ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠨᠵᠢᠶᠠᠩ  ᠦᠨ ᠤᠶᠢᠭᠤᠷ  ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ
ᠥᠪᠡᠷᠲᠡᠭᠡᠨ ᠵᠠᠰᠠᠬᠤ ᠣᠷᠣᠨ
ᠤᠯᠤᠰ ᠣᠷᠣᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ
ᠭᠠᠵᠠᠷ ᠨᠤᠲᠤᠭ 1 664 897.17[1] km²
ᠬᠦᠮᠦᠨ ᠠᠮᠠ (ᠲᠣᠭᠠᠯᠠᠯ) 2010 ᠣᠨ ᠳᠤ 21,813,334
ᠴᠠᠭ ᠤᠨ ᠪᠥᠰᠡ GMT+8
00.png

ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ ᠡᠰᠡᠪᠡᠯ ᠰᠢᠨᠵᠢᠶᠠᠩ ᠭᠡᠳᠡᠭ ᠨᠢ ᠠᠯᠪᠠᠨ ᠶᠣᠰᠣᠭᠠᠷ 1949 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠪᠦᠷᠢᠯᠳᠦᠬᠦᠨ ᠳᠤ ᠪᠠᠭᠲᠠᠭᠰᠠᠨ ᠪᠥᠭᠡᠳ ᠳᠤᠮᠳᠠᠳᠤ ᠤᠯᠤᠰ ᠤᠨ ᠪᠠᠷᠠᠭᠤᠨ ᠬᠣᠶᠢᠳᠤ ᠲᠠᠯ᠎ᠠ ᠶᠢ ᠡᠵᠡᠯᠡᠨ ᠣᠷᠣᠰᠢᠳᠠᠭ ᠲᠣᠮᠣ ᠥᠪᠡᠷᠲᠡᠭᠡᠨ ᠵᠠᠰᠠᠬᠤ ᠣᠷᠣᠨ ᠶᠤᠮ᠃ ᠭᠠᠵᠠᠷ ᠨᠤᠲᠤᠭ ᠨᠢ166 ᠲᠦᠮᠡᠨ ᠲᠡᠭᠰᠢ ᠳᠦᠷᠪᠡᠯᠵᠢᠨ ᠺᠢᠯᠤᠮᠸᠲᠷ ᠪᠠᠶᠢᠵᠤ ᠂ 2005 ᠣᠨ ᠤ ᠪᠠᠶᠢᠳᠠᠯ ᠢᠶᠠᠷ 2100 ᠲᠦᠮᠡᠨ ᠬᠦᠮᠦᠨ ᠠᠮᠢᠳᠤᠷᠠᠵᠤ ᠪᠠᠶᠢᠨ᠎ᠠ᠃ ᠳᠤᠮᠳᠠᠳᠤ ᠤᠯᠤᠰ ᠲᠤ ᠨᠡᠶᠢᠲᠡ 56 ᠦᠨᠳᠦᠰᠦᠲᠡᠨ ᠶᠠᠰᠤᠲᠠᠨ ᠪᠠᠶᠢᠳᠠᠭ ᠠᠴᠠ 34 ᠨᠢ ᠰᠢᠨᠵᠢᠶᠠᠩ ᠳᠤ ᠠᠮᠢᠳᠤᠷᠠᠵᠤ ᠪᠠᠶᠢᠨ᠎ᠠ᠃ ᠬᠦᠮᠦᠨ ᠠᠮᠠ ᠶᠢᠨ ᠡᠵᠡᠯᠡᠬᠦ ᠲᠣᠭ᠎ᠠ ᠪᠠᠷ ᠢᠶᠠᠨ ᠬᠢᠲᠠᠳ᠂ ᠤᠶᠢᠭᠤᠷᠬᠠᠰᠠᠭ ᠦᠳ ᠡᠬᠢᠨ ᠦ ᠭᠤᠷᠪᠠ ᠳᠤ ᠣᠷᠣᠨ᠎ᠠ᠃ ᠮᠣᠩᠭᠣᠯ᠂ ᠺᠢᠷᠭᠢᠰ᠂ ᠰᠢᠪᠣ᠂ ᠲᠠᠵᠢᠺᠢᠰᠲᠠᠨᠦᠽᠡᠪᠸᠺᠢᠰᠲᠠᠨᠮᠠᠨᠵᠤᠳᠠᠭᠤᠷᠲᠠᠲ᠋ᠠᠷᠣᠷᠣᠰᠳ᠋ᠦᠩᠰᠢᠶᠠᠩ᠂ ᠲᠤᠵᠢ᠂ ᠵᠤᠨᠰᠠᠯᠠᠷ ᠵᠡᠷᠭᠡ ᠦᠨᠳᠦᠰᠦᠲᠡᠨ ᠪᠤᠢ᠃ ᠣᠷᠤᠨ ᠦ ᠲᠦᠪ ᠨᠢ ᠥᠷᠦᠮᠴᠢ ᠬᠣᠲᠠ᠃ ᠪᠠᠷᠠᠭᠤᠨ ᠬᠣᠶᠢᠳᠤ᠂ ᠬᠣᠶᠢᠳᠤ᠂ ᠵᠡᠭᠦᠨ ᠬᠣᠶᠢᠳᠤ ᠲᠠᠯ᠎ᠠ ᠪᠠᠷ ᠢᠶᠠᠨ ᠺᠢᠷᠭᠢᠽᠰᠲ᠋ᠠᠨᠬᠠᠰᠠᠭᠰᠲ᠋ᠠᠨᠠᠹᠬᠠᠨᠨᠢᠰᠲ᠋ᠠᠨᠡᠨᠡᠳᠬᠡᠭ ᠪᠠ ᠫᠠᠺᠢᠰᠲ᠋ᠠᠨ ᠤ ᠬᠢᠨᠠᠯᠲᠠ ᠶᠢᠨ ᠵᠠᠮᠮᠤ-ᠺᠠᠰᠮᠢᠷᠯᠳᠠᠺᠬ ᠮᠤᠵᠢ᠂ ᠣᠷᠣᠰ ᠬᠣᠯᠪᠣᠭᠠᠨ ᠤ ᠤᠯᠤᠰᠮᠣᠩᠭᠣᠯ ᠤᠯᠤᠰ ᠲᠠᠢ᠂ ᠳᠣᠲᠣᠭᠠᠳᠤ ᠳᠤ ᠪᠠᠨ ᠲᠥᠪᠡᠳ ᠦᠨ ᠨᠤᠲᠤᠭ᠂ ᠭᠠᠨᠰᠤᠬᠥᠬᠡᠨᠠᠭᠤᠷ ᠮᠤᠵᠢ ᠲᠠᠢ ᠬᠢᠯᠢᠯᠡᠨ᠎ᠡ᠃ᠰᠢᠨᠵᠢᠶᠠᠩ ᠦᠨ ᠵᠠᠰᠠᠭ ᠵᠠᠬᠢᠷᠭᠠᠨ ᠤ ᠲᠥᠪ ᠬᠣᠲᠠ ᠨᠢ ᠥᠷᠦᠮᠴᠢ ᠶᠤᠮ᠃ ᠥᠷᠦᠮᠴᠢ ᠭᠡᠳᠡᠭ ᠨᠢ ᠲᠩᠷᠢ ᠠᠭᠤᠯᠠ ᠍ ᠤᠨ ᠮᠥᠩᠬᠡ ᠴᠠᠰᠤᠲᠤ ᠠᠭᠤᠯᠠᠨ ᠠᠴᠠ ᠡᠬᠢ ᠠᠪᠤᠨ ᠤᠷᠤᠰᠳᠠᠭ ᠭᠣᠣᠯ ᠤᠨ ᠮᠣᠩᠭᠣᠯ ᠨᠡᠷ᠎ᠡ ᠶᠤᠮ᠃ ᠬᠢᠲᠠᠳ ᠶᠢᠡᠷ ᠦ᠋ ᠯᠤ ᠍ ᠮᠤ ᠴᠢ(乌鲁木齐) ᠭᠡᠵᠤ᠂ ᠭᠠᠯᠢᠭ ᠦᠰᠦᠭ ᠢᠶᠡᠷ 《Urumqi》 ᠭᠡᠵᠦ ᠭᠠᠯᠢᠭᠯᠠᠬᠤ ᠪᠣᠯᠵᠠᠢ᠃

ᠥᠷᠦᠮᠴᠢ ᠭᠡᠳᠡᠭ ᠦᠭᠡ ᠶᠢ ᠣᠶᠢᠷᠠᠳ ᠢᠶᠠᠷ "ᠦᠵᠡᠰᠬᠦᠯᠡᠩ ᠲᠡᠢ ᠪᠡᠯᠴᠢᠭᠡᠷ" ᠭᠡᠰᠡᠨ ᠤᠳᠬ᠎ᠠ ᠲᠠᠢ ᠭᠡᠵᠦ ᠲᠠᠶᠢᠯᠪᠤᠷᠢᠯᠠᠳᠠᠭ᠃ ᠥᠷᠦᠮᠴᠢ ᠬᠣᠲᠠ ᠨᠢ ᠰᠢᠨᠵᠢᠶᠠᠩ ᠤᠨ ᠲᠦᠪ ᠲᠡᠳᠦᠢ ᠦᠭᠡᠢ᠂ ᠨᠡᠶᠢᠲᠡ ᠰᠢᠨᠵᠢᠶᠠᠩ ᠤᠨ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ᠂ ᠮᠡᠳᠡᠭᠡᠯᠡᠯ᠂ ᠲᠧᠭᠨᠣᠯᠣᠭᠢ ᠶᠢᠨ ᠲᠥᠪ ᠶᠤᠮ᠃ ᠡᠨᠡ ᠬᠣᠲᠠ ᠨᠢ ᠰᠢᠨᠵᠢᠶᠠᠩ ᠤᠨ ᠵᠠᠮ ᠬᠠᠷᠢᠯᠴᠠᠭᠠᠨ ᠤ ᠭᠣᠣᠯ ᠵᠠᠩᠭᠢᠯᠠᠭ᠎ᠠ ᠬᠣᠲᠠ ᠪᠥᠭᠡᠳ ᠮᠥᠨ ᠧᠦ᠋ᠷᠣᠫᠡ ᠠᠽᠢᠶ ᠠ ᠶᠢᠨ ᠡᠬᠡ ᠭᠠᠵᠠᠷ ᠤᠨ ᠬᠦᠭᠦᠷᠭᠡ ᠪᠣᠯᠵᠤ᠂ ᠳᠤᠮᠳᠠᠳᠤ ᠤᠯᠤᠰ ᠤᠨ ᠪᠠᠷᠠᠭᠤᠨ ᠲᠠᠯ᠎ᠠ ᠶᠢ ᠭᠠᠳᠠᠭᠠᠳᠤ ᠳᠤ ᠨᠡᠭᠡᠭᠡᠬᠦ ᠡᠭᠦᠳᠡ ᠶᠤᠮ᠃ ᠥᠷᠦᠮᠴᠢ ᠬᠣᠲᠠ ᠨᠢ ᠧᠦ᠋ᠷᠣᠫᠡ ᠠᠽᠢᠶ ᠠ ᠍ ᠶᠢᠨ ᠡᠬᠡ ᠭᠠᠵᠠᠷ ᠤᠨ ᠬᠡᠪᠡᠯᠢ ᠳᠤ ᠤᠷᠤᠰᠢᠬᠤ ᠲᠩᠷᠢ ᠠᠭᠤᠯᠠ ᠶᠢᠨ ᠬᠣᠶᠢᠳᠤ ᠪᠡᠯ᠂ ᠵᠦᠩ᠋ᠭᠠᠷ ᠤᠨ ᠬᠣᠲᠣᠭᠣᠷ ᠤᠨ ᠡᠮᠦᠨᠡᠲᠦ ᠵᠠᠬ᠎ᠠ ᠳᠤ ᠣᠷᠣᠰᠢᠳᠠᠭ᠃ ᠳᠠᠯᠠᠢ ᠢᠢᠨ ᠲᠦᠪᠰᠢᠨ ᠡᠴᠡ ᠳᠡᠭᠡᠭ᠍ᠰᠢ 680-920 ᠮᠧᠲ᠋ᠷ᠂ ᠡᠬᠡ ᠭᠠᠵᠠᠷ ᠤᠨ ᠳᠤᠮᠳᠠᠴᠢ ᠳᠤᠯᠠᠭᠠᠨ᠂ ᠬᠠᠭᠠᠰ ᠬᠠᠭᠤᠷᠠᠢ ᠠᠭᠤᠷ ᠠᠮᠢᠰᠬᠤᠯ ᠲᠠᠢ᠂ ᠵᠢᠯ ᠦᠨ ᠳᠤᠮᠳᠠᠴᠢ ᠳᠤᠯᠠᠭᠠᠨ ᠤ ᠬᠡᠮ 7.3 ᠭᠷᠡᠳᠦ᠋ᠰ᠂ ᠤᠨᠠᠬᠤ ᠬᠤᠷ᠎ᠠ ᠲᠤᠨᠤᠳᠠᠰᠤᠨ ᠤ ᠵᠢᠯ ᠦᠨ ᠳᠤᠮᠳᠠᠴᠢ ᠨᠢ 236 ᠮᠢᠯᠢᠮᠧᠲ᠋ᠷ᠂ ᠵᠢᠯ ᠦᠨ ᠳᠤᠮᠳᠠᠴᠢ ᠨᠠᠷᠠ ᠲᠠᠢ ᠡᠳᠦᠷ ᠨᠢ 2775 ᠴᠠᠭ᠂ ᠰᠢᠭᠦᠳᠡᠷᠢ ᠪᠠᠭᠤᠬᠤ ᠦᠭᠡᠢ ᠬᠣᠨᠣᠭ ᠤᠨ ᠲᠣᠭ᠎ᠠ ᠵᠢᠯ ᠳᠤ ᠳᠤᠮᠳᠠᠴᠢ ᠪᠠᠷ 105-168 ᠬᠣᠨᠣᠭ᠂ ᠬᠠᠪᠤᠷ᠂ ᠨᠠᠮᠤᠷ ᠤᠨ ᠤᠯᠠᠷᠢᠯ ᠬᠠᠷᠢᠴᠠᠩ᠋ᠭᠤᠢ ᠪᠣᠭᠣᠨᠢ᠂ ᠡᠪᠦᠯ ᠵᠤᠨ ᠤ ᠤᠯᠠᠷᠢᠯ ᠬᠠᠷᠢᠴᠠᠩᠭ᠋ᠤᠢ ᠤᠷᠲᠤ᠂ ᠳᠡᠯᠡᠬᠡᠢ ᠳᠡᠭᠡᠷᠡᠬᠢ ᠳᠠᠯᠠᠢ ᠠᠴᠠ ᠬᠠᠮᠤᠭ ᠤᠨ ᠶᠡᠬᠡ ᠠᠯᠤᠰᠯᠠᠭᠳᠠᠭᠰᠠᠨ ᠬᠣᠲᠠ ᠠᠵᠡᠢ᠃ ᠲᠤᠰ ᠬᠣᠲᠠ ᠣᠳᠣ ᠪᠠᠷ 7 ᠳᠡᠭᠦᠷᠭᠡ᠂1 ᠰᠤᠮᠤ ᠲᠠᠢ᠃ ᠲᠢᠶᠠᠨᠱᠠᠨ (ᠲᠩᠷᠢ ᠠᠭᠤᠯᠠ)᠂ ᠱᠠᠪᠢᠺ᠂ ᠰᠢᠨᠡᠰᠢ /ᠰᠢᠨ᠎ᠡ ᠬᠣᠲᠠ/᠂ ᠱᠤᠶᠢᠮᠠᠭᠦ᠂ ᠲᠠᠳᠤᠩᠬᠡ᠂ ᠳᠤᠩᠰᠢᠨᠢ᠂ ᠨᠠᠨᠱᠠᠨᠺᠦ᠋ᠠᠨ᠃ ᠰᠤᠮᠤ ᠶᠢᠨ ᠨᠡᠷ᠎ᠡ ᠨᠢ ᠥᠷᠦᠮᠴᠢ᠃ ᠮᠥᠨ ᠤᠯᠤᠰ ᠤᠨ ᠵᠡᠷᠭᠡᠯᠡᠯ ᠦᠨ 2 ᠨᠡᠭᠡᠭᠡᠯᠲᠡ ᠲᠡᠢ ᠪᠦᠰᠡ ᠪᠠᠶᠢᠳᠠᠭ᠃

ᠡᠷᠴᠢᠰ ᠮᠥᠷᠡᠨ ᠦ ᠴᠢᠳᠬᠤᠯᠠᠩ
ᠰᠠᠨᠰᠠᠷ ᠠᠴᠠ ᠠᠪᠤᠭᠰᠠᠨ ᠵᠢᠷᠤᠭ

ᠲᠣᠮᠣᠬᠠᠨ ᠭᠣᠣᠯ ᠤᠳ — ᠲᠠᠷᠢᠮ᠎ᠢᠯᠢ ᠭᠣᠣᠯᠡᠷᠴᠢᠰ ᠮᠥᠷᠡᠨ (ᠡᠬᠢᠨ ᠬᠡᠰᠡᠭ ᠢ ᠨᠢ ᠪᠤᠶᠤ ᠮᠣᠩᠭᠣᠯ ᠠᠴᠠ ᠡᠬᠢ ᠠᠪᠴᠤ ᠪᠦᠭᠦᠳᠡ ᠨᠠᠶᠢᠷᠠᠮᠳᠠᠲᠤ ᠳᠤᠮᠳᠠᠳᠤ ᠠᠷᠠᠳ ᠤᠯᠤᠰ ᠢᠶᠠᠷ ᠳᠠᠭᠠᠷᠢᠨ ᠤᠷᠤᠰᠴᠤ ᠬᠠᠰᠠᠭᠰᠲ᠋ᠠᠨ ᠳᠠᠬᠢ ᠵᠠᠶᠢᠰᠠᠩ ᠨᠠᠭᠤᠷ ᠲᠤ ᠴᠢᠳᠬᠤᠳᠠᠭ ᠬᠡᠰᠡᠭ ᠢ ᠨᠢ ᠬᠠᠷ᠎ᠠ ᠡᠷᠴᠢᠰ ᠭᠡᠵᠦ ᠨᠡᠷᠡᠯᠡᠳᠡᠭ)᠃ ᠲᠣᠮᠣᠬᠠᠨ ᠨᠠᠭᠤᠷ — ᠯᠣᠪ ᠨᠠᠭᠤᠷᠪᠠᠭᠠᠷᠱᠺᠥᠯᠡᠪᠢ ᠨᠠᠭᠤᠷ

ᠭᠠᠷᠴᠠᠭ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠷᠢᠮ ᠤᠨ ᠰᠠᠪᠠ ᠭᠠᠵᠠᠷ ᠮᠠᠨ ᠤ ᠡᠷᠡᠨ ᠦ ᠡᠮᠦᠨ᠎ᠡ 3 ᠍ ᠳᠦᠭᠠᠷ ᠵᠠᠭᠤᠨ
ᠪᠤᠳ᠋ᠳ᠋ᠾᠠ ᠶᠢᠨ ᠱᠠᠰᠢᠨ ᠳᠤ ᠰᠣᠭᠳᠠ-ᠫᠧᠷᠰ ᠯᠠᠮᠠ ᠨᠠᠷ ᠪᠠ ᠰᠦᠰᠦᠭᠲᠡᠨ ᠨᠦᠭᠦᠳ ᠵᠡᠭᠦᠨ ᠲᠠᠷᠢᠮ ᠤᠨ ᠬᠣᠲᠣᠭᠣᠷ 8 ᠍ ᠳᠦᠭᠠᠷ ᠵᠠᠭᠤᠨ

ᠲᠥᠪ ᠠᠽᠢᠶ᠎ᠠ ᠶᠢᠨ ᠰᠤᠶᠤᠯ ᠤᠯᠠᠮᠵᠢᠯᠠᠯ᠂ ᠦᠨᠳᠦᠰᠦᠲᠡᠨ ᠨᠦᠭᠦᠳ ᠦᠨ ᠲᠡᠦᠬᠡᠨ ᠳᠤ ᠭᠦᠨᠵᠡᠭᠡᠢ ᠮᠥᠷ ᠦᠯᠡᠳᠡᠭᠡᠭ᠍ᠰᠡᠨ 4000 ᠵᠢᠯ ᠦᠨ ᠲᠡᠦᠬᠡ ᠲᠡᠢ ᠡᠷᠲᠡᠨ ᠦ ᠮᠠᠰᠢ ᠭᠠᠶᠢᠬᠠᠮᠰᠢᠭᠲᠤ ᠰᠤᠶᠤᠯ ᠢᠷᠭᠡᠨᠰᠢᠯ ᠲᠡᠢ ᠡᠨᠡ ᠳ᠋ᠡᠬᠢ ᠠᠷᠠᠳ ᠲᠦᠮᠡᠨ ᠦ ᠡᠷᠳᠡᠨ (ᠠᠷᠬᠧᠣᠯᠣᠭᠢ) ᠤ ᠳᠤᠷᠠᠰᠬᠠᠯ ᠤᠳ ᠪᠧᠷᠯᠢᠨᠯᠣᠨᠳᠣᠨᠫᠠᠷᠢᠰᠲᠣᠤᠺᠢᠣ᠋ᠰᠠᠨᠺᠲ ᠫᠧᠲ᠋ᠧᠷᠪᠦ᠋ᠷᠡᠭᠰᠢᠨ᠌ ᠡ ᠳ᠋ᠧᠯᠢ ᠵᠡᠷᠭᠡ ᠬᠣᠲᠠ ᠨᠤᠭᠤᠳ ᠤᠨ ᠮᠦᠽᠧᠢ ᠳᠤ ᠬᠠᠳᠠᠭᠠᠯᠠᠭᠳᠠᠵᠤ ᠪᠠᠶᠢᠨ᠎ᠠ᠃ 19 ᠍ ᠳᠦᠭᠠᠷ ᠵᠠᠭᠤᠨ ᠤ ᠰᠡᠭᠦᠯ 20 ᠍ ᠳᠦᠭᠠᠷ ᠵᠠᠭᠤᠨ ᠤ ᠡᠬᠢ ᠪᠡᠷ ᠰᠢᠨᠵᠢᠯᠡᠭᠡᠨ ᠦ ᠠᠶᠠᠯᠠᠯ ᠰᠢᠨᠵᠢᠶᠠᠩ ᠤᠨ ᠲᠣᠷᠭᠠᠨ ᠵᠠᠮ ᠤᠨ ᠪᠥᠰᠡ ᠨᠤᠲᠤᠭ ᠲᠤ ᠡᠷᠲᠡᠨ ᠤ ᠦᠶ ᠡ ᠶᠢᠨ ᠰᠤᠳᠤᠯᠭ᠎ᠠ ᠶᠠᠪᠤᠭᠤᠯᠵᠤ᠂ ᠧᠦ᠋ᠷᠣᠫᠠ᠂ ᠠᠮᠧᠷᠢᠺᠠ᠂ ᠶᠠᠫᠣᠨ ᠤ ᠰᠤᠳᠤᠯᠤᠭᠠᠴᠢᠳ ᠤᠨ ᠭᠠᠶᠢᠬᠠᠰᠢ ᠱᠠᠭᠰᠢᠷᠠᠯ ᠢ ᠲᠥᠷᠦᠭᠦᠯᠦᠭᠰᠡᠨ ᠠᠭᠤᠢ ᠶᠢᠨ ᠰᠦᠮ᠎ᠡ ᠬᠡᠶᠢᠳ ᠦᠳ᠂ ᠰᠦᠮ᠎ᠡ ᠶᠢᠨ ᠦᠯᠡᠳᠡᠭᠳᠡᠯ᠂ ᠬᠠᠨ᠎ᠠ ᠶᠢᠨ ᠴᠢᠮᠡᠭ ᠵᠢᠷᠤᠭ᠂ ᠨᠣᠮ ᠪᠢᠴᠢᠭ ᠤᠨ ᠳᠤᠷᠠᠰᠬᠠᠯ ᠣᠯᠵᠤ ᠣᠯᠠᠨ ᠤ ᠬᠦᠷᠲᠡᠭᠡᠯ ᠪᠣᠯᠭᠠᠵᠠᠢ᠃ ᠡᠳᠡᠭᠡᠷ ᠣᠯᠳᠠᠪᠤᠷᠢ ᠪᠣᠯᠤᠨ ᠭᠠᠷ ᠤᠷᠠᠯᠠᠯ ᠤᠨ ᠵᠦᠢᠯᠡᠰ᠂ ᠪᠢᠴᠢᠭ ᠪᠠᠷᠢᠮᠲᠠ ᠨᠢ ᠡᠨᠡ ᠪᠥᠰᠡ ᠨᠤᠲᠤᠭ ᠲᠤ ᠮᠠᠰᠢ ᠥᠨᠳᠥᠷ ᠰᠤᠶᠤᠯ ᠢᠷᠭᠡᠨᠰᠢᠯ ᠪᠠᠶᠢᠭᠰᠠᠨ ᠢ ᠢᠯᠡᠳᠬᠡᠵᠦ ᠪᠠᠶᠢᠭ᠎ᠠ ᠶᠤᠮ᠃ ᠡᠨᠳᠡ ᠡᠷᠳᠡᠨ ᠤ ᠰᠤᠳᠤᠯᠭ᠎ᠠ ᠪᠠᠷ 77 ᠠᠭᠤᠢ ᠶᠢᠨ ᠰᠦᠮ᠎ᠡ ᠬᠡᠶᠢᠳ ᠢ ᠢᠯᠡᠷᠡᠭᠦᠯᠦᠭᠰᠡᠨ ᠪᠠ ᠲᠡᠳᠡᠭᠡᠷ ᠨᠢ ᠶᠡᠬᠡᠩᠬᠢ ᠨᠢ ᠲᠡᠭᠰᠢ ᠥᠨᠴᠥᠭᠲᠦ ᠬᠡᠯᠪᠡᠷᠢ ᠲᠡᠢ ᠪᠥᠮᠪᠥᠭᠡᠷ ᠣᠷᠣᠢ ᠲᠠᠢ ᠶᠡᠬᠡᠪᠴᠢᠯᠡᠨ 4 ᠲᠠᠰᠤᠯᠭ᠎ᠠ ᠲᠠᠢ᠂ ᠲᠠᠰᠤᠯᠭ᠎ᠠ ᠪᠦᠷ ᠨᠢ ᠪᠤᠷᠬᠠᠨ ᠤ ᠬᠥᠷᠥᠭ ᠵᠢᠷᠤᠭ ᠦᠨ ᠴᠢᠮᠡᠭᠯᠡᠯ ᠲᠡᠢ ᠬᠠᠨ᠎ᠠ ᠲᠠᠢ᠂ ᠵᠠᠷᠢᠮ ᠬᠠᠨ᠎ᠠ ᠨᠢ ᠪᠤᠳ᠋ᠳ᠋ᠾᠠ ᠪᠣᠯᠤᠨ ᠲᠡᠭᠦᠨ ᠢ ᠬᠦᠷᠢᠶᠡᠯᠡᠭᠰᠡᠨ ᠪᠠᠶᠢᠭᠠᠯᠢ᠂ ᠠᠮᠢᠲᠠᠨ᠂ ᠡᠳ᠋ ᠵᠦᠢᠯᠡᠰ ᠪᠣᠯᠤᠨ ᠡᠨᠡᠳᠬᠡᠭ᠂ ᠫᠧᠷᠰ᠂ ᠧᠦ᠋ᠷᠣᠫᠠ ᠠᠷᠠᠳ ᠤᠨ ᠵᠢᠷᠤᠭ ᠲᠠᠢ (ᠵᠢᠷᠤᠭ ᠤᠨ ᠵᠠᠷᠢᠮ ᠨᠢ ᠡᠩ ᠦᠨ᠂ ᠵᠠᠷᠢᠮ ᠨᠢ ᠦᠨᠡᠬᠡᠷ ᠰᠢᠲᠦᠭᠡᠨ ᠤᠷᠠᠯᠢᠭ ᠤᠨ ᠰᠣᠳᠣ ᠪᠦᠲᠦᠭᠡᠯ ᠦᠳ) ᠪᠠᠶᠢᠭᠰᠠᠨ ᠪᠠᠶᠢᠨ᠎ᠠ᠃ ᠡᠮᠨᠡᠯᠭᠡ ᠠᠨᠠᠭᠠᠬᠤ ᠤᠬᠠᠭᠠᠨ ᠥᠷᠭᠡᠨ ᠴᠠᠷ᠎ᠠ ᠬᠦᠷᠢᠶ᠎ᠡ ᠲᠡᠢ ᠰᠠᠶᠢᠨ ᠬᠥᠭ᠍ᠵᠢᠭᠰᠡᠨ ᠪᠠᠶᠢᠯ᠎ᠠ᠃ ᠰᠦᠩ ᠤᠯᠤᠰ ᠤᠨ ᠰᠤᠷᠪᠤᠯᠵᠢ ᠠᠴᠠ ᠦᠵᠡᠪᠡᠯ ᠬᠢᠲᠠᠳ ᠤᠨ ᠠᠨᠠᠭᠠᠬᠤ ᠤᠬᠠᠭᠠᠨ ᠠᠴᠠ ᠢᠯᠡᠭᠦᠦ ᠥᠨᠳᠥᠷ ᠬᠥᠭ᠍ᠵᠢᠭᠰᠡᠨ᠂ ᠲᠡᠳᠡᠨ ᠦ ᠮᠠᠰᠢ ᠣᠯᠠᠨ ᠲᠥᠷᠥᠯ ᠦᠨ ᠡᠮ᠂ ᠡᠮ ᠦᠨ ᠤᠷᠭᠤᠮᠠᠯ ᠢ ᠬᠢᠲᠠᠳ ᠤᠳ ᠮᠡᠳᠡᠳᠡᠭ ᠦᠭᠡᠢ ᠪᠠᠶᠢᠵᠠᠢ᠃

18 ᠍ ᠳᠦᠭᠠᠷ ᠵᠠᠭᠤᠨ ᠳᠤ ᠵᠦᠩ᠌ᠭᠠᠷ ᠤᠨᠠᠭᠰᠠᠨ ᠢᠶᠠᠷ ᠰᠢᠨᠵᠢᠶᠠᠩ ᠨᠢ ᠮᠠᠨᠵᠤ ᠶᠢᠨ ᠵᠠᠬᠢᠷᠭᠠᠨ ᠳᠤ ᠣᠷᠣᠭᠰᠠᠨ ᠶᠤᠮ᠃ 1989 ᠣᠨ ᠤ 5 ᠳ᠋ᠤᠭᠠᠷ ᠰᠠᠷ᠎ᠠ ᠶᠢᠨ 16 ᠍ ᠳᠤ ᠵᠥᠪᠯᠡᠯᠲᠦ ᠬᠣᠯᠪᠣᠭᠠᠲᠤ ᠤᠯᠤᠰ ᠤᠨ ᠶᠡᠷᠦᠩᠬᠡᠶᠢᠯᠡᠭᠴᠢ ᠮᠬᠤᠢᠯ ᠰᠧᠷᠠᠭᠸᠢᠴ ᠭᠣᠷᠪᠠᠴᠧᠸ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤ ᠠᠶᠢᠯᠴᠢᠯᠠᠬᠤ ᠳᠤ ᠳᠡᠩ ᠰᠣᠢᠫᠠᠨ ᠬᠠᠭᠠᠨᠲᠤ ᠣᠷᠣᠰ ᠤᠨ ᠦᠶᠡᠰ ᠡᠬᠢᠯᠡᠯ ᠲᠡᠢ 150 ᠲᠦᠮᠡᠨ ᠺᠦᠸᠠᠲ ᠳᠦᠷᠪᠡᠯᠵᠢᠨ ᠭᠠᠵᠠᠷ ᠨᠤᠲᠤᠭ ᠤᠨ ᠮᠠᠷᠭᠤᠭᠠᠨ ᠤ ᠠᠰᠠᠭᠤᠳᠠᠯ ᠪᠠᠶᠢᠭ᠎ᠠ ᠲᠠᠯ᠎ᠠ ᠪᠠᠷ ᠳᠤᠷᠠᠳᠤᠭᠰᠠᠨ ᠪᠥᠭᠡᠳ ᠣᠷᠣᠰ ᠤᠨ ᠬᠣᠯᠪᠣᠭᠠᠨ ᠤ ᠤᠯᠤᠰ ᠤᠨ ᠠᠮᠤᠷ ᠮᠥᠷᠡᠨ ᠦ ᠰᠠᠪᠠ᠂ ᠳᠠᠮᠠᠨᠢ ᠶᠢᠨ ᠬᠣᠶᠢᠭ᠂ ᠮᠥᠨ ᠬᠠᠮᠤᠭ ᠤᠨ ᠭᠣᠣᠯ ᠨᠢ ᠪᠠᠯᠬᠠᠰ ᠨᠠᠭᠤᠷ ᠤᠨ ᠳᠣᠷᠣᠨᠠᠲᠤ ᠡᠲᠡᠭᠡᠳ ᠦᠨ ᠲᠣᠮᠣᠬᠠᠨ ᠭᠠᠵᠠᠷ ᠨᠤᠲᠤᠭ ᠤᠨ ᠲᠠᠯ᠎ᠠ ᠪᠠᠷ ᠳᠤᠷᠠᠳᠤᠭᠰᠠᠨ ᠶᠤᠮ᠃ ᠡᠨᠡ ᠪᠣᠯ ᠴᠢᠩ ᠭᠦᠷᠦᠨ ᠦ ᠲᠡᠭᠦᠰᠬᠡᠯ ᠦᠶ᠎ᠡ ᠳᠤ ᠣᠷᠣᠰ ᠤᠳ ᠬᠦᠴᠤ ᠪᠡᠷ ᠪᠤᠯᠢᠶᠠᠭᠰᠠᠨ ᠨᠤᠲᠤᠭ ᠭᠡᠵᠦ ᠦᠵᠡᠳᠡᠭ ᠠᠵᠠᠢ᠃ ᠥᠨᠥᠳᠥᠷ ᠡᠨᠡ ᠨᠤᠲᠤᠭ ᠬᠠᠰᠠᠭᠰᠲ᠋ᠠᠨ ᠤ ᠨᠤᠲᠤᠭ ᠪᠣᠯᠵᠠᠢ᠃

ᠬᠠᠰᠠᠭᠰᠲ᠋ᠠᠨ᠂ ᠺᠢᠷᠭᠢᠰ᠂ ᠲᠠᠵᠢᠺᠢᠰᠲ᠋ᠠᠨ ᠲᠤᠰᠠᠭᠠᠷ ᠲᠣᠭᠲᠠᠨᠢᠭᠰᠠᠨ ᠨᠢ ᠪᠦᠭᠦᠲᠡ ᠨᠠᠶᠢᠷᠠᠮᠳᠠᠲᠤ ᠳᠤᠮᠳᠠᠳᠤ ᠠᠷᠠᠳ ᠤᠯᠤᠰ ᠢ ᠪᠣᠯᠭᠣᠮᠵᠢᠯᠠᠬᠤ ᠳᠤ ᠬᠦᠷᠭᠡᠵᠦ ᠪᠠᠶᠢᠭᠰᠠᠨ ᠶᠤᠮ᠃ ᠡᠭᠦᠨ ᠦ ᠤᠯᠠᠮ ᠠᠴᠠ 1990 ᠍ ᠊ᠭᠡᠳ ᠣᠨ ᠤ ᠳᠤᠮᠳᠠᠴᠢ ᠠᠴᠠ ᠲᠠᠩ ᠤᠯᠤᠰ ᠍ ᠤᠨ (МЭ 618–МЭ 907) ᠲᠡᠦᠬᠡ ᠶᠢᠨ ᠰᠤᠳᠤᠯᠭ᠎ᠠ ᠶᠡᠬᠡᠳᠡ ᠡᠷᠴᠢᠮᠵᠢᠵᠠᠤ᠃ ᠡᠶᠢᠮᠦ ᠰᠢᠯᠲᠠᠭᠠᠨ ᠢᠶᠠᠷ 《ᠲᠠᠩᠰᠤᠭ ᠯᠠᠮᠠ ᠶᠢᠨ ᠪᠠᠷᠠᠭᠤᠨᠰᠢ ᠵᠣᠷᠴᠢᠭᠰᠠᠨ ᠲᠡᠮᠳᠡᠭᠯᠡᠯ》 ᠬᠡᠮᠡᠬᠦ ᠦᠯᠢᠭᠡᠷ ᠶᠡᠬᠡᠳᠡ ᠠᠯᠳᠠᠷᠰᠢᠵᠠᠢ᠃ ᠲᠠᠩᠰᠤᠭ ᠯᠠᠮᠠ ᠶᠠᠭᠠᠬᠢᠭᠠᠳ ᠪᠠᠷᠠᠭᠤᠨ ᠡᠲᠡᠭᠡᠳ ᠡᠴᠡ ᠪᠤᠳ᠋ᠳ᠋ᠾᠠ ᠶᠢᠨ ᠱᠠᠰᠢᠨ ᠵᠠᠯᠠᠵᠤ ᠢᠷᠡᠪᠡ ᠭᠡᠵᠦ ᠭᠠᠶᠢᠬᠠᠳᠠᠭ᠂ ᠭᠡᠪᠡᠴᠦ ᠪᠠᠷᠠᠭᠤᠨ ᠡᠲᠡᠭᠡᠳ ᠲᠤ ᠪᠤᠳ᠋ᠳ᠋ᠾᠠᠶᠢᠰᠮ ᠬᠦᠴᠦᠷᠬᠡᠭ ᠪᠠᠶᠢᠭᠰᠠᠨ ᠤ ᠪᠠᠲᠤᠯᠠᠭ᠎ᠠ ᠨᠢ ᠬᠡᠳᠦᠬᠡᠨ ᠵᠢᠯ ᠦᠨ ᠡᠮᠦᠨ᠎ᠡ ᠲᠠᠯᠢᠪ ᠦᠳ ᠤᠨ ᠳᠡᠯᠪᠡᠯᠵᠦ ᠣᠷᠬᠢᠭᠰᠠᠨ ᠠᠹᠬᠠᠨᠨᠢᠰᠲᠠᠨ ᠦ ᠪᠠᠮᠢᠨ ᠳᠠᠬᠢ ᠪᠤᠷᠬᠠᠨ ᠪᠠᠭᠰᠢ ᠢᠢᠨ ᠬᠥᠰᠢᠶ᠎ᠡ ᠶᠤᠮ᠃ ᠴᠤᠬᠤᠮ ᠳᠤ ᠪᠠᠨ ᠰᠠᠶ᠋ᠢᠬᠠᠨ ᠲᠠᠩ ᠭᠦᠷᠦᠨ ᠦ ᠦᠶ᠎ᠡ ᠳᠤ ᠯᠠ ᠢᠰᠯᠠᠮ ᠤᠨ ᠱᠠᠰᠢᠨ ᠲᠥᠪ ᠠᠽᠢᠶ᠎ᠠ ᠳᠤ ᠨᠡᠪᠲᠡᠷᠡᠭᠰᠡᠨ ᠶᠤᠮ᠃ ᠲᠠᠩ ᠭᠦᠷᠦᠨ ᠨᠢ ᠲᠦᠷᠦᠭ ᠬᠠᠭᠠᠨᠲᠤ ᠤᠯᠤᠰ ᠳᠤ ᠴᠣᠬᠢᠯᠲᠠ ᠥᠭᠴᠦ ᠴᠠᠭᠠᠨ ᠬᠡᠷᠡᠮ ᠡᠴᠡ ᠣᠳᠣ ᠶᠢᠨ ᠰᠢᠨᠵᠢᠶᠠᠩ ᠢᠶᠠᠷ ᠳᠠᠭᠠᠷᠢᠵᠤ ᠬᠠᠰᠠᠭᠰᠲ᠋ᠠᠨ ᠤ ᠬᠠᠭᠤᠴᠢᠨ ᠨᠡᠶᠢᠰᠯᠡᠯ ᠠᠯᠮᠠ-ᠠᠲ᠋ᠠ ᠢᠢᠨ ᠣᠶᠢᠷᠠᠯᠴᠠᠭᠠᠬᠢ ᠲᠠᠯᠠᠰ ᠤᠨ ᠬᠥᠨᠳᠡᠢ ᠬᠦᠷᠲᠡᠯ᠎ᠡ ᠲᠦᠷᠦᠭ ᠠᠶᠢᠮᠠᠭ ᠤᠳ ᠢ ᠰᠢᠬᠠᠭᠰᠠᠨ ᠪᠠᠶᠢᠨ᠎ᠠ᠃ ᠲᠠᠯᠠᠰ ᠤᠨ ᠬᠥᠨᠳᠡᠢ ᠪᠣᠯ ᠳᠤᠮᠳᠠᠳᠤ ᠤᠯᠤᠰ ᠪᠠ ᠠᠷᠠᠪ ᠤᠨ ᠬᠠᠯᠢᠹᠲ ᠤᠯᠤᠰ ᠍ ᠤᠨ ᠬᠢᠯᠢ ᠬᠢᠵᠠᠭᠠᠷ ᠢ ᠲᠣᠭᠲᠠᠭᠠᠬᠤ ᠬᠣᠶᠠᠷ ᠶᠡᠬᠡ ᠲᠤᠯᠤᠯᠳᠤᠭᠠᠨ ᠪᠣᠯᠤᠭᠰᠠᠨ ᠭᠠᠵᠠᠷ ᠶᠤᠮ᠃

ᠡᠷᠲᠡ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠳᠡᠭᠡᠷ᠎ᠡ ᠴᠠᠭ ᠲᠤ ᠡᠨᠡ ᠨᠤᠲᠤᠭ ᠢᠶᠠᠷ ᠶᠡᠬᠡ ᠲᠣᠷᠭᠠᠨ ᠵᠠᠮ ᠤᠨ ᠴᠢᠭᠯᠡᠯ ᠳᠠᠭᠠᠷᠢᠨ ᠥᠩᠭᠡᠷᠡᠳᠡᠭ ᠪᠠᠶᠢᠯ᠎ᠠ᠃ 1970 ᠍ ᠊ᠭᠠᠳ ᠣᠨ ᠤ ᠰᠡᠭᠦᠯᠴᠢ ᠪᠡᠷ ᠳᠤᠮᠳᠠᠳᠤ ᠤᠯᠤᠰ ᠤᠨ ᠲᠡᠦᠬᠡ ᠰᠤᠳᠤᠯᠤᠭᠴᠢᠳ ᠳᠡᠯᠡᠬᠡᠢ ᠳ᠋ᠠᠬᠢᠨ ᠳᠤ 《ᠲᠦᠷᠹᠠᠨ ᠤ ᠰᠤᠶᠤᠯ》 ᠭᠡᠵᠦ ᠠᠯᠳᠠᠷᠰᠢᠭᠰᠠᠨ ᠰᠤᠶᠤᠯ ᠤᠨ ᠠᠰᠤᠷᠤ ᠦᠨᠡᠲᠦ ᠣᠯᠳᠠᠪᠤᠷᠢ᠂ ᠬᠡᠳᠦᠨ ᠵᠠᠭᠤᠨ ᠤ ᠲᠤᠷᠰᠢ ᠬᠤᠷᠢᠶᠠᠵᠤ ᠬᠤᠷᠠᠮᠲᠤᠭᠤᠯᠤᠭᠰᠠᠨ ᠨᠣᠮ ᠤᠨ ᠰᠠᠩ ᠢ ᠲᠠᠷᠢᠮ ᠤᠨ ᠰᠠᠪᠠ ᠠᠴᠠ ᠨᠡᠭᠡᠭᠡᠭ᠍ᠰᠡᠨ ᠪᠢᠯᠡ᠃ ᠳᠤᠮᠳᠠᠳᠤ ᠤᠯᠤᠰ ᠤᠨ ᠪᠠᠷᠠᠭᠤᠨ ᠡᠲᠡᠭᠡᠳ ᠦᠨ ᠵᠠᠬ᠎ᠠ ᠶᠢᠨ ᠪᠣᠭᠣᠮᠲᠠ ᠯᠠᠨᠵᠸᠤ ᠠᠴᠠ ᠭᠠᠷᠤᠭᠠᠳ ᠡᠮᠦᠨᠡᠬᠢ ᠵᠠᠮ ᠨᠢ ᠤᠶᠢᠭᠤᠷ ᠤᠨ ᠬᠣᠲᠤᠩᠢᠷᠺᠧᠨᠳ ᠢᠶᠠᠷ ᠳᠠᠭᠠᠷᠢᠵᠤ ᠲᠩᠷᠢ ᠠᠭᠤᠯᠠ ᠶᠢᠨ ᠳᠠᠪᠠᠭ᠎ᠠ ᠪᠠᠷ ᠳᠠᠮᠵᠢᠵᠤ ᠥᠷᠥᠨ᠎ᠡ ᠵᠦᠭ ᠲᠤ ᠯᠠᠯᠤ ᠶᠢᠨ ᠬᠤᠳᠠᠯᠳᠤᠭᠠᠨ ᠤ ᠬᠣᠲᠠ ᠨᠤᠭᠤᠳ ᠲᠤ ᠬᠦᠷᠳᠡᠭ᠃ ᠬᠣᠶᠢᠳᠤ ᠵᠠᠮ ᠨᠢ ᠯᠠᠨᠵᠸᠦ ᠠᠴᠠ ᠬᠣᠶᠢᠳᠤ ᠵᠦᠭ ᠲᠤ ᠡᠷᠭᠢᠵᠦ ᠺᠦᠨᠯᠦ᠋ᠨ ᠦ ᠬᠣᠶᠢᠳᠤ ᠰᠤᠭᠤ ᠪᠠᠷ ᠣᠷᠢᠶᠠᠵᠤ ᠲᠠᠷᠢᠮ ᠤᠨ ᠰᠠᠪᠠ ᠪᠠᠷ ᠳᠠᠭᠠᠷᠢᠵᠤ ᠭᠠᠷᠳᠠᠭ ᠶᠤᠮ᠃ ᠰᠢᠨᠵᠢᠶᠠᠩ ᠤᠨ ᠬᠣᠶᠢᠳᠤ ᠬᠡᠰᠡᠭ ᠲᠤ ᠨᠢ ᠵᠦᠩ᠋ᠭᠠᠷ ᠤᠨ ᠲᠠᠯ᠎ᠠ᠂ ᠡᠮᠦᠨᠡᠲᠦ ᠬᠡᠰᠡᠭ ᠲᠤ ᠨᠢ ᠺᠠᠱᠭᠠᠷ ᠤᠨ ᠲᠠᠯ᠎ᠠ᠂ ᠲᠥᠪ ᠬᠡᠰᠡᠭ ᠲᠤ ᠨᠢ ᠲᠠᠺᠯᠠᠮᠠᠺᠠᠨ ᠡᠯᠡᠰᠦᠨ ᠴᠥᠯ ᠪᠤᠢ᠃ ᠡᠳᠡᠭᠡᠷ ᠲᠠᠯ᠎ᠠ ᠭᠠᠵᠠᠷ ᠢ 7000 ᠮᠧᠲ᠋ᠷ ᠦᠨ ᠥᠨᠳᠥᠷ ᠲᠩᠷᠢ ᠠᠭᠤᠯᠠ ᠵᠠᠭᠠᠭᠯᠠᠳᠠᠭ᠃ ᠢᠯᠢ᠂ ᠡᠷᠴᠢᠰ ᠮᠥᠷᠡᠨ ᠦ ᠰᠠᠪᠠ᠂ ᠲᠠᠷᠪᠠᠭᠠᠲᠠᠢ ᠢᠢᠨ ᠲᠠᠯ᠎ᠠ ᠨᠤᠲᠤᠭ ᠤᠨ ᠰᠠᠬᠤᠯᠢᠭ ᠡᠪᠡᠰᠦ  ᠪᠡᠯᠴᠢᠭᠡᠷ ᠪᠣᠯ ᠣᠶᠢᠷᠠᠳ᠂ ᠵᠦᠩ᠋ᠭᠠᠷ ᠤᠨ ᠬᠠᠭᠠᠨᠲᠤ ᠤᠯᠤᠰ ᠤᠨ ᠭᠣᠣᠯ ᠴᠥᠮ᠎ᠡ ᠪᠢᠯᠡ᠃

ᠲᠣᠬᠠᠷ ᠤᠨ ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠣᠬᠠᠷ

ᠾᠦᠩᠨᠦ ᠭᠦᠷᠦᠨ (ᠮᠠᠨ ᠤ ᠡᠷᠡᠨ ᠦ ᠡᠮᠦᠨ᠎ᠡ ᠭᠤᠷᠪᠠ -ᠮᠠᠨ ᠤ ᠡᠷᠡᠨ ᠦ ᠨᠢᠭᠡᠳᠦᠭᠡᠷ ᠵᠠᠭᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠾᠦᠩᠨᠦ ᠤᠯᠤᠰ

ᠰᠦᠮᠪᠦ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠦᠮᠪᠦ ᠤᠯᠤᠰ

ᠨᠢᠷᠤᠨ ᠤᠯᠤᠰ (330-555)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠨᠢᠷᠤᠨ ᠤᠯᠤᠰ

ᠬᠦᠩ ᠭᠦᠷᠦᠨ ᠵᠠᠳᠠᠷᠠᠭᠰᠠᠨ ᠤ ᠬᠣᠶᠢᠨ᠎ᠠ ᠬᠡᠰᠡᠭ ᠲᠤᠰᠠᠭᠠᠷ ᠣᠷᠣᠰᠢᠵᠤ ᠪᠠᠶᠢᠭᠰᠠᠨ ᠲᠡᠳᠡᠨ ᠢ ᠨᠢᠷᠤᠨ ᠤᠯᠤᠰ ᠡᠷᠬᠡᠰᠢᠶᠡᠯ ᠳᠦ ᠪᠡᠨ ᠣᠷᠣᠭᠤᠯᠵᠠᠢ᠃ ᠨᠢᠷᠤᠨ ᠤᠯᠤᠰ ᠤᠨ ᠬᠦᠴᠦ ᠳᠣᠷᠣᠶᠢᠲᠠᠭᠰᠠᠨ ᠦᠶ᠎ᠡ ᠳᠤ ᠲᠡᠯᠡ ᠠᠶᠢᠮᠠᠭ ᠤᠨ ᠬᠣᠯᠪᠣᠭ᠎ᠠ ᠮᠣᠩᠭᠣᠯ ᠤᠨ ᠲᠠᠯ᠎ᠠ ᠨᠤᠲᠤᠭ ᠲᠤ ᠨᠣᠶᠠᠷᠬᠠᠬᠤ ᠶᠢᠨ ᠲᠥᠯᠥᠭᠡ ᠬᠥᠬᠡ ᠲᠦᠷᠦᠭ ᠦᠨ ᠡᠰᠡᠷᠬᠦ ᠲᠡᠮᠡᠴᠡᠯᠳᠦᠨ 555 ᠣᠨ ᠳᠤ ᠬᠢᠭ᠍ᠰᠡᠨ ᠠᠮᠵᠢᠯᠲᠠ ᠦᠭᠡᠢ ᠲᠤᠯᠤᠯᠳᠤᠭᠠᠨ ᠳᠤ ᠳᠡᠶᠢᠯᠦᠭᠳᠡᠨ ᠵᠠᠬᠢᠷᠤᠭᠳᠠᠵᠠᠢ᠃

ᠡᠹᠲ᠋ᠠᠯᠢᠳ᠋ ᠪᠤᠶᠤ ᠴᠠᠭᠠᠨ ᠾᠦᠩᠨᠦ ᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠴᠠᠭᠠᠨ ᠾᠦᠩᠨᠦ

ᠪᠤᠰᠤᠳ ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠤᠯᠤᠰ ᠮᠠᠨ ᠤ ᠡᠷᠡᠨ ᠦ 555 ᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠦᠷᠦᠭ ᠤᠯᠤᠰ

ᠲᠦᠷᠦᠭ ᠦᠨ 2 ᠍ ᠳᠤᠭᠠᠷ ᠬᠠᠭᠠᠨᠲᠤ ᠤᠯᠤᠰ ᠰᠡᠷᠭᠦᠨ ᠮᠠᠨᠳᠤᠭᠰᠠᠨ ᠢᠶᠠᠷ ᠲᠠᠩ ᠭᠦᠷᠦᠨ ᠦ ᠪᠠᠷᠠᠭᠤᠨ ᠵᠢᠭᠦᠷ ᠢ ᠲᠠᠰᠤ ᠴᠣᠬᠢᠭᠰᠠᠨ ᠪᠢᠯᠡ᠃ ᠮᠠᠨ ᠤ ᠡᠷᠡᠨ ᠦ ᠬᠤᠶᠠᠳᠤᠭᠠᠷ ᠵᠠᠭᠤᠨ ᠳᠤ ᠤᠶᠢᠭᠤᠷ ᠤᠨ 9 ᠣᠪᠤᠭ ᠠᠶᠢᠮᠠᠭ ᠨᠢᠭᠡᠳᠴᠦ᠂ ᠲᠦᠷᠦᠭ ᠦᠨ ᠬᠣᠵᠢᠭᠤ ᠬᠠᠭᠠᠨᠲᠤ ᠤᠯᠤᠰ ᠢ ᠪᠠᠷᠠᠭᠤᠨ ᠵᠦᠭ ᠲᠤ ᠰᠢᠬᠠᠭᠠᠳ 745 ᠣᠨ ᠳᠤ ᠤᠶᠢᠭᠤᠷ ᠤᠨ ᠬᠠᠭᠠᠨᠲᠤ ᠤᠯᠤᠰ ᠍ ᠢ ᠪᠠᠶᠢᠭᠤᠯᠵᠠᠢ᠃ ᠮᠣᠩᠭᠣᠯ ᠤᠨ ᠲᠠᠯ᠎ᠠ ᠨᠤᠲᠤᠭ ᠳᠠᠬᠢ ᠪᠤᠰᠤᠳ ᠭᠦᠷᠦᠨ ᠨᠦᠭᠦᠳ ᠢ ᠪᠣᠳᠣᠪᠠᠯ ᠤᠶᠢᠭᠤᠷ ᠤᠳ ᠭᠠᠳᠠᠭᠰᠢ ᠪᠠᠨ ᠬᠠᠷᠢᠴᠠᠩᠭ᠋ᠤᠢ ᠪᠠᠭ᠎ᠠ ᠳᠠᠶᠢᠨ ᠲᠤᠯᠤᠭᠠᠨ ᠬᠢᠭ᠍ᠰᠡᠨ ᠪᠠ ᠬᠥᠭ᠍ᠵᠢᠩᠭᠦᠢ ᠰᠤᠶᠤᠯ ᠲᠠᠢ᠂ ᠣᠯᠠᠨ ᠬᠣᠲᠠ ᠰᠠᠭᠤᠷᠢᠨ ᠪᠠᠶᠢᠭᠤᠯᠤᠭᠰᠠᠨ ᠨᠡᠭᠦᠳᠡᠯᠴᠢᠨ ᠦᠨᠳᠦᠰᠦᠲᠡᠨ ᠪᠠᠶᠢᠭᠰᠠᠨ ᠶᠤᠮ᠃

ᠲᠠᠩ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠠᠩ ᠤᠯᠤᠰ
ᠲᠠᠩ ᠤᠯᠤᠰ ᠤᠨ ᠰᠢᠨᠵᠢᠶᠠᠩ ᠳᠠᠬᠢ ᠤᠯᠤᠰ ᠤᠳ ᠤᠨ ᠡᠰᠡᠷᠬᠦ ᠬᠢᠭ᠍ᠰᠡᠨ ᠳᠠᠶᠢᠨ

ᠤᠶᠢᠭᠤᠷ ᠤᠨ ᠬᠠᠭᠠᠨᠲᠤ ᠤᠯᠤᠰ ᠮᠠᠨ ᠤ ᠡᠷᠡᠨ ᠦ 740-840 ᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠷᠠᠬᠠᠨᠢᠳ᠋ ᠤᠨ ᠤᠯᠤᠰ᠂ ᠤᠶᠢᠭᠤᠷ ᠤᠳ ᠤᠨ ᠨᠡᠭᠦᠳᠡᠯ᠂ ᠲᠤᠬᠠᠷᠴᠤᠳ ᠲᠦᠷᠦᠭᠵᠢᠨ ᠠᠭᠤᠰᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠳᠠᠨ ᠤᠯᠤᠰ᠂ ᠬᠠᠷ᠎ᠠ ᠬᠢᠳᠠᠨ᠂ ᠨᠠᠢᠮᠠᠨ ᠤ ᠬᠠᠨᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠮᠣᠩᠭᠣᠯ ᠤᠯᠤᠰ᠂ ᠴᠠᠭᠠᠳᠠᠢ ᠶᠢᠨ ᠤᠯᠤᠰ᠂ ᠮᠣᠩᠭᠣᠯ ᠤᠯᠤᠰ᠂ ᠳᠥᠷᠪᠡᠨ ᠣᠶᠢᠷᠠᠳ (ᠠᠷᠪᠠᠨ ᠭᠤᠷᠪᠠ-ᠠᠷᠪᠠᠨ ᠳᠣᠯᠤᠳᠤᠭᠠᠷ ᠵᠠᠭᠤᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

1208 ᠣᠨ ᠳᠤ ᠮᠣᠩᠭᠤᠯᠴᠤᠳ ᠲᠤ ᠴᠣᠬᠢᠭᠤᠯᠤᠭᠰᠠᠨ ᠨᠠᠢᠮᠠᠨ ᠤ ᠦᠯᠡᠳᠡᠭᠳᠡᠯ ᠬᠦᠴᠦᠯᠦᠭ ᠬᠤᠩ ᠲᠠᠶᠢᠵᠢ ᠶᠢᠨ ᠬᠠᠮᠲᠤ ᠪᠠᠷ ᠬᠠᠷ᠎ᠠ ᠬᠢᠳᠠᠨ ᠳᠤ ᠣᠷᠣᠩᠨᠠᠨ ᠪᠠᠶᠢᠭᠠᠳ 1211 ᠣᠨ ᠳᠤ ᠬᠦᠴᠦᠯᠦᠭ ᠬᠢᠳᠠᠨ ᠤ ᠬᠠᠭᠠᠨ ᠢ ᠠᠯᠠᠵᠤ ᠤᠯᠤᠰ ᠢ ᠨᠢ ᠪᠤᠯᠢᠶᠠᠵᠤ᠂ ᠬᠠᠷ᠎ᠠ ᠬᠢᠳᠠᠨ ᠢ ᠤᠨᠠᠭᠠᠨ ᠠᠪᠴᠤ᠂ 1218 ᠣᠨ ᠳᠤ ᠮᠣᠩ᠋ᠭᠣᠯᠴᠤᠳ ᠬᠦᠴᠦᠯᠦᠭ ᠢ ᠨᠡᠬᠡᠨ ᠢᠷᠡᠵᠦ ᠤᠰᠠᠳᠬᠠᠭᠰᠠᠨ ᠢᠶᠠᠷ ᠬᠠᠷᠠᠬᠠᠨᠢᠳ᠋ ᠴᠢᠩᠭᠢᠰ ᠬᠠᠭᠠᠨ ᠤ ᠵᠠᠬᠢᠷᠭᠠᠨ ᠳᠤ ᠤᠷᠤᠪᠠ᠃ ᠤᠶᠢᠭᠤᠷ ᠤᠳ ᠤᠨ ᠪᠠᠶᠢᠭᠤᠯᠤᠭᠰᠠᠨ ᠡᠳᠡᠭᠡᠷ ᠤᠯᠤᠰ ᠤᠳ ᠤᠷᠢᠳᠤ ᠶᠢᠨ ᠤᠶᠢᠭᠤᠷ ᠤᠨ ᠢᠳᠡᠷᠬᠡᠭ ᠬᠦᠴᠦᠷᠬᠡᠭ ᠪᠠᠶᠢᠭᠰᠠᠨ ᠤ ᠬᠡᠮᠵᠢᠶᠡᠨ ᠳᠤ ᠬᠦᠷᠦᠭᠡ ᠦᠭᠡᠢ ᠪᠣᠯᠪᠠᠴᠤ ᠲᠥᠪ ᠠᠽᠢᠶ᠎ᠠ ᠶᠢᠨ ᠤᠷᠠᠯᠢᠭ᠂ ᠰᠢᠨᠵᠢᠯᠡᠬᠦ ᠤᠬᠠᠭᠠᠨ᠂ ᠬᠤᠳᠠᠯᠳᠤᠭ᠎ᠠ ᠠᠷᠠᠯᠵᠢᠶ᠎ᠠ ᠶᠢ ᠠᠮᠵᠢᠯᠲᠠ ᠲᠠᠢ ᠬᠥᠭ᠍ᠵᠢᠭᠦᠯᠵᠦ ᠲᠣᠳᠣ ᠮᠥᠷ ᠢᠶᠡᠨ ᠦᠯᠡᠳᠡᠭᠡᠭ᠍ᠰᠡᠨ ᠶᠤᠮ᠃ ᠴᠢᠩᠭᠢᠰ ᠬᠠᠭᠠᠨ ᠤ ᠦᠶᠡᠰ ᠮᠣᠩᠭᠣᠯᠴᠤᠳ ᠡᠨᠡ ᠨᠤᠲᠤᠭ ᠢ ᠪᠤᠰᠤᠳ ᠲᠤ ᠠᠯᠳᠠᠭ᠎ᠠ ᠦᠭᠡᠢ ᠶᠤᠮ᠃ ᠬᠤᠪᠢᠯᠠᠢ ᠲᠠᠢ ᠲᠡᠷᠰᠯᠡᠯᠳᠦᠭᠰᠡᠨ ᠥᠭᠡᠳᠡᠢ ᠶᠢᠨ ᠤᠭᠰᠠᠭᠠᠨ ᠤ ᠬᠠᠶᠢᠳᠤ᠂ ᠨᠠᠶᠠᠨ ᠨᠠᠷ ᠴᠤᠬᠤᠮ ᠡᠨᠡ ᠨᠤᠲᠤᠭ ᠲᠤ ᠲᠦᠰᠢᠭᠯᠡᠨ 70 ᠭᠠᠷᠤᠢ ᠵᠢᠯ ᠲᠤᠯᠤᠯᠳᠤᠭᠰᠠᠨ ᠶᠤᠮ᠃ ᠥᠭᠡᠲᠡᠢ ᠶᠢᠨ ᠤᠭᠰᠠᠭᠠᠨ ᠤ ᠬᠢᠨ ᠲᠣᠯᠤᠢ ᠶᠢᠨ ᠤᠭᠰᠠᠭᠠᠨ ᠤ ᠬᠢᠨ ᠲᠠᠢ ᠲᠡᠮᠡᠴᠡᠭᠰᠡᠨ 100 ᠭᠠᠷᠤᠢ ᠵᠢᠯ ᠳᠤ ᠡᠨᠡ ᠨᠤᠲᠤᠭ ᠲᠤ ᠣᠶᠢᠷᠠᠳ ᠬᠡᠮᠡᠬᠦ ᠬᠦᠴᠦᠷᠬᠡᠭ ᠮᠣᠩᠭᠣᠯ ᠠᠶᠢᠮᠠᠭ ᠤᠨ ᠬᠣᠯᠪᠣᠭ᠎ᠠ ᠪᠤᠢ ᠪᠣᠯᠵᠤ᠂ ᠶᠠᠪᠤᠭᠠᠨ ᠳᠠᠭᠠᠨ ᠦᠨᠳᠦᠰᠦᠲᠡᠨ ᠦ ᠰᠢᠨᠵᠢ ᠶᠢ ᠣᠯᠤᠭᠰᠠᠨ ᠶᠤᠮ᠃ ᠬᠣᠵᠢᠮ ᠣᠷᠣᠰ ᠤᠨ ᠲᠡᠦᠬᠡᠴᠢᠳ ᠦᠨ ᠳᠢᠭᠯᠡᠭᠰᠡᠨ ᠮᠣᠩᠭᠣᠯ ᠤᠨ ᠲᠡᠦᠬᠡ ᠶᠢ ᠤᠩᠰᠢᠬᠤ ᠳᠤ ᠣᠶᠢᠷᠠᠳ ᠤᠳ᠂ ᠮᠣᠩᠭᠣᠯᠴᠤᠳ ᠣᠭᠲᠣ ᠥᠭᠡᠷ᠎ᠡ ᠤᠯᠤᠰ ᠪᠣᠯᠤᠭᠠᠳ᠂ ᠬᠣᠭᠣᠷᠣᠨᠳᠣ ᠪᠠᠨ ᠳᠠᠶᠢᠲᠤᠵᠤ ᠪᠠᠶᠢᠭᠰᠠᠨ ᠮᠡᠲᠦ ᠰᠡᠳᠬᠢᠭ᠍ᠳᠡᠯ ᠲᠥᠷᠦᠭᠦᠯᠳᠡᠭ ᠴᠤ ᠦᠨᠡᠨ ᠳᠦ ᠪᠡᠨ ᠴᠢᠩᠭᠢᠰ ᠬᠠᠭᠠᠨ ᠤ ᠤᠭᠰᠠᠭᠠᠨ ᠤ ᠬᠢᠨ ᠤ ᠬᠠᠭᠠᠨ ᠰᠢᠷᠡᠭᠡᠨ ᠦ ᠲᠥᠯᠦᠭᠡ ᠬᠢᠭ᠍ᠰᠡᠨ ᠳᠣᠲᠣᠭᠠᠳᠤ ᠶᠢᠨ ᠲᠡᠮᠡᠴᠡᠯ ᠪᠠᠶᠢᠭᠰᠠᠨ ᠶᠤᠮ᠃ ᠲᠡᠷᠡ ᠴᠤ ᠪᠠᠶᠢᠲᠤᠭᠠᠢ ᠲᠣᠭᠤᠨᠲᠡᠮᠦᠷ ᠢ ᠪᠡᠭᠡᠵᠢᠩ ᠡᠴᠡ ᠵᠢᠭᠤᠲᠠᠭᠰᠠᠨ ᠤ ᠳᠠᠷᠠᠭ᠎ᠠ ᠬᠣᠷᠴᠢᠨ ᠤ ᠵᠠᠷᠢᠮ ᠢ ᠣᠶᠢᠷᠠᠳ ᠤᠳ ᠲᠠᠯ᠎ᠠ ᠳᠤ ᠪᠠᠨ ᠲᠠᠲᠠᠵᠤ᠂ ᠰᠠᠶᠢᠨ ᠳᠠᠶᠢᠴᠢᠳ ᠲᠠᠢ ᠪᠣᠯᠬᠤ ᠶᠢ ᠵᠣᠷᠢᠭᠰᠠᠨ ᠢᠶᠠᠷ ᠬᠣᠱᠤᠳ ᠬᠡᠮᠡᠬᠦ ᠠᠶᠢᠮᠠᠭ ᠪᠤᠢ ᠪᠣᠯᠵᠤ ᠪᠠᠶᠢᠯ᠎ᠠ᠃ ᠠᠷᠪᠠᠨ ᠳᠦᠷᠪᠡᠳᠦᠭᠡᠷ ᠵᠠᠭᠤᠨ ᠤ ᠦᠶ᠎ᠡ ᠳᠤ ᠴᠠᠭᠠᠳᠠᠢ ᠶᠢᠨ ᠤᠯᠤᠰ ᠠᠴᠠ ᠮᠣᠭᠣᠯᠢᠰᠲᠠᠨ ᠤᠯᠤᠰ ᠲᠤᠰᠠᠭᠠᠷᠯᠠᠵᠤ ᠭᠠᠷᠤᠭᠰᠠᠨ ᠪᠠᠶᠢᠨ᠎ᠠ᠃ ᠮᠣᠭᠤᠯ ᠭᠡᠳᠡᠭ ᠦᠭᠡ ᠨᠢ 《ᠮᠣᠩᠭᠣᠯ》 ᠭᠡᠰᠡᠨ ᠦᠭᠡᠨ ᠡᠴᠡ ᠭᠠᠷᠤᠯ ᠲᠠᠢ᠃ ᠮᠣᠭᠣᠯᠢᠰᠲᠠᠨ ᠤᠯᠤᠰ ᠤᠨ ᠬᠦᠮᠦᠨ ᠠᠮᠠ ᠶᠢᠨ ᠶᠡᠬᠡᠩᠬᠢ ᠨᠢ ᠲᠦᠷᠦᠭ ᠬᠡᠯᠡ ᠪᠡᠷ ᠶᠠᠷᠢᠳᠠᠭ ᠤᠶᠢᠭᠤᠷᠴᠤᠳ ᠪᠠᠶᠢᠯ᠎ᠠ᠃ ᠥᠭᠡᠷ᠎ᠡ ᠪᠡᠷ ᠬᠡᠯᠡᠪᠡᠯ ᠬᠠᠨ ᠨᠤᠭᠤᠳ ᠨᠢ ᠮᠣᠩᠭᠣᠯ᠂ ᠠᠷᠠᠳ ᠲᠦᠮᠡᠨ ᠨᠢ ᠤᠶᠢᠭᠤᠷ ᠭᠣᠣᠯᠳᠠᠭᠤ ᠪᠠᠶᠢᠵᠠᠢ᠃ ᠡᠨᠡ ᠤᠯᠤᠰ ᠤᠨ ᠨᠡᠶᠢᠰᠯᠡᠯ ᠨᠢ ᠪᠧᠰᠢᠪᠠᠯᠢᠺ ᠬᠣᠲᠠ ᠪᠠᠶᠢᠯ᠎ᠠ᠃ ᠪᠧᠰᠢᠪᠠᠯᠢᠺ ᠬᠣᠲᠠ ᠨᠢ ᠡᠮᠦᠨ᠎ᠡ ᠨᠢ ᠤᠶᠢᠭᠤᠷ ᠤᠨ ᠢᠳᠢᠭᠦᠳ᠋ ᠦᠨ ᠤᠯᠤᠰ ᠤᠨ ᠨᠡᠶᠢᠰᠯᠡᠯ ᠪᠠᠶᠢᠭᠰᠠᠨ ᠪᠢᠯᠡ᠃ ᠠᠷᠪᠠᠨ ᠲᠠᠪᠤᠳᠤᠭᠠᠷ ᠵᠠᠭᠤᠨ ᠳᠤ ᠮᠣᠭᠣᠯᠢᠰᠲᠠᠨ ᠳᠥᠷᠪᠡᠨ ᠣᠶᠢᠷᠠᠳᠬᠠᠰᠠᠭ ᠲᠤ ᠰᠢᠬᠠᠭᠳᠠᠨ ᠤᠯᠤᠰ ᠤᠨ ᠬᠢ ᠨᠢ ᠲᠥᠪ ᠨᠢ ᠰᠢᠨᠵᠢᠶᠠᠩ ᠤᠨ ᠡᠮᠦᠨᠡᠲᠦ ᠬᠡᠰᠡᠭ ᠦᠨ ᠪᠠᠶᠠᠨᠪᠦᠷᠳ᠋ ᠍ᠤᠷᠤᠭᠤ ᠰᠢᠬᠠᠭᠳᠠᠵᠠᠢ᠃

ᠮᠣᠭᠣᠯᠢᠰᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠭᠣᠯᠢᠰᠲᠠᠨ

ᠵᠦᠩᠭᠠᠷ ᠤᠨ ᠬᠠᠭᠠᠨᠲᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠳ ᠤᠳ 1449 ᠣᠨ ᠠᠴᠠ ᠡᠬᠢᠯᠡᠨ ᠪᠤᠶᠤ ᠡᠰᠡᠨ ᠲᠠᠶᠢᠱᠢ ᠬᠠᠭᠠᠨ ᠤ ᠦᠶ᠎ᠡ ᠳᠤ ᠲᠠᠷᠪᠠᠭᠠᠲᠠᠢ ᠪᠣᠯᠤᠨ ᠡᠷᠴᠢᠰ ᠮᠥᠷᠡᠨ ᠦ ᠰᠠᠪᠠ ᠳᠠᠭᠠᠤ ᠨᠤᠲᠤᠭᠯᠠᠵᠤ ᠪᠠᠶᠢᠭᠰᠠᠨ ᠪᠥᠭᠡᠳ ᠴᠠᠭᠠᠳᠠᠢ ᠶᠢᠨ ᠤᠳᠤᠮ ᠤᠨ ᠮᠣᠭᠣᠯᠢᠰᠲᠠᠨ ᠲᠠᠢ ᠬᠠᠷᠢᠯᠴᠠᠵᠤ ᠪᠠᠶᠢᠭᠰᠠᠨ ᠲᠡᠳᠡᠨ ᠦ ᠬᠠᠷᠢᠯᠴᠠᠭ᠎ᠠ ᠦᠶ᠎ᠡ ᠦᠶ᠎ᠡ ᠵᠥᠷᠢᠴᠡᠯᠳᠦᠵᠦ ᠪᠠᠶᠢᠭᠰᠠᠨ ᠲᠣᠷᠭᠠᠨ ᠵᠠᠮ ᠢ ᠬᠢᠨᠠᠯᠲᠠ ᠳᠤ ᠪᠠᠨ ᠠᠪᠬᠤ ᠶᠢᠨ ᠲᠥᠯᠥᠭᠡ ᠣᠶᠢᠷᠠᠳ ᠤᠨ ᠡᠷᠳᠡᠨᠢᠪᠠᠭᠠᠲᠤᠷ ᠬᠤᠩ ᠲᠠᠶᠢᠵᠢ ᠵᠦᠩ᠋ᠭᠠᠷ ᠤᠨ ᠬᠠᠭᠠᠨᠲᠤ ᠤᠯᠤᠰ ᠍ ᠢ ᠪᠠᠶᠢᠭᠤᠯᠤᠭᠠᠳ᠂ ᠡᠳ᠋ ᠍ ᠦᠨ ᠵᠠᠰᠠᠭ ᠤᠨ ᠰᠣᠨᠢᠷᠬᠠᠯ ᠢᠶᠠᠷ ᠤᠶᠢᠭᠤᠷ ᠢ ᠲᠦᠰᠢᠮᠡᠭ ᠪᠣᠯᠭᠠᠬᠤ ᠶᠢ ᠡᠷᠡᠮᠡᠯᠵᠡᠵᠦ ᠪᠠᠶᠢᠪᠠ᠃ ᠲᠥᠪᠡᠳ ᠲᠡᠢ ᠬᠠᠷᠢᠯᠴᠠᠬᠤ ᠵᠠᠮ ᠳᠤ ᠪᠠᠶᠢᠳᠠᠭ ᠤᠶᠢᠭᠤᠷ ᠤᠳ ᠵᠦᠩᠭᠠᠷ ᠢ ᠰᠥᠷᠬᠦ ᠴᠢᠳᠠᠯ ᠦᠭᠡᠢ ᠲᠤᠯᠠ ᠡᠶ᠎ᠠ ᠡᠪ ᠢ ᠬᠢᠴᠢᠶᠡᠵᠦ ᠪᠠᠶᠢᠯ᠎ᠠ᠃ ᠳᠣᠲᠣᠭᠠᠳᠤ ᠶᠢᠨ ᠵᠥᠷᠢᠴᠡᠯᠳᠦᠭᠡᠨ ᠢᠶᠡᠨ ᠰᠢᠢᠳᠪᠦᠷᠢᠯᠡᠬᠦ ᠶᠢᠨ ᠲᠤᠯᠠᠳᠠ ᠳᠠᠯᠠᠢ ᠯᠠᠮ᠎ᠠ ᠪᠠᠷ ᠤᠯᠠᠮᠵᠢᠯᠠᠭᠤᠯᠤᠨ ᠭᠠᠯᠳᠠᠨ ᠪᠣᠱᠤᠭᠳᠤ ᠬᠠᠭᠠᠨ ᠡᠴᠠ ᠳᠡᠮᠵᠢᠯᠭᠡ ᠠᠪᠤᠭᠰᠠᠨ ᠢᠶᠠᠷ ᠲᠦᠰᠢᠮᠡᠭ ᠤᠯᠤᠰ ᠪᠣᠯᠵᠠᠢ᠃ ᠠᠷᠪᠠᠨ ᠵᠢᠷᠭᠤᠳᠤᠭᠠᠷ ᠵᠠᠭᠤᠨ ᠳᠤ ᠤᠶᠢᠭᠤᠷᠴᠤᠳ ᠮᠠᠮᠯᠠᠺᠠᠲ ᠪᠠ ᠮᠣᠭᠤᠯ (ᠮᠣᠭᠣᠯ ᠤᠯᠤᠰ) ᠭᠡᠳᠡᠭ ᠨᠡᠷ᠎ᠡ ᠲᠡᠢ ᠢᠷᠺᠧᠨᠳ᠋ ᠬᠣᠳᠠ ᠳᠤ ᠨᠡᠶᠢᠰᠯᠡᠯ ᠲᠡᠢ ᠤᠯᠤᠰ ᠪᠠᠶᠢᠭᠤᠯᠵᠠᠢ᠃

ᠮᠠᠨᠵᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠵᠦᠩᠭᠠᠷ ᠳᠠᠶᠠᠭᠠᠷ ᠭᠠᠷᠤᠭᠰᠠᠨ ᠪᠣᠰᠤᠯᠭ᠎ᠠ ᠡᠮᠭᠡᠨᠢᠯᠲᠡᠢ ᠪᠡᠷ ᠳᠠᠷᠤᠭᠳᠠᠭᠰᠠᠨ ᠤ ᠦᠷ᠎ᠡ ᠳ᠋ᠦᠩ ᠳᠤ ᠢᠯᠢ ᠶᠢᠨ ᠬᠢᠵᠠᠭᠠᠷ ᠤᠨ ᠵᠠᠩᠵᠤᠨ ᠤ ᠭᠠᠵᠠᠷ ᠬᠡᠮᠡᠨ ᠨᠢᠭᠡ ᠬᠡᠰᠡᠭ ᠨᠡᠷᠡᠯᠡᠭᠳᠡᠵᠦ ᠪᠠᠶᠢᠭᠰᠠᠨ ᠠᠵᠠᠢ᠃ ᠡᠨᠡ ᠨᠢ ᠣᠳᠣ ᠶᠢᠨ ᠰᠢᠨᠵᠢᠶᠠᠩ ᠤᠨ ᠡᠮᠦᠨᠡᠲᠦ ᠬᠡᠰᠡᠭ ᠢ ᠵᠠᠬᠢᠷᠴᠤ ᠪᠠᠶᠢᠭᠰᠠᠨ ᠤᠶᠢᠭᠤᠷ ᠤᠨ ᠵᠠᠬᠢᠷᠤᠭᠴᠢ ᠠᠰᠠᠨ ᠤ ᠠᠴᠢ ᠨᠠᠷ ᠪᠣᠯᠬᠤ ᠴᠠᠭᠠᠨ ᠠᠭᠤᠯᠠ ᠶᠢᠨ ᠪᠦᠯᠦᠭ ᠦᠨ ᠱᠠᠰᠢᠨ ᠤ ᠮᠢᠨᠳᠠᠭᠲᠠᠨ ᠠᠫᠫᠠᠺ ᠬᠣᠵᠢᠶ᠎ᠠ ᠪᠠ ᠠᠬ᠎ᠠ ᠳᠡᠭᠦᠦ ᠪᠤᠷᠬᠠᠨᠦᠳᠢᠨ᠂ ᠬᠣᠵᠢᠶ᠎ᠠ ᠵᠢᠬᠠᠨ ᠨᠠᠷ ᠪᠣᠯᠤᠨ ᠲᠡᠳᠡᠨ ᠦ ᠥᠷᠢᠰᠦᠯᠳᠦᠭᠴᠢ ᠬᠠᠷ᠎ᠠ ᠠᠭᠤᠯᠠ ᠶᠢᠨ ᠪᠦᠯᠦᠭ ᠦᠨ ᠶᠠᠬᠢ ᠬᠣᠵᠢᠶ᠎ᠠ ᠨᠠᠷ ᠤᠨ ᠲᠡᠮᠡᠴᠡᠯ ᠦᠨ ᠲᠠᠯᠠᠪᠤᠷ ᠪᠣᠯᠤᠨ ᠬᠤᠪᠢᠷᠠᠵᠠᠢ᠃ ᠮᠠᠨᠵᠤ ᠶᠢᠨ ᠴᠡᠷᠢᠭ ᠣᠶᠢᠷᠠᠳ ᠤᠳ ᠢ ᠬᠢᠳᠤᠨ ᠤᠰᠠᠳᠬᠠᠬᠤ ᠳᠤ ᠲᠡᠳᠡᠨ ᠳᠤ ᠪᠠᠭ᠎ᠠ ᠦᠭᠡᠢ ᠲᠤᠰᠠᠯᠠᠮᠵᠢ ᠦᠵᠡᠭᠦᠯᠵᠦ ᠬᠢᠳᠤᠯᠭ᠎ᠠ ᠳᠤ ᠢᠳᠡᠪᠬᠢᠲᠡᠢ ᠣᠷᠣᠯᠴᠠᠵᠤ ᠲᠡᠭᠦᠨ ᠦ ᠲᠥᠯᠥᠭᠡ ᠡᠷᠬᠡ ᠳᠤᠷ᠎ᠠ ᠪᠠᠷ ᠢᠶᠠᠨ ᠠᠮᠢᠳᠤᠷᠠᠨ᠎ᠠ ᠬᠡᠮᠡᠨ ᠲᠡᠳᠡᠨ ᠦ ᠭᠣᠷᠢᠳᠠᠭᠰᠠᠨ  ᠪᠠᠷ ᠪᠠᠶᠢᠳᠠᠯ ᠳᠡᠭᠡᠷᠡᠳᠡᠭᠰᠡᠨ ᠦᠭᠡᠢ᠃ ᠬᠠᠷᠢᠨ ᠣᠶᠢᠷᠠᠳ ᠤᠨ ᠬᠠᠷᠢᠶᠠᠨ ᠳᠤ ᠪᠠᠶᠢᠭᠰᠠᠨ ᠠᠴᠠ ᠢᠯᠡᠭᠦᠦ ᠳᠣᠷᠤᠶᠢᠳᠤᠪᠠ᠃ ᠠᠫᠫᠠᠺ ᠶᠠᠭᠤ ᠬᠢᠭ᠍ᠰᠡᠨ ᠢᠶᠡᠨ ᠣᠶᠢᠯᠠᠭᠠᠭᠰᠠᠨ ᠪᠣᠯᠪᠠᠴᠤ ᠬᠡᠳᠦᠶᠢᠨ ᠣᠷᠣᠶᠢᠳᠤᠭᠰᠠᠨ ᠪᠠᠶᠢᠯ᠎ᠠ᠃ 1758 ᠣᠨ ᠳᠤ ᠠᠫᠫᠠᠺ ᠬᠣᠵᠢᠶ᠎ᠠ ᠥᠪᠡᠷ ᠢ ᠪᠡᠨ ᠤᠶᠢᠭᠤᠷ ᠤᠨ ᠳᠡᠭᠡᠳᠦ ᠵᠠᠬᠢᠷᠤᠭᠴᠢ ᠪᠠᠭᠠᠲᠤᠷ ᠬᠠᠭᠠᠨ ᠬᠡᠮᠡᠨ ᠡᠷᠭᠦᠮᠵᠢᠯᠡᠪᠡ᠃ ᠬᠡᠳᠦᠢ ᠪᠡᠷ ᠨᠡᠯᠢᠶᠡᠳ ᠡᠷᠬᠡ ᠮᠡᠳᠡᠯ ᠣᠯᠵᠤ ᠠᠪᠤᠭᠰᠠᠨ ᠪᠣᠯᠪᠠᠴᠤ ᠲᠡᠭᠦᠨ ᠦ ᠥᠷᠢᠰᠦᠯᠳᠦᠭᠴᠢ ᠨᠠᠷ ᠨᠡᠯᠢᠶᠡᠳ ᠲᠣᠭᠠᠨ ᠦ ᠤᠶᠢᠭᠤᠷ ᠤᠳ ᠮᠠᠨᠵᠤ ᠨᠠᠷ ᠤᠨ ᠲᠠᠯ᠎ᠠ ᠳᠤ ᠣᠷᠣᠭᠠᠳ ᠠᠮᠵᠢᠵᠠᠢ᠃ ᠮᠠᠨᠵᠤ ᠨᠠᠷ ᠡᠮᠦᠨ᠎ᠡ ᠵᠦᠭ ᠰᠢᠭᠤᠷᠬᠠᠶᠢᠯᠠᠨ ᠬᠥᠳᠡᠯᠵᠦ ᠺᠦᠴᠠ᠂ ᠰᠠᠶᠢᠷ ᠬᠡᠮᠡᠬᠦ ᠭᠣᠣᠯ ᠭᠣᠣᠯ ᠬᠣᠲᠠ ᠨᠤᠭᠤᠳ ᠢ ᠡᠭᠡᠯᠵᠢ ᠳᠠᠷᠠᠭᠠᠯᠠᠨ ᠡᠵᠡᠯᠡᠨ ᠠᠪᠤᠭᠰᠠᠭᠠᠷ ᠠᠺᠰᠤ᠂ ᠲᠦᠷᠹᠠᠨ ᠬᠣᠲᠠ ᠨᠤᠭᠤᠳ ᠤᠨ ᠥᠷᠢᠰᠦᠯᠳᠦᠭᠴᠢ ᠮᠢᠨᠳᠠᠭᠲᠠᠨ ᠨᠠᠷ ᠢᠢᠡᠨ ᠮᠠᠨᠵᠤ ᠶᠢᠨ ᠵᠠᠩᠵᠤᠨ ᠵᠢᠣ ᠬᠤ ᠳ᠋ᠤ ᠠᠬ᠎ᠠ ᠳᠡᠭᠦᠦ ᠪᠤᠷᠬᠠᠨᠦᠳᠢᠨ᠂ ᠬᠣᠵᠢ ᠵᠢᠬᠠᠨ ᠨᠠᠷ ᠪᠠᠷᠢᠵᠤ ᠥᠭ᠍ᠪᠡ᠃ ᠲᠡᠭᠡᠭᠡᠳ ᠳᠠᠷᠠᠭ᠎ᠠ  ᠵᠢᠯ ᠨᠢ ᠡᠴᠦᠰ ᠦᠨ ᠲᠦᠰᠢᠴᠡ ᠭᠠᠵᠠᠷ ᠢᠷᠺᠧᠨᠳ᠂ ᠺᠠᠰᠭᠢᠷ ᠬᠣᠲᠠ ᠨᠤᠭᠤᠳ ᠤᠨᠠᠵᠠᠢ᠃ ᠡᠶᠢᠮᠦᠷᠬᠦᠦ ᠭᠠᠪᠢᠶ᠎ᠠ ᠬᠦᠴᠦᠨ ᠴᠢᠷᠮᠠᠶᠢᠯᠲᠠ ᠶᠢᠨ ᠱᠠᠩ ᠳ᠋ᠤ ᠠᠬ᠎ᠠ ᠳᠡᠭᠦᠰ ᠪᠤᠰᠤᠳ ᠤᠳᠤᠷᠢᠳᠤᠭᠴᠢᠳ᠂ ᠠᠷᠠᠳ ᠲᠦᠮᠡᠨ ᠦ ᠨᠢᠭᠤᠷ ᠢ ᠬᠠᠷᠠᠬᠤ ᠠᠷᠭ᠎ᠠ ᠦᠭᠡᠢ ᠪᠣᠯᠵᠤ ᠤᠶᠢᠭᠤᠷ ᠣᠷᠣᠨ ᠢᠶᠠᠨ ᠮᠠᠨᠵᠤ ᠠᠴᠠ ᠲᠤᠰᠠᠭᠠᠷᠯᠠᠬᠤ ᠭᠣᠷᠢᠳᠠᠯᠭ᠎ᠠ ᠨᠢ ᠲᠠᠯᠠᠭᠠᠷ ᠪᠣᠯᠵᠠᠢ᠃ ᠦᠷ᠎ᠡ ᠳᠠᠭᠠᠪᠤᠷᠢ ᠨᠢ ᠮᠠᠨᠵᠤ ᠴᠢᠩ ᠤᠯᠤᠰ ᠲᠦᠷᠺᠧᠰᠲᠠᠨ ᠤ ᠵᠡᠭᠦᠨ ᠪᠥᠰᠡ ᠨᠤᠲᠤᠭ ᠢ ᠪᠦᠷᠢᠮᠦᠰᠦᠨ ᠡᠵᠡᠯᠡᠨ ᠠᠪᠴᠤ ᠴᠡᠷᠢᠭ ᠵᠠᠬᠢᠷᠭᠠᠨ ᠤ "ᠲᠥᠪᠰᠢᠳᠬᠡᠨ ᠲᠣᠬᠣᠨᠢᠭᠤᠯᠵᠤ᠂ ᠡᠯᠪᠡᠭ ᠳᠠᠭᠠᠭᠤᠯᠤᠭᠰᠠᠨ ᠰᠢᠨ᠎ᠡ ᠬᠢᠵᠠᠭᠠᠷ ᠪᠤᠶᠤ ᠰᠢᠨᠵᠢᠶᠠᠩ" ᠬᠡᠮᠡᠨ ᠲᠩᠷᠢ ᠲᠡᠳᠬᠦᠭ᠍ᠰᠡᠨ ᠦ 20 ᠳ᠋ᠤᠭᠠᠷ ᠣᠨ ᠳᠤ ᠮᠠᠨᠵᠤ ᠳᠠᠶᠢᠴᠢᠨ ᠭᠦᠷᠦᠨ ᠦ ᠡᠵᠡᠨ ᠬᠠᠭᠠᠨ ᠤ ᠰᠣᠶᠣᠷᠬᠠᠭᠰᠠᠨ ᠵᠠᠷᠯᠢᠭ ᠢᠶᠠᠷ ᠨᠡᠷᠡᠯᠡᠵᠡᠢ᠃

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠥᠮ᠎ᠡ ᠶᠢᠨ ᠲᠤᠷᠰᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠳᠤ ᠤᠯᠤᠰ 1964 ᠣᠨ ᠠᠴᠠ ᠰᠢᠨᠵᠢᠶᠠᠩ ᠤᠨ ᠯᠣᠪ ᠨᠠᠭᠤᠷ ᠍ ᠤᠨ ᠣᠷᠴᠢᠮ ᠳᠤ ᠥᠪᠡᠷ ᠦᠨ ᠢᠶᠡᠨ ᠴᠥᠮ᠎ᠡ ᠶᠢᠨ ᠲᠤᠷᠰᠢᠯᠲᠠ ᠪᠠᠨ ᠬᠢᠬᠦ ᠪᠣᠯᠤᠭᠰᠠᠨ᠃

ᠪᠠᠶᠢᠭᠠᠯᠢ ᠴᠠᠭ ᠠᠭᠤᠷ᠂ ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠵᠦᠢ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠳᠡ ᠴᠡᠪᠡᠷ ᠮᠠᠨᠵᠤ ᠦᠨᠳᠦᠰᠦᠲᠡᠨ 50 ᠭᠠᠷᠤᠢ ᠮᠢᠩ᠋ᠭᠠᠨ ᠬᠦᠮᠦᠨ ᠪᠠᠶᠢᠳᠠᠭ᠃

ᠡᠳ᠋ ᠍ ᠦᠨ ᠵᠠᠰᠠᠭ᠂ ᠠᠵᠤ ᠠᠬᠤᠢ᠂ ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨᠵᠢᠶᠠᠩ ᠳ᠋ᠠᠬᠢ ᠳᠤᠮᠳᠠᠳᠤ ᠤᠯᠤᠰ ᠤᠨ ᠴᠡᠷᠢᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠡᠷᠬᠢᠯᠡᠵᠦ ᠵᠠᠮ ᠭᠦᠭᠦᠷᠭᠡ ᠲᠠᠯᠪᠢᠵᠤ᠂ ᠶᠡᠬᠡ ᠲᠠᠯᠠᠪᠠᠢ ᠲᠠᠢ ᠤᠰᠤᠨ ᠦᠵᠦᠮ ᠦᠨ ᠲᠠᠷᠢᠶᠠᠯᠠᠩ ᠡᠷᠬᠢᠯᠡᠵᠦ᠂ ᠴᠥᠯ ᠳᠤᠮᠳᠠᠭᠤᠷ 4500 ᠺᠢᠯᠣᠮᠧᠲ᠋ᠷ ᠤᠷᠲᠤ ᠨᠧᠹᠲ ᠤᠨ ᠬᠣᠭᠣᠯᠠᠢ ᠲᠠᠲᠠᠵᠤ᠂ ᠥᠨᠳᠥᠷ ᠪᠠᠶᠢᠰᠢᠩ ᠨᠤᠭᠤᠳ ᠢ ᠪᠠᠷᠢᠵᠤ ᠪᠠᠶᠢᠨ᠎ᠠ᠃ ᠪᠦᠷ ᠮᠸᠺᠰᠢᠺᠣ ᠤᠨ ᠵᠠᠬ᠎ᠠ ᠵᠡᠭᠡᠯᠢ ᠳᠤ ᠶᠡᠬᠡᠬᠡᠨ ᠨᠡᠷ᠎ᠡ ᠳᠤ ᠭᠠᠷᠴᠤ᠂ 《Sunshine》 ᠬᠡᠮᠡᠬᠦ ᠰᠠᠶᠢᠬᠠᠨ ᠳᠠᠷᠠᠰᠤ ᠨᠡᠷᠡᠵᠦ ᠭᠠᠳᠠᠭᠠᠳᠤ ᠳᠤ ᠭᠠᠷᠭᠠᠵᠤ ᠡᠬᠢᠯᠡᠭᠰᠡᠨ ᠪᠠ ᠳᠤᠮᠳᠠᠳᠤ ᠤᠯᠤᠰ  ᠤᠨ ᠴᠡᠷᠢᠭ ᠦᠨ ᠬᠢᠨ ᠳᠠᠷᠠᠰᠤᠨ ᠤ ᠺᠣᠮᠫᠠᠨᠢ ᠪᠠᠨ ᠢᠷᠭᠡᠨ ᠦ ᠺᠣᠮᠫᠠᠨᠢ ᠪᠣᠯᠭᠠᠨ ᠬᠥᠷᠥᠩᠭᠡ ᠶᠢᠨ ᠪᠢᠷᠵᠢᠳ᠋ ᠪᠦᠷᠢᠳᠬᠡᠭᠦᠯᠦᠭᠰᠡᠨ ᠳᠤ ᠬᠤᠪᠢᠴᠠᠭ᠎ᠠ ᠶᠡᠬᠡ ᠥᠰᠴᠦ ᠪᠠᠶᠢᠭᠰᠠᠨ ᠲᠡᠦᠬᠡ ᠲᠡᠢ᠃ ᠰᠢᠨᠵᠢᠶᠠᠩ ᠡᠪᠢ ᠨᠠᠭᠤᠷ᠂ ᠯᠣᠪ ᠨᠠᠭᠤᠷ᠂ ᠪᠠᠭᠠᠷᠱᠺᠥᠯ ᠭᠡᠰᠡᠨ 3 ᠲᠣᠮᠣ ᠨᠠᠭᠤᠷ ᠲᠠᠢ᠃ ᠡᠬᠡ ᠭᠠᠵᠠᠷ ᠤᠨ ᠬᠠᠭᠤᠷᠠᠢ ᠠᠭᠤᠷ ᠠᠮᠢᠰᠬᠤᠯ ᠲᠠᠢ᠃ ᠭᠠᠵᠠᠷ ᠵᠦᠢ ᠶᠢᠨ ᠪᠠᠰᠠ ᠨᠢᠭᠡᠨ ᠴᠢᠬᠤᠯᠠ ᠬᠦᠴᠦᠨ ᠵᠦᠢᠯ ᠢ ᠪᠠᠶᠢᠩ᠋ᠭᠤ ᠮᠠᠷᠲᠠᠳᠠᠭ ᠨᠢ ᠺᠦᠨᠯᠦ᠋ᠨ ᠨᠢᠷᠤᠭᠤ ᠶᠤᠮ᠃ ᠡᠨᠡ ᠨᠢ ᠬᠥᠨᠳᠡᠯᠡᠨ ᠠᠭᠤᠯᠠ ᠭᠡᠰᠡᠨ ᠮᠣᠩᠭᠣᠯ ᠦᠭᠡ ᠶᠢᠨ ᠬᠤᠪᠢᠷᠠᠭᠰᠠᠨ ᠳᠠᠭᠤᠳᠠᠯᠭ᠎ᠠ᠃ ᠬᠥᠬᠡ ᠨᠠᠭᠤᠷ ᠪᠠ ᠰᠢᠨᠵᠢᠶᠠᠩ ᠤᠨ ᠬᠣᠭᠣᠷᠣᠨᠳᠣ ᠬᠥᠨᠳᠡᠯᠢᠳᠦᠭᠰᠡᠨ 7000 ᠮᠧᠲ᠋ᠷ ᠡᠴᠡ ᠥᠨᠳᠥᠷ 10 ᠣᠷᠴᠢᠮ ᠣᠷᠭᠢᠯ ᠲᠠᠢ ᠡᠨᠡ ᠨᠢᠷᠤᠭᠤ ᠲᠩᠷᠢ ᠠᠭᠤᠯᠠ ᠠᠴᠠ ᠳᠤᠲᠠᠬᠤ ᠦᠭᠡᠢ ᠥᠨᠳᠥᠷᠯᠢᠭ ᠪᠥᠭᠡᠳ ᠮᠤᠵᠢ ᠶᠢᠨ ᠭᠠᠵᠠᠷ ᠵᠦᠢ᠂ ᠠᠭᠤᠷ ᠠᠮᠢᠰᠬᠤᠯ ᠳᠤ ᠮᠠᠰᠢ ᠶᠡᠬᠡ ᠨᠥᠯᠥᠭᠡ ᠲᠡᠢ᠃ ᠬᠥᠬᠡ ᠨᠠᠭᠤᠷ᠂ ᠬᠠᠲᠤᠨ ᠭᠣᠣᠯ ᠤᠨ /ᠰᠢᠷ᠎ᠠ ᠮᠥᠷᠡᠨ/ ᠴᠢᠭᠢᠭ ᠰᠢᠨᠵᠢᠶᠠᠩ ᠤᠷᠤᠭᠤ ᠨᠡᠪᠲᠡᠷᠡᠨ ᠣᠷᠣᠬᠤ ᠶᠢ ᠡᠨᠡ ᠨᠢᠷᠤᠭᠤ ᠬᠠᠭᠠᠳᠠᠭ ᠠᠴᠠ ᠰᠢᠨᠵᠢᠶᠠᠩ ᠤᠨ ᠭᠠᠵᠠᠷ ᠨᠤᠲᠤᠭ ᠤᠨ 90 ᠭᠠᠷᠤᠢ ᠬᠤᠪᠢ ᠨᠢ ᠴᠥᠯ ᠪᠣᠯᠵᠠᠢ᠃ ᠰᠢᠨᠵᠢᠶᠠᠩ-ᠤᠶᠢᠭᠤᠷ ᠤᠨ ᠨᠤᠲᠤᠭ ᠪᠣᠯ ᠡᠷᠲᠡᠨ ᠦ ᠰᠤᠶᠤᠯ ᠢᠷᠭᠡᠨᠰᠢᠯ ᠦᠨ ᠥᠯᠥᠭᠡᠢ ᠪᠥᠭᠡᠳ ᠢᠯᠠᠩᠭᠤᠶ᠎ᠠ ᠲᠠᠷᠢᠮ ᠤᠨ ᠰᠠᠪᠠ ᠪᠣᠯ ᠡᠷᠲᠡᠨ ᠦ ᠰᠤᠶᠤᠯ ᠤᠨ ᠣᠨᠴᠠᠭᠠᠢ ᠭᠣᠯᠣᠮᠲᠠ᠂ ᠥᠷᠥᠨ᠎ᠡ ᠳᠣᠷᠣᠨ᠎ᠠ ᠶᠢᠨ ᠰᠤᠶᠤᠯ ᠤᠨ ᠰᠣᠯᠢᠯᠴᠠᠭᠠᠨ ᠤ ᠨᠡᠪᠴᠢᠯᠲᠠ ᠶᠠᠪᠤᠭᠳᠠᠵᠤ ᠪᠠᠶᠢᠭᠰᠠᠨ ᠨᠤᠲᠤᠭ ᠪᠢᠯᠡ᠃ ᠡᠨᠳᠡ ᠮᠥᠨ ᠳᠡᠯᠡᠬᠡᠢ ᠶᠢᠨ ᠬᠠᠮᠤᠭ ᠤᠨ ᠤᠷᠲᠤ ᠭᠠᠵᠠᠷ ᠳᠣᠣᠷᠠᠬᠢ ᠰᠤᠪᠠᠭ ᠪᠤᠢ᠃ ᠡᠷᠲᠡᠨ ᠦ ᠠᠷᠠᠳ ᠲᠦᠮᠡᠨ ᠨᠦᠭᠦᠳ ᠵᠤᠨ ᠳᠤ ᠪᠠᠨ +40 ᠭᠷᠠᠳᠦ᠋ᠰ ᠠᠴᠠ ᠪᠠᠭᠤᠳᠠᠭ ᠦᠭᠡᠢ ᠬᠠᠯᠠᠭᠤᠨ ᠳᠤ ᠲᠠᠷᠢᠶᠠᠯᠠᠩ ᠤᠰᠤᠯᠠᠬᠤ ᠶᠢᠨ ᠲᠤᠯᠠᠳᠠ ᠭᠠᠵᠠᠷ ᠳᠣᠣᠷ᠎ᠠ 5500 ᠺᠢᠯᠣᠮᠧᠲᠷ  ᠤᠷᠲᠤ ᠰᠤᠪᠠᠭ ᠪᠠᠶᠢᠭᠤᠯᠵᠠᠢ᠃ ᠲᠩᠷᠢ ᠠᠭᠤᠯᠠ ᠶᠢᠨ ᠮᠥᠰᠥ ᠬᠠᠪᠤᠷ ᠬᠠᠶᠢᠯᠬᠤ ᠳᠤ ᠴᠥᠯ ᠦᠨ ᠬᠠᠳᠠᠭᠰᠠᠨ ᠰᠠᠶᠢᠷ ᠤᠰᠤ ᠪᠠᠷ ᠳᠦᠭᠦᠷᠴᠦ ᠴᠥᠯ ᠢ ᠤᠮᠳᠠᠯᠠᠠ ᠠᠭᠤᠷᠰᠢᠳᠠᠭ᠃ ᠬᠠᠷᠢᠨ ᠡᠨᠡ ᠴᠢᠨᠳᠠᠮᠤᠨᠢ ᠡᠷᠳᠡᠨᠢ ᠶᠢ ᠠᠭᠤᠷᠰᠢᠭᠤᠯᠵᠤ ᠠᠯᠳᠠᠬᠤ ᠦᠭᠡᠢ ᠶᠢᠨ ᠲᠤᠯᠠᠳᠠ ᠤᠰᠤ ᠶᠢ ᠭᠠᠵᠠᠷ ᠳᠣᠣᠷᠠᠬᠢ ᠰᠤᠪᠠᠭ ᠲᠤ ᠰᠢᠷᠭᠤᠭᠤᠯᠵᠤ ᠠᠪᠳᠠᠭ ᠪᠠᠶᠢᠨ᠎ᠠ᠃ ᠲᠡᠶᠢᠮᠦ ᠡᠴᠡ ᠰᠢᠨᠵᠢᠶᠠᠩ ᠤᠨ ᠬᠦᠮᠦᠨ ᠠᠮᠠ ᠣᠷᠣᠰᠢᠨ ᠰᠠᠭᠤᠳᠠᠭ ᠪᠠᠶᠠᠨ ᠪᠦᠷᠢᠳᠦ᠂ ᠦᠷᠡᠵᠢᠯ ᠰᠢᠮᠡᠲᠦ ᠭᠣᠣᠯ ᠤᠨ ᠰᠠᠪᠠ ᠳᠠᠭᠠᠤ ᠣᠯᠠᠨ ᠮᠢᠩ᠋ᠭᠠᠨ ᠵᠢᠯ ᠦᠨ ᠲᠡᠦᠬᠡ ᠲᠡᠢ ᠠᠰᠤᠷᠤ ᠤᠷᠲᠤ ᠰᠤᠪᠠᠭ ᠪᠤᠢ ᠪᠣᠯᠵᠠᠢ᠃ ᠡᠳᠡᠭᠡᠷ ᠢ ᠲᠦᠰᠢᠭᠯᠡᠨ ᠰᠢᠨᠵᠢᠶᠠᠩ-ᠤᠶᠢᠭᠤᠷ ᠲᠤ ᠠᠶᠠᠯᠠᠯ ᠵᠢᠭᠤᠴᠢᠯᠠᠯ ᠤᠨ ᠬᠡᠳᠦ ᠬᠡᠳᠦᠨ ᠪᠥᠰᠡ ᠪᠠᠶᠢᠭᠤᠯᠵᠠᠢ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ