ ᠨᠢ ᠲᠣᠳᠣ ᠥᠩᠭᠡ ᠲᠡᠢ ᠬᠠᠷᠠᠭᠳᠠᠳᠠᠭ ᠪᠠ ᠰᠠᠭᠤᠮᠠᠭᠴᠠ ᠡᠮᠦᠨᠡᠲᠦ ᠳᠠᠯᠠᠪᠴᠢᠨ ᠳᠤ ᠪᠠᠨ ᠬᠤᠴᠢᠭᠳᠠᠨ ᠪᠠᠷᠤᠭ ᠬᠠᠷᠠᠭᠳᠠᠬᠤ ᠦᠭᠡᠢ ᠰᠢᠬᠠᠮ ᠪᠣᠯᠳᠠᠭ ᠲᠣᠬᠢᠶᠠᠯᠳᠤᠯ ᠴᠤ ᠪᠤᠢ᠃ ᠠᠯᠠᠭ ᠴᠣᠬᠣᠷ ᠴᠡᠴᠡᠭ ᠦᠨ ᠳᠤᠮᠳᠠ ᠨᠢᠴ ᠶᠠᠪᠤᠭ᠎ᠠ ᠡᠷᠪᠡᠬᠡᠢ ᠲᠣᠳᠣ ᠬᠠᠷᠠᠭᠳᠠᠬᠤ ᠪᠣᠯᠪᠠᠴᠤ ᠳᠠᠯᠠᠪᠴᠢ ᠪᠠᠨ ᠪᠣᠰᠤᠭ᠎ᠠ ᠪᠠᠶᠢᠳᠠᠯ ᠢᠶᠠᠷ ᠬᠤᠮᠬᠢᠨ ᠰᠠᠭᠤᠮᠠᠭᠴᠠ ᠴᠡᠴᠡᠭ ᠦᠨ ᠥᠩᠭᠡ ᠡᠴᠡ ᠢᠯᠭᠠᠭᠳᠠᠬᠤ ᠦᠭᠡᠢ ᠪᠠᠶᠢᠬᠤ ᠨᠢ ᠣᠯᠠᠨ ᠪᠤᠢ᠃ ᠡᠨᠡ ᠳᠠᠯᠠᠪᠴᠢᠨ ᠦ ᠳᠡᠭᠡᠳᠦ ᠳ᠋ᠣᠣ ᠳᠤ ᠲᠠᠯ᠎ᠠ ᠶᠢᠨ ᠥᠩᠭᠡ ᠢᠵᠢᠯᠢ ᠪᠢᠰᠢ ᠪᠠᠶᠢᠳᠠᠭ ᠲᠠᠢ ᠬᠣᠯᠪᠣᠭᠠᠲᠠᠢ ᠪᠠᠶᠢᠳᠠᠭ ᠶᠤᠮ᠃ ᠲᠥᠭᠡᠯᠡᠭᠦᠷᠴᠢ ᠡᠷᠪᠡᠬᠡᠢ ᠶᠢᠨ ᠠᠪᠠᠭᠠᠯᠳᠠᠢ (Geometridae) ᠥᠪᠡᠷ ᠦᠨ ᠠᠮᠢᠳᠤᠷᠠᠯ ᠳᠤ ᠠᠶᠤᠯ ᠲᠤᠯᠭᠠᠷᠠᠮᠠᠭᠴᠠ ᠮᠣᠳᠣᠨ ᠳᠤ ᠬᠣᠶᠢᠳᠤ ᠬᠥᠯ ᠢᠶᠡᠷ ᠢᠶᠡᠨ ᠪᠡᠬᠢᠯᠡᠭᠳᠡᠨ ᠪᠣᠰᠤᠮᠠᠭᠴᠠ ᠮᠣᠳᠣᠨ ᠤ ᠨᠠᠪᠴᠢᠨ ᠦ ᠮᠥᠴᠢᠷ ᠡᠴᠡ ᠦᠯᠦ ᠢᠯᠭᠠᠭᠳᠠᠨ᠎ᠠ᠃ ᠣᠷᠴᠢᠨ ᠤ ᠥᠩᠭᠡ ᠲᠡᠢ ᠠᠳᠠᠯᠢ ᠲᠥᠰᠥᠭᠡᠲᠡᠢ ᠪᠣᠯᠤᠭᠰᠠᠨ ᠪᠠᠶᠢᠬᠤ ᠠᠴᠠ ᠭᠠᠳᠠᠨ᠎ᠠ ᠵᠠᠷᠢᠮ ᠰᠢᠪᠠᠵᠢ ᠮᠠᠰᠢ ᠲᠣᠳᠣ ᠥᠩᠭᠡ ᠲᠡᠢ ᠪᠠᠶᠢᠳᠠᠭ᠃ ᠡᠭᠦᠨ ᠳᠦ : ᠪᠤᠭᠤᠯ ᠢᠶᠠᠨ ᠴᠣᠬᠣ ᠨᠤᠭᠤᠳ᠂ ᠵᠥᠭᠡᠢ ᠬᠡᠳᠡᠭᠡᠨ᠎ᠡ ᠶᠢ ᠨᠡᠷᠡᠯᠡᠵᠦ ᠪᠣᠯᠤᠨ᠎ᠠ᠃ ᠡᠭᠦᠨ ᠢ ᠠᠶᠤᠯᠭᠠᠬᠤ ᠥᠩᠭᠡ (ᠮᠢᠮᠢᠺᠷᠢ) ᠭᠡᠨ᠎ᠡ᠃ ᠭᠡᠲᠡᠯ᠎ᠡ ᠥᠪᠡᠷᠲᠡᠭᠡᠨ ᠶᠠᠮᠠᠷ ᠴᠤ ᠬᠠᠮᠠᠭᠠᠯᠠᠬᠤ ᠴᠢᠳᠠᠪᠤᠷᠢ ᠦᠭᠡᠢ ᠪᠣᠯᠪᠠᠴᠤ ᠮᠢᠬᠠᠴᠢᠨ ᠠᠮᠢᠲᠠᠳ ᠢ ᠠᠶᠤᠯᠭᠠᠬᠤ ᠴᠢᠳᠠᠪᠤᠷᠢ ᠪᠦᠬᠦᠢ ᠪᠤᠰᠤᠳ ᠰᠢᠪᠠᠵᠢ ᠶᠢᠨ ᠠᠳᠠᠯᠢ ᠲᠣᠳᠣ ᠥᠩᠭᠡ ᠲᠡᠢ᠂ ᠠᠯᠠᠭ ᠴᠣᠬᠣᠷ ᠪᠡᠶ᠎ᠡ ᠲᠡᠢ ᠰᠢᠪᠠᠵᠢ ᠨᠤᠭᠤᠳ ᠪᠠᠶᠢᠨ᠎ᠠ᠃

ᠰᠢᠪᠠᠵᠢᠨ ᠦ ᠪᠠᠶᠢᠭᠠᠯᠢ ᠳᠠᠬᠢ ᠠᠵᠤ ᠠᠬᠤᠢ ᠶᠢᠨ ᠠᠴᠢ ᠬᠣᠯᠪᠣᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠪᠠᠶᠢᠭᠠᠯᠢ ᠳᠠᠬᠢ ᠡᠭᠦᠷᠭᠡ ᠠᠴᠢ ᠬᠣᠯᠪᠣᠭᠳᠠᠯ ᠠᠰᠤᠷᠤ ᠶᠡᠬᠡ ᠶᠠᠭᠤᠮ᠎ᠠ᠃ ᠰᠢᠪᠠᠵᠢ ᠵᠦᠢᠯ ᠦᠨ ᠲᠣᠭ᠎ᠠ ᠪᠠᠷ 1.5 ᠰᠠᠶ᠎ᠠ ᠣᠷᠴᠢᠮ ᠪᠤᠰᠤᠳ ᠠᠮᠢᠲᠠᠳ ᠠᠴᠠ ᠳᠠᠪᠠᠭᠤ ᠲᠠᠢ ᠪᠣᠯᠬᠤ ᠶᠢᠨ ᠵᠡᠷᠭᠡᠴᠡᠭᠡ ᠵᠠᠷᠢᠮ ᠵᠦᠢᠯ ᠦᠨ ᠰᠢᠪᠠᠵᠢ ᠦᠢ ᠣᠯᠠᠨ ᠢᠶᠠᠷ ᠦᠷᠡᠵᠢᠬᠦ ᠴᠢᠳᠠᠪᠤᠷᠢ ᠲᠠᠢ ᠪᠠᠶᠢᠳᠠᠭ ᠨᠢ ᠮᠠᠨ ᠤ ᠳᠡᠯᠡᠬᠡᠢ ᠳᠡᠭᠡᠷᠡᠬᠢ ᠰᠢᠪᠠᠵᠢ ᠶᠢᠨ ᠲᠣᠭ᠎ᠠ ᠶᠢ ᠦᠢ ᠲᠦᠮᠡᠳ ᠬᠦᠷᠭᠡᠨ᠎ᠡ᠃ ᠲᠤᠰᠬᠠᠶᠢᠯᠠᠨ ᠲᠣᠭᠠᠴᠠᠭᠠᠯᠠᠵᠤ ᠪᠣᠳᠣᠭᠰᠠᠨ᠎ᠠ ᠪᠠᠷ ᠮᠠᠨ ᠤ ᠶᠢᠷᠲᠢᠨᠴᠦ ᠳᠠᠬᠢ ᠰᠢᠪᠠᠵᠢ ᠶᠢᠨ ᠲᠣᠭ᠎ᠠ (ᠮᠢᠨᠦ᠋ᠮᠤᠮ) ᠣᠶᠢᠷᠠᠯᠴᠠᠭ᠎ᠠ ᠪᠠᠷ 10/8 ᠵᠡᠷᠭᠡ ᠮᠯᠷ ᠲᠤ ᠪᠣᠯᠤᠨ᠎ᠠ ᠥᠭᠡᠷ᠎ᠡ ᠪᠡᠷ ᠬᠡᠯᠡᠪᠡᠯ ᠳᠡᠯᠡᠬᠡᠢ ᠶᠢᠨ ᠬᠦᠮᠦᠨ ᠠᠮᠠ ᠶᠢᠨ ᠨᠢᠭᠡ ᠪᠦᠷᠢ ᠳᠦ 250000000 ᠣᠷᠴᠢᠮ ᠰᠢᠪᠠᠵᠢ ᠨᠣᠣᠭ ᠲᠤ ᠬᠢ ᠵᠢᠱᠢᠶ᠎ᠡ ᠲᠡᠢ᠃ ᠡᠨᠡ ᠦᠢ ᠲᠦᠮᠡᠨ ᠰᠢᠪᠠᠵᠢ ᠨᠤᠭᠤᠳ ᠪᠠᠶᠢᠭᠠᠯᠢ ᠶᠢᠨ ᠡᠯᠳᠡᠪ ᠦᠢᠯᠡ ᠠᠵᠢᠯᠯᠠᠭᠠᠨ ᠳᠤ ᠮᠠᠰᠢ ᠢᠳᠡᠪᠬᠢ ᠲᠡᠢ ᠣᠷᠣᠯᠴᠠᠨ᠎ᠠ᠃

ᠰᠢᠪᠠᠵᠢ ᠣᠯᠠᠨ ᠶᠠᠩᠵᠤ ᠶᠢᠨ ᠴᠡᠴᠡᠭᠲᠦ ᠤᠷᠭᠤᠮᠠᠯ ᠤᠳ ᠤᠨ ᠲᠣᠭᠣᠰᠣ ᠶᠢ ᠬᠦᠷᠲᠡᠭᠡᠳᠡᠭ ᠲᠤᠯᠠ ᠪᠠᠶᠢᠭᠠᠯᠢ ᠳᠤ ᠠᠰᠤᠷᠤ ᠶᠡᠬᠡ ᠠᠴᠢ ᠬᠣᠯᠪᠣᠭᠳᠠᠯ ᠲᠠᠢ᠃ ᠰᠢᠪᠠᠵᠢ ᠪᠠᠷ ᠲᠣᠭᠣᠰᠣ ᠬᠦᠷᠢᠲᠦᠳᠡᠭ ᠴᠡᠴᠡᠭᠲᠦ ᠤᠷᠭᠤᠮᠠᠯ ᠤᠳ ᠮᠠᠰᠢ ᠣᠯᠠᠨ᠃ ᠵᠠᠷᠢᠮ ᠤᠷᠭᠤᠮᠠᠯ ᠤᠳ ᠵᠥᠪᠦᠩ ᠲᠣᠭᠣᠰᠣ ᠬᠥᠲᠥᠬᠦ ᠦᠭᠡᠢ ᠪᠡᠷ ᠦᠷᠡᠵᠢᠵᠦ ᠴᠢᠳᠠᠬᠤ ᠦᠭᠡᠢ᠃ ᠤᠷᠭᠤᠮᠠᠯ ᠤᠨ ᠲᠣᠭᠣᠰᠣ ᠬᠦᠷᠲᠡᠭᠡᠭᠴᠢ ᠰᠢᠪᠠᠵᠢ ᠨᠤᠭᠤᠳ ᠠᠴᠠ ᠨᠢᠭᠡᠳᠦᠭᠡᠷ ᠲᠦ ᠰᠠᠷᠢᠭᠰᠠᠨ ᠳᠠᠯᠠᠪᠴᠢᠲᠠᠨ ᠢᠯᠠᠩᠭᠤᠶ᠎ᠠ ᠪᠠᠯᠲᠤ ᠵᠥᠭᠡᠢ ᠦᠬᠡᠷ ᠬᠡᠳᠡᠭᠡᠨ᠎ᠡ᠂ ᠬᠣᠶᠠᠳᠤᠭᠠᠷ ᠲᠤ ᠬᠣᠣᠰ ᠳᠠᠯᠠᠪᠴᠢᠲᠠᠨ (ᠡᠯᠳᠡᠪ ᠢᠯᠭᠠᠭ᠎ᠠ) ᠭᠤᠷᠪᠠᠳᠤᠭᠠᠷ ᠲᠤ ᠡᠷᠪᠡᠬᠡᠢ ᠣᠷᠣᠨ᠎ᠠ᠃ ᠬᠥᠷᠥᠰᠥ ᠡᠭᠦᠰᠬᠦ ᠶᠠᠪᠤᠴᠠ ᠲᠤ ᠰᠢᠪᠠᠵᠢ ᠨᠤᠭᠤᠳ ᠢᠯᠠᠩᠭᠤᠶ᠎ᠠ ᠲᠧᠷᠮᠢᠲ ᠪᠠ ᠰᠢᠷᠭᠤᠯᠵᠢ ᠨᠤᠭᠤᠳ ᠶᠡᠬᠡ ᠠᠴᠢ ᠬᠣᠯᠪᠣᠭᠳᠠᠯ ᠲᠠᠢ᠃ ᠡᠳᠡᠭᠡᠷ ᠨᠢ ᠪᠤᠰᠤᠳ ᠠᠪᠠᠭᠠᠯᠳᠠᠢ ᠶᠢᠨ ᠠᠳᠠᠯᠢ ᠭᠠᠵᠠᠷ ᠤᠨ ᠬᠥᠷᠦᠭᠰᠡᠨ ᠳᠦ ᠠᠮᠢᠳᠤᠷᠠᠵᠤ ᠨᠦᠬᠡᠯᠡᠨ ᠰᠡᠶᠢᠷᠡᠭᠵᠢᠭᠦᠯᠵᠦ ᠠᠭᠠᠷ ᠴᠢᠭᠢᠭ ᠳᠤᠯᠠᠭᠠᠨ ᠤ ᠰᠣᠯᠢᠯᠴᠠᠭ᠎ᠠ ᠶᠢ ᠰᠠᠶᠢᠵᠢᠷᠭᠠᠭᠤᠯᠬᠤ ᠪᠠ ᠤᠬᠠᠭᠠᠮᠠᠯ ᠠᠮᠢᠲᠠᠳ ᠤᠨ ᠦᠵᠡᠭᠳᠡᠯ ᠢ ᠵᠠᠳᠠᠯᠵᠤ ᠶᠠᠵᠠᠮᠠᠭ ᠢᠶᠠᠷ ᠪᠠᠶᠠᠵᠢᠭᠤᠯᠠᠨ᠎ᠠ᠃ ᠰᠢᠯᠮᠦᠦᠰᠦᠲᠦ ᠮᠣᠳᠣᠨ ᠤ ᠬᠠᠭᠳᠤᠷᠴᠢ ᠤᠨᠠᠭᠰᠠᠨ ᠰᠢᠯᠢᠮᠰᠰᠰᠰᠰᠳ ᠰᠢᠪᠠᠵᠢᠢ ᠦᠢᠯᠡ ᠠᠵᠢᠯᠯᠠᠭ᠎ᠠ ᠦᠭᠡᠢ ᠪᠡᠷ ᠢᠯᠵᠠᠮᠠᠭ ᠡᠭᠦᠰᠬᠡᠵᠦ ᠴᠢᠳᠠᠬᠤ ᠦᠭᠡᠢ᠃ ᠰᠢᠪᠠᠵᠢ ᠨᠤᠭᠤᠳ ᠡᠯᠳᠡᠪ ᠠᠮᠢᠲᠠᠳ ᠤᠨ ᠢᠯᠭᠠᠳᠠᠰᠤ᠂ ᠬᠡᠭᠦᠷ᠂ ᠰᠡᠭ ᠤᠷᠭᠤᠮᠠᠯ ᠤᠨ ᠬᠠᠭᠳᠤᠷᠠᠯ ᠢ ᠵᠠᠳᠠᠯᠵᠤ ᠠᠷᠢᠭᠤᠳᠬᠠᠨ ᠴᠡᠪᠡᠷᠯᠡᠭᠴᠢ ᠶᠢᠨ ᠡᠭᠦᠷᠭᠡ ᠭᠦᠢᠴᠡᠳᠭᠡᠬᠦ ᠶᠢᠨ ᠵᠡᠷᠭᠡᠴᠡᠭᠡ ᠪᠠᠶᠢᠭᠠᠯᠢ ᠳᠠᠬᠢ ᠪᠣᠳᠠᠰ ᠤᠨ ᠡᠷᠭᠢᠯᠲᠡ ᠶᠢ ᠨᠥᠬᠦᠴᠡᠯᠳᠦᠭᠦᠯᠵᠦ ᠲᠡᠭᠦᠨ ᠢ ᠲᠦᠷᠭᠡᠰᠬᠡᠨ᠎ᠡ᠃ ᠰᠢᠪᠠᠵᠢ ᠢᠳᠡᠰᠢᠲᠡᠨ ᠰᠢᠪᠠᠭᠤᠳ ᠪᠠ ᠰᠦ᠋ ᠍ ᠪᠡᠷ ᠪᠣᠶᠢᠵᠢᠭᠴᠢᠳ ᠴᠥᠭᠡᠨ ᠦᠭᠡᠢ᠃

ᠰᠢᠪᠠᠵᠢᠨ ᠦ ᠪᠠᠶᠢᠭᠠᠯᠢ ᠳᠠᠬᠢ ᠠᠵᠤ ᠠᠬᠤᠢ ᠶᠢᠨ ᠬᠣᠣᠷ ᠬᠥᠨᠥᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠠᠵᠢ ᠶᠢᠨ ᠪᠠᠶᠢᠭᠠᠯᠢ ᠳᠤ ᠦᠵᠡᠭᠦᠯᠬᠦ ᠬᠣᠣᠷ ᠬᠥᠨᠥᠭᠡᠯ ᠮᠥᠨ ᠠᠰᠤᠷᠤ ᠶᠡᠬᠡ᠃ ᠡᠯᠳᠡᠪ ᠤᠷᠭᠤᠮᠠᠯ ᠤᠨ ᠦᠨᠳᠦᠰᠦ᠂ ᠡᠰᠢ᠂ ᠨᠠᠪᠴᠢ᠂ ᠴᠡᠴᠡᠭ᠂ ᠦᠷ᠎ᠡ ᠵᠢᠮᠢᠰ ᠢ ᠢᠳᠡᠵᠦ ᠶᠡᠬᠡᠬᠡᠨ ᠭᠡᠮᠲᠦᠯ ᠤᠴᠠᠷᠠᠭᠤᠯᠵᠤ ᠤᠷᠭᠤᠴᠠ ᠶᠢ ᠳᠣᠷᠣᠶᠢᠲᠠᠭᠤᠯᠤᠨ᠎ᠠ᠃ ᠢᠯᠠᠩᠭᠤᠶ᠎ᠠ ᠬᠥᠳᠡᠭᠡ ᠠᠵᠤ ᠠᠬᠤᠢ ᠶᠢᠨ ᠲᠠᠷᠢᠮᠠᠯ᠂ ᠤᠷᠭᠤᠮᠠᠯ᠂ ᠣᠢ ᠮᠣᠳᠣ᠂ ᠬᠠᠳᠯᠠᠨ ᠪᠡᠯᠴᠢᠭᠡᠷ ᠢ ᠢᠳᠡᠵᠦ ᠰᠦᠢᠳᠬᠡᠳᠡᠭ ᠲᠤᠯᠠ ᠤᠯᠤᠰ᠂ ᠠᠷᠠᠳ ᠤᠨ ᠠᠵᠤ ᠠᠬᠤᠢ ᠳᠤ ᠪᠠᠭ᠎ᠠ ᠦᠭᠡᠢ ᠬᠣᠬᠢᠷᠠᠯ ᠤᠴᠠᠷᠠᠭᠤᠯᠤᠨ᠎ᠠ᠃ ᠢᠯᠠᠩᠭᠤᠶ᠎ᠠ ᠮᠠᠨ ᠤ ᠣᠷᠣᠨ ᠳᠤ 1929-1939, 1946-1948, 1954-1956 ᠣᠨ ᠨᠤᠭᠤᠳ ᠲᠤ ᠴᠠᠷᠴᠠᠭ᠎ᠠ ᠶᠡᠬᠡᠬᠡᠨ ᠬᠣᠬᠢᠷᠠᠯ ᠤᠴᠠᠷᠠᠭᠤᠯᠵᠤ ᠪᠠᠶᠢᠭᠰᠠᠨ ᠲᠡᠦᠬᠡ ᠲᠡᠢ᠃ ᠴᠠᠷᠴᠠᠭ᠎ᠠ ᠬᠠᠳᠯᠠᠨ ᠪᠡᠯᠴᠢᠭᠡᠷ ᠢ ᠰᠦᠢᠳᠬᠡᠬᠦ ᠡᠴᠡ ᠭᠠᠳᠠᠨ᠎ᠠ ᠦᠷ᠎ᠡ ᠲᠠᠷᠢᠶᠠᠨ ᠤ ᠤᠷᠭᠤᠮᠠᠯ ᠤᠨ ᠦᠨᠳᠦᠰᠦ ᠶᠢ ᠰᠠᠭᠤᠯᠭᠠᠭᠰᠠᠨ ᠦᠷ᠎ᠡ ᠶᠢᠨ ᠨᠢᠰᠠᠯᠤᠭᠤᠷ ᠴᠣᠬᠣ ᠶᠢᠨ ᠤᠲᠤᠭᠰᠠᠨ ᠥᠲᠥ᠂ ᠨᠢᠯ ᠬᠠᠷ᠎ᠠ ᠴᠣᠬᠣ ᠶᠢᠨ ᠬᠠᠭᠤᠷᠮᠠᠴᠢ ᠤᠲᠤᠭᠰᠠᠨ ᠥᠲᠥ ᠨᠦᠭᠦᠳ ᠢᠳᠡᠵᠦ ᠤᠷᠭᠤᠴᠠ ᠶᠢ ᠰᠡᠶᠢᠷᠡᠭᠵᠢᠭᠦᠯᠦᠨ ᠠᠰᠤᠷᠤ ᠶᠡᠬᠡ ᠪᠠᠭᠠᠰᠳᠠᠭ᠃

ᠦᠷ᠎ᠡ ᠲᠠᠷᠢᠶᠠᠨ ᠤ ᠤᠷᠭᠤᠮᠠᠯ ᠢ ᠭᠠᠵᠠᠷ ᠳᠡᠭᠡᠷᠡᠬᠢ ᠬᠡᠰᠡᠭ ᠢ (ᠡᠰᠢ᠂ ᠨᠠᠪᠴᠢ᠂ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ) ᠦᠷ᠎ᠡ ᠲᠠᠷᠢᠶᠠᠨ ᠤ ᠪᠣᠷᠣ ᠪᠦᠭᠡᠭ ᠰᠸᠸᠳᠡᠨ ᠢᠯᠠᠭ᠎ᠠ ᠪᠢᠰ ᠤᠷᠭᠤᠮᠠᠯ ᠤᠨ ᠪᠥᠭᠡᠰᠦ ᠨᠠᠪᠴᠢ ᠢᠳᠡᠭᠴᠢ ᠴᠣᠬᠣ ᠨᠤᠭᠤᠳ ᠵᠥᠷᠢᠭ 30 ᠰᠢᠬᠠᠮ ᠵᠦᠢᠯ ᠦᠨ ᠭᠣᠣᠯ ᠬᠣᠣᠷᠲᠠᠨ ᠰᠢᠪᠠᠵᠢ ᠨᠤᠭᠤᠳ ᠭᠡᠮᠲᠦᠭᠡᠵᠦ ᠦᠷ᠎ᠡ ᠲᠠᠷᠢᠶᠠᠨ ᠤ ᠠᠵᠤ ᠠᠬᠤᠢ ᠳᠤ ᠶᠡᠬᠡᠬᠡᠨ ᠬᠣᠬᠢᠷᠠᠯ ᠤᠴᠠᠷᠠᠭᠤᠯᠵᠤ ᠪᠠᠶᠢᠨ᠎ᠠ᠃ ᠮᠠᠨ ᠤ ᠣᠷᠣᠨ ᠤ ᠬᠦᠨᠡᠰᠦᠨ ᠦ ᠨᠣᠭᠣᠭᠠᠨ ᠤ ᠲᠠᠯᠠᠪᠠᠢ ᠳᠤ ᠴᠳᠤᠭᠰᠠᠨ ᠥᠲᠥ ᠨᠦᠭᠦᠳ ᠮᠠᠨᠵᠢᠩ ᠦᠨ ᠱᠥᠪᠥᠭᠡᠷ ᠬᠣᠱᠤᠳ ᠪᠠᠶᠢᠴᠠᠭᠠᠨ ᠤ ᠬᠡᠪᠢᠨ ᠮᠠᠨᠵᠢᠩ ᠦᠨ ᠴᠠᠭᠠᠨ ᠡᠷᠪᠡᠬᠡᠢ ᠪᠠᠶᠢᠴᠠᠭᠠᠨ ᠤ ᠪᠥᠭᠡᠰᠦ ᠰᠣᠩᠭᠢᠨ᠎ᠠ᠂ ᠯᠤᠤᠪᠠᠩ ᠤᠨ ᠢᠯᠠᠭ᠎ᠠ᠂ ᠪᠠᠶᠢᠴᠠᠭᠠᠨ ᠤ ᠪᠦᠭᠡᠭ ᠵᠡᠷᠭᠡ 40 ᠭᠠᠷᠤᠢ ᠵᠦᠢᠯ ᠦᠨ ᠭᠣᠣᠯ ᠬᠣᠣᠷᠲᠠᠨ ᠰᠢᠪᠠᠵᠢ ᠨᠤᠭᠤᠳ ᠢᠯᠡᠷᠡᠵᠦ ᠬᠦᠨᠡᠰᠦᠨ ᠦ ᠨᠣᠭᠣᠭᠠᠨ ᠤ ᠤᠷᠭᠤᠮᠠᠯ ᠤᠳ ᠤᠨ ᠡᠪᠡᠳᠴᠢᠨ ᠢᠯᠠᠩᠭᠤᠶ᠎ᠠ ᠸᠢᠷᠦᠰ ᠤᠨ ᠡᠪᠡᠳᠴᠢᠨ ᠢ ᠲᠠᠷᠠᠭᠠᠬᠤ ᠳᠤ ᠶᠡᠬᠡ ᠡᠭᠦᠷᠭᠡ ᠭᠦᠢᠴᠡᠳᠭᠡᠨ᠎ᠡ᠃ ᠮᠠᠨ ᠤ ᠣᠢ ᠮᠣᠳᠣ ᠶᠢ ᠰᠢᠪᠸᠷᠢᠶ ᠠ ᠶᠢᠨ ᠬᠦᠷᠦ ᠡᠷᠪᠡᠬᠡᠢ᠂ ᠥᠷᠥᠭᠡᠰᠦᠭᠡᠯ ᠡᠷᠪᠡᠬᠡᠢ᠂ ᠶᠠᠺᠣᠪᠰᠣᠨ ᠤ ᠡᠷᠪᠡᠬᠡᠢ ᠨᠠᠷᠠᠰᠤᠨ ᠤ ᠲᠥᠭᠡᠯᠡᠭᠦᠷ ᠰᠠᠬᠠᠯᠲᠤ ᠪᠠ ᠴᠣᠬᠣ ᠨᠤᠭᠤᠳ ᠵᠡᠷᠭᠡ ᠬᠣᠣᠷᠲᠠᠨ ᠰᠢᠪᠠᠵᠢ ᠨᠤᠭᠤᠳ ᠪᠠᠭ᠎ᠠ ᠦᠭᠡᠢ ᠭᠡᠮᠲᠦᠭᠡᠵᠦ ᠪᠠᠶᠢᠨ᠎ᠠ᠃ ᠵᠢᠱᠢᠶ᠎ᠡ ᠨᠢ: 1956 ᠣᠨ ᠤ ᠰᠤᠳᠤᠯᠭ᠎ᠠ ᠪᠠᠷ ᠮᠠᠨ ᠤ ᠣᠷᠣᠨ ᠤ ᠣᠢ ᠶᠢᠨ 63790 ᠭᠠ ᠲᠠᠯᠠᠪᠠᠢ ᠳᠤ ᠰᠢᠪᠸᠷᠢᠶ ᠠ ᠶᠢᠨ ᠬᠦᠷᠦ ᠡᠷᠪᠡᠬᠡᠢ (Dendrolimus sibiricus) ᠲᠠᠷᠬᠠᠨ ᠳᠡᠯᠭᠡᠷᠴᠢ 17700 ᠭᠠ ᠲᠠᠯᠠᠪᠠᠢ ᠶᠢᠨ ᠬᠠᠷ᠎ᠠ ᠮᠣᠳᠣ ᠶᠢ ᠢᠳᠡᠵᠦ ᠰᠦᠢᠳᠬᠡᠭᠰᠡᠨ ᠡᠴᠡ ᠪᠦᠷᠢᠮᠦᠰᠦᠨ ᠬᠠᠳᠴᠤ ᠪᠠᠶᠢᠴᠠᠢ᠃ ᠵᠢᠮᠢᠰ ᠵᠢᠮᠢᠰ ᠬᠡᠨ ᠦ ᠠᠵᠤ ᠠᠬᠤᠢ ᠳᠤ ᠠᠯᠢᠮ᠎ᠠ ᠶᠢᠨ ᠦᠷᠭᠦᠯᠵᠢ᠂ ᠠᠯᠢᠮ᠎ᠠ ᠶᠢᠨ ᠪᠥᠭᠡᠰᠦ ᠳᠣᠯᠣᠭ᠎ᠠ ᠶᠢᠨ ᠴᠠᠭᠠᠨ ᠡᠷᠪᠡᠬᠡᠢ ᠵᠡᠷᠭᠡ ᠰᠢᠪᠠᠵᠢ ᠨᠤᠭᠤᠳ ᠬᠥᠨᠥᠭᠡᠯ ᠤᠴᠠᠷᠠᠭᠤᠯᠬᠤ ᠪᠣᠯᠤᠯ᠎ᠠ᠃ ᠬᠦᠮᠦᠨ ᠪᠠ ᠠᠳᠤᠭᠤᠰᠤᠨ ᠠᠮᠢᠲᠠᠳ ᠢ ᠫᠷᠠᠽᠢᠲᠤᠯᠤᠭᠴᠢ ᠰᠢᠪᠠᠵᠢ ᠨᠤᠭᠤᠳ ᠠᠰᠤᠷᠤ ᠶᠡᠬᠡ ᠶᠠᠭᠤᠮ᠎ᠠ᠃ ᠰᠢᠪᠠᠵᠢ ᠠᠳᠤᠭᠤᠰᠤᠨ ᠠᠮᠢᠲᠠᠳ ᠤᠨ ᠪᠡᠶ᠎ᠡ ᠳᠦ ᠫᠠᠷᠠᠽᠢᠲᠠᠯᠠᠨ ᠠᠮᠢᠳᠤᠷᠠᠵᠤ ᠪᠡᠶ᠎ᠡ ᠪᠢᠯᠳᠠᠷ ᠢ ᠳᠣᠷᠣᠶᠢᠲᠠᠭᠤᠯᠤᠨ ᠮᠠᠭᠤᠳᠬᠠᠭᠰᠠᠨ ᠢᠶᠠᠷ ᠮᠠᠯ ᠠᠴᠠ ᠭᠠᠷᠬᠤ ᠪᠦᠲᠦᠭᠡᠭᠳᠡᠬᠦᠨ ᠦ ᠴᠢᠨᠠᠷ ᠲᠤ ᠮᠠᠭᠤ ᠪᠠᠷ ᠨᠥᠯᠦᠭᠡᠯᠡᠨ᠎ᠡ᠃ ᠬᠥᠬᠡᠲᠦᠷᠢᠭᠦᠦ᠂ ᠰᠢᠮᠠᠭᠤᠯ᠂ ᠳᠡᠯᠡᠩᠴᠢ ᠵᠡᠷᠭᠡ ᠬᠣᠣᠰ ᠳᠠᠯᠠᠪᠴᠢᠲᠠᠨ ᠰᠢᠪᠠᠵᠢ ᠨᠤᠭᠤᠳ ᠬᠣᠭᠣᠯᠠᠯᠠᠬᠤ ᠦᠶᠡᠳᠡᠭᠡ ᠬᠦᠮᠦᠨ ᠪᠠ ᠰᠦᠨ ᠲᠡᠵᠢᠭᠡᠯᠲᠦ ᠠᠮᠢᠲᠠᠳ ᠤᠨ ᠪᠡᠶ᠎ᠡ ᠳᠡᠭᠡᠷ᠎ᠡ ᠰᠠᠭᠤᠵᠤ ᠴᠢᠰᠤ ᠰᠣᠷᠣᠵᠤ ᠠᠮᠢᠳᠤᠷᠠᠬᠤ ᠠᠴᠠ ᠭᠠᠳᠠᠨ᠎ᠠ ᠠᠮᠢᠲᠠᠳ ᠤᠨ ᠲᠠᠶᠢᠪᠤᠩ ᠪᠠᠶᠢᠳᠠᠯ ᠢ ᠠᠯᠳᠠᠭᠳᠠᠭᠤᠯᠬᠤ ᠲᠤᠯᠠ ᠮᠠᠯ ᠤᠨ ᠲᠠᠷᠭᠤ ᠬᠦᠴᠦ ᠭᠠᠷᠬᠤ ᠪᠦᠲᠦᠭᠡᠭᠳᠡᠬᠦᠨ ᠦ ᠴᠢᠨᠠᠷ ᠲᠤ ᠡᠷᠡᠰ ᠮᠠᠭᠤ ᠨᠥᠯᠥᠭᠡ ᠦᠵᠡᠭᠦᠯᠦᠨ᠎ᠡ᠃ ᠮᠥᠨ ᠬᠦᠮᠦᠨ ᠪᠠ ᠰᠦᠨ ᠲᠡᠵᠢᠭᠡᠯᠲᠡᠨ ᠴᠢᠰᠤ ᠰᠣᠷᠣᠵᠤ ᠡᠪᠡᠳᠴᠢᠨ ᠲᠠᠷᠠᠭᠠᠳᠠᠭ ᠢᠯᠠᠭᠠᠨ ᠳᠤ ᠠᠹᠷᠢᠺᠠ ᠶᠢᠨ ᠡᠮᠦᠨᠡᠲᠦ ᠪᠠ ᠲᠥᠪ ᠬᠡᠰᠡᠭ ᠲᠦ ᠲᠠᠷᠬᠠᠭᠰᠠᠨ ᠴᠧᠼᠧ ᠢᠯᠠᠭ᠎ᠠ (cloosina) ᠣᠷᠣᠨ᠎ᠠ᠃ ᠰᠢᠪᠠᠵᠢ ᠶᠢᠨ ᠳᠣᠲᠣᠷ᠎ᠠ ᠠᠴᠠ ᠨᠣᠬᠠᠢ ᠪᠥᠭᠡᠰᠦ ᠶᠢᠨ ᠪᠠᠭ ᠲᠤ ᠬᠠᠮᠢᠶᠠᠷᠤᠭᠳᠠᠬᠤ ᠰᠢᠪᠠᠵᠢ ᠨᠤᠭᠤᠳ ᠶᠡᠬᠡᠪᠴᠢᠯᠡᠨ ᠠᠪᠠᠭᠠᠯᠳᠠᠢ ᠦᠶᠡᠳᠡᠭᠡ ᠬᠦᠮᠦᠨ ᠦ ᠣᠷᠣᠨ ᠰᠠᠭᠤᠴᠠ᠂ ᠠᠮᠢᠲᠠᠳ ᠤᠨ ᠨᠦᠬᠡ ᠡᠭᠦᠷ ᠵᠡᠷᠭᠡ ᠳᠦ ᠠᠮᠢᠳᠤᠷᠠᠵᠤ ᠪᠠᠶᠢᠭᠠᠳ ᠪᠡᠶ᠎ᠡ ᠭᠦᠢᠴᠡᠬᠦ ᠦᠶᠡᠳᠡᠭᠡ ᠴᠢᠰᠤ ᠰᠣᠷᠣᠵᠤ ᠠᠮᠢᠳᠤᠷᠠᠨ᠎ᠠ᠃ ᠬᠦᠮᠦᠨ ᠪᠠ ᠠᠮᠢᠲᠠᠳ ᠤᠨ ᠪᠥᠭᠡᠰᠦᠨ ᠡᠴᠡ (Anoplura) ᠭᠠᠳᠠᠨ᠎ᠠ ᠱᠠᠯᠵᠠ ᠰᠢᠷᠢᠬᠢ ᠵᠡᠷᠭᠡ (Mallopnago) ᠡᠺᠲ᠋ᠣᠫᠠᠷᠠᠽᠢᠲ ᠤᠳ ᠠᠮᠢᠲᠠᠳ ᠤᠨ ᠥᠳᠥ ᠬᠠᠶᠢᠷᠰᠤ ᠦᠰᠦ ᠪᠡᠷ ᠬᠣᠭᠣᠯᠠᠯᠠᠵᠤ ᠭᠡᠮᠲᠦᠯ ᠤᠴᠠᠷᠠᠭᠤᠯᠤᠨ᠎ᠠ᠃ ᠠᠮᠢᠲᠠᠳ ᠤᠨ ᠪᠡᠶ᠎ᠡ ᠳᠣᠲᠣᠷ᠎ᠠ ᠠᠮᠢᠳᠤᠷᠠᠳᠠᠭ (ᠡᠩᠳᠣᠫᠠᠷᠠᠽᠢᠲ) ᠰᠢᠪᠠᠵᠢ ᠨᠤᠭᠤᠳ ᠴᠥᠭᠡᠨ ᠦᠭᠡᠢ᠃ ᠲᠤᠬᠠᠶᠢᠯᠠᠪᠠᠯ ᠠᠷᠠᠰᠤᠨ ᠤ᠂ ᠬᠠᠮᠠᠷ ᠪᠠᠭᠠᠯᠵᠤᠷ ᠤᠨ ᠬᠥᠨᠳᠡᠢ ᠶᠢᠨ᠂ ᠬᠣᠳᠣᠭᠣᠳᠣᠨ ᠤ ᠭᠤᠤᠷ ᠤᠨ ᠢᠯᠠᠭ᠎ᠠ ᠨᠤᠭᠤᠳ ᠳᠤᠷᠢᠳᠠᠵᠤ ᠪᠣᠯᠤᠨ᠎ᠠ᠃ ᠲᠡᠳᠡ ᠵᠡᠷᠯᠢᠭ ᠠᠮᠢᠲᠠᠳ ᠪᠠ ᠭᠡᠷ ᠦᠨ ᠮᠠᠯ ᠤᠨ ᠠᠷᠠᠰᠤ ᠪᠣᠯᠤᠨ ᠳᠣᠲᠣᠭᠠᠳᠤ ᠡᠷᠬᠡᠲᠡᠨ ᠦ ᠡᠰᠡ᠂ ᠡᠳᠡ ᠨᠦᠭᠦᠳ ᠢ ᠭᠡᠮᠲᠦᠭᠡᠵᠦ ᠡᠪᠡᠳᠴᠢᠯᠡᠭᠦᠯᠦᠨ᠎ᠡ᠃ ᠲᠦᠭᠦᠬᠡᠢ ᠡᠳ᠋ ᠍ ᠠᠷᠠᠰᠤᠨ ᠤ ᠨᠡᠯᠢᠶᠡᠳ ᠬᠤᠪᠢ ᠨᠢ ᠭᠤᠤᠷᠠᠨ ᠠᠴᠠ ᠪᠣᠯᠵᠤ ᠭᠣᠯᠣᠭᠳᠠᠯ ᠳᠤ ᠤᠴᠢᠷᠴᠢ ᠪᠠᠶᠢᠭ᠎ᠠ ᠶᠢ ᠲᠡᠮᠳᠡᠭᠯᠡᠶ᠎ᠡ᠃

ᠵᠠᠷᠢᠮ ᠰᠢᠪᠠᠵᠢ ᠨᠤᠭᠤᠳ ᠬᠦᠮᠦᠨ ᠠᠮᠢᠲᠠᠨ ᠳᠤ ᠬᠠᠯᠳᠠᠪᠤᠷᠢᠲᠤ ᠡᠪᠡᠳᠴᠢᠨ ᠲᠠᠷᠠᠭᠠᠨ ᠳᠠᠮᠵᠢᠭᠤᠯᠳᠠᠭ᠃ ᠲᠠᠬᠤᠯ ᠡᠪᠡᠳᠴᠢᠨ ᠢᠶᠡᠷ ᠲᠥᠷᠪᠡᠭᠡ᠂ ᠵᠤᠷᠠᠮ᠎ᠠ᠂ ᠲᠠᠤᠯᠠᠢ ᠮᠡᠲᠦ ᠶᠢᠨ ᠮᠡᠷᠡᠭᠴᠢᠳ ᠡᠪᠡᠳᠴᠢᠯᠡᠳᠡᠭ᠃ ᠪᠦᠭᠦᠷᠭᠡ ᠬᠦᠮᠦᠨ᠂ ᠠᠮᠢᠲᠠᠳ ᠲᠤ ᠲᠠᠬᠤᠯ ᠢ ᠲᠠᠷᠠᠭᠠᠭᠴᠢ ᠭᠣᠣᠯ ᠡᠵᠡᠨ ᠨᠢ ᠮᠥᠨ᠃ ᠪᠦᠭᠦᠷᠭᠡ ᠮᠠᠰᠢ ᠣᠯᠠᠨ ᠵᠡᠦᠯ ᠪᠠᠶᠢᠨ᠎ᠠ᠃ ᠭᠡᠷ ᠦᠨ ᠢᠯᠠᠭ᠎ᠠ (Musca domestica) ᠬᠦᠮᠦᠨ ᠦ ᠭᠡᠷ ᠠᠬᠤᠢ ᠲᠠᠢ ᠢᠮᠠᠭᠲᠠ ᠬᠣᠯᠪᠣᠭ᠎ᠠ ᠲᠠᠢ ᠪᠠᠶᠢᠳᠠᠭ ᠲᠤᠯᠠ ᠶᠠᠩᠵᠤ ᠪᠦᠷᠢ ᠶᠢᠨ ᠬᠠᠯᠳᠠᠪᠤᠷᠢᠲᠤ ᠡᠪᠡᠳᠴᠢᠨ ᠢ (ᠲᠢᠪᠧᠷᠬᠦᠯᠧᠽ ᠴᠢᠰᠤᠨ ᠰᠠᠭᠤᠯᠭ᠎ᠠ ᠭᠡᠬᠦ ᠮᠡᠲᠦ) ᠪᠠ ᠫᠠᠷᠠᠽᠢᠲ ᠳᠤᠭᠠᠷᠢᠭ ᠬᠣᠷᠣᠬᠠᠢ ᠥᠨᠳᠡᠭᠡ ᠨᠦᠭᠦᠳ ᠢ ᠳᠠᠮᠵᠢᠭᠤᠯᠠᠨ ᠲᠠᠷᠠᠭᠠᠨ᠎ᠠ᠃ ᠠᠨᠠᠹᠧᠯᠧᠺᠰ ᠲᠥᠷᠥᠯ ᠦᠨ ᠰᠢᠮᠠᠭᠤᠯ ᠤᠳ ᠬᠠᠯᠠᠭᠤᠨ ᠬᠤᠮᠬᠠᠭ᠎ᠠ ᠡᠪᠡᠳᠴᠢᠨ ᠢ ᠲᠠᠷᠠᠭᠠᠳᠠᠭ ᠵᠠᠷᠡᠭ ᠣᠯᠠᠨ ᠵᠢᠱᠢᠶ᠎ᠡ ᠶᠢ ᠳᠤᠷᠢᠳᠠᠵᠤ ᠪᠣᠯᠤᠨ᠎ᠠ᠃

ᠰᠢᠪᠠᠵᠢᠨ ᠤ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠴᠠᠭ ᠠᠴᠠ ᠬᠦᠮᠦᠨ ᠲᠥᠷᠦᠯᠬᠢᠲᠡᠨ ᠪᠠᠯᠲᠤ ᠵᠥᠭᠡᠢ ᠲᠣᠷᠭᠠᠨ ᠤ ᠡᠷᠪᠡᠬᠡᠢ ᠶᠢᠨ ᠠᠵᠤ ᠠᠬᠤᠢ ᠶᠢ ᠬᠥᠭᠵᠢᠭᠦᠯᠵᠦ ᠪᠠᠶᠢᠨ᠎ᠠ᠃ ᠪᠠᠯᠲᠤ ᠵᠥᠭᠡᠢ ᠪᠠᠯ ᠳᠤ ᠤᠷᠭᠤᠮᠠᠯ ᠤᠳ ᠤᠨ ᠲᠣᠭᠣᠰᠣ ᠬᠦᠷᠲᠡᠭᠡᠵᠦ ᠲᠠᠷᠢᠮᠠᠯ ᠤᠷᠭᠤᠮᠠᠯ ᠤᠨ ᠤᠷᠭᠤᠴᠠ ᠶᠢ ᠨᠡᠮᠡᠭᠳᠡᠭᠦᠯᠳᠡᠭ ᠠᠴᠢ ᠲᠤᠰᠠ ᠨᠢ ᠲᠡᠭᠦᠨ ᠦ ᠪᠦᠲᠦᠭᠡᠭᠳᠡᠬᠦᠨ ᠦ ᠠᠰᠢᠭ ᠠᠴᠠ ᠳᠠᠷᠤᠢ 10-20 ᠳᠠᠬᠢᠨ ᠶᠡᠬᠡ ᠪᠠᠶᠢᠳᠠᠭ ᠪᠠᠶᠢᠨ᠎ᠠ᠃ ᠮᠠᠨ ᠤ ᠣᠷᠣᠨ ᠳᠤ ᠵᠥᠭᠡᠢ ᠶᠢᠨ ᠠᠵᠤ ᠠᠬᠤᠢ ᠶᠢ ᠬᠥᠭᠵᠢᠭᠦᠯᠵᠦ ᠪᠠᠶᠢᠨ᠎ᠠ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Chapman, A. D. (2006). Numbers of living species in Australia and the World, 60pp. ISBN 978-0-642-56850-2. 
  2. Threats to Global Biodiversity (Accessed December 2007
  3. Erwin, T.L. (1982) Tropical forests: their richness in Coleoptera and other arthropod species. Coleopt. Bull. 36, 74-5
  4. 4.0 4.1 Walker, T.J., ed. 2001. University of Florida Book of Insect Records, 2001. [1]

ᠳᠡᠯᠭᠡᠷᠡᠭᠦᠯᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • Davidson, E. (ed.) 1981. Pathogenesis of Invertebrate Micorobial Diseases. Allanheld, Osmun & Co. Publishers, Inc., Totowa, New Jersey, USA. 562 pages.
  • Davidson, E. 2006. Big Fleas Have Little Fleas: How Discoveries of Invertebrate Diseases Are Advancing Modern Science University of Arizona Press, Tucson, 208 pages, ISBN 0-8165-2544-7
  • Davidson, RH and William F. Lyon. 1979 Insect Pests of Farm, Garden, and Orchard. John Wiley & Sons., New York. 596 pages, ISBN 0-471-86314-9.
  • Grimaldi, D. and Engel, M.S. (2005). Evolution of the Insects. Cambridge University Press. ISBN 0-521-82149-5. 
  • Reimer, N.J., J.W. Beardsley, and G. C. Jahn 1990. Pest ants in the Hawaiian Islands. In R. Vander Meer, K. Jaffe, and A. Cedena [eds.], "Applied Myrmecology: a world perspective." Westview Press, Oxford, 40-50.
  • Triplehorn, Charles A. and Norman F. Johnson (2005-05-19). Borror and DeLong's Introduction to the Study of Insects, 7th edition, Thomas Brooks/Cole. ISBN 0-03-096835-6. — a classic textbook in North America
  • Grimaldi, D. and Engel, M.S. (2005). Evolution of the Insects. Cambridge University Press. ISBN 0-521-82149-5.  — an up to date review of the evolutionary history of the insects
  • Rasnitsyn, A.P. and Quicke, D.L.J. (2002). History of Insects. Kluwer Academic Publishers. ISBN 1-4020-0026-X.  — detail coverage of various aspects of the evolutionary history of the insects
  • Biewener, Andrew A. (2003). Animal Locomotion. Oxford University Press. ISBN 0-19-850022-X. 
  • Merritt, RW, KW Cummins, and MB Berg (2007). An Introduction To The Aquatic Insects Of North America. Kendall Hunt Publishing Company. ISBN 0-7575-4128-3. 

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠰᠢᠪᠠᠵᠢ&oldid=468773》 ᠍  ᠡᠴᠡ ᠠᠪᠤᠭᠰᠠᠨ

ᠪᠢᠴᠢᠭᠡᠰᠦ