ᠰᠢᠨᠠᠢ ᠶᠢᠨ ᠬᠣᠶᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠨᠠᠢ ᠶᠢᠨ ᠬᠣᠶᠢᠭ ᠪᠠ ᠨᠢᠯ ᠮᠥᠷᠡᠨ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠶᠸᠵᠠᠫᠲᠡᠶᠢᠨ ᠭᠠᠵᠠᠷ ᠤᠨ ᠵᠢᠷᠤᠭ ᠳᠡᠭᠡᠷᠡᠬᠢ ᠰᠢᠨᠠᠢ ᠶᠢᠨ ᠬᠣᠶᠢᠭ

ᠰᠢᠨᠠᠢ ᠶᠢᠨ ᠬᠣᠶᠢᠭ (ᠠᠷᠠᠪ ᠶᠢᠡᠷ شبه جزيرة سيناء, Shibh Jazīrat Sīnā') ᠨᠢ ᠪᠠᠷᠠᠭᠤᠨ ᠠᠽᠢᠶ᠎ᠠ ᠍ ᠶᠢᠨ ᠠᠷᠠᠪ ᠤᠨ ᠬᠣᠶᠢᠭ ᠪᠠ ᠠᠹᠷᠢᠺᠠ ᠲᠢᠪ ᠦᠨ ᠵᠡᠭᠦᠨ ᠬᠣᠶᠢᠳᠤ ᠬᠡᠰᠡᠭ ᠦᠨ ᠬᠣᠭᠣᠷᠣᠨᠳᠣ ᠤᠷᠤᠰᠢᠬᠤ ᠬᠣᠶᠢᠭ ᠶᠤᠮ᠃ ᠬᠣᠶᠢᠳᠤ ᠲᠠᠯ᠎ᠠ ᠪᠠᠷ ᠢᠶᠠᠨ ᠭᠠᠵᠠᠷ ᠤᠨ ᠳᠤᠮᠳᠠᠳᠤ ᠲᠡᠩᠭᠢᠰ᠂ ᠡᠮᠦᠨ᠎ᠡ ᠲᠠᠯ᠎ᠠ ᠪᠠᠷ ᠢᠶᠠᠨ ᠤᠯᠠᠭᠠᠨ ᠲᠡᠩᠭᠢᠰ᠂ ᠵᠡᠭᠦᠨ ᠲᠠᠯ᠎ᠠ ᠪᠠᠷ ᠢᠶᠠᠨ ᠠᠺᠠᠪᠠᠭ ᠤᠨ ᠪᠤᠯᠤᠨ᠂ ᠪᠠᠷᠠᠭᠤᠨ ᠲᠠᠯ᠎ᠠ ᠪᠠᠷ ᠢᠶᠠᠨ ᠰᠤᠡᠴᠡ ᠶᠢᠨ ᠪᠤᠯᠤᠨᠭᠠ ᠪᠠᠷ ᠬᠦᠷᠢᠶᠡᠯᠡᠭᠳᠡᠨ᠎ᠡ᠃ ᠡᠮᠦᠨ᠎ᠡ ᠲᠡᠰᠢ ᠴᠢᠭᠯᠡᠭᠰᠡᠨ ᠭᠤᠷᠪᠠᠯᠵᠢᠨ ᠬᠡᠯᠪᠡᠷᠢ ᠲᠡᠢ ᠪᠥᠭᠡᠳ ᠬᠠᠮᠤᠭ ᠤᠨ ᠡᠮᠦᠨᠡᠲᠦ ᠦᠵᠦᠭᠦᠷ ᠨᠢ ᠮᠤᠬᠤᠮᠮᠧᠳ ᠤᠨ ᠬᠣᠰᠢᠭᠤ ᠪᠣᠯᠤᠨ᠎ᠠ᠃ ᠡᠮᠦᠨᠡᠲᠦ ᠬᠡᠰᠡᠭ ᠲᠦ ᠨᠢ ᠰᠢᠨᠠᠢ ᠠᠭᠤᠯᠠ ᠣᠷᠣᠰᠢᠨ᠎ᠠ᠃

ᠶᠸᠵᠠᠫᠲᠡᠶᠢᠨ ᠨᠤᠲᠤᠭ ᠳᠡᠪᠢᠰᠬᠡᠷ ᠲᠦ ᠬᠠᠷᠢᠶᠠᠯᠠᠭᠳᠠᠬᠤ ᠪᠥᠭᠡᠳ ᠵᠡᠭᠦᠨ ᠬᠢᠵᠠᠭᠠᠷ ᠨᠢ ᠢᠰᠷᠸᠯ ᠪᠠ ᠶᠸᠵᠠᠫᠲ ᠤᠯᠤᠰ ᠤᠨ ᠬᠢᠯᠢ ᠲᠡᠢ ᠳᠠᠪᠬᠤᠴᠠᠨ᠎ᠠ᠂ ᠮᠥᠨ ᠪᠠᠷᠠᠭᠤᠨ ᠬᠢᠵᠠᠭᠠᠷ ᠨᠢ ᠰᠤᠡᠴᠡ ᠶᠢᠨ ᠰᠤᠪᠠᠭ ᠪᠣᠯᠤᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠸᠵᠠᠫᠲ ᠡᠴᠡ ᠴᠢᠯᠦᠭᠡᠯᠡᠭᠳᠡᠭᠰᠡᠨ ᠵᠡᠦ ᠳᠦᠡᠭᠦᠳᠡ ᠰᠢᠨᠠᠢ ᠶᠢᠨ ᠬᠣᠶᠢᠭ ᠲᠤ ᠢᠷᠡᠵᠦ᠂ ᠮᠣᠽᠧᠰ ᠰᠢᠨᠠᠢ ᠠᠭᠤᠯᠠᠠᠨ ᠳᠡᠭᠡᠷ᠎ᠡ ᠪᠤᠷᠬᠠᠨ ᠠᠴᠠ ᠠᠷᠪᠠᠨ ᠰᠤᠷᠭᠠᠯ ᠬᠦᠯᠢᠶᠡᠨ ᠠᠪᠤᠭᠰᠠᠨ ᠭᠡᠭᠳᠡᠳᠡᠭ᠃ ᠰᠢᠨᠠᠢ ᠠᠭᠤᠯᠠ ᠶᠢᠨ ᠪᠡᠯ ᠳᠦ 337 ᠣᠨ ᠳᠤ ᠺᠣᠨᠰᠲ᠋ᠠᠨᠲ᠋ᠢᠨ I ᠬᠠᠭᠠᠨ ᠤ ᠡᠵᠢ ᠶᠡᠯᠠᠨ᠎ᠠ ᠶᠢᠨ ᠪᠠᠷᠢᠭᠤᠯᠤᠭᠰᠠᠨ ᠠᠷᠢᠭᠤᠨ ᠺᠠᠲ᠋ᠧᠷᠢᠨ᠎ᠠ ᠶᠢᠨ ᠰᠦᠮ᠎ᠡ ᠪᠠᠶᠢᠳᠠᠭ᠃

ᠡᠷᠲᠡ ᠴᠠᠭ ᠲᠤ ᠷᠤᠮᠠᠨᠢᠶ ᠠ ᠡᠵᠡᠨᠲᠦ ᠭᠦᠷᠦᠨᠳᠣᠷᠣᠨᠠᠲᠤ ᠷᠤᠮᠠᠨᠢᠶ ᠠ ᠡᠵᠡᠨᠲᠦ ᠭᠦᠷᠦᠨ ᠵᠡᠷᠭᠡ ᠳᠦ ᠬᠠᠷᠢᠶᠠᠯᠠᠭᠳᠠᠵᠤ ᠪᠠᠶᠢᠭᠠᠳ ᠳᠤᠮᠳᠠᠳᠤ ᠵᠠᠭᠤᠨ ᠠᠴᠠ ᠣᠮᠧᠢᠢᠳᠠᠪᠪᠠᠰ ᠲᠤᠹᠠᠲ᠋ᠢᠮᠡᠳᠠᠶᠤᠸᠪᠢᠳᠮᠠᠮᠤᠯᠶᠤᠶᠢᠺᠣᠰᠠᠮᠠᠨ ᠤ ᠡᠵᠡᠨᠲᠦ ᠭᠦᠷᠦᠨ ᠵᠡᠷᠭᠡ ᠢᠰᠯᠠᠮ ᠤᠨ ᠬᠠᠯᠢᠹᠲ ᠤᠯᠤᠰ ᠦᠳ ᠤᠨ ᠮᠡᠳᠡᠯ ᠳᠦ ᠡᠭᠡᠯᠵᠢ ᠳᠠᠷᠠᠭᠠᠯᠠᠨ ᠣᠷᠣᠵᠤ ᠪᠠᠶᠢᠪᠠ᠃

17 ᠍ ᠳᠦᠭᠡᠷ ᠵᠠᠭᠤᠨ ᠳᠤ ᠣᠰᠠᠮᠠᠨ ᠤ ᠡᠵᠡᠨᠲᠦ ᠭᠦᠷᠦᠨ ᠰᠤᠯᠠᠷᠠᠵᠤ ᠡᠬᠢᠯᠡᠮᠡᠭᠴᠡ ᠲᠡᠭᠦᠨ ᠡᠴᠡ ᠲᠤᠰᠠᠭᠠᠷᠯᠠᠵᠤ᠂ ᠮᠤᠬᠤᠮ ᠢᠶ᠎ᠡ ᠳᠦ ᠠᠯᠢᠭᠡᠶᠢᠨ ᠪᠠᠶᠢᠭᠤᠯᠤᠭᠰᠠᠨ ᠮᠤᠬᠤᠮ ᠢᠶ᠎ᠡ ᠳᠦ ᠠᠯᠢᠭ ᠤᠨ ᠬᠠᠨᠯᠢᠭᠡᠶᠢᠨ ᠡᠷᠬᠡᠰᠢᠶᠡᠯ ᠳᠦ ᠣᠷᠣᠵᠤ᠂ 1952 ᠣᠨ ᠳᠤ ᠭᠠᠷᠤᠭᠰᠠᠨ ᠶᠸᠵᠠᠫᠲ ᠤᠨ ᠬᠤᠪᠢᠰᠬᠠᠯ ᠍ ᠤᠨ ᠳᠠᠷᠠᠭ᠎ᠠ ᠠᠷᠠᠪ ᠤᠨ ᠪᠦᠭᠦᠳᠡ ᠨᠠᠶᠢᠷᠠᠮᠳᠠᠬᠤ ᠶᠸᠵᠠᠫᠲ ᠤᠯᠤᠰ ᠤᠨ ᠨᠤᠲᠤᠭ ᠳᠡᠪᠢᠰᠬᠡᠷ ᠪᠣᠯᠵᠠᠢ᠃ 1967 ᠣᠨ ᠳᠤ ᠭᠠᠷᠤᠭᠰᠠᠨ ᠵᠢᠷᠭᠤᠭᠠᠨ ᠡᠳᠦᠷ ᠦᠨ ᠳᠠᠶᠢᠨᠢ ᠦᠶ᠎ᠡ ᠳᠦ ᠢᠰᠷᠸᠯ ᠤᠨ ᠳᠣᠪᠲᠣᠯᠭᠠᠨ ᠳᠤ ᠨᠡᠷᠪᠡᠭᠳᠡᠵᠦ ᠡᠵᠡᠯᠡᠭᠳᠡᠨ᠂ 1973 ᠣᠨ ᠳᠤ ᠴᠤ ᠠᠷᠠᠪ-ᠢᠰᠷᠸᠯ ᠤᠨ ᠳᠥᠷᠪᠡᠳᠦᠭᠡᠷ ᠳᠠᠶᠢᠨᠢ ᠲᠠᠯᠠᠪᠤᠷ ᠪᠣᠯᠵᠤ ᠪᠠᠶᠢᠭᠰᠠᠨ ᠶᠤᠮ᠃ 1978 ᠣᠨ ᠤ ᠺᠥᠮᠫ ᠳᠡᠪᠡᠳ ᠦᠨ ᠲᠣᠬᠢᠷᠠᠯᠴᠠᠭ᠎ᠠ ᠶᠣᠰᠣᠭᠠᠷ ᠶᠸᠵᠠᠫᠲ ᠲᠤ ᠪᠤᠴᠠᠭᠠᠵᠤ ᠥᠭᠭᠦᠭᠰᠡᠨ ᠪᠠᠶᠢᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Sinai Peninsula

ᠪᠢᠴᠢᠭᠡᠰᠦ