ᠰᠢᠨ᠌ ᠡ ᠳ᠋ᠧᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠨ᠌ ᠡ ᠳ᠋ᠧᠯᠢ
ᠳᠡᠭᠦᠷᠭᠡ
ᠨᠠᠷᠠ ᠵᠢᠷᠭᠠᠬᠤ ᠦᠶ᠎ᠡ ᠪᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠳᠧᠯ ᠬᠣᠲᠠ (ᠨᠡᠶᠢᠰᠯᠡᠯ ᠳᠧᠯ ᠬᠠᠪ ᠤᠨ ᠭᠠᠵᠠᠷ) ᠍ ᠍ ᠤᠨ 9 ᠳᠡᠭᠦᠷᠭᠡ ᠶᠢᠨ ᠭᠠᠵᠠᠷ ᠤᠨ ᠵᠢᠷᠤᠭ᠃ ᠨᠶᠤ-ᠳᠧᠯ (ᠰᠢᠨ᠌ ᠡ ᠳ᠋ᠧᠯᠢ) ᠡᠭᠦᠨ ᠳᠦ ᠪᠠᠭᠠᠳᠤᠨ᠎ᠠ᠃
ᠤᠯᠤᠰ ᠣᠷᠣᠨ Flag of India.svg ᠡᠨᠡᠳᠬᠡᠭ (ᠪᠦᠭᠦᠳᠡ ᠨᠠᠶᠢᠷᠠᠮᠳᠠᠬᠤ ᠡᠨᠡᠳᠬᠡᠭ ᠤᠯᠤᠰ)
ᠬᠣᠯᠪᠣᠭᠠᠨ ᠤ ᠨᠤᠲᠤᠭ ᠨᠡᠶᠢᠰᠯᠡᠯ ᠳᠧᠯ ᠬᠠᠪ ᠤᠨ ᠭᠠᠵᠠᠷ
ᠳᠡᠭᠦᠷᠭᠡ ᠰᠢᠨ᠌ ᠡ ᠳ᠋ᠧᠯᠢ
ᠭᠠᠵᠠᠷ ᠨᠤᠲᠤᠭ 42.7 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2011 ᠣᠨ ᠳᠤ 249,998 ᠬᠦᠮᠦᠨ [1]
ᠨᠢᠭᠲᠠᠴᠠ ᠰᠡᠶᠢᠷᠡᠭ 5854.7 ᠬᠦᠮᠦᠨ/км²
ᠨᠤᠲᠤᠭ ᠤᠨ ᠣᠯᠠᠨ ᠰᠢᠨ᠌ ᠡ ᠳ᠋ᠧᠯᠢ ᠦᠨ ᠬᠢᠨ
1911-12-15 ᠪᠠᠯᠭᠠᠰᠤ ᠶᠢ ᠪᠠᠷᠢᠵᠤ ᠡᠬᠢᠯᠡᠭᠰᠡᠨ
ᠴᠠᠭ ᠤᠨ ᠪᠥᠰᠡ ᠡᠨᠡᠳᠬᠡᠭ ᠦᠨ ᠴᠠᠭ (GMT+5:30)
ᠤᠲᠠᠰᠤᠨ ᠳ᠋ᠣᠭᠠᠷ +91-11
ᠰᠢᠤᠳᠠᠨ ᠳᠤᠭᠠᠷ 110xxx
ᠴᠠᠬᠢᠮ ᠭᠠᠵᠠᠷ ndmc.gov.in (ᠠᠩᠭᠯᠢ ᠪᠠᠷ)

ᠡᠨᠡᠳᠬᠡᠭ ᠤᠯᠤᠰ ᠤᠨ ᠨᠡᠶᠢᠰᠯᠡᠯᠡᠶᠢᠭ ᠮᠣᠩᠭᠣᠯ ᠢᠶᠠᠷ ᠰᠢᠨ᠌ ᠡ ᠳ᠋ᠧᠯᠢ (ᠬᠤᠳᠤᠮ ᠮᠣᠩᠭᠣᠯ ᠢᠶᠠᠷ ᠰᠢᠨ ᠪᠡᠨ ᠳᠧᠯ᠂ ᠠᠩᠭᠯᠢ ᠪᠠᠷ New Delhi - ᠳᠠᠭᠤᠳᠠᠯᠭ᠎ᠠ ᠨᠢ [ᠨᠶᠦ ᠳᠶᠡᠯᠡᠢ], ᠣᠷᠣᠰ ᠢᠶᠠᠷ ᠨᠶᠤ-ᠳᠧᠯ, ᠬᠢᠨᠳᠢ ᠬᠡᠯᠡ ᠪᠢᠴᠢᠭ ᠢᠶᠡᠷ [ᠨᠠᠭᠠᠶ᠎ᠠ ᠳ᠋ᠢᠯᠯᠢ] नई दिल्ली - ᠡᠭᠦᠨ ᠡᠴᠡ ᠨᠢ-ᠳ᠋ᠢᠯᠯᠢ ᠭᠡᠵᠦ ᠪᠢᠴᠢᠨ᠎ᠡ᠂ ᠫᠠᠩᠵᠠᠪ ᠢᠶᠠᠷ [ᠨᠢᠪ ᠦ ᠳ᠋ᠢᠯᠯᠢ] ਨਵੀਂ ਦਿੱਲੀ, ᠤ ᠳᠦᠭᠡᠷ [ᠨᠡᠭᠡᠭᠡᠶ᠎ᠡ ᠳ᠋ᠢᠯᠯᠢ] نئی دلی) ᠭᠡᠨ᠎ᠡ᠃ ᠲᠡᠷᠪᠤᠮ ᠬᠦᠮᠦᠨ ᠲᠡᠢ ᠤᠯᠤᠰ ᠤᠨ ᠨᠡᠶᠢᠰᠯᠡᠯ ᠭᠡᠬᠦ ᠳᠦ 《ᠭᠠᠶᠢᠬᠠᠮᠠᠷ ᠴᠥᠭᠡᠨ》 250 ᠍ ᠍ ᠬᠠᠨ ᠮᠢᠩᠭᠠᠨ ᠬᠦᠮᠦᠨ ᠲᠡᠢ᠂ 42.7 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ ᠰᠢᠨ᠌ ᠡ ᠳ᠋ᠧᠯᠢ ᠨᠢ ᠠᠯᠪᠠᠨ ᠶᠣᠰᠣᠭᠠᠷ 1,484 ᠺᠦᠸᠠᠳ᠋ ᠺᠢᠯᠣᠮᠧᠲ᠋ᠷ ᠭᠠᠵᠠᠷ᠂ 11 ᠰᠠᠶ᠎ᠠ ᠬᠦᠮᠦᠨ ᠲᠡᠢ ᠨᠡᠶᠢᠰᠯᠡᠯ ᠳᠧᠯ ᠬᠠᠪ ᠤᠨ ᠭᠠᠵᠠᠷ (ᠥᠭᠡᠷ᠎ᠡ ᠪᠡᠷ ᠬᠡᠯᠡᠪᠡᠯ ᠳᠧᠯ ᠬᠣᠲᠠ) ᠭᠡᠬᠦ ᠨᠤᠲᠤᠭ ᠤᠨ ᠵᠡᠭᠦᠨ ᠲᠥᠪ ᠬᠡᠰᠡᠭ ᠲᠦ ᠪᠠᠶᠢᠭ᠎ᠠ᠂ ᠲᠡᠭᠦᠨ ᠳᠦ ᠬᠠᠷᠢᠶᠠᠯᠠᠭᠳᠠᠬᠤ 9 ᠳᠡᠭᠦᠷᠭᠡ ᠶᠢᠨ ᠨᠢᠭᠡ ᠨᠢ ᠶᠤᠮᠰᠠᠨᠵᠡᠢ᠃ ᠪᠧᠨᠭᠠᠯ ᠤᠨ ᠪᠤᠯᠤᠨᠺᠠᠯᠦᠺᠠᠲ᠋ᠠ ᠳᠤ ᠲᠥᠪᠯᠡᠵᠦ ᠪᠠᠶᠢᠭᠰᠠᠨ ᠡᠨᠡᠳᠬᠡᠭ ᠳ᠋ᠡᠬᠢ ᠪᠷᠢᠲ᠋ᠠᠨ(ᠠᠩᠭᠯᠢ) ᠤᠨ ᠵᠠᠬᠢᠷᠭ᠎ᠠ 20 ᠍ ᠍ ᠳᠦᠭᠡᠷ ᠵᠠᠭᠤᠨᠢ ᠡᠬᠢᠨ ᠳᠦ ᠤᠮᠠᠷ᠎ᠠ ᠡᠨᠡᠳᠬᠡᠭ ᠦᠨ ᠬᠠᠮᠤᠭ ᠤᠨ ᠠᠴᠢ ᠬᠣᠯᠪᠣᠭᠳᠠᠯ ᠲᠠᠢ ᠬᠣᠲᠠ ᠳᠧᠯ ᠳᠤ ᠨᠡᠭᠦᠨ ᠰᠠᠭᠤᠬᠤ ᠪᠠᠷ ᠪᠣᠯᠵᠠᠢ᠃ 1911 ᠣᠨ ᠤ 12 ᠰᠠᠷ᠎ᠠ ᠶᠢᠨ 15 ᠍ ᠍ ᠳᠦ ᠬᠡᠷᠡᠮ ᠦᠨ ᠠᠩᠬᠠᠨ ᠤ ᠴᠢᠯᠠᠭᠤ ᠶᠢ ᠲᠠᠯᠪᠢᠭᠰᠠᠨ ᠠᠴᠠ ᠬᠣᠶᠢᠰᠢ ᠤᠷᠠᠨ ᠴᠠᠮᠢᠩ ᠬᠢᠴᠡ ᠲᠡᠢ ᠣᠯᠠᠨ ᠪᠠᠶᠢᠰᠢᠩ᠂ ᠵᠠᠮ᠂ ᠲᠠᠯᠠᠪᠠᠢ᠂ ᠵᠦᠢᠯᠡᠰ ᠪᠠᠷᠢᠭᠳᠠᠭᠰᠠᠨ᠃ ᠪᠠᠯᠭᠠᠰᠤᠨ ᠤ ᠬᠢᠴᠡ ᠳᠦ ᠠᠩᠬᠠᠷᠴᠤ 1918 ᠣᠨ ᠠᠴᠠ ᠡᠳ᠋ᠸᠢᠨ ᠯᠦᠲ᠋ᠧᠨᠰ᠂ 1926 ᠣᠨ ᠠᠴᠠ ᠬᠧᠷᠪᠧᠷᠲ ᠪᠡᠶᠢᠺᠧᠷ ᠬᠣᠶᠠᠷ ᠵᠢᠷᠤᠭ ᠢ ᠨᠢ ᠤᠷᠠᠯᠠᠵᠤ ᠠᠵᠢᠯᠯᠠᠵᠠᠢ᠃ 1928 ᠣᠨ ᠳᠤ 《New Delhi》 ᠪᠤᠶᠤ «ᠰᠢᠨ᠎ᠡ ᠳᠧᠯ» ᠭᠡᠵᠦ ᠨᠡᠷᠡᠶᠢᠳᠦᠭᠳᠡᠪᠡ᠃ ᠡᠳᠦᠭᠡ ᠰᠢᠨ᠌ ᠡ ᠳ᠋ᠧᠯᠢ ᠴᠢᠯᠦᠭᠡᠲᠡᠢ ᠥᠷᠭᠡᠨ ᠪᠠᠶᠢᠳᠠᠯ᠂ ᠮᠣᠳᠣ ᠪᠠᠷ ᠬᠤᠴᠢᠭᠳᠠᠭᠰᠠᠨ ᠭᠤᠳᠤᠮᠵᠢ ᠪᠠᠷ ᠢᠶᠠᠨ ᠠᠯᠳᠠᠷᠲᠠᠢ᠃ ᠮᠥᠨ ᠤᠯᠤᠰ ᠤᠨ ᠬᠡᠮᠵᠢᠶᠡᠨ ᠦ ᠣᠯᠠᠨ ᠣᠯᠠᠨ ᠪᠠᠷᠢᠯᠭ᠎ᠠ ᠪᠠᠶᠢᠭᠤᠯᠤᠮᠵᠢ ᠪᠣᠰᠴᠠᠢ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠰᠢᠨ᠌ ᠡ ᠳ᠋ᠧᠯᠢ

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ