ᠰᠢᠩᠭᠡᠨ ᠺᠷᠢᠰᠲ᠋ᠠᠯᠠᠨ ᠳᠡᠯᠭᠡᠴᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠩᠭᠡᠨ ᠺᠷᠢᠰᠲ᠋ᠠᠯ ᠳᠡᠯᠭᠡᠴᠡ᠃ 1# ᠲᠤᠶᠢᠯᠰᠢᠷᠠᠭᠤᠯᠤᠭᠴᠢ ᠰᠢᠭᠦᠯᠲᠡᠭᠦᠷ ᠨᠢ ᠨᠡᠪᠲᠡᠷᠡᠬᠦ ᠭᠡᠷᠡᠯ ᠢ ᠪᠣᠰᠤᠭ᠎ᠠ ᠴᠢᠭᠯᠡᠯ ᠲᠡᠢ ᠪᠣᠯᠭᠠᠨ᠎ᠠ᠃ 2# ᠰᠢᠯ ᠢ ᠢᠨᠳᠢ ᠪᠡᠷ ᠪᠦᠷᠢᠵᠢ ᠡᠯᠧᠺᠲ᠋ᠷᠣᠳ᠋ ᠪᠣᠯᠭᠠᠨ᠎ᠠ᠃ ᠳᠡᠯᠭᠡᠴᠡ ᠠᠰᠠᠬᠤ ᠳᠤ ᠡᠳᠡᠭᠡᠷ ᠡᠯᠧᠺᠲ᠋ᠷᠣᠳ᠋ ᠍ ᠤᠳ ᠤᠨ ᠬᠡᠯᠪᠡᠷᠢ ᠨᠢ ᠳᠦᠷᠰᠦ ᠶᠢᠨ ᠬᠡᠯᠪᠡᠷᠢ ᠶᠢ ᠲᠣᠳᠣᠷᠬᠠᠶᠢᠯᠠᠨ᠎ᠠ᠃ 3# ᠮᠤᠰᠬᠢᠷᠠᠭᠰᠠᠨ ᠰᠢᠩᠭᠡᠨ ᠺᠷᠢᠰᠲ᠋ᠠᠯ᠃ 4# ᠡᠩ ᠦᠨ ᠡᠯᠧᠺᠲ᠋ᠷᠣᠳ᠋ ᠍ ᠤᠨ ᠪᠦᠷᠬᠦᠭᠦᠯ ᠲᠡᠢ ᠰᠢᠭᠦᠯᠲᠡᠭᠦᠷ ᠨᠢ ᠬᠡᠪᠲᠡᠭᠡ ᠴᠢᠭᠯᠡᠯ ᠦᠨ ᠰᠢᠭᠦᠯᠲᠡ ᠬᠢᠨ᠎ᠡ᠃ 5# ᠬᠡᠪᠲᠡᠭᠡ ᠴᠢᠭᠯᠡᠯᠲᠦ ᠲᠤᠶᠢᠯᠰᠢᠷᠠᠭᠤᠯᠤᠭᠴᠢ ᠰᠢᠭᠦᠯᠲᠡᠭᠦᠷ ᠬᠠᠯᠢᠰᠤ ᠨᠢ ᠨᠡᠪᠲᠡᠷᠡᠭᠦᠯᠬᠦ ᠪᠠ ᠬᠠᠭᠠᠬᠤ ᠡᠭᠦᠷᠭᠡ ᠲᠡᠢ᠃ 6# ᠣᠶᠢᠯᠠᠭᠠᠬᠤ ᠲᠠᠪᠴᠠᠩ ᠨᠢ ᠭᠡᠷᠡᠯ ᠢ ᠣᠶᠢᠯᠠᠭᠠᠵᠤ ᠡᠷᠭᠢᠭᠦᠯᠵᠦ ᠦᠵᠡᠭᠴᠢᠳ ᠳᠦᠷᠰᠦ ᠶᠢ ᠬᠠᠷᠠᠭᠤᠯᠳᠠᠭ᠃ (ᠠᠷᠤ ᠠᠴᠠ ᠪᠠᠨ ᠭᠡᠷᠡᠯᠲᠦᠳᠡᠭ LCD ᠳᠡᠭᠡᠷ᠎ᠡ ᠡᠨᠡ ᠬᠠᠪᠲᠠᠩ ᠤᠨ ᠣᠷᠣᠨ ᠳᠤ ᠭᠡᠷᠡᠯ ᠪᠠᠶᠢᠳᠠᠭ᠃)

LCD ᠭᠡᠳᠡᠭ ᠨᠢ ᠰᠢᠩᠭᠡᠨ ᠺᠷᠢᠰᠲ᠋ᠠᠯ ᠤᠳ ᠤᠨ ᠭᠡᠷᠡᠯ ᠢ ᠦᠭᠡᠷᠡᠴᠢᠯᠡᠬᠦ ᠰᠢᠨᠵᠢ ᠴᠢᠨᠠᠷ ᠢ ᠠᠰᠢᠭᠯᠠᠳᠠᠭ ᠬᠠᠪᠠᠭᠠᠢ ᠳᠡᠯᠭᠡᠴᠡ᠂ ᠡᠯᠧᠺᠲ᠋ᠷᠣᠨ ᠳᠦᠷᠦᠭᠰᠡᠨ ᠳᠡᠯᠭᠡᠴᠡ ᠡᠰᠡᠪᠡᠯ ᠸᠢᠳᠢᠣ᠋ (ᠳᠦᠷᠰᠦ ᠪᠢᠴᠢᠯᠭᠡᠨ) ᠳᠡᠯᠭᠡᠴᠡ ᠶᠤᠮ᠃ ᠰᠢᠩᠭᠡᠨ ᠺᠷᠢᠰᠲ᠋ᠠᠯ ᠤᠳ ᠨᠢ ᠭᠡᠷᠡᠯ ᠢ ᠰᠢᠭᠤᠳ ᠰᠠᠴᠤᠷᠭᠠᠳᠠᠭ ᠦᠭᠡᠢ᠃ ᠡᠯᠧᠺᠲ᠋ᠷᠣᠨ ᠴᠠᠭ᠂ ᠭᠠᠷ ᠤᠲᠠᠰᠤ᠂ ᠬᠥᠭᠵᠢᠮ ᠲᠣᠭᠯᠠᠭᠤᠯᠤᠭᠴᠢ᠂ ᠲᠧᠷᠮᠣᠮᠧᠲ᠋ᠷ ᠵᠡᠷᠭᠡ ᠳᠡᠯᠭᠡᠴᠡ ᠲᠡᠢ ᠡᠩ ᠦᠨ ᠲᠥᠬᠥᠭᠡᠷᠦᠮᠵᠢ ᠨᠦᠭᠦᠳ ᠨᠢᠭᠡ ᠡᠰᠡᠪᠡᠯ 2-5 ᠥᠩᠭᠡ ᠡᠴᠡ ᠪᠦᠷᠢᠳᠦᠭᠰᠡᠨ ᠳᠡᠯᠭᠡᠴᠡ ᠲᠡᠢ ᠪᠠᠶᠢᠳᠠᠭ᠃ ᠣᠯᠠᠨ ᠥᠩᠭᠡᠲᠦ ᠳᠡᠯᠭᠡᠴᠡ ᠨᠢ RGB ᠥᠩᠭᠡ ᠶᠢᠨ ᠮᠣᠳᠧᠯ ᠤᠨ ᠲᠤᠰᠠᠯᠠᠮᠵᠢ ᠲᠠᠢ ᠪᠠᠷ ᠪᠤᠢ ᠪᠣᠯᠳᠠᠭ ᠪᠠᠶᠢᠨ᠎ᠠ᠃ ᠭᠷᠠᠹᠢᠺᠠᠨ ᠪᠣᠯᠤᠨ ᠲᠧᠺᠰᠲᠧᠨ ᠮᠡᠳᠡᠭᠡᠯᠡᠯ ᠢ ᠬᠠᠷᠠᠭᠤᠯᠬᠤ ᠶᠢᠨ ᠲᠤᠯᠠᠳᠠ ᠺᠣᠮᠫᠢᠶᠦ᠋ᠲ᠋ᠧᠷ ᠪᠣᠯᠤᠨ ᠵᠥᠭᠡᠭᠡᠪᠦᠷᠢ ᠶᠢᠨ ᠺᠣᠮᠫᠢᠶᠦ᠋ᠲ᠋ᠧᠷ ᠦᠨ ᠳᠡᠯᠭᠡᠴᠡ᠂ ᠵᠢᠷᠤᠭᠲᠤ᠂ ᠤᠲᠠᠰᠤ᠂ ᠵᠢᠷᠤᠭ ᠠᠫᠫᠠᠷᠠᠲ᠂ ᠡᠯᠧᠺᠲ᠋ᠷᠣᠨ ᠨᠣᠮ᠂ ᠡᠯᠧᠺᠲ᠋ᠷᠣᠨ ᠣᠷᠴᠢᠭᠤᠯᠤᠭᠴᠢ ᠲᠥᠬᠥᠭᠡᠷᠦᠮᠵᠢ᠂ ᠲᠣᠭᠠᠨ ᠤ ᠮᠠᠰᠢᠨ᠂ ᠴᠠᠭ ᠵᠡᠷᠭᠡ ᠣᠯᠠᠨ ᠲᠥᠷᠥᠯ ᠦᠨ ᠡᠯᠧᠺᠲ᠋ᠷᠣᠨ ᠲᠥᠬᠥᠭᠡᠷᠦᠮᠵᠢᠨ ᠳᠤ LCD ᠳᠡᠯᠭᠡᠴᠡ ᠶᠢ ᠠᠰᠢᠭᠯᠠᠳᠠᠭ᠃ 2008 ᠣᠨ ᠤ ᠪᠠᠶᠢᠳᠠᠯ ᠢᠶᠠᠷ ᠶᠡᠬᠡᠩᠬᠢ ᠰᠠᠭᠤᠷᠢᠨ ᠺᠣᠮᠫᠢᠶᠦ᠋ᠲ᠋ᠧᠷ ᠦᠨ ᠳᠡᠯᠭᠡᠴᠡ ᠨᠦᠭᠦᠳ ᠲN (ᠵᠠᠷᠢᠮ ᠨᠢ VA) ᠮᠠᠲᠷᠢᠼ᠂ ᠪᠦᠬᠦ ᠵᠥᠭᠡᠭᠡᠪᠦᠷᠢ ᠶᠢᠨ ᠺᠣᠮᠫᠢᠶᠦ᠋ᠲ᠋ᠧᠷ ᠦᠨ ᠳᠡᠯᠭᠡᠴᠡ 18 ᠪᠢᠲ ᠤᠨ ᠥᠩᠭᠡ ᠲᠡᠢ (RGB ᠺᠠᠨᠠᠯ ᠲᠤᠲᠤᠮ ᠳᠤ 6 ᠪᠢ ᠳᠦ) ᠮᠠᠲᠠᠷᠠᠴᠠ ᠶᠢ ᠠᠰᠢᠭᠯᠠᠳᠠᠭ ᠪᠠᠶᠢᠨ᠎ᠠ᠃ LCD TFT (ᠠᠩᠭᠯ᠃ thin film transistor – ᠨᠢᠮᠭᠡᠨ ᠬᠠᠯᠢᠰᠤᠨ ᠲᠷᠠᠨ᠋ᠽᠢᠰᠲ᠋ᠣᠷ) ᠨᠢ ᠰᠢᠩᠭᠡᠨ ᠺᠷᠢᠰᠲ᠋ᠠᠯᠤᠨ ᠳᠡᠯᠭᠡᠴᠡ ᠶᠢᠨ ᠨᠢᠭᠡ ᠲᠥᠷᠥᠯ ᠶᠤᠮ᠃ ᠡᠨᠡ ᠨᠢ ᠨᠢᠮᠭᠡᠨ ᠬᠠᠯᠢᠰᠤᠨ ᠲᠷᠠᠨ᠋ᠽᠢᠰᠲ᠋ᠣᠷ ᠢᠶᠠᠷ ᠤᠳᠤᠷᠢᠳᠥᠳᠠᠭ ᠪᠥᠭᠡᠳ ᠢᠳᠡᠪᠬᠢᠲᠡᠢ ᠮᠠᠲᠠᠷᠠᠴᠠ ᠶᠢ ᠠᠰᠢᠭᠯᠠᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

XX ᠍ ᠳᠦᠭᠡᠷ ᠵᠠᠭᠤᠨ ᠤ 70 ᠍ ᠳᠦ ᠣᠨ ᠳᠤ ᠠᠩᠬ᠎ᠠ Radio corporation of America ᠨᠢᠭᠡ ᠥᠩᠭᠡᠲᠦ ᠰᠢᠩᠭᠡᠨ ᠺᠷᠢᠰᠲ᠋ᠠᠯᠤᠨ ᠳᠡᠯᠭᠡᠴᠡ ᠶᠢ ᠲᠠᠨᠢᠯᠴᠠᠭᠤᠯᠵᠠᠢ᠃ ᠰᠢᠩᠭᠡᠨ ᠺᠷᠢᠰᠲ᠋ᠠᠯᠤᠨ ᠳᠡᠯᠭᠡᠴᠡ ᠶᠢᠨ ᠦᠷ᠎ᠡ ᠳ᠋ᠦᠩ ᠢ ᠡᠯᠧᠺᠲ᠋ᠷᠣᠨ ᠴᠠᠭ᠂ ᠲᠣᠭᠠᠨ ᠤ ᠮᠠᠰᠢᠨ᠂ ᠬᠡᠮᠡᠬ ᠲᠥᠬᠥᠭᠡᠷᠦᠮᠵᠢ ᠨᠦᠭᠦᠳ ᠲᠦ ᠠᠰᠢᠭᠯᠠᠬᠤ ᠪᠣᠯᠤᠭᠰᠠᠨ᠃ ᠳᠠᠷᠠᠭ᠎ᠠ ᠪᠠᠷ ᠬᠠᠷ᠎ᠠ ᠴᠠᠭᠠᠨ ᠳᠦᠷᠰᠦ ᠲᠡᠢ ᠮᠠᠲᠠᠷᠠᠴᠠᠨ ᠳᠡᠯᠭᠡᠴᠡ ᠭᠠᠷᠰᠤ ᠢᠷᠡᠭᠰᠡᠨ ᠪᠠᠶᠢᠨ᠎ᠠ᠃ 1987 ᠣᠨ ᠳᠤ Sharp ᠺᠣᠮᠫᠠᠨᠢ 3 ᠳᠦᠢᠮ ᠤᠨ ᠬᠡᠮᠵᠢᠶ᠎ᠡ ᠪᠦᠬᠦᠢ ᠠᠩᠬᠠᠨ ᠤ ᠥᠩᠭᠡᠲᠦ ᠰᠢᠩᠭᠡᠨ ᠺᠷᠢᠰᠲ᠋ᠠᠯᠤᠨ ᠳᠡᠯᠭᠡᠴᠡ ᠶᠢ ᠪᠦᠲᠦᠭᠡᠵᠡᠢ᠃ ᠠᠩᠬᠠᠨ ᠤ ᠵᠥᠭᠡᠭᠡᠪᠦᠷᠢ ᠶᠢᠨ ᠺᠣᠮᠫᠢᠶᠦ᠋ᠲ᠋ᠧᠷ ᠦᠳ ᠭᠠᠷᠴᠤ ᠢᠷᠡᠬᠦ ᠳᠦ ᠡᠨᠡᠬᠦ ᠲᠧᠭᠨᠣᠯᠣᠭᠢ ᠶᠢᠨ ᠬᠥᠭᠵᠢᠯᠳᠦ ᠠᠰᠤᠷᠤ ᠲᠣᠮᠣ ᠳᠡᠪᠰᠢᠯᠲᠡ ᠪᠣᠯᠤᠭᠰᠠᠨ᠃ ᠡᠬᠢᠨ ᠳᠦ ᠪᠡᠨ ᠮᠠᠲᠷᠢᠼ ᠤᠳ ᠨᠢ ᠬᠠᠷ᠎ᠠ ᠴᠠᠭᠠᠨ᠂ ᠳᠠᠷᠠᠭ᠎ᠠ ᠪᠠᠷ ᠥᠩᠭᠡᠲᠦ ᠪᠣᠯᠪᠠᠴᠤ ᠵᠥᠪᠬᠡᠨ 《ᠢᠳᠡᠪᠬᠢ ᠦᠭᠡᠢ》 ᠲᠥᠷᠦᠯ ᠦᠨ ᠪᠠᠶᠢᠭᠰᠠᠨ ᠪᠠᠶᠢᠨ᠎ᠠ᠃ ᠡᠳᠡᠭᠡᠷ ᠨᠢ ᠬᠥᠳᠡᠯᠳᠡᠭ ᠦᠭᠡᠢ ᠳᠦᠷᠰᠦ ᠪᠣᠯᠤᠨ Desktop ᠳᠡᠯᠭᠡᠴᠡ ᠶᠢ ᠪᠣᠯᠤᠮᠵᠢ ᠶᠢᠨ ᠬᠠᠷᠠᠭᠤᠯᠳᠠᠭ ᠪᠠᠶᠢᠭᠰᠠᠨ ᠪᠣᠯᠪᠠᠴᠤ ᠠᠰᠤᠷᠤ ᠪᠠᠭ᠎ᠠ ᠬᠡᠮᠵᠢᠶᠡᠨ ᠦ ᠬᠥᠳᠡᠯᠭᠡᠭᠡᠨ ᠣᠷᠣᠭᠤᠯᠬᠤ ᠳᠤ 《ᠵᠢᠷᠤᠭ》 ᠬᠠᠰᠢ ᠶᠠᠰᠢ ᠪᠣᠯᠵᠤ᠂ ᠳᠡᠯᠭᠡᠴᠡᠨ ᠳᠡᠭᠡᠷ᠎ᠡ ᠤᠤ ᠪᠠᠶᠢᠭ᠎ᠠ ᠨᠢ ᠣᠶᠢᠯᠠᠭᠠᠮᠵᠢ ᠦᠭᠡᠢ ᠪᠣᠯᠳᠠᠭ ᠪᠠᠶᠢᠴᠠᠢ᠃ ᠮᠡᠳᠡᠭᠡᠵᠢ ᠡᠨᠡ ᠨᠢ ᠰᠢᠨ᠎ᠡ ᠲᠥᠷᠦᠯ ᠦᠨ ᠳᠡᠯᠭᠡᠴᠡ ᠶᠢ ᠠᠰᠢᠭᠯᠠᠬᠤ ᠴᠠᠷ᠎ᠠ ᠬᠦᠷᠢᠶ᠎ᠡ ᠶᠢ ᠪᠠᠭᠠᠰᠬᠠᠵᠤ ᠪᠠᠶᠢᠭᠰᠠᠨ᠃ ᠳᠠᠷᠠᠭᠠᠴᠢ ᠶᠢᠨ ᠰᠢᠩᠭᠡᠨ ᠺᠷᠢᠰᠲ᠋ᠠᠯᠤᠨ ᠮᠠᠲᠷᠢᠼ ᠤᠨ ᠬᠤᠪᠢᠰᠤᠯ 《ᠢᠳᠡᠪᠬᠢᠲᠡᠢ》 ᠰᠢᠨ᠎ᠡ ᠲᠥᠷᠦᠯ ᠢ ᠪᠤᠢ ᠪᠣᠯᠭᠠᠬᠤ ᠳᠤ ᠬᠦᠷᠭᠡᠭᠰᠡᠨ ᠶᠤᠮ᠃ ᠡᠨᠡᠬᠦ ᠳᠡᠯᠭᠡᠴᠡ ᠨᠦᠭᠦᠳ ᠬᠥᠳᠡᠯᠭᠡᠭᠡᠨ ᠳᠦ ᠳᠦᠷᠰᠦ ᠨᠦᠭᠦᠳ ᠢ ᠢᠯᠡᠭᠦᠦ ᠰᠠᠶᠢᠨ ᠭᠠᠷᠭᠠᠳᠠᠭ ᠪᠥᠭᠡᠳ ᠡᠨᠡ ᠨᠢ ᠲᠣᠭᠲᠠᠮᠠᠯ ᠮᠣᠨᠢᠲ᠋ᠣᠷ ᠳᠡᠯᠭᠡᠴᠡ ᠶᠢᠨ ᠡᠬᠢᠯᠡᠯ ᠪᠣᠯᠤᠭᠰᠠᠨ᠃ XXI ᠍ ᠳᠤᠭᠠᠷ ᠵᠠᠭᠤᠨ ᠤ ᠡᠬᠢᠨ ᠳᠦ ᠠᠩᠬᠠᠨ ᠤ ᠰᠢᠩᠭᠡᠨ ᠺᠷᠢᠰᠲ᠋ᠠᠯᠤᠨ ᠪᠤᠶᠤ LCD ᠵᠢᠷᠤᠭᠲᠤ ᠤᠳ ᠭᠠᠷᠴᠤ ᠢᠷᠡᠵᠡᠢ᠃ ᠲᠡᠳᠡᠭᠡᠷ ᠦᠨ ᠳ᠋ᠢᠶᠠᠭᠣᠨᠠᠯ ᠨᠢ ᠪᠠᠭ᠎ᠠ ᠬᠡᠪ ᠢᠶᠡᠷ ᠪᠠᠶᠢᠭᠰᠠᠨ – 15 ᠳᠦᠢᠮ ᠣᠷᠴᠢᠮ᠃

ᠲᠧᠭᠨᠢᠭ ᠦᠨ ᠦᠵᠡᠭᠦᠯᠦᠯᠲᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠩᠭᠡᠨ ᠺᠷᠢᠰᠲ᠋ᠠᠯᠤᠨ ᠳᠡᠯᠭᠡᠴᠡ ᠶᠢᠨ ᠭᠣᠣᠯ ᠦᠵᠡᠭᠦᠯᠦᠯᠲᠡ ᠨᠦᠭᠦᠳ:

• ᠰᠢᠩᠭᠡᠨ ᠺᠷᠢᠰᠲ᠋ᠠᠯᠤᠨ ᠳᠡᠯᠭᠡᠴᠡ ᠶᠢᠨ ᠮᠠᠲᠷᠢᠼ ᠤᠨ ᠲᠥᠷᠥᠯ ᠨᠢ ᠲᠡᠭᠦᠨ ᠢ ᠬᠢᠬᠦ ᠳᠦ ᠠᠰᠢᠭᠯᠠᠭᠰᠠᠨ ᠲᠧᠭᠨᠣᠯᠣᠭᠢ ᠪᠠᠷ ᠲᠣᠳᠣᠷᠬᠠᠶᠢᠯᠠᠭᠳᠠᠨ᠎ᠠ

• ᠮᠠᠲᠷᠢᠼ ᠤᠨ ᠠᠩᠬᠢᠯᠠᠯ

ISO 13406-2 ᠰᠲ᠋ᠠᠨᠳᠠᠷᠲ ᠨᠢ ᠮᠠᠲᠠᠷᠠᠴᠠ ᠶᠢ 4 ᠠᠩᠭᠢᠯᠠᠳᠠᠭ

• ᠨᠢᠭᠲᠠᠷᠠᠯ ᠭᠡᠳᠡᠭ ᠨᠢ ᠫᠢᠺᠰᠧᠯ ᠢᠶᠡᠷ ᠢᠯᠡᠷᠬᠡᠶᠢᠯᠡᠭᠰᠡᠨ ᠬᠥᠨᠳᠡᠯᠡᠨ ᠪᠠ ᠪᠣᠰᠤᠭ᠎ᠠ ᠬᠡᠮᠵᠢᠶ᠎ᠡ ᠶᠤᠮ᠃ ᠺᠠᠲ᠋ᠢᠭᠠᠳᠠᠨ ᠰᠠᠴᠤᠷᠠᠭᠠᠨ ᠲᠥᠬᠥᠭᠡᠷᠦᠮᠵᠢ (CRT) ᠪᠦᠬᠦᠢ ᠳᠡᠯᠭᠡᠴᠡ ᠲᠡᠢ ᠬᠠᠷᠢᠴᠠᠭᠤᠯᠬᠤ ᠳᠤ ШК ᠍ ᠳᠡᠯᠭᠡᠴᠡ ᠨᠢ ᠨᠢᠭᠡ ᠲᠣᠭᠲᠠᠭᠰᠠᠨ ᠨᠢᠭᠲᠠᠷᠠᠯ ᠲᠠᠢ ᠪᠥᠭᠡᠳ ᠢᠨᠲ᠋ᠧᠷᠫᠣᠯᠶᠠᠼ ᠢ ᠠᠰᠢᠭᠯᠠᠳᠠᠭ ᠪᠠᠶᠢᠨ᠎ᠠ (CRT ᠳᠡᠯᠭᠡᠴᠡ ᠮᠥᠨ ᠠᠳᠠᠯᠢ ᠤᠯᠠᠭᠠᠨ᠂ ᠨᠣᠭᠣᠭᠠᠨ ᠪᠣᠯᠤᠨ ᠬᠥᠬᠡ ᠴᠡᠭᠡ ᠨᠦᠭᠦᠳ ᠡᠴᠡ ᠪᠦᠷᠢᠭᠰᠡᠨ ᠲᠣᠭᠲᠠᠮᠠᠯ ᠲᠣᠭᠠᠨ ᠤ ᠫᠢᠺᠰᠧᠯ ᠲᠡᠢ ᠠᠵᠡᠢ᠃ ᠭᠡᠪᠡᠴᠦ ᠲᠧᠭᠨᠣᠯᠣᠭᠢ ᠶᠢᠨ ᠬᠢ ᠨᠢ ᠣᠨᠴᠠᠯᠢᠭ ᠤᠨ ᠤᠯᠠᠮ ᠠᠴᠠ ᠰᠲ᠋ᠠᠨᠳᠠᠷᠲ ᠪᠤᠰᠤ ᠨᠢᠭᠲᠠᠷᠠᠯ ᠢ ᠬᠠᠷᠠᠭᠤᠯᠬᠤ ᠳᠤ ᠢᠨᠲ᠋ᠧᠷᠫᠣᠯᠢᠶᠠᠼ ᠱᠠᠭᠠᠷᠳᠠᠯᠭ᠎ᠠ ᠭᠦᠢ ᠪᠠᠶᠢᠳᠠᠭ)

• ᠴᠡᠭ ᠦᠨ ᠬᠡᠮᠵᠢᠶ᠎ᠡ (ᠫᠢᠺᠰᠧᠯ ᠦᠨ ᠬᠡᠮᠵᠢᠶ᠎ᠡ) ᠨᠢ ᠬᠥᠷᠰᠢ ᠫᠢᠺᠰᠧᠯ ᠦᠳ ᠦᠨ ᠬᠣᠭᠣᠷᠣᠨᠳᠣ ᠶᠢᠨ ᠵᠠᠢ ᠶᠤᠮ᠃ ᠮᠥᠨ ᠪᠡᠶ᠎ᠡ ᠳᠦ ᠨᠢᠭᠲᠠᠷᠠᠯ ᠲᠠᠢ ᠰᠢᠭᠤᠳ ᠬᠣᠯᠪᠣᠭ᠎ᠠ ᠲᠠᠢ ᠶᠤᠮ

• ᠳᠡᠯᠭᠡᠴᠡ ᠶᠢᠨ ᠲᠠᠯ ᠤᠳ ᠤᠨ ᠬᠠᠷᠢᠴᠠᠭ᠎ᠠ (ᠫᠷᠣᠫᠤᠷᠼᠢᠶᠣᠨᠠᠯ ᠬᠡᠮᠵᠢᠶ᠎ᠡ) ᠭᠡᠳᠡᠭ ᠨᠢ ᠥᠷᠭᠡᠨ ᠪᠠ ᠥᠨᠳᠥᠷ ᠦᠨ ᠬᠠᠷᠢᠴᠠᠭ᠎ᠠ ᠶᠢ ᠬᠡᠯᠡᠨ᠎ᠡ (5:4, 4:3, 3:2 (15/10), 8:5 (16/10), 5:3 (15/9), 16:9 ᠭᠡᠬᠦ ᠮᠡᠲᠦ)

• ᠬᠠᠷᠠᠭᠳᠠᠬᠤᠶᠢᠴᠠ ᠳ᠋ᠢᠶᠠᠭᠤᠨᠠᠯ ᠨᠢ ᠳᠡᠯᠭᠡᠴᠡ ᠶᠢᠨ ᠳ᠋ᠢᠶᠠᠭᠤᠨᠠᠯᠢ ᠶᠢᠨ ᠬᠡᠮᠵᠢᠶ᠎ᠡ ᠶᠤᠮ᠃ ᠮᠥᠨ ᠳᠡᠯᠭᠡᠴᠡ ᠶᠢᠨ ᠲᠠᠯᠠᠪᠠᠢ ᠹᠣᠷᠮᠠᠲ ᠠᠴᠠ ᠰᠢᠯᠲᠠᠭᠠᠯᠠᠳᠠᠭ: 4:3 ᠹᠣᠷᠮᠠᠲ ᠲᠠᠢ ᠳᠡᠯᠭᠡᠴᠡ ᠨᠢ 16:9 ᠹᠣᠷᠮᠠᠲ ᠲᠠᠢ᠂ ᠢᠵᠢᠯ ᠳ᠋ᠢᠶᠠᠭᠤᠨᠠᠯ ᠲᠠᠢ ᠳᠡᠯᠭᠡᠴᠡ ᠶᠢᠨ ᠲᠠᠯᠠᠪᠠᠢ ᠠᠴᠠ ᠢᠯᠡᠭᠦᠦ ᠪᠠᠶᠢᠨ᠎ᠠ

• ᠺᠣᠨᠲ᠋ᠷᠠᠰ ᠲᠤ ᠭᠡᠳᠡᠭ ᠨᠢ ᠭᠡᠷᠡᠯᠲᠦᠭᠦᠯᠭᠡ ᠶᠢᠨ ᠥᠭᠭᠦᠭᠳᠡᠭᠰᠡᠨ ᠭᠡᠷᠡᠯ ᠳᠦ ᠬᠠᠮᠤᠭ ᠤᠨ ᠴᠠᠶᠢᠪᠤᠷ ᠪᠠ ᠬᠠᠮᠤᠭ ᠤᠨ ᠪᠠᠷᠠᠭᠠᠨ ᠴᠡᠭ ᠦᠨ ᠬᠠᠷᠢᠴᠠᠭ᠎ᠠ ᠶᠤᠮ᠃ ᠵᠠᠷᠢᠮ ᠳᠡᠯᠭᠡᠴᠡ ᠨᠦᠭᠦᠳ ᠭᠡᠷᠡᠯᠲᠦᠭᠦᠯᠭᠡ ᠶᠢ ᠲᠣᠬᠢᠷᠠᠭᠤᠯᠳᠠᠭ ᠨᠡᠮᠡᠯᠲᠡ ᠯᠠᠮᠫᠠ ᠲᠠᠢ ᠪᠠᠶᠢᠳᠠᠭ ᠪᠥᠭᠡᠳ ᠲᠡᠳᠡᠭᠡᠷ ᠦᠨ ᠺᠣᠨᠲ᠋ᠷᠰᠤᠲᠤ ᠶᠢᠨ ᠲᠣᠭ᠎ᠠ ᠬᠥᠳᠡᠯᠳᠡᠭ ᠦᠭᠡᠢ ᠳᠦᠰᠡᠨ ᠳᠦ ᠣᠷᠣᠳᠠᠭ ᠦᠭᠡᠢ᠃

• ᠴᠠᠶᠢᠷᠠᠭᠤᠯᠤᠯᠲᠠ – ᠳᠡᠯᠭᠡᠴᠡ ᠶᠢᠨ ᠢᠯᠭᠠᠷᠠᠭᠤᠯᠵᠤ ᠪᠤᠢ ᠭᠡᠷᠡᠯ ᠦᠨ ᠬᠡᠮᠵᠢᠶ᠎ᠡ (ᠶᠡᠬᠡᠪᠴᠢᠯᠡᠨ ᠨᠢᠭᠡ ᠺᠦᠸᠠᠳ᠋ ᠮᠧᠲ᠋ᠷ ᠲᠦ ᠨᠣᠭᠳᠠᠬᠤ ᠺᠠᠨᠳᠧᠯ ᠢᠶᠡᠷ ᠬᠡᠮᠵᠢᠭᠳᠡᠳᠡᠭ)

• ᠬᠠᠷᠢᠭᠤ ᠥᠭᠬᠦ ᠬᠤᠭᠤᠴᠠᠭ᠎ᠠ ᠨᠢ ᠫᠢᠺᠰᠧᠯ ᠴᠠᠶᠢᠷᠠᠭᠤᠯᠤᠯᠲᠠ ᠪᠠᠨ ᠥᠭᠡᠷᠡᠴᠢᠯᠡᠬᠦᠯ ᠱᠠᠭᠠᠷᠳᠠᠭᠳᠠᠬᠤ ᠬᠠᠮᠤᠭ ᠤᠨ ᠪᠠᠭ᠎ᠠ ᠬᠤᠭᠤᠴᠠᠭ᠎ᠠ ᠶᠤᠮ᠃ ᠡᠨᠡ ᠨᠢ 2 ᠬᠡᠮᠵᠢᠭᠳᠡᠬᠦᠨ ᠡᠴᠡ ᠪᠦᠷᠢᠳᠳᠡᠭ: - Input lag (ᠪᠤᠹᠧᠷᠯᠡᠯᠲᠡ ᠶᠢᠨ ᠬᠤᠭᠤᠴᠠᠭ᠎ᠠ). 2011 ᠣᠨ ᠤ ᠪᠠᠶᠢᠳᠠᠯ ᠢᠶᠠᠷ 20-50 ᠮᠢᠯᠢᠰᠧᠺᠦᠶᠢᠨᠳ᠋, ᠵᠠᠷᠢᠮ ᠡᠮᠦᠨᠡᠬᠢ ᠵᠠᠭᠪᠤᠷ ᠤᠳ ᠲᠤ 200 ᠮᠢᠯᠢᠰᠧᠺᠦᠶᠢᠨᠳ᠋ ᠍ ᠲᠦ ᠬᠦᠷᠴᠦ ᠪᠠᠶᠢᠭᠰᠠᠨ - ᠰᠢᠯᠵᠢᠯᠲᠡ ᠶᠢᠨ ᠬᠤᠭᠤᠴᠠᠭ᠎ᠠ᠃ ᠳᠡᠯᠭᠡᠴᠡ ᠶᠢᠨ ᠦᠵᠡᠭᠦᠯᠦᠯᠲᠡ ᠨᠦᠭᠦᠳ ᠳᠡᠭᠡᠷ᠎ᠡ ᠵᠢᠭᠠᠵᠤ ᠥᠭᠭᠦᠭᠰᠡᠨ ᠪᠠᠶᠢᠳᠠᠭ᠃ ᠥᠨᠳᠥᠷ ᠦᠵᠡᠭᠦᠯᠦᠯᠲᠡ ᠨᠢ ᠸᠢᠳᠢᠣ᠋ ᠍ ᠶᠢᠨ ᠤ ᠴᠢᠨᠠᠷ ᠢ ᠪᠠᠭᠤᠷᠠᠭᠤᠯᠳᠠᠭ ᠪᠥᠭᠡᠳ ᠬᠡᠮᠵᠢᠬᠦ ᠠᠷᠭᠠᠴᠢᠯᠠᠯ ᠤᠳ ᠲᠣᠳᠣᠷᠬᠠᠭ᠎ᠠ ᠦᠭᠡᠢ᠃ ᠣᠳᠣ ᠪᠠᠷ ᠪᠠᠷᠤᠭ ᠪᠦᠬᠦ ᠳᠡᠯᠭᠡᠴᠡ ᠨᠦᠭᠦᠳ 2-6 ᠮᠢᠯᠢᠰᠧᠺᠦᠶᠢᠨᠳ᠋ ᠍ ᠤᠨ ᠰᠢᠯᠵᠢᠯᠲᠡ ᠶᠢᠨ ᠬᠤᠭᠤᠴᠠᠭ᠎ᠠ ᠲᠠᠢ ᠪᠠᠶᠢᠭ᠎ᠠ᠃

• ᠬᠠᠷᠠᠬᠤ ᠥᠨᠴᠥᠭ ᠨᠢ ᠥᠭᠭᠦᠭᠳᠡᠭᠰᠡᠨ ᠺᠣᠨᠲ᠋ᠷᠰᠤᠲᠤ ᠳᠤ ᠬᠦᠷᠬᠦ ᠺᠣᠨᠲ᠋ᠷᠰᠤᠲᠤ ᠶᠢᠨ ᠤᠨᠠᠯᠲᠠ ᠶᠢᠨ ᠥᠨᠴᠥᠭ ᠢ ᠬᠡᠯᠡᠳᠡᠭ᠃ ᠥᠭᠡᠷ᠎ᠡ ᠥᠭᠡᠷ᠎ᠡ ᠮᠠᠲᠠᠷᠠᠴᠠ ᠳᠤ᠂ ᠥᠪᠡᠷ ᠥᠪᠡᠷ ᠦᠢᠯᠡᠳᠪᠦᠷᠢᠯᠡᠭᠴᠢᠳ ᠲᠣᠭᠠᠴᠠᠳᠠᠭ ᠤᠴᠢᠷ ᠶᠡᠬᠡᠪᠴᠢᠯᠡᠨ ᠬᠠᠷᠢᠴᠠᠭᠤᠯᠬᠤ ᠪᠣᠯᠤᠮᠵᠢ ᠦᠭᠡᠢ ᠪᠠᠶᠢᠳᠠᠭ᠃ ᠵᠠᠷᠢᠮ ᠦᠢᠯᠡᠳᠪᠦᠷᠢᠯᠡᠭᠴᠢᠳ ᠥᠪᠡᠷᠰᠡᠳ ᠦᠨ ᠳᠡᠯᠭᠡᠴᠡᠨ ᠳᠡᠭᠡᠷᠡᠬᠢ ᠲᠧᠭᠨᠢᠭ ᠦᠨ ᠦᠵᠡᠭᠦᠯᠦᠯᠲᠡ ᠨᠦᠭᠦᠳ ᠢ ᠳᠠᠷᠠᠭᠠᠬᠢ ᠪᠠᠶᠢᠳᠠᠯ ᠢᠶᠠᠷ ᠪᠢᠴᠢᠳᠡᠭ: CR 5:1 – 176/176°᠂ CR 10:1 — 170/160°᠃ CR ᠭᠡᠳᠡᠭ ᠲᠣᠪᠴᠢᠯᠠᠯ ᠨᠢ (ᠠᠩᠭᠯ᠃ contrast ratio) ᠳᠡᠯᠭᠡᠴᠡ ᠶᠢᠨ ᠫᠧᠷᠫᠡᠨᠳᠢᠺᠦᠶᠢᠯᠢᠶᠠᠷ ᠤᠨ ᠬᠤᠪᠢ ᠳᠤ ᠥᠭᠭᠦᠭᠳᠡᠭᠰᠡᠨ ᠬᠠᠷᠠᠬᠤ ᠥᠨᠴᠦᠭ ᠳᠥᠬᠦ ᠺᠣᠨᠲ᠋ᠷᠰᠤᠲᠤ ᠶᠢᠨ ᠲᠦᠪᠰᠢᠨ ᠢ ᠢᠯᠡᠷᠬᠡᠶᠢᠯᠡᠳᠡᠭ᠃ ᠬᠠᠷᠠᠬᠤ ᠥᠨᠴᠦᠭ 170/160° ᠦᠶ᠎ᠡ ᠳᠦ ᠳᠡᠯᠭᠡᠴᠡ ᠶᠢᠨ ᠲᠥᠪ ᠦᠨ ᠺᠣᠨᠲ᠋ᠷᠠᠰ ᠲᠤ 10:1 ᠍ ᠰ ᠪᠠᠭ᠎ᠠ᠂ 176/176° ᠦᠶ᠎ᠡ ᠳᠦ 5:1 ᠍ ᠰ ᠪᠠᠭ᠎ᠠ ᠲᠦᠪᠰᠢᠨ ᠬᠦᠷᠲᠡᠯ᠎ᠡ ᠪᠠᠭᠤᠷᠠᠳᠠᠭ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ШК ᠳᠡᠯᠭᠡᠴᠡ ᠳᠠᠷᠠᠭᠠᠬᠢ ᠬᠡᠰᠡᠭ ᠦᠳ ᠡᠴᠡ ᠪᠦᠷᠢᠳᠦᠨ᠎ᠡ:

• ШК ᠮᠠᠲᠷᠢᠼ ᠤᠳ (ᠳᠠᠪᠬᠤᠷᠭ᠎ᠠ ᠬᠣᠭᠣᠷᠣᠨᠳᠣ ᠨᠢ ᠰᠢᠩᠭᠡᠨ ᠺᠷᠢᠰᠲ᠋ᠠᠯ ᠤᠳ ᠪᠠᠶᠢᠳᠠᠭ ᠰᠢᠯᠢᠨ ᠬᠠᠪᠲᠠᠩ)

• ᠭᠡᠷᠡᠯᠲᠦᠭᠦᠯᠭᠡ ᠶᠢᠨ ᠡᠬᠢ ᠡᠭᠦᠰᠪᠦᠷᠢ ᠨᠦᠭᠦᠳ

• ᠬᠣᠯᠪᠣᠭᠴᠢ ᠤᠲᠠᠰᠤᠨ ᠨᠤᠭᠤᠳ

• ᠶᠡᠬᠡᠪᠴᠢᠯᠡᠨ ᠲᠡᠮᠦᠷᠡᠨ ᠬᠦᠷᠢᠶ᠎ᠡ ᠲᠡᠢ ᠫᠠᠯᠡᠰᠲ᠋ᠢᠺᠠᠨ ᠺᠣᠷᠫᠤᠶᠢᠰ

ᠰᠢᠭᠡᠨ ᠺᠷᠢᠰᠲ᠋ᠠᠯᠤᠨ ᠮᠠᠲᠷᠢᠼ ᠤᠨ ᠫᠢᠺᠰᠧᠯ ᠨᠢ:

• ᠬᠣᠶᠠᠷ ᠲᠤᠩᠭᠠᠯᠠᠭ ᠡᠯᠧᠺᠲ᠋ᠷᠣᠳ᠋

• ᠡᠯᠧᠺᠲ᠋ᠷᠣᠳ᠋ ᠍ ᠤᠳ ᠤᠨ ᠳᠤᠮᠳᠠ ᠣᠷᠣᠰᠢᠬᠤ ᠮᠣᠯᠧᠬᠦᠯ ᠦᠨ ᠳᠠᠪᠬᠤᠷᠭ᠎ᠠ

• ᠬᠣᠶᠠᠷ ᠲᠤᠶᠢᠯᠵᠢᠭᠤᠯᠤᠭᠴᠢ ᠰᠢᠭᠦᠭᠴᠢ ᠡᠴᠡ ᠪᠦᠷᠢᠳᠳᠡᠭ᠃

ᠬᠡᠷᠪᠡ ᠹᠢᠯᠲᠠᠷ ᠤᠳ ᠤᠨ ᠬᠣᠭᠣᠷᠣᠨᠳᠣ ᠰᠢᠩᠭᠡᠨ ᠺᠷᠢᠰᠲ᠋ᠠᠯ ᠤᠳ ᠪᠠᠶᠢᠬᠤ ᠦᠭᠡᠢ ᠪᠠᠶᠢᠭᠰᠠᠨ ᠪᠣᠯ ᠡᠬᠢᠨ ᠦ ᠹᠢᠯᠲᠷ ᠢᠶᠡᠷ ᠣᠷᠣᠭᠰᠠᠨ ᠭᠡᠷᠡᠯ ᠨᠢ ᠬᠣᠶᠠᠷᠳᠠᠬᠤ ᠹᠢᠯᠲᠷᠢ ᠶᠢ ᠨᠡᠪᠲᠡᠷᠡᠬᠦ ᠦᠭᠡᠢ ᠶᠤᠮ᠃ ᠰᠢᠩᠭᠡᠨ ᠺᠷᠢᠰᠲ᠋ᠠᠯ ᠤᠳ ᠲᠠᠢ ᠬᠠᠷᠢᠯᠴᠠᠨ ᠦᠢᠯᠡᠴᠢᠯᠡᠳᠡᠭ ᠡᠯᠧᠺᠲ᠋ᠷᠣᠳ᠋ ᠍ ᠤᠳ ᠤᠨ ᠭᠠᠳᠠᠷᠭᠤ ᠶᠢ ᠠᠩᠬᠠᠨ ᠠᠴᠠ ᠪᠠᠨ ᠮᠣᠯᠧᠺᠤᠯ ᠤᠳ ᠢ ᠨᠢᠭᠡ ᠴᠢᠭᠯᠡᠯ ᠳᠦ ᠴᠢᠢᠭᠯᠡᠬᠦ ᠪᠡᠷ ᠪᠦᠲᠦᠭᠡᠭᠰᠡᠨ ᠪᠠᠶᠢᠳᠠᠭ᠃ TN ᠮᠠᠲᠷᠢᠼ ᠤᠨ ᠡᠨᠡ ᠴᠢᠭᠯᠡᠯ ᠨᠢ ᠫᠧᠷᠫᠡᠨᠳᠢᠺᠦᠶᠢᠯᠢᠶᠠᠷ ᠪᠠᠶᠢᠳᠠᠭ ᠤᠴᠢᠷ ᠳᠠᠷᠠᠯᠲᠠ ᠦᠭᠡᠢ ᠦᠶ᠎ᠡ ᠳᠦ ᠮᠣᠯᠧᠺᠤᠯ ᠤᠳ ᠮᠤᠰᠬᠢᠷᠠᠭᠰᠠᠨ ᠬᠡᠯᠪᠡᠷᠢ ᠳᠦ ᠣᠯᠳᠠᠭ ᠪᠠᠶᠢᠨ᠎ᠠ᠃ ᠡᠨᠡᠬᠦ ᠬᠡᠯᠪᠡᠷᠢ ᠨᠢ ᠬᠣᠶᠠᠷᠳᠠᠬᠤ ᠹᠢᠯᠲᠷ ᠬᠦᠷᠲᠡᠯ᠎ᠡ ᠭᠡᠷᠡᠯ ᠦᠨ ᠫᠣᠯᠢᠶᠠᠷᠢᠽᠠᠼ ᠤᠨ ᠬᠠᠪᠲᠠᠭᠠᠢ ᠡᠷᠭᠢᠵᠦ ᠬᠣᠶᠠᠷᠳᠠᠬᠤ ᠹᠢᠯᠲᠷ ᠢᠶᠡᠷ ᠨᠡᠪᠲᠡᠷᠡᠬᠦ ᠪᠠᠶᠢᠳᠠᠯ ᠢᠶᠠᠷ ᠭᠡᠷᠡᠯ ᠦᠨ ᠬᠤᠭᠤᠷᠠᠯ ᠢ ᠪᠤᠢ ᠪᠣᠯᠭᠠᠳᠠᠭ᠃ ᠡᠬᠢᠨ ᠦ ᠹᠢᠯᠲᠷ ᠥᠪᠡᠷᠲᠡᠭᠡᠨ ᠰᠢᠩᠭᠡᠭᠡᠭᠰᠡᠨ ᠲᠤᠶᠢᠯᠵᠢᠭᠤᠯᠤᠭ᠎ᠠ ᠦᠭᠡᠢ ᠭᠡᠷᠡᠯ ᠦᠨ ᠬᠠᠭᠠᠰ ᠬᠡᠰᠡᠭ ᠢ ᠲᠣᠭᠠᠴᠠᠬᠤ ᠦᠭᠡᠢ ᠪᠣᠯ ᠡᠨᠡ ᠬᠡᠰᠡᠭ ᠢ ᠲᠤᠩᠭᠠᠯᠠᠭ ᠥᠩᠭᠡ ᠦᠭᠡᠢ ᠭᠡᠵᠦ ᠬᠡᠯᠡᠵᠦ ᠪᠣᠯᠤᠨ᠎ᠠ᠃ ᠬᠡᠷᠪᠡ ᠡᠯᠧᠺᠲ᠋ᠷᠣᠳ᠋ ᠍ ᠤᠳ ᠲᠤ ᠴᠠᠬᠢᠯᠭᠠᠨ ᠬᠦᠴᠦᠳᠡᠯ ᠵᠠᠯᠭᠠᠬᠤ ᠶᠤᠮ ᠪᠣᠯ᠂ ᠮᠣᠯᠧᠺᠤᠯ ᠤᠳ ᠨᠢ ᠴᠠᠬᠢᠯᠭᠠᠨ ᠣᠷᠣᠨ ᠤ ᠴᠢᠭᠯᠡᠯ ᠦᠨ ᠳᠠᠭᠠᠤ ᠪᠠᠶᠢᠷᠢᠯᠠᠬᠤ ᠶᠢ ᠬᠢᠴᠢᠶᠡᠳᠡᠭ ᠪᠥᠭᠡᠳ ᠡᠨᠡ ᠨᠢ ᠮᠤᠰᠬᠢᠷᠠᠭᠰᠠᠨ ᠬᠡᠯᠪᠡᠷᠢ ᠶᠢ ᠭᠠᠵᠢᠭᠤᠳᠠᠭᠤᠯᠳᠠᠭ᠃ ᠮᠥᠨ ᠤᠶᠠᠨ ᠬᠠᠲᠠᠨ ᠪᠠᠶᠢᠳᠠᠯ ᠤᠨ ᠬᠦᠴᠦ ᠨᠢ ᠡᠭᠦᠨ ᠢ ᠡᠰᠡᠷᠭᠦᠴᠡᠳᠡᠭ ᠪᠥᠭᠡᠳ ᠴᠠᠬᠢᠯᠭᠠᠨ ᠬᠦᠴᠦᠳᠡᠯ ᠢ ᠤᠨᠲᠠᠷᠠᠭᠠᠬᠤ ᠦᠶ᠎ᠡ ᠳᠦ ᠮᠣᠯᠧᠺᠤᠯ ᠤᠳ ᠬᠠᠭᠤᠴᠢᠨ ᠪᠠᠶᠢᠷᠢᠨ ᠳᠤ ᠪᠠᠨ ᠣᠷᠣᠳᠠᠭ᠃ ᠬᠠᠩᠭᠠᠯᠲᠠᠲᠠᠢ ᠲᠠᠯᠠᠪᠠᠢ ᠪᠠᠶᠢᠭ᠎ᠠ ᠲᠣᠬᠢᠶᠠᠯᠳᠤᠯ ᠳᠤ ᠪᠠᠷᠤᠭ ᠪᠦᠬᠦ ᠮᠣᠯᠧᠺᠤᠯ ᠤᠳ ᠫᠠᠷᠠᠯᠯᠧᠯ ᠪᠣᠯᠵᠤ ᠡᠨᠡ ᠨᠢ ᠲᠤᠩᠭᠠᠯᠠᠭ ᠥᠩᠭᠡ ᠦᠭᠡᠢ ᠬᠡᠯᠪᠡᠷᠢ ᠳᠦ ᠬᠦᠷᠭᠡᠳᠡᠭ ᠶᠤᠮ᠃ ᠴᠠᠬᠢᠯᠭᠠᠨ ᠬᠦᠴᠦᠳᠡᠯ ᠦᠨ ᠬᠡᠮᠵᠢᠶ᠎ᠡ ᠶᠢ ᠦᠭᠡᠷᠡᠴᠢᠯᠡᠬᠦ ᠵᠠᠮ ᠢᠶᠠᠷ ᠲᠤᠩᠭᠠᠯᠠᠭ ᠪᠠᠶᠢᠳᠠᠯ ᠤᠨ ᠲᠦᠪᠰᠢᠨ ᠢ ᠤᠳᠤᠷᠢᠳᠥᠵᠤ ᠪᠣᠯᠤᠨ᠎ᠠ᠃ ᠤᠷᠲᠤ ᠬᠤᠭᠤᠴᠠᠭᠠᠨ ᠤ ᠲᠤᠷᠰᠢ ᠲᠣᠭᠲᠠᠮᠠᠯ ᠴᠠᠬᠢᠯᠭᠠᠨ ᠬᠦᠴᠦᠳᠡᠯ ᠢ ᠵᠠᠯᠭᠠᠬᠤ ᠶᠤᠮ ᠪᠣᠯ ᠰᠢᠩᠭᠡᠨ ᠺᠷᠢᠰᠲ᠋ᠠᠯᠤᠨ ᠪᠦᠲᠦᠴᠡ ᠨᠢ ᠢᠶᠤᠨ ᠨᠤᠭᠤᠳ ᠤᠨ ᠨᠢᠦᠯᠲᠦ ᠶᠢᠨ ᠤᠯᠠᠮ ᠠᠴᠠ ᠮᠠᠭᠤᠳᠠᠳᠠᠭ ᠪᠠᠶᠢᠨ᠎ᠠ᠃ ᠡᠨᠡ ᠠᠰᠠᠭᠤᠳᠠᠯ ᠢ ᠰᠢᠢᠳᠪᠦᠷᠢᠯᠡᠬᠦ ᠶᠢᠨ ᠲᠤᠯᠠᠳᠠ ᠬᠤᠪᠢᠰᠬᠤ ᠬᠦᠴᠦᠳᠡᠯ ᠡᠰᠡᠪᠡᠯ ᠴᠠᠬᠢᠯᠭᠠᠨ ᠣᠷᠣᠨ ᠤ ᠥᠭᠡᠷᠡᠴᠢᠯᠡᠯᠲᠡ ᠶᠢ ᠠᠰᠢᠭᠯᠠᠳᠠᠭ ᠪᠥᠭᠡᠳ (ᠤᠴᠢᠷ ᠨᠢ ᠲᠤᠩᠭᠠᠯᠠᠭ ᠪᠠᠶᠢᠳᠠᠯ ᠨᠢ ᠴᠠᠬᠢᠯᠭᠠᠨ ᠣᠷᠣᠨ ᠠᠴᠠ ᠦᠯᠦ ᠬᠠᠮᠢᠶᠠᠷᠤᠨ ᠴᠠᠬᠢᠯᠭᠠᠨ ᠵᠠᠯᠭᠠᠬᠤ ᠦᠶ᠎ᠡ ᠳᠦ ᠥᠭᠡᠷᠡᠴᠢᠯᠡᠭᠳᠡᠳᠡᠭ). ᠮᠠᠲᠷᠢᠼ ᠤᠨ ᠨᠢᠳᠦ (ᠬᠡᠰᠡᠭ) ᠪᠣᠯᠭᠠᠨ ᠢ ᠲᠤᠰ ᠲᠤ ᠨᠢ ᠤᠳᠤᠷᠢᠳᠥᠵᠤ ᠪᠣᠯᠬᠤ ᠪᠣᠯᠪᠠᠴᠤ ᠲᠡᠳᠡᠭᠡᠷ ᠦᠨ ᠲᠣᠭ᠎ᠠ ᠶᠡᠬᠡᠰᠬᠦ ᠲᠤᠰᠤᠮ ᠤᠳᠤᠷᠢᠳᠬᠤ ᠳᠤ ᠬᠦᠨᠳᠦᠷᠡᠯ ᠲᠡᠢ ᠪᠣᠯᠳᠠᠭ᠃ ᠤᠴᠢᠷ ᠨᠢ ᠱᠠᠭᠠᠷᠳᠠᠯᠭ᠎ᠠ ᠲᠠᠢ ᠡᠯᠧᠺᠲ᠋ᠷᠣᠳ᠋ ᠍ ᠤᠳ ᠤᠨ ᠲᠣᠭ᠎ᠠ ᠶᠡᠬᠡᠰᠬᠦ ᠪᠣᠯᠤᠨ᠎ᠠ᠃ ᠲᠡᠶᠢᠮᠦ ᠡᠴᠡ᠂ ᠶᠡᠬᠡᠪᠴᠢᠯᠡᠨ ᠪᠠᠭᠠᠨ᠎ᠠ ᠪᠠ ᠮᠥᠷ ᠢᠶᠡᠷ ᠬᠠᠶ᠋ᠢᠭᠯᠠᠯ ᠳᠤ ᠬᠢᠳᠡᠭ᠃ ᠶᠡᠬᠡᠪᠴᠢᠯᠡᠨ ᠭᠡᠷᠡᠯ ᠦᠨ ᠬᠢᠮᠡᠯ ᠡᠬᠢ ᠡᠭᠦᠰᠪᠦᠷᠢ ᠶᠢ ᠠᠰᠢᠭᠯᠠᠳᠠᠭ᠃ ᠡᠨᠡ ᠨᠢ ᠭᠠᠳᠠᠨᠠᠬᠢ ᠭᠡᠷᠡᠯᠲᠦᠭᠦᠯᠭᠡ ᠡᠴᠡ ᠦᠯᠦ ᠬᠠᠮᠢᠶᠠᠷᠬᠤ ᠪᠠᠶᠢᠳᠠᠯ ᠢ ᠣᠯᠭᠤᠬᠤ ᠪᠥᠭᠡᠳ ᠭᠠᠷᠭᠠᠭᠰᠠᠨ ᠳᠦᠷᠰᠦ ᠶᠢᠨ ᠴᠢᠨᠠᠷ ᠢ ᠲᠣᠭᠲᠠᠪᠤᠷᠢᠵᠢᠭᠤᠯᠠᠨ᠎ᠠ᠃ ᠲᠡᠶᠢᠮᠦ ᠡᠴᠡ᠂ ᠢᠵᠢ ᠪᠥᠷᠢᠨ ᠰᠢᠩᠭᠡᠨ ᠺᠷᠢᠰᠲ᠋ᠠᠯᠤᠨ ᠳᠡᠯᠭᠡᠴᠡ ᠨᠢ ᠣᠷᠣᠬᠤ ᠸᠢᠳᠢᠣ᠋ ᠳᠣᠬᠢᠭ᠎ᠠ ᠶᠢ ᠪᠣᠯᠪᠠᠰᠤᠷᠠᠭᠤᠯᠤᠭᠴᠢ ᠶᠡᠬᠡ ᠨᠠᠷᠢᠨ ᠡᠯᠧᠺᠲ᠋ᠷᠣᠨ ᠲᠧᠭᠨᠢᠭ᠂ ШК ᠮᠠᠲᠷᠢᠼ ᠤᠳ᠂ ᠭᠡᠷᠡᠯᠲᠦᠭᠦᠯᠭᠡ ᠶᠢᠨ ᠮᠣᠳᠤᠯᠢ ᠨᠤᠭᠤᠳ᠂ ᠡᠷᠴᠢᠮ ᠬᠦᠴᠦᠨ ᠦ ᠨᠢᠭᠡᠴᠡ ᠪᠣᠯᠤᠨ ᠤᠳᠤᠷᠢᠳᠬᠤ ᠡᠯᠧᠮᠧᠨᠲ ᠦᠳ ᠲᠡᠢ ᠺᠣᠷᠫᠤᠶᠢᠰ ᠵᠡᠷᠭᠡ ᠡᠴᠡ ᠪᠦᠷᠢᠳᠳᠡᠭ ᠪᠠᠶᠢᠨ᠎ᠠ᠃ ᠡᠨᠡᠬᠦ ᠬᠡᠰᠡᠭ ᠦᠳ ᠦᠨ ᠨᠢᠭᠡᠳᠦᠯ ᠨᠢ ᠳᠡᠯᠭᠡᠴᠡ ᠶᠢᠨ ᠦᠵᠡᠭᠦᠯᠦᠯᠲᠡ ᠶᠢ ᠲᠣᠳᠣᠷᠬᠠᠶᠢᠯᠠᠳᠠᠭ ᠶᠤᠮ᠃

ᠳᠠᠪᠠᠭᠤ ᠪᠣᠯᠤᠨ ᠰᠤᠯᠠ ᠲᠠᠯ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ШК ᠳᠡᠯᠭᠡᠴᠡ ᠨᠢ CRT ᠳᠡᠯᠭᠡᠴᠡ ᠨᠦᠭᠦᠳ ᠲᠡᠢ ᠬᠠᠷᠢᠴᠠᠭᠤᠯᠬᠤ ᠳᠤ ᠢᠯᠡᠭᠦᠦ ᠪᠠᠭ᠎ᠠ ᠬᠡᠮᠵᠢᠶ᠎ᠡ ᠪᠣᠯᠤᠨ ᠵᠢᠩᠲᠡᠢ ᠨᠢ ᠲᠡᠭᠦᠨ ᠦ ᠳᠠᠪᠠᠭᠤ ᠲᠠᠯ᠎ᠠ ᠪᠣᠯᠳᠠᠭ᠃ CRT ᠍ ᠲᠠᠢ ᠬᠠᠷᠢᠴᠠᠭᠤᠯᠬᠤ ᠳᠤ ШК ᠳᠡᠯᠭᠡᠴᠡ ᠬᠠᠷᠠᠭᠳᠠᠬᠤᠶᠢᠴᠠ ᠵᠢᠷᠢᠯᠵᠡᠯ ᠪᠠᠶᠢᠳᠠᠭ ᠦᠭᠡᠢ᠂ ᠰᠠᠴᠤᠷᠠᠭ ᠤᠨ ᠲᠣᠬᠢᠷᠠᠭᠤᠯᠭ᠎ᠠ ᠶᠢᠨ ᠠᠯᠳᠠᠭ᠎ᠠ ᠦᠭᠡᠢ᠂ ᠰᠣᠷᠢᠨᠵᠢᠭ ᠣᠷᠣᠨ ᠤ ᠰᠠᠭᠠᠲᠠᠯ ᠦᠭᠡᠢ ᠪᠥᠭᠡᠳ ᠭᠧᠣᠮᠡᠲ᠋ᠷ ᠳᠦᠷᠰᠦ ᠪᠣᠯᠤᠨ ᠲᠤᠩᠭᠠᠯᠠᠭ ᠪᠠᠶᠢᠳᠠᠯ ᠤᠨ ᠠᠰᠠᠭᠤᠳᠠᠯ ᠭᠠᠷᠳᠠᠭ ᠦᠭᠡᠢ ᠪᠠᠶᠢᠨ᠎ᠠ᠃ ШК ᠳᠡᠯᠭᠡᠴᠡ ᠶᠢᠨ ᠴᠠᠬᠢᠯᠭᠠᠨ ᠤ ᠬᠡᠷᠡᠭᠯᠡᠭᠡ ᠵᠠᠭᠪᠤᠷ᠂ ᠲᠣᠬᠢᠷᠠᠭᠤᠯᠭ᠎ᠠ ᠪᠣᠯᠤᠨ ᠭᠠᠷᠭᠠᠵᠤ ᠪᠤᠢ ᠳᠦᠷᠰ ᠦᠳ ᠡᠴᠡ ᠬᠠᠮᠢᠶᠠᠷᠤᠨ CRT ᠳᠡᠯᠭᠡᠴᠡ ᠪᠣᠯᠤᠨ ᠫᠯᠠᠽᠮᠠᠨ ᠳᠡᠯᠭᠡᠴᠡ ᠶᠢᠨ ᠴᠠᠬᠢᠯᠭᠠᠨ ᠤ ᠬᠡᠷᠡᠭᠯᠡᠭᠡ ᠲᠡᠢ ᠢᠵᠢᠯ ᠪᠠᠶᠢᠵᠤ ᠪᠣᠯᠬᠤ ᠪᠣᠯᠪᠠᠴᠤ 5 ᠬᠦᠷᠲᠡᠯᠡᠬᠢ ᠤᠳᠠᠭ᠎ᠠ ᠪᠠᠭ᠎ᠠ ᠴᠤ ᠪᠠᠶᠢᠳᠠᠭ᠃ ᠴᠠᠬᠢᠯᠭᠠᠨ ᠤ ᠬᠡᠷᠡᠭᠯᠡᠭᠡᠨ ᠦ 95% ᠨᠢ ᠭᠡᠷᠡᠯᠲᠦᠭᠦᠯᠭᠡ ᠶᠢᠨ ᠯᠠᠮᠫᠠ ᠶᠢᠨ ᠬᠦᠴᠦᠨ ᠴᠢᠳᠠᠯ ᠡᠰᠡᠪᠡᠯ ᠮᠠᠲᠷᠢᠼ ᠤᠨ ᠠᠷᠠᠳ ᠲᠠᠯ᠎ᠠ ᠶᠢᠨ ᠭᠡᠷᠡᠯᠲᠦᠭᠦᠯᠭᠡ ᠡᠴᠡ (ᠠᠩᠭᠯ᠃ backlight) ᠬᠠᠮᠢᠶᠠᠷᠳᠠᠭ ᠪᠠᠶᠢᠨ᠎ᠠ᠃ 2007 ᠣᠨ ᠤ ᠶᠡᠬᠡᠩᠬᠢ ᠳᠡᠯᠭᠡᠴᠡ ᠨᠦᠭᠦᠳ ᠨᠢ ᠬᠡᠷᠡᠭᠯᠡᠭᠴᠢ ᠳᠡᠯᠭᠡᠴᠡ ᠶᠢᠨ ᠢᠶᠡᠨ ᠭᠡᠷᠡᠯᠲᠦᠭᠦᠯᠭᠡ ᠶᠢ ᠲᠤᠬᠢᠷᠠᠭᠤᠯᠬᠤ ᠦᠶ᠎ᠡ ᠳᠦ 150-400 ᠪᠠ ᠲᠡᠭᠦᠨ ᠡᠴᠡ ᠳᠡᠭᠡᠭᠰᠢ ᠭᠧᠷᠼ ᠦᠨ ᠳᠠᠪᠲᠠᠮᠵᠢ ᠲᠠᠢ ᠯᠠᠮᠫᠠ ᠶᠢᠨ ᠥᠷᠭᠡᠨ ᠢᠮᠫᠦ᠋ᠯᠰ ᠦᠨ ᠮᠣᠳᠣᠯᠶᠠᠼᠢ ᠪᠤᠶᠤ ᠬᠤᠪᠢᠷᠠᠭᠠᠯᠲᠠ ᠶᠢ ᠠᠰᠢᠭᠯᠠᠳᠠᠭ᠃ ᠨᠥᠭᠥᠭᠡ ᠲᠠᠯ᠎ᠠ ᠠᠴᠠ ᠪᠠᠨ᠂ ШК ᠳᠡᠯᠭᠡᠴᠡ ᠨᠢ ᠰᠢᠢᠳᠪᠦᠷᠢᠯᠡᠬᠦ ᠳᠦ ᠬᠦᠨᠳᠦᠷᠡᠯᠲᠡᠢ ᠣᠯᠠᠨ ᠰᠤᠯᠠ ᠲᠠᠯ ᠤᠳ ᠲᠠᠢ᠂ ᠵᠢᠱᠢᠶᠡᠯᠡᠪᠡᠯ: • CRT ᠍ ᠲᠠᠢ ᠬᠠᠷᠢᠴᠠᠭᠤᠯᠬᠤ ᠳᠤ ᠵᠥᠪᠬᠡᠨ ᠨᠢᠭᠡ ᠲᠣᠭᠲᠠᠭᠠᠭᠰᠠᠨ ᠦᠵᠡᠭᠦᠯᠦᠯᠲᠡ ᠲᠡᠢ ᠪᠡᠷ ᠲᠣᠳᠣ ᠳᠦᠷᠰᠦ ᠶᠢ ᠭᠠᠷᠭᠠᠵᠤ ᠴᠢᠳᠠᠳᠠᠭ᠃ ᠪᠤᠰᠤᠳ ᠨᠢ ᠢᠨᠲ᠋ᠧᠷᠫᠣᠯᠶᠠᠼ ᠤᠨ ᠲᠤᠰᠠᠯᠠᠮᠵᠢ ᠲᠠᠢ ᠪᠠᠷ ᠪᠤᠢ ᠪᠣᠯᠳᠠᠭ᠃ • CRT ᠍ ᠲᠠᠢ ᠬᠠᠷᠢᠴᠠᠭᠤᠯᠬᠤ ᠳᠤ ШК ᠳᠡᠯᠭᠡᠴᠡ ᠨᠢ ᠢᠯᠡᠭᠦᠦ ᠪᠠᠭ᠎ᠠ ᠺᠣᠨᠲ᠋ᠷᠠᠰ ᠲᠤ ᠪᠣᠯᠤᠨ ᠬᠠᠷ᠎ᠠ ᠥᠩᠭᠡ ᠶᠢᠨ ᠭᠦᠨ ᠴᠢᠨᠠᠷᠲᠠᠢ᠃ ᠮᠠᠲᠷᠢᠼ ᠤᠨ ᠭᠢᠯᠠᠯᠵᠠᠳᠠᠭ ᠭᠠᠳᠠᠷᠭᠤ ᠶᠢ ᠥᠷᠭᠡᠨ ᠬᠡᠷᠡᠭᠯᠡᠳᠡᠭ ᠪᠥᠭᠡᠳ ᠡᠨᠡ ᠨᠢ ᠵᠥᠪᠬᠡᠨ ᠭᠠᠳᠠᠨ᠎ᠠ ᠶᠢᠨ ᠭᠡᠷᠡᠯᠲᠦᠭᠦᠯᠭᠡ ᠶᠢᠨ ᠨᠥᠬᠥᠴᠡᠯ ᠳᠦ ᠬᠠᠮᠢᠶᠠᠷᠤᠯ ᠲᠠᠢ ᠺᠣᠨᠲ᠋ᠷᠠᠰᠲᠠᠨ ᠳᠤ ᠨᠥᠯᠦᠭᠡᠯᠡᠳᠡᠭ᠃ • ᠮᠠᠲᠷᠢᠼ ᠤᠨ ᠲᠣᠭᠲᠠᠮᠠᠯ ᠵᠤᠵᠠᠭᠠᠨ ᠤ ᠬᠠᠲᠠᠭᠤ ᠱᠠᠭᠠᠷᠳᠠᠯᠭ᠎ᠠ ᠶᠢᠨ ᠤᠯᠠᠮ ᠠᠴᠠ ᠨᠢᠭᠡ ᠥᠩᠭᠡ ᠶᠢᠨ ᠵᠢᠭᠳᠡ ᠪᠤᠰᠤ ᠪᠠᠶᠢᠳᠠᠯ ᠤᠨ (ᠵᠢᠭᠳᠡ ᠪᠤᠰᠤ ᠭᠡᠷᠡᠯᠲᠦᠭᠦᠯᠭᠡ) ᠠᠰᠠᠭᠤᠳᠠᠯ ᠪᠠᠶᠢᠳᠠᠭ ᠪᠠᠶᠢᠨ᠎ᠠ᠃ ᠵᠠᠷᠢᠮ ᠳᠡᠯᠭᠡᠴᠡ ᠨᠦᠭᠦᠳ ᠨᠢ ᠵᠠᠰᠠᠪᠤᠷᠢᠯᠠᠭᠳᠠᠰᠢ ᠦᠭᠡᠢ ᠵᠢᠭᠳᠡ ᠪᠤᠰᠤ ᠭᠡᠷᠡᠯ ᠦᠨ ᠳᠠᠮᠵᠢᠭᠤᠯᠤᠯᠲᠠ ᠲᠠᠢ ᠪᠠᠶᠢᠳᠠᠭ ᠨᠢ ᠱᠤᠭᠤᠮᠠᠨ ᠮᠥᠩᠭᠥᠨ ᠤᠰᠤᠨ ᠯᠠᠮᠫᠠ ᠠᠰᠢᠭᠯᠠᠯᠲᠠ ᠲᠠᠢ ᠬᠣᠯᠪᠣᠭᠠᠲᠠᠢ ᠶᠤᠮ᠃ • ᠵᠢᠷᠤᠭ ᠰᠣᠯᠢᠭᠳᠠᠬᠤ ᠬᠤᠷᠳᠤ CRT ᠪᠣᠯᠤᠨ ᠫᠯᠠᠽᠮᠠᠨ ᠳᠡᠯᠭᠡᠴᠡ ᠨᠦᠭᠦᠳ ᠲᠡᠢ ᠬᠠᠷᠢᠴᠠᠭᠤᠯᠬᠤ ᠳᠤ ᠪᠠᠭ᠎ᠠ ᠬᠡᠪ ᠢᠶᠡᠷ ᠯᠠ ᠪᠠᠶᠢᠭ᠎ᠠ᠃ Overdrive ᠲᠧᠭᠨᠣᠯᠣᠭᠢ ᠬᠤᠷᠳᠤ ᠶᠢᠨ ᠠᠰᠠᠭᠤᠳᠠᠯ ᠢ ᠪᠦᠬᠦᠯᠢ ᠳᠦ ᠨᠢ ᠰᠢᠢᠳᠪᠦᠷᠢᠯᠡᠵᠦ ᠴᠢᠳᠠᠭ᠎ᠠ ᠦᠭᠡᠢ ᠪᠠᠶᠢᠨ᠎ᠠ᠃ • ᠺᠣᠨᠲ᠋ᠷᠰᠤᠲᠤ ᠶᠢᠨ ᠬᠠᠷᠠᠬᠤ ᠥᠨᠴᠥᠭ ᠡᠴᠡ ᠰᠢᠯᠲᠠᠭᠠᠯᠠᠳᠠᠭ ᠨᠢ ᠣᠳᠣ ᠶᠢ ᠬᠦᠷᠲᠡᠯ᠎ᠡ ШК ᠳᠡᠯᠭᠡᠴᠡ ᠶᠢᠨ ᠲᠣᠮᠣᠬᠠᠨ ᠳᠤᠲᠠᠭᠳᠠᠯ ᠬᠡᠪ ᠢᠶᠡᠷ ᠪᠠᠶᠢᠨ᠎ᠠ᠃ CRT ᠳᠡᠯᠭᠡᠴᠡᠨ ᠳᠦ ᠡᠶᠢᠮᠦ ᠠᠰᠠᠭᠤᠳᠠᠯ ᠣᠭᠲᠣ ᠪᠠᠶᠢᠳᠠᠭ ᠦᠭᠡᠢ᠃ • ᠣᠯᠠᠨ ᠢᠶᠠᠷ ᠦᠢᠯᠡᠳᠪᠦᠷᠢᠯᠡᠵᠦ ᠪᠤᠢ ШК ᠳᠡᠯᠭᠡᠴᠡ ᠨᠦᠭᠦᠳ ᠮᠧᠬᠠᠨᠢᠭ ᠭᠡᠮᠲᠦᠯ ᠡᠴᠡ ᠮᠠᠭᠤ ᠬᠠᠮᠠᠭᠠᠯᠠᠭᠳᠠᠭᠰᠠᠨ ᠪᠠᠶᠢᠳᠠᠭ᠃ ᠲᠡᠷᠡ ᠲᠤᠰᠤᠮ ᠢᠶᠠᠨ ᠰᠢᠯᠢ ᠪᠡᠷ ᠬᠠᠮᠠᠭᠠᠯᠠᠭᠳᠠᠭ᠎ᠠ ᠦᠭᠡᠢ ᠮᠠᠲᠷᠢᠼ ᠨᠢ ᠮᠠᠰᠢ ᠬᠡᠪᠡᠷᠡᠭ ᠶᠤᠮ᠃ • ᠮᠥᠨ ᠠᠯᠳᠠᠭ᠎ᠠ ᠲᠠᠢ ᠫᠢᠺᠰᠧᠯ ᠦᠨ ᠠᠰᠠᠭᠤᠳᠠᠯ ᠪᠠᠶᠢᠳᠠᠭ᠃ ᠳᠡᠯᠭᠡᠴᠡ ᠶᠢᠨ ᠬᠡᠮᠵᠢᠶᠡᠨ ᠡᠴᠡ ᠬᠠᠮᠢᠶᠠᠷᠤᠨ ᠠᠯᠳᠠᠭ᠎ᠠ ᠲᠠᠢ ᠫᠢᠺᠰᠧᠯ ᠦᠨ ᠵᠥᠪᠰᠢᠶᠡᠷᠡᠭᠳᠡᠬᠦ ᠲᠦᠪᠰᠢᠨ ᠢ ᠣᠯᠠᠨ ᠤᠯᠤᠰ ᠤᠨ ISO 13406-2 ᠰᠲ᠋ᠠᠨᠳᠠᠷᠲ ᠢᠶᠠᠷ ᠲᠣᠳᠣᠷᠬᠠᠶᠢᠯᠠᠳᠠᠭ ᠶᠤᠮ᠃ • ШК ᠳᠡᠯᠭᠡᠴᠡ ᠶᠢᠨ ᠫᠢᠺᠰᠧᠯ ᠨᠢ ᠮᠠᠭᠤᠳᠠᠳᠠᠭ᠃ ᠭᠡᠬᠦ ᠳᠦ ᠪᠡᠨ ᠮᠠᠭᠤᠳᠠᠬᠤ ᠬᠤᠷᠳᠤ ᠨᠢ ᠬᠠᠮᠤᠭ ᠤᠨ ᠪᠠᠭ᠎ᠠ ᠳᠤ ᠲᠣᠭᠠᠴᠠᠭᠳᠠᠳᠠᠭ (ᠫᠢᠺᠰᠧᠯ ᠨᠢ ᠣᠭᠲᠣ ᠮᠠᠭᠤᠳᠠᠳᠠᠭ ᠦᠭᠡᠢ ᠯᠠᠽᠧᠷᠦᠨ ᠳᠡᠯᠭᠡᠴᠡ ᠶᠢ ᠠᠪᠴᠤ ᠦᠵᠡᠯ ᠦᠭᠡᠢ ᠪᠡᠷ). ᠴᠢᠨᠠᠭᠰᠢᠳᠠ ШК ᠳᠡᠯᠭᠡᠴᠡ ᠶᠢ OLED ᠪᠤᠶᠤ ᠣᠷᠭᠠᠨᠢᠭ ᠭᠡᠷᠡᠯ ᠦᠨ ᠳᠢᠣ᠋ ᠍ ᠳᠤ ᠪᠦᠬᠦᠢ ᠮᠠᠲᠠᠷᠠᠴᠠᠨ ᠳᠡᠯᠭᠡᠴᠡ ᠣᠷᠣᠯᠠᠨ᠎ᠠ ᠭᠡᠵᠦ ᠦᠵᠡᠳᠡᠭ᠃ ᠭᠡᠪᠡᠴᠦ ᠤᠷᠲᠤ ᠳ᠋ᠢᠶᠠᠭᠤᠨᠠᠯ ᠲᠠᠢ ᠮᠠᠲᠷᠢᠼ ᠦᠢᠯᠡᠳᠪᠦᠷᠢᠯᠡᠬᠦ ᠮᠥᠨ ᠣᠯᠠᠨ ᠢᠶᠠᠷ ᠦᠢᠯᠡᠳᠦᠷᠯᠡᠬᠦ ᠳᠦ ᠨᠢ ᠣᠯᠠᠨ ᠠᠰᠠᠭᠤᠳᠠᠯ ᠤᠳ ᠲᠤᠯᠭᠠᠷᠠᠭᠠᠳ ᠪᠠᠶᠢᠭ᠎ᠠ ᠪᠢᠯᠡ᠃

ᠲᠧᠭᠨᠣᠯᠣᠭᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ШК ᠳᠡᠯᠭᠡᠴᠡ ᠶᠢ ᠦᠢᠯᠡᠳᠪᠦᠷᠢᠯᠡᠬᠦ ᠳᠦ ᠠᠰᠢᠭᠯᠠᠳᠠᠭ ᠭᠣᠣᠯ ᠲᠧᠭᠨᠣᠯᠣᠭᠢ ᠨᠤᠭᠤᠳ: TN+film, IPS (SFT, PLS) ᠢ MVA. ᠡᠨᠡᠬᠦ ᠲᠧᠭᠨᠣᠯᠣᠭᠢ ᠨᠤᠭᠤᠳ ᠨᠢ ᠬᠣᠭᠣᠷᠣᠨᠳᠣ ᠪᠠᠨ ᠭᠠᠳᠠᠷᠭᠤ᠂ ᠫᠣᠯᠢᠮᠧᠷ᠂ ᠤᠳᠤᠷᠢᠳᠤᠯᠭ᠎ᠠ ᠶᠢᠨ ᠬᠠᠪᠲᠠᠩ ᠪᠣᠯᠤᠨ ᠡᠯᠧᠺᠲ᠋ᠷᠣᠳ᠋ ᠵᠡᠷᠭᠡ ᠪᠡᠷ ᠢᠶᠡᠨ ᠢᠯᠭᠠᠭ᠎ᠠ ᠲᠠᠢ᠃ ᠰᠢᠩᠭᠡᠨ ᠺᠷᠢᠰᠲ᠋ᠠᠯ ᠤᠨ ᠰᠢᠨᠵᠢ ᠴᠢᠨᠠᠷ ᠲᠠᠢ ᠫᠣᠯᠢᠮᠧᠷ ᠤᠨ ᠴᠡᠪᠡᠷ ᠪᠠᠶᠢᠳᠠᠯ ᠪᠣᠯᠤᠨ ᠲᠥᠷᠥᠯ ᠶᠡᠬᠡᠬᠡᠨ ᠠᠴᠢ ᠬᠣᠯᠪᠣᠭᠳᠠᠯ ᠲᠠᠢ ᠪᠠᠶᠢᠳᠠᠭ᠃ SXRD (ᠠᠩᠭᠯ᠃ Silicon X-tal Reflective Display) ᠲᠧᠭᠨᠣᠯᠣᠭᠢ ᠪᠠᠷ ᠬᠢᠭᠳᠡᠭᠰᠡᠨ ШК ᠳᠡᠯᠭᠡᠴᠡ ᠶᠢᠨ ᠬᠠᠷᠢᠭᠤ ᠥᠭᠬᠦ ᠬᠤᠭᠤᠴᠠᠭ᠎ᠠ ᠶᠢ 5 ᠮᠢᠯᠢᠰᠧᠺᠦᠶᠢᠨᠳ᠋ ᠬᠦᠷᠲᠡᠯ᠎ᠡ ᠪᠤᠷᠤᠭᠤᠯᠠᠭᠰᠠᠨ ᠪᠠᠶᠢᠨ᠎ᠠ᠃ Sony, Sharp ᠢ Philips ᠺᠣᠮᠫᠠᠨᠢ ᠨᠤᠭᠤᠳ ᠬᠠᠮᠲᠤ ᠳᠤ ᠪᠠᠨ PALC (ᠠᠩᠭᠯ᠃ plasma addressed liquid crystal) ᠲᠧᠭᠨᠣᠯᠣᠭᠢ ᠶᠢ ᠪᠦᠲᠦᠭᠡᠵᠡᠢ᠃ ᠡᠨᠡ ᠲᠧᠭᠨᠣᠯᠣᠭᠢ ᠨᠢ ШК ᠳᠡᠯᠭᠡᠴᠡ ᠶᠢᠨ (ᠴᠠᠶᠢᠷᠠᠭᠤᠯᠤᠯᠲᠠ ᠪᠣᠯᠤᠨ ᠥᠩᠭᠡᠨ ᠦ ᠭᠦᠨ ᠪᠠᠶᠢᠳᠠᠯ᠂ ᠺᠣᠨᠲ᠋ᠷᠠᠰ ᠲᠤ) ᠪᠣᠯᠤᠨ ᠫᠯᠠᠽᠮᠠᠨ ᠳᠡᠯᠭᠡᠴᠡ ᠶᠢᠨ (ᠪᠣᠰᠤᠭ᠎ᠠ ᠪᠣᠯᠤᠨ ᠬᠡᠪᠲᠦᠭᠡᠭᠡᠷᠡᠢ ᠲᠣᠮᠣ ᠬᠠᠷᠠᠬᠤ ᠥᠨᠴᠦᠭ᠂ ᠰᠢᠨᠡᠴᠢᠯᠡᠭᠳᠡᠬᠦ ᠥᠨᠳᠦᠷ ᠬᠤᠷᠳᠤ) ᠳᠠᠪᠠᠭᠤ ᠲᠠᠯ᠎ᠠ ᠨᠤᠭᠤᠳ ᠢ ᠠᠭᠤᠯᠠᠳᠠᠭ ᠪᠠᠶᠢᠨ᠎ᠠ᠃ PALC ᠲᠧᠭᠨᠣᠯᠣᠭᠢᠢ ᠨᠢ ᠳᠡᠯᠭᠡᠴᠡ ᠶᠢᠨ ᠫᠢᠺᠰᠧᠯ ᠪᠣᠯᠭᠠᠨ ᠢ ᠲᠤᠰ ᠲᠤ ᠨᠢ ᠬᠠᠶᠠᠭᠯᠠᠬᠤ ᠪᠣᠯᠤᠮᠵᠢ ᠶᠢ ᠣᠯᠭᠤᠳᠠᠭ ᠢᠶᠠᠷ ᠢᠶᠠᠨ ᠳᠦᠷᠰᠦ ᠶᠢᠨ ᠤᠳᠤᠷᠢᠳᠤᠯᠭ᠎ᠠ ᠪᠠ ᠴᠢᠨᠠᠷ ᠢᠯᠡᠭᠦᠦ ᠰᠠᠶᠢᠨ ᠪᠠᠶᠢᠳᠠᠭ᠃

TN+film[ᠵᠠᠰᠠᠪᠤᠷᠢᠯᠠᠬᠤ | ᠺᠣᠳ᠋ ᠢᠶᠠᠷ ᠵᠠᠰᠠᠬᠣ]

TN + film (Twisted Nematic + film) ᠨᠢ ᠬᠠᠮᠤᠭ ᠤᠨ ᠡᠩ ᠦᠨ ᠲᠧᠭᠨᠣᠯᠣᠭᠢ ᠶᠤᠮ᠃ ᠡᠨᠡᠬᠦ ᠲᠧᠭᠨᠣᠯᠣᠭᠢ ᠶᠢᠨ ᠨᠡᠷ᠎ᠡ ᠶᠢᠨ 《film》 ᠭᠡᠳᠡᠭ ᠦᠭᠡ ᠨᠢ ᠬᠠᠷᠠᠬᠤ ᠥᠨᠴᠦᠭ ᠢ ᠨᠡᠮᠡᠭᠳᠡᠭᠦᠯᠳᠡᠭ (ᠣᠶᠢᠷᠠᠯᠴᠠᠭ᠎ᠠ ᠪᠠᠷ 90-150° ᠍ ᠢᠶᠠᠷ) 《ᠨᠡᠮᠡᠯᠲᠡ ᠳᠠᠪᠬᠤᠷᠭ᠎ᠠ》 ᠭᠡᠰᠡᠨ ᠤᠳᠬ᠎ᠠ ᠲᠠᠢ᠃ ᠣᠳᠣ ᠪᠠᠷ 《film》 ᠭᠡᠳᠡᠭ ᠦᠭᠡ ᠶᠢ ᠶᠡᠬᠡᠪᠴᠢᠯᠡᠨ ᠳᠤᠷᠢᠳᠠᠯ ᠦᠭᠡᠢ ᠪᠡᠷ ᠵᠦᠭᠡᠷ TN ᠮᠠᠲᠷᠢᠼ ᠭᠡᠵᠦ ᠨᠡᠷᠡᠯᠡᠳᠡᠭ᠃ ᠲᠤᠬᠠᠢ ᠶᠢᠨ ᠮᠠᠲᠷᠢᠼ ᠤᠨ ᠬᠠᠷᠢᠭᠤ ᠦᠵᠡᠭᠦᠯᠬᠦ ᠬᠤᠭᠤᠴᠠᠭ᠎ᠠ ᠣᠳᠣ ᠪᠠᠷ ᠬᠠᠮᠤᠭ ᠤᠨ ᠥᠨᠳᠦᠷ ᠦᠵᠡᠭᠦᠯᠦᠯᠲᠡ ᠨᠦᠭᠦᠳ ᠦᠨ ᠨᠢᠭᠡ ᠪᠣᠯᠪᠠᠴᠤ ᠣᠳᠣᠬᠠᠨ ᠳᠤ ᠪᠠᠨ TN ᠮᠠᠲᠷᠢᠼ ᠤᠨ ᠺᠣᠨᠲ᠋ᠷᠠᠰ ᠲᠤ ᠪᠣᠯᠤᠨ ᠬᠠᠷᠠᠬᠤ ᠥᠨᠴᠦᠭ ᠢ ᠰᠠᠶᠢᠵᠢᠷᠭᠠᠭᠤᠯᠬᠤ ᠠᠷᠭ᠎ᠠ ᠵᠠᠮ ᠢ ᠣᠯᠤᠭ᠎ᠠ ᠦᠭᠡᠢ ᠪᠠᠶᠢᠭ᠎ᠠ ᠶᠤᠮ᠃

ᠳᠠᠪᠠᠭᠤ ᠲᠠᠯ᠎ᠠ:

- ᠬᠠᠷᠢᠭᠤ ᠦᠵᠡᠭᠦᠯᠬᠦ ᠪᠣᠭᠣᠨᠢ ᠬᠤᠭᠤᠴᠠᠭ᠎ᠠ

- ᠪᠠᠭ᠎ᠠ ᠥᠷᠲᠡᠭ᠃

ᠰᠤᠯᠠ ᠲᠠᠯ᠎ᠠ:

- ᠮᠠᠭᠤ ᠴᠢᠨᠠᠷ ᠤᠨ ᠥᠩᠭᠡ

- ᠪᠠᠭ᠎ᠠ ᠬᠠᠷᠠᠬᠤ ᠥᠨᠴᠥᠭ᠃

ISP ᠡᠰᠡᠪᠡᠯ SFT

ISP ᠡᠰᠡᠪᠡᠯ SFT ᠲᠧᠭᠨᠣᠯᠣᠭᠢ ᠶᠢ (ᠠᠩᠭᠯᠢ ᠪᠠᠷ᠃ in-plane switching) ᠨᠢ 1996 ᠣᠨ ᠳᠤ HITACHI ᠪᠣᠯᠤᠨ NEC ᠺᠣᠮᠫᠠᠨᠢ ᠨᠤᠭᠤᠳ ᠨᠢ ᠪᠣᠯᠪᠠᠰᠤᠷᠠᠭᠤᠯᠤᠭᠰᠠᠨ ᠶᠤᠮ᠃ ᠡᠳᠡᠭᠡᠷ ᠺᠣᠮᠫᠠᠨᠢ ᠨᠤᠭᠤᠳ ᠨᠢ ᠲᠤᠰ ᠲᠧᠨᠬᠣᠯᠣᠭ ᠤᠨ ᠥᠪᠡᠷ ᠥᠪᠡᠷ ᠨᠡᠷ᠎ᠡ ᠨᠦᠭᠦᠳ ᠢ ᠠᠰᠢᠭᠯᠠᠳᠠᠭ ᠪᠠ HITACHI ᠨᠢ 《IPS》, NEC 《SFT》 ᠭᠡᠰᠡᠨ ᠨᠡᠷ᠎ᠡ ᠶᠢ ᠠᠰᠢᠭᠯᠠᠳᠠᠭ᠃ ᠤᠭ ᠲᠧᠭᠨᠣᠯᠣᠭᠢ ᠨᠢ TN+film ᠍ ᠦᠨ ᠰᠤᠯᠠ ᠲᠠᠯ᠎ᠠ ᠠᠴᠠ ᠠᠩᠭᠢᠵᠢᠷᠠᠬᠤ ᠶᠢᠨ ᠲᠤᠯᠠᠳᠠ ᠪᠤᠢ ᠪᠣᠯᠤᠭᠰᠠᠨ ᠶᠤᠮ᠃ ᠬᠡᠳᠦᠢ ᠪᠡᠷ IPS ᠍ ᠦᠨ ᠲᠤᠰᠯᠠᠵᠤᠮ ᠲᠠᠢ ᠪᠠᠷ ᠬᠠᠷᠠᠬᠤ ᠥᠨᠴᠥᠭ ᠢ 178 ᠭᠷᠠᠳᠦᠶᠢᠰ ᠪᠣᠯᠲᠠᠯ᠎ᠠ ᠨᠢ ᠥᠰᠬᠡᠵᠦ᠂ ᠮᠥᠨ ᠲᠡᠭᠦᠨᠴᠢᠯᠡᠨ ᠢᠯᠭᠠᠷᠠᠯ ᠪᠣᠯᠤᠨ ᠥᠩᠭᠡ ᠳᠠᠮᠵᠢᠭᠤᠯᠤᠯᠲᠠ ᠶᠢ ᠥᠰᠬᠡᠵᠦ ᠴᠢᠳᠠᠭᠰᠠᠨ ᠬᠡᠳᠦᠢ ᠴᠤ ᠬᠠᠷᠢᠭᠤ ᠦᠵᠡᠭᠦᠯᠬᠦ ᠴᠠᠭ ᠨᠢ ᠠᠷᠠᠢ ᠪᠠᠭ᠎ᠠ ᠲᠦᠪᠰᠢᠨᠡᠷᠡᠭᠦᠦ ᠪᠠᠭᠤᠷᠠᠭᠰᠠᠨ᠃

2008 ᠣᠨ ᠤ ᠪᠠᠶᠢᠳᠠᠯ ᠢᠶᠠᠷ IPS (SFT) ᠮᠠᠲᠷᠢᠼ ᠤᠨ ᠲᠧᠭᠨᠣᠯᠣᠭᠢ ᠪᠠᠷ ᠪᠦᠲᠦᠭᠡᠭᠳᠡᠭᠰᠡᠨ ЖК ᠳᠡᠯᠭᠡᠴᠡ ᠨᠦᠭᠦᠳ ᠨᠢ 8 ᠪᠢᠲ ᠤᠨ ᠰᠤᠪᠠᠭ ᠢᠶᠠᠷ ᠳᠠᠮᠵᠢᠭᠤᠯᠠᠨ RGB-24 ᠪᠢᠲ ᠤᠨ ᠥᠩᠭᠡᠨ ᠦ ᠭᠦᠨ ᠢᠯᠭᠠᠷᠠᠯ ᠤᠨ ᠦᠵᠡᠭᠦᠯᠵᠦ ᠴᠢᠳᠠᠳᠠᠭ ᠴᠥᠭᠡᠨ ᠳᠡᠯᠭᠡᠴᠡ ᠨᠦᠭᠦᠳ ᠦᠨ ᠨᠢᠭᠡ ᠶᠤᠮ᠃ 2012 ᠣᠨ ᠤ ᠪᠠᠶᠢᠳᠠᠯ ᠢᠶᠠᠷ IPS ᠮᠠᠲᠷᠢᠼ ᠤᠨ ᠲᠧᠭᠨᠣᠯᠣᠭᠢ ᠪᠠᠷ ᠪᠦᠲᠦᠭᠡᠭᠳᠡᠭᠰᠡᠨ 6 ᠪᠢᠲ ᠤᠨ ᠰᠤᠪᠠᠭ ᠲᠠᠢ ᠳᠡᠯᠭᠡᠴᠡ ᠨᠦᠭᠦᠳ ᠪᠦᠲᠦᠭᠡᠭᠳᠡᠭᠡᠳ ᠪᠠᠶᠢᠭ᠎ᠠ ᠪᠢᠯᠡ᠃ ᠬᠠᠭᠤᠴᠢᠨ TN ᠍ ᠮᠠᠲᠷᠢᠼ ᠤᠳ ᠨᠢ 6 ᠪᠢᠲ ᠤᠨ ᠰᠤᠪᠠᠭ ᠲᠠᠢ ᠪᠠ ᠮᠥᠨ ᠵᠠᠷᠢᠮ MVA ᠴᠤ ᠭᠡᠰᠡᠨ 6 ᠪᠢᠲ ᠤᠨ ᠰᠤᠪᠠᠭ ᠲᠠᠢ ᠪᠠᠶᠢᠳᠠᠭ᠃

IPS ᠮᠠᠲᠷᠢᠼ ᠢ ᠬᠦᠴᠦᠳᠡᠯ ᠳᠦ ᠬᠣᠯᠪᠣᠭ᠎ᠠ ᠦᠭᠡᠢ ᠲᠣᠬᠢᠶᠠᠯᠳᠤᠯ ᠳᠤ ᠰᠢᠩᠭᠡᠨ ᠺᠷᠢᠰᠲ᠋ᠠᠯᠤᠨ ᠮᠣᠯᠧᠺᠤᠯ ᠤᠳ ᠨᠢ ᠡᠷᠭᠢᠳᠡᠭ ᠦᠭᠡᠢ ᠪᠠᠶᠢᠨ᠎ᠠ᠃ ᠡᠬᠢᠨ ᠦ ᠰᠢᠭᠦᠯᠲᠡᠭᠦᠷ ᠨᠢ ᠬᠣᠶᠠᠷ ᠲᠤ ᠬᠢ ᠰᠢᠭᠦᠯᠲᠡᠭᠦᠷ ᠷᠦᠦ ᠲᠡᠭᠰᠢ ᠬᠡᠮ ᠢᠶᠡᠷ ᠡᠷᠭᠢᠳᠡᠭ ᠪᠠ ᠲᠡᠭᠦᠪᠡᠷ ᠨᠢ ᠭᠡᠷᠡᠯ ᠳᠠᠮᠵᠢᠳᠠᠭ ᠪᠠᠶᠢᠨ᠎ᠠ᠃ ᠡᠶᠢᠮᠦ ᠤᠴᠢᠷ ᠠᠴᠠ ᠬᠠᠷ᠎ᠠ ᠥᠩᠭᠡᠨ ᠦ ᠵᠢᠷᠤᠭᠯᠠᠯ ᠨᠢ ᠲᠡᠭᠦᠰ ᠪᠠᠶᠢᠳᠠᠯ ᠲᠠᠢ ᠬᠠᠮᠤᠭ ᠤᠨ ᠳᠥᠬᠦᠵᠦ ᠣᠴᠢᠳᠠᠭ᠃ IPS ᠳᠡᠯᠭᠡᠴᠡ ᠶᠢᠨ ᠫᠢᠺᠰᠡᠯ ᠦᠳ ᠳᠠᠮᠵᠢᠭᠤᠯᠤᠭᠴᠢ ᠠᠴᠠ ᠭᠠᠷᠬᠤ ᠦᠶ᠎ᠡ ᠳᠦ TN ᠮᠠᠲᠷᠢᠼ ᠦᠨ ᠬᠢ ᠰᠢᠭ ᠴᠠᠭᠠᠨ ᠪᠢᠰᠢ ᠬᠠᠷᠢᠨ ᠬᠠᠷ᠎ᠠ ᠪᠠᠶᠢᠳᠠᠭ ᠪᠠᠶᠢᠨ᠎ᠠ᠃

ᠬᠦᠴᠦᠳᠡᠯ ᠳᠦ ᠵᠠᠯᠭᠠᠬᠤ ᠳᠤ ᠰᠢᠩᠭᠡᠨ ᠺᠷᠢᠰᠲ᠋ᠠᠯ ᠤᠨ ᠮᠣᠯᠧᠺᠤᠯ ᠤᠳ ᠨᠢ ᠥᠪᠡᠷ ᠦᠨ ᠠᠩᠬᠠᠨ ᠤ ᠪᠠᠶᠢᠷᠢᠯᠠᠯ ᠠᠴᠠ ᠪᠠᠨ ᠲᠡᠭᠰᠢ ᠬᠡᠮ ᠳᠦ ᠡᠷᠭᠢᠳᠡᠭ ᠪᠠ ᠲᠡᠭᠦᠪᠡᠷ ᠨᠢ ᠭᠡᠷᠡᠯ ᠳᠠᠮᠵᠢᠨ ᠥᠩᠭᠡᠷᠡᠳᠡᠭ᠃

ᠣᠷᠴᠢᠨ ᠦᠶ᠎ᠡ ᠳᠦ IPS ᠲᠧᠭᠨᠣᠯᠣᠭᠢ ᠶᠢᠨ ᠣᠷᠣᠨ ᠳᠤ H-IPS ᠲᠧᠭᠨᠣᠯᠣᠭᠢ ᠶᠢ ᠠᠰᠢᠭᠯᠠᠳᠠᠭ ᠪᠣᠯᠤᠭᠰᠠᠨ᠃ ᠤᠭ ᠲᠧᠭᠨᠣᠯᠣᠭᠢ ᠨᠢ IPS ᠲᠧᠭᠨᠣᠯᠣᠭᠢ ᠶᠢᠨ ᠪᠦᠬᠦ ᠳᠠᠪᠠᠭᠤ ᠲᠠᠯ᠎ᠠ ᠶᠢ ᠠᠭᠤᠯᠠᠳᠠᠭ ᠪᠠ ᠢᠯᠭᠠᠷᠠᠯ ᠪᠣᠯᠤᠨ ᠬᠠᠷᠢᠭᠤ ᠦᠭᠬᠦ ᠬᠤᠭᠤᠴᠠᠭ᠎ᠠ ᠨᠢ ᠢᠯᠡᠭᠦᠦ ᠰᠠᠶᠢᠨ ᠶᠠᠭᠤᠮ᠎ᠠ᠃ ᠰᠠᠶᠢᠨ ᠴᠢᠨᠠᠷ ᠤᠨ H-IPS ᠲᠧᠭᠨᠣᠯᠣᠭᠢ ᠶᠢᠨ ᠾᠷᠣᠮᠠᠲ ᠪᠠᠶᠢᠳᠠᠯ ᠨᠢ ᠤᠯᠠᠮᠵᠢᠯᠠᠯᠲᠤ ELT ᠳᠡᠯᠭᠡᠴᠡᠨ ᠡᠴᠡ ᠳᠤᠲᠠᠬᠤ ᠪᠠᠷ ᠦᠭᠡᠢ ᠪᠠᠶᠢᠳᠠᠭ ᠪᠠᠶᠢᠨ᠎ᠠ᠃ H-IPS ᠪᠣᠯᠤᠨ ᠬᠢᠮᠳᠠ e-IPS ᠲᠧᠭᠨᠣᠯᠣᠭᠢ ᠨᠤᠭᠤᠳ ᠨᠢ 20 ᠪᠠ ᠲᠡᠭᠦᠨ ᠡᠴᠡ ᠳᠡᠭᠡᠭᠰᠢ ᠢᠨᠴᠢ ᠶᠢᠨ ᠳᠡᠯᠭᠡᠴᠡᠨ ᠳᠦ ᠥᠷᠭᠡᠨ ᠠᠰᠢᠭᠯᠠᠭᠳᠠᠳᠠᠳᠠᠭ᠃ LG Display, Dell, NEC, Samsung, Chimei ᠨᠠᠷᠠ ᠨᠢ ᠦᠭᠡ ᠲᠧᠺᠨᠣᠯᠣᠭᠢ ᠪᠠᠷ ᠳᠡᠯᠭᠡᠴᠡ ᠦᠢᠯᠡᠳᠪᠦᠷᠢᠯᠡᠳᠡᠭ ᠶᠤᠮ᠃

AS-IPS (Advanced super-in plane switch- ᠰᠦ᠋ᠫᠧᠷ IPS ᠲᠧᠭᠨᠣᠯᠣᠭᠢ ᠶᠢᠨ ᠥᠷᠭᠡᠳᠬᠡᠯ)- ᠲᠧᠭᠨᠣᠯᠣᠭᠢ ᠨᠢ 2002 ᠣᠨ ᠳᠤ HITACHI ᠺᠣᠮᠫᠠᠨᠢ ᠪᠠᠷ ᠪᠣᠯᠪᠠᠰᠤᠷᠠᠭᠤᠯᠤᠭᠳᠠᠭᠰᠠᠨ᠃ ᠬᠠᠮᠤᠭ ᠤᠨ ᠭᠣᠣᠯ ᠨᠢ ᠵᠢᠷ ᠦᠨ S-IPS ᠳᠡᠯᠭᠡᠴᠡᠨ ᠦ ᠢᠯᠭᠠᠷᠠᠯ ᠢ ᠨᠢ S-PVA ᠳᠡᠯᠭᠡᠴᠡ ᠲᠡᠢ ᠢᠯᠡᠭᠦᠦ ᠣᠶᠢᠷᠠᠬᠠᠨ ᠪᠣᠯᠭᠠᠵᠤ ᠰᠠᠶᠢᠵᠢᠷᠠᠭᠤᠯᠤᠭᠰᠠᠨ ᠳᠤ ᠣᠷᠣᠰᠢᠨ᠎ᠠ᠃ ᠮᠥᠨ ᠲᠡᠭᠦᠨᠴᠢᠯᠡᠨ AS-IPS ᠨᠢ NEC ᠺᠣᠷᠫᠣᠷᠠᠼᠢ ᠶᠢᠨ S-IPS ᠲᠧᠭᠨᠣᠯᠣᠭᠢ ᠪᠠᠷ ᠪᠦᠲᠦᠭᠡᠭᠳᠡᠭᠰᠡᠨ ᠳᠡᠯᠭᠡᠴᠡ ᠨᠦᠭᠦᠳ ᠢ ᠨᠡᠷᠡᠯᠡᠬᠦ ᠳᠦ ᠮᠥᠨ ᠠᠰᠢᠭᠯᠠᠳᠳᠠᠭ (NEC LCD20WGX2 ᠭᠡᠬᠦ ᠮᠡᠲᠦ).

H-IPS A-TW (Horizontal IPS with Advanced True White Polarizer ᠪᠤᠶᠤ ᠨᠠᠷᠢᠪᠴᠢᠯᠠᠭᠰᠠᠨ ᠵᠢᠩᠬᠢᠨᠢ ᠴᠠᠭᠠᠨ ᠲᠤᠶᠢᠯᠵᠢᠭᠤᠯᠤᠭᠴᠢ ᠲᠠᠢ ᠬᠡᠪᠲᠡᠭᠡ IPS ) LG Display ᠨᠢ NEC ᠺᠣᠷᠫᠣᠷᠠᠼᠢ ᠳᠤ ᠵᠣᠷᠢᠭᠤᠯᠤᠨ ᠪᠦᠲᠦᠭᠡᠭᠰᠡᠨ᠃ ᠴᠠᠭᠠᠨ ᠥᠩᠭᠡᠨ ᠳᠦ ᠢᠯᠡᠭᠦᠦ ᠪᠣᠳᠠᠲᠤ ᠪᠠᠶᠢᠳᠠᠯ ᠢ ᠥᠭᠴᠦ ᠵᠢᠷᠤᠭ ᠢ ᠭᠠᠵᠢᠭᠤᠳᠯᠠᠬᠤ ᠦᠭᠡᠢ ᠪᠡᠷ ᠬᠠᠷᠠᠭᠳᠠᠬᠤ ᠥᠨᠴᠥᠭ ᠢ ᠨᠡᠮᠡᠭᠳᠡᠭᠦᠭᠦᠯᠬᠦ ᠵᠣᠷᠢᠯᠭ᠎ᠠ ᠲᠠᠢ TW (true white – 《ᠵᠢᠩᠬᠢᠨᠢ ᠴᠠᠭᠠᠨ》 ) ᠥᠩᠭᠡᠲᠦ ᠰᠢᠭᠦᠯᠲᠡᠭᠦᠷ ᠲᠡᠢ H-IPS ᠲᠠᠪᠴᠠᠩ ᠠᠴᠠ ᠪᠦᠷᠢᠳᠳᠡᠭ᠃ ᠡᠨᠡ ᠲᠥᠷᠥᠯ ᠦᠨ ᠰᠠᠮᠪᠠᠷᠠᠭᠤᠯ ᠨᠢ ᠥᠨᠳᠥᠷ ᠴᠢᠨᠠᠷ ᠤᠨ ᠮᠡᠷᠭᠡᠵᠢᠯ ᠦᠨ ᠲᠦᠪᠰᠢᠨ ᠦ ᠳᠡᠯᠭᠡᠴᠡ ᠶᠢ ᠪᠤᠢ ᠪᠣᠯᠭᠠᠬᠤ ᠳᠤ ᠠᠰᠢᠭᠯᠠᠭᠳᠠᠳᠠᠭ᠃

AFFS (Advanced Fringe Field Switching-ᠲᠠᠯᠠᠪᠠᠢ ᠶᠢᠨ ᠵᠠᠬ᠎ᠠ ᠶᠢᠨ ᠪᠣᠯᠪᠠᠰᠤᠷᠠᠩᠭᠤᠢ ᠠᠰᠠᠭᠠᠯᠲᠠ; ᠠᠯᠪᠠᠨ ᠶᠣᠰᠣᠨ ᠤ ᠪᠤᠰᠤ ᠨᠡᠷᠡᠰᠢᠯ ᠨᠢ S-IPS Pro) BOE Hydis ᠺᠣᠮᠫᠠᠨᠢ ᠶᠢᠨ 2003 ᠣᠨ ᠳᠤ ᠪᠣᠯᠪᠠᠰᠤᠷᠠᠭᠤᠯᠤᠭᠰᠠᠨ ᠢᠯᠡᠭᠦᠦ ᠪᠣᠯᠪᠠᠰᠤᠷᠠᠩᠭᠤᠢ ᠪᠣᠯᠭᠠᠭᠰᠠᠨ IPS ᠲᠧᠭᠨᠣᠯᠣᠭᠢ ᠶᠤᠮ᠃ᠴᠠᠬᠢᠯᠭᠠᠨ ᠣᠷᠣᠨ ᠤ ᠬᠦᠴᠦ ᠶᠢ ᠨᠡᠮᠡᠭᠳᠡᠭᠦᠯᠦᠭᠰᠡᠨ ᠢᠶᠡᠷ ᠬᠠᠷᠠᠬᠤ ᠥᠨᠴᠥᠭ ᠪᠣᠯᠤᠨ ᠲᠣᠳᠣ ᠪᠠᠶᠢᠳᠠᠯ ᠢ ᠨᠢ ᠨᠡᠮᠡᠭᠳᠡᠭᠦᠯᠦᠨ ᠫᠢᠺᠰᠦᠯ ᠦᠨ ᠬᠣᠭᠣᠷᠣᠨᠳᠣᠬᠢ ᠵᠠᠢ ᠶᠢ ᠪᠠᠭᠠᠰᠬᠠᠵᠤ ᠴᠢᠳᠠᠭᠰᠠᠨ ᠪᠠᠶᠢᠨ᠎ᠠ᠃ AFFS ᠍ ᠳᠦ ᠰᠠᠭᠤᠷᠢᠯᠠᠭᠰᠠᠨ ᠳᠡᠯᠭᠡᠴᠡ ᠨᠦᠭᠦᠳ ᠢ ᠲᠠᠪᠯᠧᠲ ᠦᠨ ᠺᠣᠮᠫᠢᠶᠦ᠋ᠲ᠋ᠧᠷ ᠲᠦ ᠲᠦᠯᠬᠢᠭᠦᠦ ᠠᠰᠢᠭᠯᠠᠳᠠᠭ᠃


VA/MVA/PVA

VA ᠲᠧᠭᠨᠣᠯᠣᠭᠢ (vertical alignment ᠍ ᠪᠣᠰᠤᠭ᠎ᠠ ᠪᠠᠷ ᠡᠩᠨᠡᠭᠦᠯᠬᠦ) –ᠢᠢ ᠶᠢ 1996 ᠣᠨ ᠳᠤ Fujitsu ᠺᠣᠮᠫᠠᠨᠢ ᠠᠩᠬ᠎ᠠ ᠲᠠᠨᠢᠯᠴᠠᠭᠤᠯᠤᠭᠰᠠᠨ᠃ VA ᠲᠧᠭᠨᠣᠯᠣᠭᠢ ᠶᠢᠨ ᠦᠶ᠎ᠡ ᠳᠦ ᠮᠠᠲᠷᠢᠼ ᠤᠨ ᠰᠢᠩᠭᠡᠨ ᠪᠣᠯᠣᠷ ᠤᠳ ᠨᠢ ᠬᠦᠴᠦᠳᠡᠯ ᠡᠴᠡ ᠰᠠᠯᠭᠠᠬᠤ ᠦᠶ᠎ᠡ ᠳᠦ 2 ᠳ᠋ᠠᠬᠢ ᠰᠢᠭᠦᠯᠲᠡᠭᠦᠷ ᠲᠡᠢ ᠲᠡᠭᠰᠢ ᠬᠡᠮᠲᠡᠢ ᠪᠡᠷ ᠵᠢᠭ᠌ᠰᠠᠳᠠᠭ ᠪᠠ ᠡᠨᠡ ᠨᠢ ᠭᠡᠷᠡᠯ ᠨᠡᠪᠲᠡᠷᠡᠭᠦᠯᠳᠡᠭ ᠦᠭᠡᠢ ᠭᠡᠰᠡᠨ ᠦᠭᠡ ᠶᠤᠮ᠃ ᠬᠦᠴᠦᠳᠡᠯ ᠳᠦ ᠵᠠᠯᠭᠠᠬᠤ ᠦᠶ᠎ᠡ ᠳᠦ ᠪᠣᠯᠣᠷ ᠤᠳ ᠨᠢ 90 ᠬᠡᠮ ᠡᠷᠭᠢᠵᠦ ᠳᠡᠯᠭᠡᠴᠡᠨ ᠳᠡᠭᠡᠷ᠎ᠡ ᠭᠡᠷᠡᠯᠲᠦ ᠴᠡᠭ ᠡᠭᠦᠰᠳᠡᠭ᠃ IPS ᠮᠠᠲᠠᠷᠠᠴᠠ ᠲᠠᠢ ᠨᠢᠭᠡᠨ ᠠᠳᠠᠯᠢ ᠪᠠᠷ ᠬᠦᠴᠦᠳᠡᠯ ᠦᠭᠡᠢ ᠪᠠᠶᠢᠬᠤ ᠦᠶᠡᠳᠡᠭᠡ ᠭᠡᠷᠡᠯ ᠨᠡᠪᠲᠡᠷᠡᠭᠦᠳᠡᠭ ᠦᠭᠡᠢ ᠪᠠ ᠲᠡᠶᠢᠮᠦ ᠡᠴᠡ ᠬᠠᠷ᠎ᠠ ᠴᠡᠭ ᠦᠳ ᠮᠡᠲᠦ ᠬᠠᠷᠠᠭᠳᠠᠳᠠᠭ ᠪᠠᠶᠢᠨ᠎ᠠ᠃ VA ᠲᠧᠭᠨᠣᠯᠣᠭᠢ ᠶᠢᠨ ᠳᠠᠷᠠᠭ᠎ᠠ ᠦᠶ᠎ᠡ ᠨᠢ MVA (multi-domain vertical alignment) ᠪᠠ ᠤᠭ ᠲᠧᠭᠨᠣᠯᠣᠭᠢ ᠶᠢ TN ᠪᠣᠯᠤᠨ IPS ᠲᠧᠭᠨᠣᠯᠣᠭᠢ ᠶᠢᠨ ᠳᠤᠮᠳᠠᠴᠢ ᠪᠣᠯᠭᠠᠨ Fujitsu ᠺᠣᠮᠫᠠᠨᠢ ᠭᠠᠷᠭᠠᠵᠤ ᠢᠷᠡᠭᠰᠡᠨ᠃ ᠬᠡᠪᠲᠡᠭᠡ ᠪᠣᠯᠤᠨ ᠪᠣᠰᠤᠭ᠎ᠠ ᠬᠠᠷᠠᠬᠤ ᠥᠨᠴᠦᠭ ᠨᠢ RTC ᠬᠤᠷᠳᠤᠰᠬᠠᠭᠴᠢ ᠲᠧᠭᠨᠣᠯᠣᠭᠢ ᠶᠢᠨ ᠲᠤᠰᠠᠯᠠᠮᠵᠢ ᠲᠠᠢ ᠪᠠᠷ 160 ᠭᠷᠠᠳᠦᠶᠢᠰ (ᠤᠭ ᠳᠡᠯᠭᠡᠴᠡ ᠶᠢᠨ ᠰᠡᠭᠦᠯ ᠦᠨ ᠦᠶ᠎ᠡ ᠶᠢᠨ ᠵᠠᠭᠪᠤᠷ ᠤᠳ ᠤᠨ ᠬᠤᠪᠢ ᠳᠤ 176-178 ᠭᠷᠠᠳᠦᠶᠢᠰ ᠬᠦᠷᠲᠡᠯ᠎ᠡ ᠪᠠᠶᠢᠳᠠᠭ) ᠬᠦᠷᠦᠭᠰᠡᠨ ᠪᠠ ᠬᠠᠷᠢᠭᠤ ᠦᠵᠡᠭᠦᠯᠬᠦ ᠬᠤᠭᠤᠴᠠᠭ᠎ᠠ ᠨᠢ TN+film ᠍ ᠰ ᠲᠡᠶᠢᠮᠦ ᠴᠤ ᠤᠳᠠᠭᠠᠨ ᠪᠢᠰᠢ ᠶᠤᠮ᠃ ᠥᠩᠭᠡᠨ ᠦ ᠭᠦᠨ ᠨᠢ ᠢᠯᠡᠭᠦᠦ ᠪᠣᠯᠪᠠᠰᠤᠷᠠᠨ ᠦᠭᠡᠢ ᠪᠣᠯᠵᠤ ᠴᠢᠳᠠᠭᠰᠠᠨ ᠪᠠ ᠲᠣᠭᠯᠠᠯᠲᠠ ᠶᠢᠨ ᠨᠠᠷᠢᠪᠴᠢᠯᠠᠯ ᠨᠢ ᠴᠤ ᠭᠡᠰᠡᠨ ᠳᠡᠭᠡᠭᠰᠢᠯᠡᠭᠰᠡᠨ᠃ MVA ᠲᠧᠭᠨᠣᠯᠣᠭᠢ ᠶᠢᠨ ᠳᠠᠪᠠᠭᠤ ᠲᠠᠯ᠎ᠠ ᠨᠢ ᠭᠦᠨ ᠬᠠᠷ᠎ᠠ ᠥᠩᠭᠡ᠂ ᠺᠷᠢᠰᠲ᠋ᠠᠯ ᠤᠨ ᠮᠤᠰᠬᠢᠶ᠎ᠠ ᠪᠦᠲᠦᠴᠡ ᠨᠢ ᠬᠠᠷᠠᠭᠳᠠᠳᠠᠭ ᠦᠭᠡᠢ ᠪᠣᠯᠤᠨ ᠳᠠᠪᠬᠤᠷ ᠰᠣᠷᠢᠨᠵᠢᠨ ᠣᠷᠣᠨ ᠲᠠᠢ ᠳᠤ ᠣᠷᠣᠰᠢᠨ᠎ᠠ᠃ S-IPS ᠍ ᠲᠡᠢ ᠬᠠᠷᠢᠴᠠᠭᠤᠯᠬᠤ ᠳᠤ MVA ᠲᠧᠭᠨᠣᠯᠣᠭᠢ ᠶᠢᠨ ᠰᠤᠯᠠ ᠲᠠᠯ᠎ᠠ ᠨᠢ ᠥᠩᠭᠡ ᠢᠯᠭᠠᠷᠠᠯ ᠨᠢ ᠬᠠᠷᠠᠬᠤ ᠥᠨᠴᠥᠭ ᠡᠴᠡ ᠬᠠᠮᠢᠶᠠᠷᠳᠠᠭ ᠪᠠ ᠲᠡᠭᠰᠢ ᠬᠡᠮ ᠡᠴᠡ ᠬᠠᠷᠠᠬᠤ ᠳᠤ ᠰᠡᠭᠦᠳᠡᠷ ᠦᠨ ᠳ᠋ᠧᠲ᠋ᠠᠯ ᠨᠢ ᠠᠯᠳᠠᠭᠳᠠᠳᠠᠭ ᠲᠤ ᠣᠷᠣᠰᠢᠨ᠎ᠠ᠃

MVA ᠲᠧᠭᠨᠣᠯᠣᠭᠢ ᠶᠢᠨ ᠨᠢᠭᠡᠴᠡ ᠳᠦ ᠬᠠᠮᠢᠶᠠᠷᠬᠤ:

• Samsung ᠍ ᠠᠴᠠ ᠭᠠᠷᠭᠠᠭᠰᠠᠨ PVA (patterned vertical alignment)

• Sony-Samsung ᠍ ᠠᠴᠠ ᠭᠠᠷᠭᠠᠭᠰᠠᠨ ᠰᠦ᠋ᠫᠧᠷ PVA

• CMO ᠍ ᠰ ᠭᠠᠷᠭᠠᠭᠰᠠᠨ ᠰᠦ᠋ᠫᠧᠷ PVA

• Sharp ᠍ ᠰ ᠭᠠᠷᠭᠠᠭᠰᠠᠨ ASV(advanced super view) ᠪᠠᠰᠠ ASVA(axially symmetric vertical alignment) ᠴᠤ ᠭᠡᠵᠦ ᠨᠡᠷᠡᠯᠡᠭᠳᠡᠳᠡᠭ

MVA/PVA ᠲᠧᠭᠨᠣᠯᠣᠭᠢ ᠨᠢ ᠦᠨᠡᠷ ᠢᠶᠡᠨ ᠴᠤ᠂ ᠬᠡᠷᠡᠭᠯᠡᠭᠡᠨ ᠦ ᠰᠢᠨᠵᠢ ᠴᠢᠨᠠᠷ ᠢᠶᠠᠷ ᠢᠶᠠᠨ ᠴᠤ TN ᠪᠣᠯᠤᠨ IPS ᠍ ᠢ ᠤᠷᠤᠯᠠᠬᠤ ᠲᠧᠭᠨᠣᠯᠣᠭᠢ ᠳᠤ ᠲᠣᠭᠠᠴᠠᠭᠳᠠᠳᠠᠭ᠃ PLS(plane-to-line-switching) ᠮᠠᠳᠲᠷᠢᠼ ᠢ Samsung ᠺᠣᠮᠫᠠᠨᠢ IPS ᠥᠭᠡᠷ᠎ᠡ ᠨᠢᠭᠡᠨ ᠰᠣᠩᠭᠣᠯᠲᠠ ᠪᠣᠯᠭᠠᠨ ᠪᠤᠢ ᠪᠣᠯᠭᠠᠭᠰᠠᠨ ᠪᠠ ᠠᠩᠬ᠎ᠠ 2010 ᠣᠨ ᠳᠤ ᠣᠯᠣᠩ ᠳᠤ ᠲᠠᠨᠢᠯᠴᠠᠭᠤᠯᠤᠭᠰᠠᠨ ᠶᠤᠮ᠃ ᠮᠥᠨ ᠤᠭ ᠮᠠᠲᠷᠢᠼ ᠨᠢ IPS ᠮᠠᠲ᠋ᠷᠤᠴᠠ ᠠᠴᠠ 15% ᠍ ᠢ ᠪᠠᠷ ᠬᠢᠮᠳᠠ ᠪᠠᠶᠢᠬᠤ ᠪᠣᠯᠤᠨ᠎ᠠ᠃

ᠳᠠᠪᠠᠭᠤ ᠲᠠᠯ᠎ᠠ:

• IPS ᠍ ᠲᠡᠢ ᠬᠠᠷᠢᠴᠠᠭᠤᠯᠬᠤ ᠳᠤ ᠫᠢᠺᠰᠦᠯ ᠦᠨ ᠨᠢᠭᠲᠠᠷᠠᠯ ᠥᠨᠳᠥᠷ ᠲᠡᠢ

• ᠲᠣᠳᠣ ᠪᠠᠶᠢᠳᠠᠯ ᠥᠨᠳᠥᠷ ᠲᠡᠢ᠂ ᠥᠩᠭᠡ ᠳᠠᠮᠵᠢᠭᠤᠯᠬᠤ ᠴᠢᠳᠠᠪᠤᠷᠢ ᠨᠢ ᠰᠠᠶᠢᠲᠠᠢ

• sRGB ᠍ ᠦᠨ ᠬᠦᠷᠢᠶ᠎ᠡ ᠶᠢ ᠪᠦᠬᠦᠯᠢ ᠳᠦ ᠨᠢ ᠬᠠᠮᠤᠷᠳᠠᠭ

• TN ᠍ ᠲᠡᠢ ᠬᠠᠷᠢᠴᠠᠭᠤᠯᠬᠤ ᠳᠤ ᠪᠠᠭ᠎ᠠ ᠡᠨᠧᠷᠭᠢ ᠱᠠᠭᠠᠷᠳᠠᠳᠠᠭ

ᠰᠤᠯᠠ ᠲᠠᠯ᠎ᠠ:

• ᠬᠠᠷᠢᠭᠤ ᠦᠵᠡᠭᠦᠯᠬᠦ ᠬᠤᠭᠤᠴᠠᠭ᠎ᠠ ᠨᠢ S-IPS ᠍ ᠲᠡᠢ ᠬᠠᠷᠢᠴᠠᠭᠤᠯᠬᠤ ᠳᠤ VA ᠍ ᠰ ᠥᠨᠳᠥᠷ ᠬᠡᠳᠦᠢ ᠴᠤ᠂ TN ᠍ ᠮᠠᠭᠤ ᠪᠠᠶᠢᠨ᠎ᠠ

PLS ᠪᠣᠯᠤᠨ IPS

Samsung ᠨᠢ PLS ᠍ ᠦᠨ ᠲᠠᠨᠢᠯᠴᠠᠭᠤᠯᠭ᠎ᠠ ᠶᠢ ᠥᠭᠭᠦᠭᠡ ᠦᠭᠡᠢ᠃ ᠬᠠᠷᠠᠭᠠᠲᠤ ᠪᠤᠰᠤ ᠠᠵᠢᠭᠡᠯᠡᠭᠴᠢᠳ ᠤᠨ ᠬᠢᠭᠰᠡᠨ ᠬᠠᠷᠢᠴᠠᠭᠤᠯᠤᠭᠰᠠᠨ ᠰᠤᠳᠤᠯᠭ᠎ᠠ ᠨᠢ IPS ᠪᠣᠯᠤᠨ PLS ᠬᠣᠶᠠᠷ ᠠᠴᠠ ᠢᠯᠭᠠᠭ᠎ᠠ ᠣᠯᠤᠭ᠎ᠠ ᠦᠭᠡᠢ ᠪᠠᠶᠢᠨ᠎ᠠ᠃ Samsung ᠺᠣᠷᠫᠣᠷᠠᠼᠢ ᠨᠢ PLS ᠨᠢ IPS ᠍ ᠦᠨ ᠨᠢᠭᠡᠨ ᠲᠥᠷᠥᠯ ᠪᠣᠯᠬᠤ ᠶᠢ ᠬᠦᠯᠢᠶᠡᠨ ᠵᠥᠪᠰᠢᠶᠡᠷᠡᠴᠢ LG ᠺᠣᠷᠫᠣᠷᠠᠼᠢ ᠶᠢᠨ ᠡᠰᠡᠷᠬᠦ ᠵᠠᠷᠭᠤ ᠮᠡᠳᠡᠭᠦᠯᠦᠭᠰᠡᠨ᠃ ᠤᠭ ᠵᠠᠷᠭᠤ ᠳᠤ ᠪᠠᠨ LG ᠍ ᠦᠨ ᠬᠡᠷᠡᠭᠯᠡᠵᠦ ᠪᠤᠢ AH-IPS ᠲᠧᠭᠨᠣᠯᠣᠭᠢ ᠨᠢ PLS ᠍ ᠦᠨ ᠰᠠᠶᠢᠵᠢᠷᠠᠭᠤᠯᠤᠭᠰᠠᠨ ᠬᠤᠪᠢᠯᠪᠤᠷᠢ ᠬᠡᠮᠡᠨ ᠮᠡᠳᠡᠭᠦᠯᠦᠭᠰᠡᠨ ᠪᠠᠶᠢᠨ᠎ᠠ᠃

ᠭᠡᠷᠡᠯᠲᠦᠭᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠩᠭᠡᠨ ᠺᠷᠢᠰᠲ᠋ᠠᠯ ᠨᠢ ᠥᠪᠡᠷ ᠢᠶᠡᠨ ᠭᠡᠷᠡᠯᠲᠦᠳᠡᠭ ᠴᠢᠨᠠᠷᠲᠠᠢ᠃ ᠰᠢᠩᠭᠡᠨ ᠺᠷᠢᠰᠲ᠋ᠠᠯ ᠳᠡᠯᠭᠡᠴᠡ ᠨᠢ ᠬᠠᠷᠠᠭᠳᠠᠬᠤᠶᠢᠴᠠ ᠪᠠᠶᠢᠬᠤ ᠶᠢᠨ ᠲᠤᠯᠠᠳᠠ ᠭᠡᠷᠡᠯ ᠦᠨ ᠡᠬᠡ ᠡᠭᠦᠰᠪᠦᠷᠢ ᠬᠡᠷᠡᠭᠲᠡᠢ ᠪᠠᠶᠢᠳᠠᠭ᠃ ᠭᠡᠷᠡᠯ ᠦᠨ ᠡᠬᠡ ᠡᠭᠦᠰᠪᠦᠷᠢ ᠭᠠᠳᠠᠨ᠎ᠠ ᠶᠢᠨ (ᠵᠢᠱᠢᠶ᠎ᠡ ᠨᠢ ᠨᠠᠷᠠ ᠬᠡᠬᠦ ᠮᠡᠳᠦ) ᠡᠰᠡᠪᠡᠯ ᠤᠭᠰᠠᠷᠠᠭᠰᠠᠨ (ᠳᠣᠲᠣᠭᠠᠳᠤ ᠭᠡᠷᠡᠯᠲᠦᠭᠦᠯᠭᠡ) ᠪᠠᠶᠢᠵᠤ ᠪᠣᠯᠳᠠᠭ᠃ ᠰᠠᠭᠤᠷᠢᠯᠠᠭᠤᠯᠤᠭᠰᠠᠨ ᠭᠡᠷᠡᠯ ᠦᠨ ᠡᠬᠢ ᠡᠭᠦᠰᠪᠦᠷᠢ ᠶᠢᠨ ᠴᠢᠳᠧᠩ ᠶᠡᠬᠡᠩᠬᠢ ᠳᠦ ᠪᠡᠨ ᠰᠢᠩᠭᠡᠨ ᠪᠣᠯᠣᠷ ᠤᠳ ᠤᠨ ᠬᠣᠶᠢᠨ᠎ᠠ ᠨᠢ ᠪᠠᠶᠢᠷᠢᠯᠠᠨ ᠲᠡᠳᠡᠭᠡᠷ ᠦᠨ ᠨᠡᠪᠲᠡ ᠭᠡᠷᠡᠯᠲᠦᠭᠦᠯᠳᠡᠭ᠃

ᠭᠠᠳᠠᠨ᠎ᠠ ᠶᠢᠨ ᠭᠡᠷᠭᠡᠯᠲᠦᠭᠦᠯᠦᠭ ᠪᠠᠭᠤᠤ ᠶᠢᠨ ᠴᠠᠭ ᠪᠣᠯᠤᠨ ᠡᠭᠦᠷ ᠦᠨ ᠲᠧᠯᠧᠹᠣᠨ ᠤ ᠳᠡᠯᠭᠡᠴᠡ ᠭᠡᠬᠦ ᠮᠡᠲᠦ ᠨᠡᠲᠢ ᠥᠩᠭᠡᠲᠦ ᠳᠡᠯᠭᠡᠴᠡ ᠨᠦᠭᠦᠳ ᠨᠢ ᠶᠡᠬᠡᠩᠬᠢ ᠳᠦ ᠪᠡᠨ ᠭᠠᠳᠠᠨ᠎ᠠ ᠶᠢᠨ ᠭᠡᠷᠡᠯᠲᠦᠭᠦᠯᠭᠡ ᠠᠰᠢᠭᠯᠠᠳᠠᠭ(ᠨᠠᠷᠠᠨ ᠠᠴᠠ᠂ ᠥᠷᠦᠭᠡᠨ ᠦ ᠴᠢᠳᠧᠩ ᠡᠴᠡ ᠭᠡᠬᠦ ᠮᠡᠲᠦ). ᠶᠡᠬᠡᠪᠴᠢᠯᠡᠨ ᠰᠢᠩᠭᠡᠨ ᠺᠷᠢᠰᠲ᠋ᠠᠯ ᠫᠢᠺᠰᠦᠯ ᠦᠨ ᠠᠷᠠᠳ ᠲᠣᠯᠢᠨ ᠲᠤᠰᠬᠠᠯ ᠤᠨ ᠳᠠᠪᠬᠤᠷᠭ᠎ᠠ ᠪᠠᠶᠢᠳᠠᠭ᠃ ᠬᠠᠷᠠᠩᠭᠤᠢ ᠣᠷᠴᠢᠨ ᠳᠤ ᠠᠰᠢᠭᠯᠠᠬᠤ ᠶᠢᠨ ᠲᠤᠯᠠᠳᠠ ᠬᠠᠵᠠᠭᠤ ᠶᠢᠨ ᠭᠡᠷᠡᠯ ᠢᠶᠡᠷ ᠬᠠᠩᠭᠠᠭᠳᠠᠳᠠᠭ᠃ ᠮᠥᠨ ᠲᠡᠭᠦᠨᠴᠢᠯᠡᠨ ᠲᠤᠰᠬᠠᠯ ᠤᠨ ᠳᠠᠪᠬᠤᠷᠭ᠎ᠠ ᠨᠢ ᠬᠠᠭᠠᠰ ᠲᠤᠩᠭᠠᠯᠠᠭ ᠪᠥᠭᠡᠳ ᠴᠢᠳᠧᠩ ᠨᠢ ᠲᠡᠭᠦᠨ ᠦ ᠠᠷᠤ ᠳᠤ ᠣᠷᠣᠰᠢᠳᠠᠭ ᠳᠡᠯᠭᠡᠴᠡ ᠨᠦᠭᠦᠳ ᠪᠠᠰᠠ ᠪᠠᠶᠢᠳᠠᠭ᠃

ᠤᠯᠠᠶᠢᠰᠬᠠᠭᠰᠠᠨ ᠴᠢᠳᠧᠩ ᠢᠶᠡᠷ ᠭᠡᠷᠡᠯᠲᠦᠭᠦᠯᠬᠦ

ᠡᠮᠦᠨ᠎ᠡ ᠨᠢ ᠨᠢᠭᠡ ᠥᠩᠭᠡᠲᠦ ЖК ᠍ ᠳᠡᠯᠭᠡᠴᠡ ᠲᠡᠢ ᠪᠠᠭᠤᠤ ᠶᠢᠨ ᠴᠠᠭᠤᠨ ᠳᠤ ᠮᠠᠰᠢ ᠵᠢᠵᠢᠭ ᠤᠯᠠᠶᠢᠰᠬᠠᠭᠰᠠᠨ ᠴᠢᠳᠧᠩ ᠢ ᠠᠰᠢᠭᠯᠠᠳᠠᠭ ᠪᠠᠶᠢᠭᠰᠠᠨ᠃ ᠭᠡᠪᠡᠴᠦ ᠡᠨᠡ ᠴᠢᠳᠧᠩ ᠨᠢ ᠶᠡᠬᠡ ᠡᠨᠧᠷᠭᠢ ᠬᠡᠷᠡᠭᠯᠡᠳᠡᠭ ᠪᠠᠶᠢᠭᠰᠠᠨ ᠤᠴᠢᠷ ᠦᠷ᠎ᠡ ᠠᠰᠢᠭ ᠦᠭᠡᠢ ᠪᠠᠶᠢᠭᠰᠠᠨ᠃ ᠲᠡᠭᠦᠨ ᠡᠴᠡ ᠭᠠᠳᠠᠨ᠎ᠠ᠂ ᠡᠳᠡᠭᠡᠷ ᠴᠢᠳᠧᠩ ᠦᠳ ᠨᠢ ᠳᠤᠯᠠᠭᠠᠨ ᠶᠡᠬᠡ ᠢᠯᠭᠠᠷᠠᠭᠤᠳᠠᠭ ᠮᠥᠨ ᠶᠡᠬᠡᠩᠬᠢ ᠳᠦ ᠪᠡᠨ ᠰᠢᠲᠠᠳᠠᠭ ᠤᠴᠢᠷ ᠵᠢᠷᠤᠭᠲᠤ ᠳᠤ ᠠᠰᠢᠭᠯᠠᠬᠤ ᠳᠤ ᠲᠣᠬᠢᠷᠠᠮᠵᠢ ᠦᠭᠡᠢ ᠪᠠᠶᠢᠭᠰᠠᠨ᠃

ᠴᠠᠬᠢᠯᠭᠠᠨ ᠰᠠᠴᠤᠷᠠᠯᠠᠨ ᠰᠠᠮᠪᠠᠷ᠎ᠠ

ᠨᠢᠭᠡ ᠥᠩᠭᠡᠲᠦ ЖК ᠳᠡᠯᠭᠡᠴᠡ ᠲᠡᠢ ᠴᠠᠭ ᠪᠣᠯᠤᠨ ᠵᠠᠷᠢᠮ ᠨᠢᠭᠡᠨ ᠬᠡᠷᠡᠭᠰᠡᠯ ᠦᠳ ᠴᠠᠬᠢᠯᠭᠠᠨ ᠰᠠᠴᠤᠷᠠᠯᠠᠨ ᠰᠠᠮᠪᠠᠷ᠎ᠠ ᠶᠢ ᠠᠰᠢᠭᠯᠠᠳᠠᠭ᠃ ᠤᠭ ᠰᠠᠮᠪᠠᠷ᠎ᠠ ᠨᠢ ᠹᠣᠰᠹᠣᠷ ᠤᠨ ᠺᠷᠢᠰᠲ᠋ᠠᠯ ᠤᠨ ᠨᠢᠮᠭᠡᠨ ᠳᠠᠪᠬᠤᠷ ᠠᠴᠠ ᠪᠦᠷᠢᠳᠳᠡᠭ ᠪᠠ ᠭᠦᠶᠦᠳᠡᠯ ᠥᠭᠬᠦ ᠳᠦ ᠴᠠᠬᠢᠯᠭᠠᠬᠤ ᠰᠠᠴᠤᠷᠠᠯ ᠶᠠᠪᠤᠭᠳᠠᠳᠠᠭ ᠪᠠᠶᠢᠨ᠎ᠠ᠃ ᠶᠡᠬᠡᠩᠬᠢ ᠳᠦ ᠪᠡᠨ ᠨᠣᠭᠣᠭᠠᠨ ᠴᠡᠩᠬᠡᠷ ᠡᠰᠡᠪᠡᠯ ᠤᠯᠠᠪᠢᠷ ᠰᠢᠷ᠎ᠠ ᠥᠩᠭᠡ ᠪᠡᠷ ᠭᠡᠷᠡᠯᠲᠦᠳᠡᠭ᠃

HID ᠪᠤᠶᠤ ᠫᠯᠠᠽᠮᠠᠨ ᠴᠢᠳᠧᠩ ᠢᠶᠡᠷ ᠭᠡᠷᠡᠯᠲᠦᠭᠦᠯᠬᠦ

21 ᠵᠠᠭᠤᠨ ᠤ ᠡᠬᠢᠨ ᠦᠶ᠎ᠡ ᠳᠦ ᠶᠡᠬᠡᠩᠬᠢ LCD ᠳᠡᠯᠭᠡᠴᠡᠨ ᠨᠦᠭᠦᠳ ᠨᠢ ᠨᠢᠭᠡ ᠡᠰᠡᠪᠡᠯ ᠣᠯᠠᠨ ᠲᠣᠭᠠᠨ ᠤ ᠫᠯᠠᠽᠮᠠᠨ ᠴᠢᠳᠧᠩ ᠢᠶᠡᠷ ᠭᠡᠷᠡᠯᠲᠦᠭᠦᠯᠡᠭᠳᠡᠳᠡᠭ ᠪᠠᠶᠢᠭᠰᠠᠨ᠃ ᠡᠳᠡᠭᠡᠷ ᠴᠢᠳᠧᠩᠡᠭ ᠦᠳ ᠦᠨ ᠭᠡᠷᠡᠯ ᠦᠨ ᠡᠬᠢ ᠡᠭᠦᠰᠪᠦᠷᠢ ᠨᠢ ᠬᠢᠷ᠎ᠡ ᠳᠠᠮᠵᠢᠨ ᠡᠭᠦᠰᠳᠡᠭ ᠴᠠᠬᠢᠯᠭᠠᠨ ᠴᠡᠨᠡᠭ ᠡᠴᠡ ᠡᠭᠦᠳᠦᠯᠲᠡᠢ ᠫᠯᠠᠽᠮᠠ ᠪᠠᠶᠢᠳᠠᠭ᠃ ᠡᠳᠡᠭᠡᠷ ᠳᠡᠯᠭᠡᠴᠡᠨ ᠨᠦᠭᠦᠳ ᠦᠨ ᠫᠢᠺᠰᠧᠯᠶᠤᠶᠢ ᠪᠦᠷ ᠨᠢ ᠥᠪᠡᠷ ᠢᠶᠡᠨ ᠵᠢᠵᠢᠭ ᠬᠡᠮᠵᠢᠶᠡᠨ ᠦ ᠫᠯᠠᠽᠮᠠᠨ ᠴᠢᠳᠧᠩ ᠡᠴᠡ ᠪᠦᠷᠢᠳᠳᠡᠭ ᠫᠯᠠᠽᠮᠠᠨ ᠳᠡᠯᠭᠡᠴᠡ ᠲᠡᠢ ᠠᠨᠳᠠᠭᠤᠷᠴᠢ ᠪᠣᠯᠬᠤ ᠦᠭᠡᠢ᠃

ᠦᠢᠯᠡᠳᠪᠦᠷᠢᠯᠡᠭᠴᠢᠳ:[ᠵᠠᠰᠠᠪᠤᠷᠢᠯᠠᠬᠤ | ᠺᠣᠳ᠋ ᠢᠶᠠᠷ ᠵᠠᠰᠠᠬᠣ]

• Acer Unipac Optronics (AUO)

• Asus

• BenQ

• Qisda

• Chi Mei Innolux Corporation (Chimei Innolux)

• Chunghwa Picture Tubes (CPT)

• DELL

• Envision

• HannStar

• Hitachi

• HyDis

• Iiyama

• Philips

ᠪᠢᠴᠢᠭᠡᠰᠦ