ᠰᠢᠩᠭᠠᠫᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Marina Bay Sands (滨海湾金沙)
ᠪᠦᠭᠦᠳᠡ ᠨᠠᠶᠢᠷᠠᠮᠳᠠᠬᠤ ᠰᠢᠩᠭᠠᠫᠦᠷ ᠤᠯᠤᠰ
Republic of Singapore (ᠠᠩᠭᠯᠢ)
新加坡共和国 (ᠬᠢᠲᠠᠳ)
Republik Singapura (ᠮᠠᠯᠠᠢ)
சிங்கப்பூர் குடியரசு (ᠲᠠᠮᠢᠯ)
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: "ᠰᠢᠩᠭᠠᠫᠦᠷ᠂ ᠤᠷᠤᠭᠰᠢ ᠪᠠᠨ"
(ᠮᠠᠯᠠᠢ: Majulah Singapura)
ᠲᠥᠷᠥ ᠶᠢᠨ ᠳᠠᠭᠤᠯᠠᠯ ᠤᠨ ᠨᠡᠷ᠎ᠡ:
"ᠰᠢᠩᠭᠠᠫᠦᠷ᠂ ᠤᠷᠤᠭᠰᠢ ᠪᠠᠨ"
(Majulah Singapura)
ᠨᠡᠶᠢᠰᠯᠡᠯᠰᠢᠩᠭᠠᠫᠦᠷ1
ᠠᠯᠪᠠᠨ ᠬᠡᠯᠡ ᠠᠩᠭᠯᠢ</br>ᠮᠠᠯᠠᠢ</br>ᠬᠢᠲᠠᠳ (ᠤᠮᠠᠷᠠᠳᠤ ᠶᠢᠨ)</br>ᠲᠠᠮᠢᠯ
ᠠᠷᠠᠳ ᠲᠦᠮᠡᠨ 
(2010 ᠤᠨ)
75.2% ᠬᠢᠲᠠᠳ
13.6% ᠮᠠᠯᠠᠢ
8.8% ᠡᠨᠡᠳᠬᠡᠭ
2.4% ᠪᠤᠰᠤᠳ
ᠲᠥᠷᠥ ᠵᠠᠰᠠᠭ ᠫᠠᠷᠯᠠᠮᠧᠨᠲ ᠤᠨ ᠪᠦᠭᠦᠳᠡ ᠨᠠᠶᠢᠷᠠᠮᠳᠠᠬᠤ
 -  ᠶᠡᠷᠦᠩᠬᠡᠶᠢᠯᠡᠭᠴᠢ ᠴᠸᠨ ᠴᠢᠩ ᠶᠠᠨ
 -  ᠶᠡᠷᠦᠩᠬᠡᠢ ᠰᠠᠶᠢᠳ ᠯᠢ ᠰᠢᠶᠠᠨ ᠯᠦᠩ
ᠤᠯᠤᠰ ᠤᠨ ᠬᠤᠷᠠᠯ ᠫᠠᠷᠯᠠᠮᠧᠨᠲ
ᠣᠷᠣᠰᠢᠨ ᠲᠣᠭᠲᠠᠨᠢᠯ
 -  ᠡᠭᠦᠰᠦᠭᠰᠡᠨ 1819 ᠣᠨ ᠤ 2 ᠰᠠᠷ᠎ᠠ ᠶᠢᠨ 6 
 -  ᠶᠡᠬᠡ ᠪᠷᠢᠲ᠋ᠠᠨ(ᠠᠩᠭᠯᠢ) ᠡᠴᠡ ᠲᠤᠰᠠᠭᠠᠷ ᠲᠣᠭᠲᠠᠨᠢᠭᠰᠠᠨ 1963 ᠣᠨ ᠤ 8 ᠰᠠᠷ᠎ᠠ ᠶᠢᠨ 31 
 -  ᠮᠠᠯᠠᠢ᠋ᠰᠢᠶ᠎ᠠ ᠲᠠᠢ ᠨᠢᠭᠡᠳᠦᠭᠰᠡᠨ ᠢᠶᠡᠨ ᠪᠣᠯᠢᠵᠤ᠂ ᠲᠤᠰᠠᠭᠠᠷᠯᠠᠭᠰᠠᠨ 1965 ᠣᠨ ᠤ 8 ᠰᠠᠷ᠎ᠠ ᠶᠢᠨ 9 
ᠨᠤᠲᠤᠭ ᠳᠡᠪᠢᠰᠬᠡᠷ
 -  ᠪᠦᠬᠦ ᠲᠠᠯᠠᠪᠠᠢ 694 km2 (191)
 -  ᠭᠠᠳᠠᠷᠭᠤ ᠶᠢᠨ ᠤᠰᠤ (%) 1.44
ᠬᠦᠮᠦᠨ ᠠᠮᠠ
 -  ᠲᠣᠭᠠᠴᠠᠭ᠎ᠠ (2011) 5,183,700 (ᠡᠭᠦᠨ ᠡᠴᠡ 3,257,000 ᠨᠢ ᠰᠢᠩᠭᠠᠫᠦᠷ ᠤᠨ ᠢᠷᠭᠡᠳ)[1] 
 -  ᠨᠢᠭᠲᠠᠴᠠ ᠰᠡᠶᠢᠷᠡᠭ 7,315[2] ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $291.9 ᠲᠡᠷᠪᠤᠮ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 41  ᠳᠦ
 -  ᠨᠢᠭᠡ ᠬᠦᠨᠳᠦ $62,100[3] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ5 ᠳᠦ
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $222.7 ᠲᠡᠷᠪᠤᠮ[4] 
 -  ᠨᠢᠭᠡ ᠬᠦᠨᠳᠦ $43,867[5] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ15]])
Gini (2009) 47.8[3] (29)
ᠬᠡᠦᠬᠡᠳ ᠦᠨ ᠬᠥᠭᠵᠢᠯ ᠦᠨ ᠢᠨᠳᠧᠺᠰ (2010) 0.846[6] (ᠳᠡᠭᠡᠳᠦ) (27)
ᠮᠥᠩᠭᠥᠨ ᠦ ᠨᠢᠭᠡᠴᠡ ᠰᠢᠩᠭᠠᠫᠦᠷ ᠳ᠋ᠣᠯᠯᠠᠷ (SGD)
ᠴᠠᠭ ᠤᠨ ᠪᠥᠰᠡ +8
ᠵᠠᠮ ᠤᠨ ᠬᠥᠳᠡᠯᠭᠡᠭᠡᠨ ᠵᠡᠭᠦᠨ
ᠳ᠋ᠦᠮᠠᠢᠨ ᠤ ᠨᠡᠷ᠎ᠡ .sg
ᠤᠲᠠᠰᠤᠨ ᠤ ᠲᠣᠮᠢᠶ᠎ᠠ 65
1ᠰᠢᠩᠭᠠᠫᠦᠷ ᠨᠢ ᠬᠣᠲᠠ ᠤᠯᠤᠰ᠃

ᠰᠢᠩᠭᠠᠫᠦᠷ (ᠬᠢᠲᠠᠳ ᠬᠡᠯᠡ:新加坡; ᠮᠠᠯᠠᠢ ᠬᠡᠯᠡ: Singapura; ᠲᠠᠮᠢᠯ ᠬᠡᠯᠡ:சிங்கப்பூர்) ᠨᠢ ᠮᠠᠯᠠᠶ ᠬᠣᠶᠢᠭ ᠤᠨ ᠡᠮᠦᠨᠡᠲᠦ ᠬᠣᠰᠢᠭᠤᠨ ᠳᠤ ᠤᠷᠤᠰᠢᠬᠤ ᠠᠷᠠᠯ ᠠᠴᠠ ᠲᠣᠭᠲᠠᠬᠤ ᠵᠡᠭᠦᠨ ᠡᠮᠦᠨᠡᠲᠦ ᠠᠽᠢᠶ᠎ᠠ ᠍ ᠶᠢᠨ ᠬᠣᠲᠠ ᠤᠯᠤᠰ ᠶᠤᠮ᠃ ᠰᠢᠩᠭᠠᠫᠦᠷ ᠨᠢᠳᠡᠯᠡᠬᠡᠢ ᠶᠢᠨ ᠪᠦᠰᠡᠯᠡᠭᠦᠷᠡᠴᠡ ᠬᠣᠶᠢᠳᠤ ᠵᠦᠭ ᠲᠤ 137 ᠺᠢᠯᠣᠮᠧᠲ᠋ᠷ ᠵᠠᠢ ᠲᠠᠢ ᠪᠠᠢᠢᠵᠤ᠂ ᠨᠡᠶᠢᠲᠡ 63  ᠵᠢᠵᠢᠭ ᠠᠷᠠᠯ ᠤᠳ ᠠᠴᠠ ᠪᠦᠲᠦᠵᠦ᠂ ᠮᠠᠯᠠᠢ᠋ᠰᠢᠶ᠎ᠠ ᠍ ᠤᠨ ᠵᠣᠬᠣᠷ ᠮᠤᠵᠢ ᠶᠢᠨ ᠡᠮᠦᠨ᠎ᠡ᠂ ᠢᠨᠳᠦ᠋ᠨᠢᠱᠢᠶ ᠠ ᠶᠢᠨ ᠷᠢᠤ ᠠᠷᠠᠯ ᠤᠳ ᠤᠨ ᠬᠣᠶᠢᠨ᠎ᠠ ᠪᠠᠶᠢᠷᠢᠯᠠᠳᠠᠭ᠃ ᠭᠠᠵᠠᠷ ᠨᠤᠲᠤᠭ ᠨᠢ 707.1 ᠲᠡᠭᠰᠢ ᠳᠦᠷᠪᠡᠯᠵᠢᠨ ᠺᠢᠯᠣᠮᠧᠲ᠋ᠷ ᠪᠥᠭᠡᠳ ᠳᠡᠯᠡᠬᠡᠢ ᠳᠦ ᠦᠯᠡᠳᠡᠭᠰᠡᠨ ᠴᠥᠭᠡᠨ ᠲᠣᠭᠠᠨ ᠤ ᠬᠣᠲᠠ ᠤᠯᠤᠰ ᠦᠳ ᠤᠨ ᠨᠢᠭᠡ ᠶᠤᠮ᠃

ᠪᠷᠢᠲ᠋ᠠᠨ(ᠠᠩᠭᠯᠢ) ᠤᠨ ᠳᠣᠷᠣᠨᠠᠲᠤ ᠡᠨᠡᠳᠬᠡᠭ ᠨᠢᠭᠡᠳᠦᠯ ᠤᠨ (British East India Company) ᠬᠠᠷᠢᠶᠠᠨ ᠳᠤ ᠪᠠᠶᠢᠬᠤ ᠳᠤ ᠪᠠᠨ 1819 ᠣᠨ ᠳᠤ ᠰᠢᠩᠭᠠᠫᠦᠷ ᠨᠢ ᠠᠷᠠᠯᠳᠤ ᠬᠤᠳᠠᠯᠳᠤᠭᠠᠨ ᠤ ᠵᠡᠭᠡᠯᠢ ᠪᠣᠯᠵᠤ ᠡᠭᠦᠰᠴᠡᠢ᠃ ᠡᠨᠡ ᠦᠶ᠎ᠡ ᠳᠦ ᠠᠷᠠᠯ ᠤᠨ ᠭᠣᠣᠯ ᠰᠠᠭᠤᠷᠢᠨ ᠭᠠᠵᠠᠷ ᠨᠢ ᠰᠢᠩᠭᠠᠫᠦᠷ ᠭᠣᠣᠯ ᠍ ᠤᠨ ᠠᠮᠠᠨ ᠳᠡᠭᠡᠷᠡᠬᠢ ᠮᠠᠯᠠᠶᠢᠽᠢᠢ ᠠ ᠶᠢᠨ ᠵᠢᠭᠠᠰᠤᠨ ᠤ ᠠᠵᠤ ᠠᠬᠤᠢ ᠡᠷᠬᠢᠯᠡᠭᠰᠡᠨ ᠲᠣᠰᠬᠣᠨ ᠪᠠᠶᠢᠵᠠᠢ᠃ ᠮᠥᠨ ᠡᠷᠭᠢ᠂ ᠭᠣᠣᠯ ᠵᠢᠴᠢ ᠵᠢᠵᠢᠭ ᠠᠷᠠᠯ ᠤᠳ ᠲᠤ ᠨᠤᠲᠤᠭ ᠤᠨ ᠠᠭᠤᠭᠤᠯ ᠢᠷᠭᠡᠳ ᠪᠣᠯᠬᠤ ᠣᠷᠭᠠᠨ ᠯᠠᠦ᠋ᠲ ᠠᠮᠢᠳᠤᠷᠠᠳᠠᠭ ᠪᠠᠶᠢᠪᠠ᠃ ᠪᠷᠢᠲ᠋ᠠᠨᠢᠴᠤᠳ ᠨᠢ ᠰᠢᠩᠭᠠᠫᠦᠷ ᠢ "ᠠᠮᠲᠠᠯᠠᠭᠴᠢ ᠶᠢᠨ ᠵᠠᠮ" ᠳᠠᠬᠢ ᠪᠠᠶᠢᠯᠳᠣᠬᠣ ᠪᠣᠳᠣᠯᠭ᠎ᠠ ᠶᠢᠨ ᠠᠴᠢ ᠬᠣᠯᠪᠣᠭᠳᠠᠯ ᠲᠠᠢ ᠲᠦᠰᠢᠭ ᠭᠠᠵᠠᠷ ᠪᠣᠯᠭᠠᠨ ᠠᠰᠢᠭᠯᠠᠵᠤ ᠪᠠᠶᠢᠵᠠᠢ᠃ ᠤᠯᠠᠮ ᠢᠶᠠᠷ ᠪᠷᠢᠲ᠋ᠠᠨ(ᠠᠩᠭᠯᠢ) ᠤᠨ ᠡᠵᠡᠨᠳᠦ ᠭᠦᠷᠦᠨ ᠦ ᠬᠠᠮᠤᠭ ᠤᠨ ᠴᠢᠬᠤᠯᠠ ᠬᠤᠳᠠᠯᠳᠤᠭ᠎ᠠ᠂ ᠴᠡᠷᠢᠭ ᠠᠷᠮᠢ ᠶᠢᠨ ᠲᠥᠪ ᠦᠳ ᠦᠨ ᠨᠢᠭᠡ ᠪᠣᠯᠤᠭᠰᠠᠨ ᠪᠠᠶᠢᠨ᠎ᠠ᠃ ᠳᠡᠯᠡᠬᠡᠢ ᠶᠢᠨ ᠬᠣᠶᠠᠳᠤᠭᠠᠷ ᠳᠠᠶᠢᠨ ᠤ ᠦᠶ᠎ᠡ ᠪᠡᠷ ᠰᠢᠩᠭᠠᠫᠦᠷ ᠶᠠᠫᠣᠨᠴᠤᠳ ᠲᠤ ᠡᠵᠡᠯᠡᠭᠳᠡᠬᠦ ᠳᠦ ᠤᠢᠨᠰᠲ᠋ᠣᠨ ᠴᠧᠷᠴᠢᠯᠯ ᠡᠭᠦᠨ ᠢ ᠲᠣᠳᠣᠷᠬᠠᠶᠢᠯᠠᠬᠤ ᠳᠤ ᠪᠠᠨ "ᠪᠷᠢᠲ᠋ᠠᠨ(ᠠᠩᠭᠯᠢ) ᠤᠨ ᠬᠠᠮᠤᠭ ᠤᠨ ᠲᠣᠮᠣ ᠢᠯᠠᠭᠳᠠᠯ" ᠬᠡᠮᠡᠵᠡᠢ᠃ 1945 ᠣᠨ ᠳᠤ ᠡᠷᠭᠢᠭᠡᠳ ᠪᠷᠢᠲ᠋ᠠᠨ(ᠠᠩᠭᠯᠢ) ᠤᠨ ᠡᠷᠬᠡ ᠮᠡᠳᠡᠯ ᠳᠦ ᠰᠢᠯᠵᠢᠭᠰᠡᠨ᠃ 1963 ᠣᠨ ᠳᠤ ᠮᠠᠯᠠᠢ᠂ ᠰᠠᠪᠠᠬᠤ᠂ ᠰᠠᠷᠪᠠᠺ ᠲᠠᠢ ᠨᠢᠭᠡᠳᠦᠨ ᠮᠠᠯᠠᠢ᠋ᠰᠢᠶ᠎ᠠ ᠤᠯᠤᠰ ᠢ ᠡᠭᠦᠰᠬᠡᠭᠰᠡᠨ ᠪᠣᠯᠪᠠᠴᠤ 1965 ᠣᠨ ᠤ 8 ᠰᠠᠷ᠎ᠠ ᠶᠢᠨ 9 ᠍ ᠳᠦ ᠬᠣᠶᠠᠷᠬᠠᠨ ᠵᠢᠯ ᠦᠨ ᠳᠠᠷᠠᠭ᠎ᠠ ᠲᠤᠰᠠᠭᠠᠷᠯᠠᠵᠠᠢ᠃ ᠰᠢᠩᠭᠠᠫᠦᠷ ᠨᠢ ᠮᠥᠨ ᠣᠨ ᠤ 9 ᠰᠠᠷ᠎ᠠ ᠶᠢᠨ 21 ᠍ ᠳᠦ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠳᠦ ᠡᠯᠰᠡᠭᠳᠡᠭᠰᠡᠨ ᠪᠠᠶᠢᠨ᠎ᠠ᠃

ᠰᠢᠩᠭᠠᠫᠦᠷ ᠨᠢ ᠲᠤᠰᠠᠭᠠᠷ ᠲᠣᠭᠲᠠᠨᠢᠭᠰᠠᠨ ᠢᠶᠠᠷ ᠤᠯᠤᠰ ᠤᠨ ᠠᠮᠢᠳᠤᠷᠠᠬᠤ ᠰᠲ᠋ᠠᠨᠳᠠᠷᠲ ᠨᠡᠮᠡᠭᠳᠡᠵᠡᠢ᠃ ᠭᠠᠳᠠᠭᠠᠳᠤ ᠶᠢᠨ ᠰᠢᠭᠤᠳ ᠬᠥᠷᠥᠩᠭᠡ ᠣᠷᠣᠭᠤᠯᠤᠯᠲᠠ ᠪᠣᠯᠤᠨ ᠤᠯᠤᠰ ᠤᠨ ᠤᠳᠤᠷᠢᠳᠤᠯᠭ᠎ᠠ ᠲᠠᠢ ᠠᠵᠤ ᠦᠢᠯᠡᠳᠪᠦᠷᠢᠵᠢᠯᠲᠡ ᠨᠢ ᠴᠠᠬᠢᠯᠭᠠᠨ ᠬᠡᠷᠡᠭᠰᠡᠯ ᠦᠨ ᠦᠢᠯᠡᠳᠪᠦᠷᠢᠯᠡᠯ ᠳᠦ᠂ ᠨᠧᠹᠲ ᠦᠨ ᠭᠠᠷᠤᠯ ᠲᠠᠢ ᠬᠢᠮᠢ ᠶᠢᠨ ᠪᠣᠳᠠᠰ ᠦᠢᠯᠡᠳᠪᠦᠷᠢᠯᠡᠯ ᠳᠦ᠂ ᠠᠶᠠᠯᠠᠯ ᠵᠢᠭᠤᠯᠴᠢᠯᠠᠯ᠂ ᠰᠠᠩᠬᠦᠦ ᠶᠢᠨ ᠦᠢᠯᠡᠴᠢᠯᠡᠭᠡ᠂ ᠮᠥᠨ ᠤᠯᠠᠮᠵᠢᠯᠠᠯᠲᠤ ᠬᠤᠳᠠᠯᠳᠤᠭᠠᠨ ᠤ ᠪᠠᠭᠠᠵᠢ ᠨᠤᠭᠤᠳ ᠳᠡᠭᠡᠷ᠎ᠡ ᠲᠤᠯᠭᠠᠭᠤᠷᠢᠯᠠᠭᠰᠠᠨ ᠣᠷᠴᠢᠨ ᠦᠶ᠎ᠡ ᠶᠢᠨ ᠡᠳ᠋ ᠍ ᠦᠨ ᠵᠠᠰᠠᠭ ᠢ ᠪᠦᠲᠦᠭᠡᠵᠦ ᠴᠢᠳᠠᠵᠠᠢ᠃ ᠡᠨᠡ ᠨᠢ ᠬᠣᠯᠠᠨᠳ᠋ ᠍ ᠤᠨ ᠡᠳ᠋ ᠍ ᠦᠨ ᠵᠠᠰᠠᠭᠴᠢ ᠠᠯᠪᠧᠷᠲ ᠸᠢᠨᠰᠧᠮᠢᠤᠰ ᠍ ᠤᠨ ᠲᠥᠯᠥᠪᠯᠡᠭᠡ ᠳᠣᠣᠷ᠎ᠠ ᠪᠡᠶᠡᠯᠡᠭᠳᠡᠭᠰᠡᠨ ᠪᠠᠶᠢᠨ᠎ᠠ᠃ ᠰᠢᠩᠭᠠᠫᠦᠷ ᠨᠢ 1 ᠬᠦᠮᠦᠨ ᠳᠦ ᠣᠨᠣᠭᠳᠠᠬᠣ ᠦᠨᠳᠦᠰᠦᠨ ᠦ ᠨᠡᠶᠢᠲᠡ ᠪᠦᠲᠦᠭᠡᠭᠳᠡᠬᠦᠨ ᠍ ᠪᠡᠷ ᠲᠣᠭᠠᠴᠠᠪᠠᠯ ᠳᠡᠯᠡᠬᠡᠢ ᠶᠢᠨ 6 ᠳ᠋ᠠᠬᠢ ᠪᠠᠶᠠᠨ ᠣᠷᠣᠨ ᠶᠤᠮ᠃ ᠮᠥᠨ ᠭᠠᠳᠠᠭᠠᠳᠤ ᠠᠷᠠᠯᠵᠢᠶᠠᠨ ᠤ ᠨᠥᠭᠡᠴᠡᠨ ᠳᠦ ᠪᠡᠨ 1717.353 ᠳ᠋ᠤᠩᠰᠢᠭᠤᠷ ᠠᠮᠧᠷᠢᠺᠠ ᠳ᠋ᠣᠯᠯᠠᠷ ᠲᠠᠢ᠃

ᠰᠢᠩᠭᠠᠫᠦᠷ ᠤᠨ ᠬᠦᠮᠦᠨ ᠠᠮᠠ ᠨᠢ 4.59 ᠰᠠᠶ᠎ᠠ ᠣᠷᠴᠢᠮ᠃ ᠬᠦᠮᠦᠨ ᠠᠮᠠ ᠶᠢᠨ ᠳᠡᠶᠢᠯᠦᠩᠬᠢ ᠬᠤᠪᠢ ᠶᠢ ᠬᠢᠲᠠᠳ ᠤᠳ ᠡᠵᠡᠯᠡᠳᠡᠭ᠃ ᠵᠠᠬᠢᠷᠭᠠᠨ ᠳᠤ ᠬᠡᠷᠡᠭᠯᠡᠭᠳᠡᠬᠦ ᠠᠯᠪᠠᠨ ᠶᠣᠰᠣᠨ ᠤ ᠬᠡᠯᠡ ᠨᠢ ᠠᠩᠭᠯᠢ ᠬᠡᠯᠡ

ᠪᠦᠭᠦᠳᠡ ᠨᠠᠶᠢᠷᠠᠮᠳᠠᠬᠤ ᠰᠢᠩᠭᠠᠫᠦᠷ ᠤᠯᠤᠰ ᠤᠨ ᠦᠨᠳᠦᠰᠦᠨ ᠬᠠᠤᠯᠢ ᠲᠤ ᠤᠯᠤᠰ ᠲᠥᠷᠥ ᠶᠢᠨ ᠰᠢᠰᠲ᠋ᠧᠮ ᠢ ᠨᠢ ᠲᠥᠯᠥᠭᠡᠯᠡᠯ ᠦᠨ ᠠᠷᠠᠳᠴᠢᠯᠠᠯ ᠬᠡᠮᠡᠨ ᠲᠣᠳᠣᠷᠬᠠᠶᠢᠯᠠᠭᠰᠠᠨ ᠪᠣᠯᠪᠠᠴᠤ ᠫᠠᠷᠯᠠᠮᠧᠨᠲ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ ᠬᠡᠮᠡᠨ ᠬᠦᠯᠢᠶᠡᠨ ᠵᠥᠪᠰᠢᠶᠡᠷᠡᠭᠳᠡᠳᠡᠭ᠃ ᠤᠯᠤᠰ ᠲᠥᠷᠥ ᠶᠢᠨ ᠠᠮᠢᠳᠤᠷᠠᠯ ᠳᠤ ᠨᠢ ᠠᠷᠠᠳ ᠤᠨ ᠦᠢᠯᠡ ᠶᠢᠨ ᠨᠠᠮ (People's Action Party) ᠳᠠᠪᠠᠮᠠᠭᠠᠶᠢᠯᠠᠳᠠᠭ ᠪᠥᠭᠡᠳ 1959 ᠣᠨ ᠠᠴᠠ ᠬᠣᠶᠢᠰᠢᠬᠢ ᠪᠦᠬᠦ ᠰᠣᠩᠭᠣᠭᠤᠯᠢ ᠳᠤ ᠢᠯᠠᠯᠲᠠ ᠪᠠᠶᠢᠭᠤᠯᠵᠠᠢ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯᠠᠢ ᠬᠡᠯᠡᠨ ᠦ Singapura (ᠰᠢᠩᠭᠠᠫᠦᠷᠠ) ᠭᠡᠳᠡᠭ ᠨᠢ ᠰᠠᠨᠰᠺᠷᠢᠳ᠋ ᠬᠡᠯᠡᠨ ᠦ सिंहपुर (ᠰᠢᠮᠬᠠ ᠫᠦᠷᠠ), ᠣᠷᠴᠢᠭᠤᠯᠪᠠᠯ "ᠠᠷᠰᠯᠠᠨ ᠬᠣᠲᠠ" ᠭᠡᠬᠦ ᠦᠭᠡᠨ ᠡᠴᠡ ᠭᠠᠷᠤᠯᠲᠠᠢ ᠶᠤᠮ᠃ ᠦᠨᠡᠨ ᠳᠦ ᠪᠡᠨ᠂ ᠰᠢᠩᠭᠠᠫᠦᠷ ᠲᠦ ᠠᠷᠰᠯᠠᠨ  ᠶᠡᠷᠦ ᠨᠢ ᠪᠠᠶᠢᠭ᠎ᠠ ᠦᠭᠡᠢ ᠭᠡᠵᠦ ᠦᠵᠡᠳᠡᠭ᠂ ᠬᠠᠷᠢᠨ ᠲᠤᠰ ᠨᠡᠷ᠎ᠡ ᠶᠢ ᠪᠠᠷᠰ ᠲᠤ ᠳᠤᠷᠠᠲᠠᠢ ᠱᠷᠪᠡᠵᠠᠶᠠ ᠤᠯᠤᠰ ᠢ ᠦᠨᠳᠦᠰᠦᠯᠡᠭᠴᠢ ᠥᠭᠭᠦᠭᠰᠡᠨ ᠭᠡᠵᠦ ᠲᠠᠭᠠᠮᠠᠭᠯᠠᠳᠠᠭ᠃ ᠥᠷᠭᠡᠨ ᠳᠡᠯᠭᠡᠷᠡᠭᠰᠡᠨ ᠮᠣᠩᠭᠣᠯ ᠠᠷᠠᠳ ᠤᠨ ᠨᠢᠭᠡ ᠳᠠᠭᠤᠨ ᠳᠤ "ᠠᠷᠰᠯᠠᠨ ᠬᠣᠲᠠ ᠶᠢᠨ ᠤᠷᠠᠴᠢ ᠨᠤᠭᠤᠳ ᠢᠶᠠᠷ ᠰᠡᠶᠢᠯᠦᠭᠦᠯᠵᠦ ᠬᠢᠭᠰᠡᠨ ᠬᠥ᠃.." ᠭᠡᠰᠡᠨ ᠮᠥᠷ ᠪᠠᠰᠠ ᠪᠠᠶᠢᠳᠠᠭ ᠠᠴᠠ ᠪᠣᠯ ᠤᠷᠢᠳᠤ ᠶᠢᠨ ᠴᠠᠭ ᠲᠤ ᠠᠷᠰᠯᠠᠨ ᠬᠣᠲᠠ ᠭᠡᠵᠦ ᠨᠡᠷᠡᠯᠡᠵᠦ ᠪᠠᠶᠢᠴᠠᠢ᠃

ᠰᠢᠩᠭᠠᠫᠦᠷ ᠤᠯᠤᠰ ᠤᠨ ᠲᠡᠦᠬᠡ ᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡᠨ ᠳᠦ ᠲᠡᠮᠳᠡᠭᠯᠡᠭᠳᠡᠭᠰᠡᠨ ᠬᠠᠮᠤᠭ ᠤᠨ ᠡᠷᠲᠡᠨ ᠦ ᠰᠠᠭᠤᠷᠢᠨ ᠨᠢ ᠮᠠᠨ ᠤ ᠡᠷᠡᠨ ᠦ ᠡᠮᠦᠨ᠎ᠡ 2 ᠍ ᠳᠦᠭᠡᠷ ᠵᠠᠭᠤᠨ ᠤ ᠦᠶ᠎ᠡ ᠳᠦ ᠣᠷᠣᠰᠢᠵᠤ ᠪᠠᠶᠢᠵᠠᠢ᠃ ᠡᠨᠡ ᠨᠢ ᠲᠧᠮᠤᠰᠧᠺ ᠪᠤᠶᠤ ᠳᠠᠯᠠᠢ ᠶᠢᠨ ᠬᠣᠲᠠ ᠭᠡᠰᠡᠨ ᠨᠡᠷ᠎ᠡ ᠲᠡᠢ ᠪᠥᠭᠯᠡᠭᠦᠦ ᠲᠣᠰᠬᠣᠨ ᠪᠥᠭᠡᠳ ᠰᠤᠮᠤᠲᠠᠷᠠᠭ ᠤᠨ ᠱᠷᠪᠡᠵᠠᠶᠠ ᠤᠯᠤᠰ ᠤᠨ ᠨᠣᠶᠠᠷᠬᠠᠯ ᠳᠣᠣᠷ᠎ᠠ ᠪᠠᠶᠢᠭᠰᠠᠨ ᠶᠤᠮ᠃ 16 ᠍ ᠠᠴᠠ 19 ᠍ ᠳᠦᠭᠡᠷ ᠵᠠᠭᠤᠨ ᠤ ᠬᠣᠭᠣᠷᠣᠨᠳᠣ ᠵᠣᠬᠣᠷ ᠤᠨ ᠰᠤᠯᠲᠠᠨᠠᠲᠤ ᠶᠢᠨ ᠬᠠᠷᠢᠶᠠᠨ ᠳᠤ ᠪᠠᠶᠢᠭᠰᠠᠨ᠃

1819 ᠣᠨ ᠳᠤ ᠲᠣᠮᠠᠰ ᠰᠲᠡᠮᠹᠣᠷᠲᠤ ᠷᠠᠹᠹᠯᠧᠰ ᠪᠷᠢᠲ᠋ᠠᠨ(ᠠᠩᠭᠯᠢ) ᠤᠨ ᠳᠣᠷᠣᠨᠠᠲᠤ ᠡᠨᠡᠳᠬᠡᠭ ᠢ ᠲᠥᠯᠦᠭᠡᠯᠡᠵᠦ ᠰᠤᠯᠲᠠᠨ ᠬᠤᠰᠰᠧᠢᠨ ᠱᠠᠾ ᠲᠠᠢ ᠭᠡᠷ᠎ᠡ ᠪᠠᠶᠢᠭᠤᠯᠵᠤ᠂ ᠰᠢᠩᠭᠠᠫᠦᠷ ᠤᠨ ᠡᠮᠦᠨᠡᠲᠦ ᠬᠡᠰᠡᠭ ᠢ ᠪᠷᠢᠲ᠋ᠠᠨ(ᠠᠩᠭᠯᠢ) ᠤᠨ ᠬᠤᠳᠠᠯᠳᠤᠭᠠᠨ ᠤ ᠥᠷᠲᠡᠭᠡ ᠪᠣᠯᠭᠠᠨ ᠠᠰᠢᠭᠯᠠᠬᠤ ᠪᠣᠯᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

Map showing Singapore's island and the territories belonging Singapore and its neighbours
ᠰᠢᠩᠭᠠᠫᠦᠷ ᠤᠨ ᠠᠷᠠᠯ ᠤᠳ ᠪᠣᠯᠤᠨ ᠤᠰᠤᠨ ᠵᠠᠮ

ᠰᠢᠩᠭᠠᠫᠦᠷ ᠤᠯᠤᠰ ᠤᠨ ᠭᠠᠵᠠᠷ ᠨᠤᠲᠤᠭ ᠨᠢ ᠰᠢᠩᠭᠠᠫᠦᠷ ᠠᠷᠠᠯ ᠭᠡᠬᠦ ᠭᠣᠣᠯ ᠠᠷᠠᠯ᠂ ᠪᠤᠰᠤᠳ ᠵᠢᠵᠢᠭ 62 ᠠᠷᠠᠯ ᠠᠴᠠ ᠪᠦᠲᠦᠳᠡᠭ᠃ ᠵᠢᠵᠢᠭ ᠠᠷᠠᠯ ᠤᠳ ᠠᠴᠠ ᠵᠢᠷᠠᠨ᠂ ᠫᠤᠶᠢᠯᠠᠨ᠂ ᠫᠦᠯᠣᠢ ᠤᠪᠢᠨ᠂ ᠰᠧᠨᠲ᠋ᠣᠵᠠ ᠠᠷᠠᠯ ᠤᠳ ᠨᠢ ᠠᠷᠠᠢ ᠲᠣᠮᠣᠬᠠᠨ ᠨᠢ ᠶᠤᠮ᠃ ᠡᠬᠡ ᠭᠠᠵᠠᠷ ᠪᠤᠶᠤ ᠮᠠᠯᠠᠢ᠋ᠰᠢᠶ᠎ᠠᠲᠠᠢ ᠬᠣᠯᠪᠣᠭᠳᠠᠭᠰᠠᠨ ᠬᠣᠶᠠᠷ ᠬᠠᠭᠤᠷᠠᠢ ᠵᠠᠮ ᠤᠨ ᠭᠠᠷᠴᠠ ᠪᠠᠶᠢᠳᠠᠭ᠃ ᠡᠳᠡᠭᠡᠷ ᠨᠢ ᠬᠣᠶᠢᠳᠤ ᠵᠦᠭ ᠲᠤ ᠪᠡᠨ ᠵᠣᠬᠣᠷ ᠬᠣᠲᠠ ᠲᠠᠢ ᠬᠣᠯᠪᠣᠭᠳᠠᠭᠰᠠᠨ ᠵᠣᠬᠣᠷ-ᠰᠢᠩᠭᠠᠫᠦᠷ ᠤᠨ ᠳᠠᠯᠠᠨ ᠵᠠᠮ᠂ ᠪᠠᠷᠠᠭᠤᠨ ᠵᠦᠭ ᠲᠤ ᠪᠡᠨ ᠮᠠᠯᠠᠢ᠋ᠰᠢᠶ᠎ᠠ-ᠰᠢᠩᠭᠠᠫᠦᠷ ᠤᠨ ᠬᠣᠯᠪᠣᠭᠠᠰᠤ ᠨᠡᠷᠡᠲᠦ ᠬᠦᠭᠦᠷᠭᠡ ᠬᠣᠶᠠᠷ ᠪᠣᠯᠤᠨ᠎ᠠ᠃ ᠰᠢᠩᠭᠠᠫᠦᠷ ᠨᠢ ᠪᠠᠭ᠎ᠠ ᠨᠤᠲᠤᠭ ᠳᠡᠪᠢᠰᠬᠡᠷᠲᠦ ᠂ ᠰᠢᠬᠠᠭᠤ ᠰᠠᠭᠤᠷᠢᠰᠢᠯ ᠲᠠᠢ ᠶᠢᠨ ᠤᠴᠢᠷ ᠡᠷᠭᠢ ᠶᠢᠨ ᠭᠦᠶᠦᠬᠡᠨ ᠤᠰᠤᠨ ᠳᠤ ᠰᠢᠨ᠎ᠡ ᠪᠡᠷ ᠬᠥᠷᠥᠰᠥᠳᠦ ᠭᠠᠵᠠᠷ ᠡᠭᠦᠰᠬᠡᠳᠡᠭ ᠶᠤᠮ᠃ 1960 ᠍ ᠊ᠭᠠᠳ ᠣᠨ ᠳᠤ 581.5 ᠬᠠᠪᠲᠠᠭᠠᠢ ᠳᠥᠷᠪᠡᠯᠵᠢᠨ ᠺᠢᠯᠣᠮᠧᠲ᠋ᠷ ᠨᠤᠲᠤᠭ ᠲᠠᠢ ᠪᠠᠶᠢᠭᠰᠠᠨ ᠪᠣᠯ ᠡᠳᠦᠭᠡ ᠬᠡᠮᠵᠢᠶ᠎ᠡ ᠨᠢ 704 ᠪᠣᠯᠤᠭᠰᠠᠨ ᠪᠥᠭᠡᠳ 2030 ᠣᠨ ᠪᠤᠯᠬᠤ  ᠳᠦ ᠠᠬᠢᠨ 100 ᠍ ᠪᠠᠷ ᠨᠡᠮᠡᠭᠳᠡᠨ᠎ᠡ ᠭᠡᠵᠦ ᠲᠠᠭᠠᠮᠠᠭᠯᠠᠳᠠᠭ᠃

ᠱᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠩᠭᠠᠫᠦᠷ ᠤᠨ ᠱᠠᠰᠢᠨ ᠰᠢᠲᠦᠯᠭᠡ[7]
ᠱᠠᠰᠢᠨ ᠰᠢᠲᠦᠯᠭᠡ ᠬᠤᠪᠢ
ᠪᠤᠳ᠋ᠳ᠋ᠾᠠ
  
33%
ᠾᠷᠢᠰᠲ᠋
  
18%
ᠰᠢᠲᠦᠳᠡᠭ ᠦᠭᠡᠢ
  
17%
ᠢᠰᠯᠠᠮ (ᠯᠠᠯᠤ)
  
15%
ᠪᠣᠮᠪᠣ (ᠳᠠᠣ)
  
11%
ᠬᠢᠨᠳᠦ
  
5.1%
ᠪᠤᠰᠤᠳ
  
0.9%

ᠰᠢᠩᠭᠠᠫᠦᠷ ᠲᠦ ᠬᠠᠮᠤᠭ ᠤᠨ ᠥᠷᠭᠡᠨ ᠲᠠᠷᠬᠠᠭᠰᠠᠨ ᠱᠠᠰᠢᠨ ᠪᠣᠯ ᠪᠤᠳ᠋ᠡᠳ᠋ᠢᠠ ᠱᠠᠰᠢᠨ ᠶᠤᠮ᠃ ᠰᠠᠶ᠋ᠢᠬᠠᠨ ᠤ ᠲᠣᠭᠠᠯᠠᠯᠭ᠎ᠠ ᠪᠠᠷ ᠪᠠᠶᠢᠩᠭᠤ ᠶᠢᠨ ᠣᠷᠣᠰᠢᠨ ᠰᠠᠭᠤᠭᠴᠢᠳ ᠤᠨ 33% ᠨᠢ ᠥᠪᠡᠷᠰᠡᠳ ᠢ ᠪᠡᠨ ᠪᠤᠳ᠋ᠡᠳ᠋ᠢᠠ ᠱᠠᠰᠢᠨ ᠢ ᠪᠠᠷᠢᠮᠲᠠᠯᠠᠭᠴᠢ ᠬᠡᠮᠡᠨ ᠬᠡᠯᠡᠭᠰᠡᠨ ᠪᠠᠶᠢᠨ᠎ᠠ᠃ ᠲᠣᠭ᠎ᠠ ᠦᠵᠡᠭᠦᠯᠦᠯᠲᠡ ᠪᠡᠷ ᠢᠶᠡᠨ ᠪᠤᠳ᠋ᠡᠳ᠋ᠢᠠ ᠱᠠᠰᠢᠨ ᠤ ᠳᠠᠷᠠᠭ᠎ᠠ ᠣᠷᠣᠭᠰᠠᠨ ᠲᠣᠮᠣᠬᠠᠨ ᠱᠠᠰᠢᠨ ᠨᠤᠭᠤᠳ ᠪᠣᠯ ᠾᠷᠢᠰᠲ᠋ᠤᠰ, ᠢᠰᠯᠠᠮ᠂ ᠲᠠᠢᠶᠢᠰᠮ᠂ ᠮᠥᠨᠬᠢᠨᠳᠤ ᠱᠠᠰᠢᠨ ᠨᠤᠭᠤᠳ ᠶᠤᠮ᠃ ᠾᠷᠢᠰᠲ᠋ᠤᠰ, ᠲᠠᠢᠶᠢᠰᠮ ᠪᠣᠯᠤᠨ ᠰᠢᠲᠦᠯᠭᠡ ᠦᠭᠡᠢ ᠬᠦᠮᠦᠰ ᠦᠨ ᠲᠣᠭ᠎ᠠ 2000 ᠣᠨ ᠠᠴᠠ 2010 ᠣᠨ ᠤ ᠬᠣᠭᠣᠷᠣᠨᠳᠣ ᠲᠤᠰ ᠪᠦᠷᠢ 3% ᠍ ᠪᠠᠷ ᠨᠡᠮᠡᠭᠳᠡᠭᠰᠡᠨ ᠪᠠ ᠲᠡᠭᠦᠨ ᠦ  ᠲᠠᠠᠭᠠᠤ ᠪᠡᠷ ᠪᠤᠳ᠋ᠡᠳ᠋ᠢᠠ ᠶᠢᠨ ᠱᠠᠰᠢᠨᠲᠠᠨ ᠨᠤᠭᠤᠳ ᠴᠥᠭᠡᠷᠡᠭᠰᠡᠨ ᠪᠠᠶᠢᠨ᠎ᠠ᠃ ᠪᠤᠰᠤᠳ ᠱᠠᠰᠢᠨ ᠰᠢᠲᠦᠭᠴᠢᠳ ᠦᠨ ᠲᠣᠭ᠎ᠠ ᠬᠠᠷᠢᠴᠠᠩᠭᠤᠢ ᠲᠣᠭᠲᠠᠪᠤᠷᠢᠲᠠᠢ ᠪᠠᠶᠢᠨ᠎ᠠ᠃

ᠰᠢᠩᠭᠠᠫᠦᠷ ᠲᠦ ᠪᠤᠳ᠋ᠡᠳ᠋ᠢᠠ ᠱᠠᠰᠢᠨ ᠤ ᠭᠤᠷᠪᠠᠨ ᠭᠣᠣᠯ ᠤᠷᠤᠰᠬᠠᠯ ᠪᠣᠯᠬᠤ ᠲᠧᠷᠠᠪᠤᠳᠠ᠂ ᠮᠢᠬᠠᠶᠢᠨᠠ᠂ ᠸᠠᠵᠠᠶᠢᠨᠠᠭ ᠤᠨ ᠰᠦᠮ᠎ᠡ ᠬᠡᠶᠢᠳ ᠦᠳ ᠪᠠᠶᠢᠳᠠᠭ᠃ ᠰᠢᠩᠭᠠᠫᠦᠷ ᠤᠨ ᠪᠤᠳ᠋ᠡᠳ᠋ᠢᠠ  ᠱᠠᠰᠢᠨᠲᠠᠨ ᠨᠤᠭᠤᠳ ᠤᠨ ᠶᠡᠬᠡᠩᠬᠢ ᠨᠢ ᠬᠢᠲᠠᠳ ᠬᠦᠮᠦᠰ ᠪᠥᠭᠡᠳ ᠲᠡᠳᠡ ᠮᠢᠬᠠᠶᠢᠨᠠ ᠤᠷᠤᠰᠬᠠᠯ ᠢ ᠰᠢᠲᠦᠨ᠎ᠡ᠃ ᠬᠡᠳᠦᠨ ᠠᠷᠪᠠᠨ ᠵᠢᠯ ᠦᠨ ᠲᠤᠷᠰᠢ ᠲᠠᠶᠢᠪᠠᠨᠢ᠂ ᠬᠢᠲᠠᠳ ᠤᠨ ᠨᠣᠮᠯᠠᠭᠴᠢᠳ ᠰᠤᠷᠭᠠᠯ ᠢᠶᠠᠨ ᠳᠡᠯᠭᠡᠷᠡᠭᠦᠯᠦᠭᠰᠡᠭᠡᠷ ᠢᠷᠡᠭᠰᠡᠨ ᠲᠤᠯᠠ ᠬᠢᠲᠠᠳ ᠤᠨ ᠮᠢᠬᠠᠶᠢᠨᠠ ᠵᠣᠩᠬᠢᠯᠠᠳᠠᠭ᠃ ᠭᠡᠬᠦ ᠳᠦ ᠪᠡᠨ ᠲᠠᠶᠢᠯᠠᠨᠳᠤ᠋ ᠶᠢᠨ ᠲᠧᠷᠠᠪᠤᠳᠠ ᠤᠷᠤᠰᠬᠠᠯ ᠰᠡᠭᠦᠯ ᠦᠨ ᠵᠢᠯ ᠤᠳ ᠲᠤ ᠳᠡᠯᠭᠡᠷᠴᠤ ᠪᠠᠶᠢᠨ᠎ᠠ᠃ ᠶᠠᠫᠣᠨ ᠤ ᠪᠤᠳ᠋ᠡᠳ᠋ᠢᠠ  ᠱᠠᠰᠢᠨ ᠤ ᠰᠣᠺᠠ ᠭᠠᠺᠺᠠᠢ ᠪᠠᠶᠢᠭᠤᠯᠤᠯᠭ᠎ᠠ ᠰᠢᠩᠭᠠᠫᠦᠷ ᠲᠦ ᠣᠯᠠᠨ ᠬᠦᠮᠦᠨ ᠰᠤᠷᠭᠠᠳᠠᠭ ᠪᠥᠭᠡᠳ ᠲᠡᠳᠡ ᠨᠢ ᠶᠡᠬᠡᠩᠬᠢ ᠳᠦ ᠪᠡᠨ ᠬᠢᠲᠠᠳ ᠤᠭᠰᠠᠭᠠᠲᠠᠨ ᠨᠤᠭᠤᠳ ᠪᠠᠶᠢᠳᠠᠭ᠃ ᠲᠡᠭᠦᠨᠴᠢᠯᠡᠨ ᠲᠥᠪᠡᠳ ᠦᠨ ᠪᠤᠷᠬᠠᠨ ᠱᠠᠰᠢᠨ ᠠᠯᠭᠤᠷᠬᠠᠨ ᠢᠶᠠᠷ ᠰᠢᠩᠭᠠᠫᠦᠷ ᠲᠦ ᠨᠡᠪᠲᠡᠷᠡᠨ ᠣᠷᠣᠵᠤ ᠢᠷᠡᠵᠦ ᠪᠠᠶᠢᠨ᠎ᠠ᠃

ᠰᠢᠩᠭᠠᠫᠦᠷ ᠤᠨ ᠣᠷᠣᠨ ᠨᠤᠲᠤᠭ ᠤᠨ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠩᠭᠠᠫᠦᠷᠴᠤᠤᠳ ᠤᠨ ᠲᠥᠷᠥᠯᠬᠢ ᠬᠡᠯᠡ[8]
ᠬᠡᠯᠡ ᠡᠵᠡᠯᠡᠬᠦ ᠬᠤᠪᠢ
ᠬᠢᠲᠠᠳ
  
49.9%
ᠠᠩᠭᠯᠢ
  
32.3%
ᠮᠠᠯᠠᠢ
  
12.2%
ᠲᠠᠮᠢᠯ
  
3.3%

ᠰᠢᠩᠭᠠᠫᠦᠷ ᠨᠢ ᠬᠢᠲᠠᠳ᠂ ᠠᠩᠭᠯᠢ᠂ ᠮᠠᠯᠠᠢ᠂ ᠲᠠᠮᠢᠯ ᠭᠡᠰᠡᠨ ᠠᠯᠪᠠᠨ ᠶᠣᠰᠣᠨ ᠤ 4 ᠬᠡᠯᠡ ᠲᠡᠢ᠃ ᠠᠩᠭᠯᠢ ᠬᠡᠯᠡ ᠪᠣᠯ ᠲᠤᠰ ᠤᠯᠤᠰ ᠤᠨ ᠭᠤᠤᠯᠯᠠᠭᠴᠢ ᠬᠡᠯᠡ ᠪᠠ ᠡᠨᠡ ᠬᠡᠯᠡ ᠨᠢ ᠪᠢᠽᠢᠨ᠋ᠧᠰ᠂ ᠵᠠᠰᠠᠭ ᠤᠨ ᠭᠠᠵᠠᠷ᠂ ᠳᠤᠮᠳᠠᠳᠤ ᠰᠤᠷᠭᠠᠭᠤᠯᠢ ᠶᠢᠨ ᠰᠤᠷᠭᠠᠯᠲᠠ ᠳᠤ ᠬᠡᠷᠡᠭᠯᠡᠭᠳᠡᠳᠡᠭ᠃ ᠰᠢᠩᠭᠠᠫᠦᠷ ᠤᠨ ᠦᠨᠳᠦᠰᠦᠨ ᠬᠠᠤᠯᠢ ᠪᠣᠯᠤᠨ ᠪᠦᠬᠦ ᠬᠠᠤᠯᠢ ᠨᠢ ᠠᠩᠭᠯᠢ ᠬᠡᠯᠡ ᠪᠡᠷ ᠪᠢᠴᠢᠭᠳᠡᠭᠰᠡᠨ ᠪᠠᠶᠢᠳᠠᠭ᠃ ᠰᠢᠩᠭᠠᠫᠦᠷᠴᠤᠳ ᠤᠨ 80% ᠨᠢ ᠠᠩᠭᠯᠢ ᠬᠡᠯᠡ ᠶᠢ ᠡᠵᠡᠮᠰᠢᠭᠰᠡᠨ ᠪᠠᠶᠢᠳᠠᠭ᠃ ᠠᠩᠭᠯᠢ ᠬᠡᠯᠡᠨ ᠦ ᠳᠠᠷᠠᠭ᠎ᠠ ᠬᠢᠲᠠᠳ ᠤᠨ ᠮᠠᠨᠳᠠᠷᠢᠨ ᠬᠡᠯᠡ᠂ ᠲᠡᠭᠡᠭᠡᠳ ᠮᠠᠯᠠᠢ᠂ ᠲᠠᠮᠢᠯ ᠬᠡᠯᠡ ᠨᠦᠭᠦᠳ ᠣᠷᠣᠳᠠᠭ᠃ ᠰᠢᠩᠭᠠᠫᠦᠷ ᠤᠨ ᠠᠩᠭᠯᠢ ᠬᠡᠯᠡ ᠶᠢᠨ ᠦᠨᠳᠦᠰᠦ ᠨᠢ ᠪᠷᠢᠲ᠋ᠠᠨ(ᠠᠩᠭᠯᠢ) ᠤᠨ ᠠᠩᠭᠯᠢ ᠬᠡᠯᠡ ᠶᠤᠮ᠃

ᠰᠢᠩᠭᠠᠫᠦᠷᠴᠤᠳ ᠤᠨ ᠪᠠᠷᠤᠭ ᠨᠢ ᠭᠡᠷ ᠲᠦ ᠪᠡᠨ ᠬᠢᠲᠠᠳ ᠬᠡᠯᠡ ᠬᠡᠷᠡᠭᠯᠡᠳᠡᠭ᠃ ᠰᠢᠩᠭᠠᠫᠦᠷ ᠤᠨ ᠮᠠᠨᠳᠠᠷᠢᠨ ᠬᠡᠯᠡ ᠨᠢ 1.2 ᠰᠠᠶ᠎ᠠ ᠬᠦᠮᠦᠨ ᠦ ᠡᠬᠡ ᠬᠡᠯᠡ ᠨᠢ ᠪᠣᠯᠤᠨ᠎ᠠ᠃ ᠬᠠᠭᠠᠰ ᠰᠠᠶ᠎ᠠ ᠣᠷᠴᠢᠮ ᠨᠢ ᠬᠢᠲᠠᠳ ᠬᠡᠯᠡᠨ ᠦ ᠥᠭᠡᠷ᠎ᠡ ᠠᠶᠠᠯᠭᠤ  ᠪᠣᠯᠬᠤ ᠬᠣᠺᠺᠡᠨ᠂ ᠲᠧᠣᠽᠧᠸ᠂ ᠭᠤᠸᠠᠩᠳᠤᠩ ᠠᠶᠠᠯᠭ᠎ᠠ ᠪᠠᠷ ᠶᠠᠷᠢᠳᠠᠭ ᠪᠣᠯᠪᠠᠴᠤ ᠮᠠᠨᠳᠠᠷᠢᠨ᠂ ᠠᠩᠭᠯᠢ ᠬᠡᠯᠡ ᠨᠦᠭᠦᠳ ᠲᠡᠢ ᠬᠠᠷᠢᠴᠠᠭᠤᠯᠬᠤ ᠳᠤ ᠬᠡᠷᠡᠭᠯᠡᠭᠴᠢᠳ ᠦᠨ ᠲᠣᠭ᠎ᠠ ᠪᠠᠭᠤᠷᠴᠤ ᠪᠠᠶᠢᠨ᠎ᠠ᠃

ᠮᠠᠯᠠᠢ ᠬᠡᠯᠡ ᠪᠣᠯ "ᠦᠨᠳᠦᠰᠦᠨ ᠦ ᠬᠡᠯᠡ" ᠪᠥᠭᠡᠳ ᠲᠡᠦᠬᠡ ᠲᠡᠢ ᠬᠣᠯᠪᠣᠭᠳᠠᠯᠲᠠᠢ ᠪᠠᠷ ᠢᠯᠡᠭᠦᠦ ᠶᠣᠰᠣᠯᠠᠯ ᠤᠨ ᠰᠢᠨᠵᠢ ᠴᠢᠨᠠᠷᠲᠠᠢ ᠦᠢᠯᠡ ᠳᠦ ᠬᠡᠷᠡᠭᠯᠡᠭᠳᠡᠳᠡᠭ᠃ ᠲᠥᠷᠥ ᠶᠢᠨ ᠳᠠᠭᠤᠯᠠᠯ ᠪᠣᠯᠬᠤ 《ᠮᠠᠵᠡᠭᠳᠠᠬᠤ ᠰᠢᠩᠭᠠᠫᠦᠷᠠ》, ᠮᠥᠨ ᠴᠡᠷᠢᠭ ᠦᠨ ᠲᠤᠰᠢᠶᠠᠯ ᠤᠳ ᠮᠠᠯᠠᠢ ᠬᠡᠯᠡ ᠪᠡᠷ ᠪᠠᠶᠢᠳᠠᠭ᠃ ᠥᠨᠥᠳᠥᠷ ᠮᠠᠯᠠᠢ ᠬᠡᠯᠡ ᠪᠡᠷ ᠭᠣᠣᠯᠳᠠᠭᠤ ᠮᠠᠯᠠᠶᠢᠴᠤᠳ ᠶᠠᠷᠢᠳᠠᠭ ᠪᠠ ᠰᠢᠩᠭᠠᠫᠦᠷᠴᠤᠳ ᠤᠨ ᠵᠥᠪᠬᠡᠨ 16.8% ᠨᠢ ᠮᠠᠯᠠᠢ ᠬᠡᠯᠡ ᠶᠢ ᠮᠡᠳᠡᠳᠡᠭ᠂ 12% ᠨᠢ ᠡᠬᠡ ᠬᠡᠯᠡ ᠪᠡᠨ ᠪᠣᠯᠭᠠᠨ ᠬᠡᠷᠡᠭᠯᠡᠳᠡᠭ ᠪᠠᠶᠢᠨ᠎ᠠ᠃

ᠰᠢᠩᠭᠠᠫᠦᠷᠴᠤᠳ ᠤᠨ 100 ᠮᠢᠩᠭ᠎ᠠ ᠨᠢ ᠪᠤᠶᠤ 3% ᠨᠢ ᠲᠠᠮᠢᠯ ᠬᠡᠯᠡ ᠶᠢ ᠡᠬᠡ ᠬᠡᠯᠡ ᠪᠡᠨ ᠪᠣᠯᠭᠠᠨ ᠬᠡᠷᠡᠭᠯᠡᠵᠦ ᠪᠠᠶᠢᠨ᠎ᠠ᠃ ᠬᠡᠳᠦᠢ ᠪᠡᠷ ᠵᠥᠪᠬᠡᠨ ᠲᠠᠮᠢᠯ ᠬᠡᠯᠡ ᠨᠢ ᠠᠯᠪᠠᠨ ᠶᠣᠰᠣᠨ ᠤ ᠬᠢ ᠭᠡᠵᠦ ᠲᠣᠭᠠᠴᠠᠭᠳᠠᠳᠠᠭ ᠴᠤ ᠡᠨᠡᠳᠬᠡᠭ ᠦᠨ ᠪᠤᠰᠤᠳ ᠬᠡᠯᠡ ᠨᠦᠭᠦᠳ ᠪᠠᠰᠠ ᠬᠡᠷᠡᠭᠯᠡᠭᠳᠡᠬᠦ ᠨᠢ ᠪᠤᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. (2011) "Demograhpics Indicators)". Retrieved on 2 October 2011.
  2. (2009) "2008 Estimate". Retrieved on 2 July 2011.
  3. 3.0 3.1 World Factbook – Singapore. U.S. Central Intelligence Agency. 12 June 2011 ᠍ ᠳᠦ ᠬᠠᠨᠳᠤᠭᠰᠠᠨ᠃
  4. Time Series on GDP Data at Current Market Prices. Statistics Singapore (17 February 2011).
  5. Time Series on Per Capita GDP at Current Market Prices. Statistics Singapore (17 February 2011).
  6. Human Development Report 2010. United Nations (2010). 5 November 2010 ᠍ ᠳᠦ ᠬᠠᠨᠳᠤᠭᠰᠠᠨ᠃
  7. Singapore Statistics (12 January 2011), "Census of population 2010: Statistical Release 1 on Demographic Characteristics, Education, Language and Religion", <http://www.singstat.gov.sg/news/news/press12012011.pdf> (retrieved on 16 January 2011)
  8. Census of Population 2010 (2010). 19 February 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠰᠢᠩᠭᠠᠫᠦᠷ


ᠪᠢᠴᠢᠭᠡᠰᠦ