ᠰᠢᠨ᠎ᠡ ᠵᠢᠯ ᠦᠨ ᠰᠦᠯᠳᠡ ᠮᠣᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠷᠡᠵᠦ ᠪᠤᠢ 2014 ᠤᠨ ᠍ ᠢ ᠤᠭᠲᠤᠨ ᠴᠢᠩᠭᠢᠰ ᠦᠨ ᠲᠠᠯᠠᠪᠠᠢ ᠳᠤ ᠵᠠᠰᠠᠭᠰᠠᠨ ᠤᠯᠠᠭᠠᠨᠪᠠᠭᠠᠲᠤᠷ ᠬᠣᠲᠠ ᠍ ᠤᠨ ᠰᠦᠯᠳᠡ ᠮᠣᠳᠣ᠃

ᠰᠢᠨ᠎ᠡ ᠵᠢᠯ ᠦᠨ ᠰᠦᠯᠳᠡ ᠮᠣᠳᠣ ᠨᠢ ᠰᠢᠨ᠎ᠡ ᠵᠢᠯ ᠦᠨ ᠪᠠᠶᠠᠷ ᠲᠤ ᠵᠣᠷᠢᠭᠤᠯᠤᠨ ᠵᠠᠰᠠᠵᠤ ᠴᠢᠮᠡᠭᠯᠡᠭᠰᠡᠨ ᠮᠣᠳᠣ ᠶᠤᠮ᠃ ᠰᠢᠨ᠎ᠡ ᠵᠢᠯ ᠦᠨ ᠰᠦᠯᠳᠡ ᠮᠣᠳᠣ ᠪᠠᠷ ᠮᠥᠩᠬᠡ ᠨᠣᠭᠣᠭᠠᠨ ᠮᠣᠳᠣ ᠍ ᠢ ᠰᠣᠩᠭᠣᠳᠠᠭ ᠪᠥᠭᠡᠳ ᠰᠦᠯᠳᠡ ᠮᠣᠳᠣ ᠵᠠᠰᠠᠬᠤ ᠤᠯᠠᠮᠵᠢᠯᠠᠯ ᠨᠢ ᠠᠩᠬᠠᠯᠠᠨ 15 ᠵᠠᠭᠤᠨ ᠳᠤ ᠭᠧᠷᠮᠠᠨ ᠤᠯᠤᠰ ᠲᠤ ᠵᠤᠯᠠ ᠰᠠᠷ᠎ᠠ ᠶᠢᠨ ᠪᠠᠶᠠᠷ ᠲᠤ ᠵᠣᠷᠢᠭᠤᠯᠤᠨ ᠰᠦᠯᠳᠡ ᠮᠣᠳᠣ ᠵᠠᠰᠠᠭᠰᠠᠨ ᠢᠶᠠᠷ ᠡᠬᠢᠯᠡᠭᠰᠡᠨ ᠪᠠᠶᠢᠨ᠎ᠠ᠃ ᠠᠩᠬᠠᠯᠠᠨ ᠰᠦᠯᠳᠡ ᠮᠣᠳᠣ ᠶᠢ ᠠᠯᠢᠮ᠎ᠠ᠂ ᠰᠠᠮᠤᠷ ᠵᠡᠷᠭᠡ ᠪᠡᠷ ᠴᠢᠮᠡᠳᠡᠭ ᠪᠠᠶᠢᠭᠰᠠᠨ ᠪᠣᠯ 18 ᠵᠠᠭᠤᠨ ᠠᠴᠠ ᠴᠢᠮᠡᠭᠯᠡᠭᠰᠡᠨ ᠰᠦᠯᠳᠡ ᠮᠣᠳᠣ ᠪᠠᠨ ᠯᠠ ᠪᠠᠷ ᠭᠡᠷᠡᠯᠲᠦᠭᠦᠯᠳᠡᠭ ᠪᠣᠯᠵᠠᠢ᠃ ᠥᠨᠥ ᠦᠶ᠎ᠡ ᠳᠦ ᠳᠡᠯᠡᠬᠡᠢ ᠶᠢᠨ ᠤᠯᠤᠰ ᠣᠷᠣᠨ ᠨᠤᠭᠤᠳ ᠰᠢᠨ᠎ᠡ ᠵᠢᠯ ᠪᠣᠯᠤᠨ ᠵᠤᠯᠠ ᠰᠠᠷ᠎ᠠ ᠶᠢᠨ ᠪᠠᠶᠠᠷ ᠲᠤ ᠵᠣᠷᠢᠭᠤᠯᠤᠨ ᠠᠮᠢᠳᠤ ᠪᠤᠰᠤ ᠬᠢᠮᠡᠯ᠂ ᠨᠡᠶᠢᠯᠡᠭ ᠮᠠᠲ᠋ᠧᠷᠢᠶᠠᠯ ᠢᠶᠠᠷ ᠬᠢᠭᠰᠡᠨ ᠰᠦᠯᠳᠡ ᠮᠣᠳᠣ ᠶᠢ ᠲᠣᠭᠯᠠᠭᠠᠮ᠂ ᠭᠡᠷᠡᠯ ᠵᠡᠷᠭᠡ ᠪᠡᠷ ᠴᠢᠮᠡᠭᠯᠡᠳᠡᠭ ᠪᠣᠯᠤᠭᠰᠠᠨ᠃

ᠮᠣᠩᠭᠣᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ ᠰᠦᠯᠳᠡ ᠮᠣᠳᠣ ᠪᠠᠷ ᠶᠡᠬᠡᠪᠴᠢᠯᠡᠨ ᠭᠠᠴᠤᠤᠷ ᠮᠣᠳᠣ ᠶᠢ ᠲᠥᠯᠦᠭᠡᠯᠡᠭᠦᠯᠳᠡᠭ᠃ ᠰᠢᠨ᠎ᠡ ᠵᠢᠯ ᠦᠨ ᠭᠠᠴᠤᠤᠷ ᠮᠣᠳᠣ ᠭᠡᠵᠦ ᠬᠡᠯᠡᠬᠦ ᠨᠢ ᠴᠤ ᠪᠤᠢ᠃ ᠠᠶᠢᠯ ᠡᠷᠦᠬᠡ ᠨᠦᠭᠦᠳ ᠰᠢᠨ᠎ᠡ ᠵᠢᠯ ᠢᠶᠡᠷ ᠭᠣᠣᠯ ᠲᠥᠯᠥᠪ ᠬᠡᠦᠬᠡᠳ ᠲᠦ ᠪᠡᠨ ᠵᠣᠷᠢᠭᠤᠯᠤᠨ ᠰᠦᠯᠳᠡ ᠮᠣᠳᠣ ᠵᠠᠰᠠᠴᠤ ᠪᠥᠮᠪᠥᠯᠢᠭᠡᠨ ᠲᠣᠭᠯᠠᠭᠠᠮ᠂ ᠰᠠ᠂ ᠭᠡᠷᠡᠯ ᠵᠡᠷᠭᠡ ᠪᠡᠷ ᠴᠢᠮᠡᠭᠯᠡᠳᠡᠭ᠃ ᠠᠶᠢᠯ ᠭᠡᠷ ᠲᠦ ᠰᠢᠨ᠎ᠡ ᠵᠢᠯ ᠢᠶᠡᠷ ᠢᠷᠡᠭᠰᠡᠨ ᠵᠣᠴᠢᠨ᠂ ᠭᠡᠶᠢᠴᠢᠨ ᠲᠤᠬᠠᠢ ᠶᠢᠨ ᠠᠶᠢᠯ ᠤᠨ ᠬᠡᠦᠬᠡᠳ ᠦᠨ ᠰᠦᠯᠳᠡ ᠮᠣᠳᠣ ᠶᠢ ᠮᠥᠩᠭᠥ᠂ ᠮᠡᠨᠳᠦᠴᠢᠯᠡᠭᠡ ᠵᠡᠷᠭᠡ ᠪᠡᠷ ᠮᠢᠯᠢᠶᠠᠬᠤ ᠵᠠᠩᠰᠢᠯ ᠴᠤ ᠪᠤᠢ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ