ᠰᠡᠳᠬᠦᠯ ᠵᠦᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
U=315793350,444090297&fm=21&gp=0.jpg

ᠰᠡᠳᠬᠦᠯ ᠵᠦᠢ(ᠦᠪᠦᠷ ᠮᠣᠩᠭᠤᠯᠴᠤᠳ《 ᠰᠤᠨᠢᠨ ᠮᠡᠳᠡᠭᠡᠯᠡᠯ ᠦᠨ ᠤᠬᠠᠭᠠᠨ》᠂ ᠬᠢᠲᠠᠳ ᠶ᠋ᠶ᠋ᠡᠷ 新闻学᠂ ᠠᠩᠭᠯᠢ ᠪᠡᠷ journalism ) ᠪᠣᠯ ᠦᠵᠡᠭᠴᠢᠳ ᠲᠦ ᠬᠠᠨᠳᠤᠭᠰᠠᠨ ᠠᠯᠢᠪᠠ ᠦᠢᠯᠡ ᠶᠠᠪᠤᠳᠠᠯ ᠤᠨ ᠰᠤᠳᠤᠯᠭ᠎ᠠ ᠰᠢᠨᠵᠢᠯᠡᠭᠡ ᠪᠠ ᠦᠷ᠎ᠡ ᠳ᠋ᠦᠩ ᠦᠨ ᠲᠠᠶᠢᠯᠤᠨ ᠶᠤᠮ᠃ ᠬᠡᠳᠦᠢ ᠮᠠᠰᠢ ᠣᠯᠠᠨ ᠲᠥᠷᠥᠯ ᠦᠨ ᠰᠡᠳᠬᠦᠯ ᠵᠦᠢ ᠪᠠᠶᠢᠳᠠᠭ ᠪᠣᠯᠪᠠᠴᠤ ᠲᠤᠶᠢᠯ ᠤᠨ ᠵᠣᠷᠢᠯᠭ᠎ᠠ ᠨᠢ ᠦᠵᠡᠭᠴᠢ᠂ ᠤᠩᠰᠢᠭᠴᠢᠳ ᠲᠤ ᠤᠯᠤᠰ ᠲᠥᠷᠥ᠂ ᠪᠢᠽᠢᠨ᠋ᠧᠰ ᠦᠨ ᠪᠦᠲᠦᠴᠡ ᠵᠣᠬᠢᠶᠠᠨ ᠪᠠᠶᠢᠭᠤᠯᠤᠯᠲᠠ᠂ ᠨᠡᠶᠢᠭᠡᠮ ᠤᠨ ᠰᠤᠶᠤᠯ ᠤᠨ ᠨᠢᠭᠤᠷ ᠴᠢᠷᠠᠢ ᠪᠣᠯᠤᠭᠰᠠᠨ ᠤᠷᠠᠯᠢᠭ ᠰᠤᠶᠤᠯ ᠤᠨ ᠲᠤᠬᠠᠢ ᠮᠡᠳᠡᠭᠡᠯᠡᠯ ᠦᠳ ᠢ ᠬᠦᠷᠭᠡᠬᠦ ᠳᠦ ᠣᠷᠣᠰᠢᠨ᠎ᠠ᠃ ᠣᠷᠴᠢᠨ ᠦᠶ᠎ᠡ ᠶᠢᠨ ᠨᠡᠶᠢᠭᠡᠮ ᠳᠦ ᠮᠡᠳᠡᠭᠡᠯᠡᠯ ᠦᠨ ᠬᠡᠷᠡᠭᠰᠡᠯ ᠨᠢ ᠮᠡᠳᠡᠭᠡᠯᠡᠯ ᠦᠨ ᠬᠠᠩᠭᠠᠨ ᠨᠡᠶᠢᠯᠡᠭᠦᠯᠦᠭᠴᠢ ᠪᠣᠯᠤᠨ ᠨᠡᠶᠢᠭᠡᠮ ᠤᠨ ᠬᠡᠷᠡᠭ ᠶᠠᠪᠤᠳᠠᠯ ᠤᠨ ᠪᠣᠳᠣᠯ ᠰᠠᠨᠠᠭ᠎ᠠ ᠨᠢ ᠪᠣᠯᠵᠤ ᠪᠠᠶᠢᠪᠠᠴᠤ ᠰᠡᠳᠬᠦᠯ ᠵᠦᠢ ᠶᠢᠨ ᠡᠭᠦᠷᠭᠡ᠂ ᠡᠷᠬᠡ ᠵᠦᠢ ᠶᠢᠨ ᠬᠡᠮ ᠬᠡᠮᠵᠢᠶ᠎ᠡ ᠨᠢ ᠥᠷᠭᠡᠨ ᠣᠯᠠᠨ ᠤ ᠮᠡᠳᠡᠭᠡᠯᠡᠯ ᠦᠨ ᠬᠡᠷᠡᠭᠰᠡᠯ ᠦᠳ᠂ ᠢᠨᠲ᠋ᠧᠷᠨᠡᠲ ᠦᠨ ᠦᠷ᠎ᠡ ᠳ᠋ᠦᠩ ᠦᠨ ᠥᠭᠡᠷᠡᠴᠢᠯᠡᠯᠲᠡ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

Johann Callors ᠍ ᠦᠨ 1605 ᠡᠤᠨ ᠳᠤ ᠬᠡᠪᠯᠡᠭᠳᠡᠭᠰᠡᠨ "Relation aller Fᠢrnemmen Und Gedenskwᠢrdigen Historien" ᠰᠣᠨᠢᠨ ᠨᠢ ᠰᠡᠳᠬᠦᠯ ᠵᠦᠢ ᠶᠢᠨ ᠲᠡᠦᠬᠡᠨ ᠳᠦ ᠬᠠᠮᠤᠭ ᠤᠨ ᠠᠩᠬᠠᠨ ᠤ ᠰᠣᠨᠢᠨ ᠭᠡᠵᠦ ᠲᠣᠭᠠᠴᠢᠭᠳᠠᠵᠤ ᠪᠠᠶᠢᠪᠠ᠃ ᠬᠠᠷᠢᠨ ᠬᠠᠮᠤᠭ ᠤᠨ ᠠᠩᠬᠠᠨ ᠤ ᠠᠩᠭᠯᠢ ᠶᠢᠨ ᠡᠳᠦᠷ ᠲᠤᠲᠤᠮ ᠤᠨ ᠰᠣᠨᠢᠨ ᠪᠣᠯᠬᠤ Daily Courant 1702-1735 ᠡᠤᠨ ᠳᠤ ᠬᠡᠪᠯᠡᠨ ᠨᠡᠶᠢᠲᠡᠯᠡᠭᠳᠡᠵᠦ ᠪᠠᠶᠢᠪᠠ᠃ ᠬᠠᠮᠤᠭ ᠤᠨ ᠠᠩᠬᠠᠨ ᠤ ᠰᠤᠷᠭᠠᠭᠤᠯᠢ ᠳᠤ ᠵᠣᠷᠢᠭᠤᠯᠤᠭᠰᠠᠨ ᠰᠣᠨᠢᠨ ᠨᠢ 1908 ᠡᠤᠨ ᠳᠤ ᠮᠢᠰᠰᠤᠷᠠᠭᠢ ᠶᠢᠨ ᠶᠡᠬᠡ ᠰᠤᠷᠭᠠᠭᠤᠯᠢ ᠳᠤ Walter Wilson ᠭᠡᠰᠡᠨ ᠵᠣᠬᠢᠶᠠᠯᠴᠢ ᠲᠠᠢ ᠪᠠᠷ ᠪᠤᠢ ᠪᠣᠯᠤᠭᠰᠠᠨ ᠪᠠᠶᠢᠳᠠᠭ᠃ 1950 ᠡᠤᠨ ᠳᠤ ᠪᠷᠠᠽᠢᠯ ᠳᠤ ᠬᠡᠪᠯᠡᠭᠳᠡᠭᠰᠡᠨ Diario Cariocia ᠰᠣᠨᠢᠨ ᠣᠷᠴᠢᠨ ᠦᠶ᠎ᠡ ᠶᠢᠨ ᠰᠡᠳᠬᠦᠯ ᠵᠦᠢ ᠶᠢᠨ ᠡᠬᠢᠯᠡᠯ ᠢ ᠲᠠᠯᠪᠢᠭᠰᠠᠨ ᠪᠠᠶᠢᠨ᠎ᠠ᠃

ᠥᠩᠭᠡᠷᠡᠭᠰᠡᠨ 20 ᠍ ᠳ᠋ᠤᠭᠠᠷ ᠵᠠᠭᠤᠨ ᠳᠤ ᠬᠡᠪᠯᠡᠯ ᠦᠨ ᠵᠠᠬ᠎ᠠ ᠵᠡᠭᠡᠯᠢ ᠳᠦ ᠵᠢᠵᠢᠭ ᠰᠣᠨᠢᠨ᠂ ᠡᠮᠬᠢᠳᠬᠡᠯ ᠨᠣᠶᠠᠷᠬᠠᠵᠤ ᠪᠠᠶᠢᠭᠰᠠᠨ ᠪᠠ ᠭᠣᠣᠯ ᠬᠡᠯᠡᠯᠴᠡᠬᠦ ᠠᠰᠠᠭᠤᠳᠠᠯ ᠨᠢ ᠢᠯᠡᠳᠲᠡ ᠮᠡᠳᠡᠭᠳᠡᠬᠦᠶᠢᠴᠡ ᠪᠣᠳᠠᠲᠤ ᠪᠠᠶᠢᠳᠠᠯ ᠡᠰᠡᠪᠡᠯ ᠲᠡᠩᠴᠡᠪᠦᠷᠢ ᠶᠢᠨ ᠲᠠᠭᠠᠮᠠᠭᠯᠠᠯ ᠪᠠᠶᠢᠪᠠ᠃

ᠰᠢᠨ᠎ᠡ ᠦᠶ᠎ᠡ ᠶᠢᠨ ᠰᠡᠳᠬᠦᠯ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

U=1872302616,2630490746&fm=23&gp=0.jpg

1874 ᠡᠤᠨ ᠳᠤ ᠫᠦ᠋ᠯᠲ᠋ᠼᠧᠷ ᠸᠠᠰᠢᠩᠲ᠋ᠣᠨ ᠳᠤ ᠢᠷᠡᠵᠡᠢ᠃ ᠲᠡᠷᠡᠪᠡᠷ ᠥᠮᠥᠭᠡᠯᠡᠭᠴᠢ ᠶᠢᠨ ᠰᠢᠯᠭᠠᠯᠲᠠ ᠠᠮᠵᠢᠯᠲᠠ ᠲᠠᠢ ᠥᠭᠴᠦ᠂ ᠲᠤᠰ ᠮᠡᠷᠭᠡᠵᠢᠯ ᠢᠶᠡᠷ ᠢᠶᠡᠨ ᠠᠵᠢᠯᠯᠠᠬᠤ ᠶᠢᠨ ᠰᠠᠴᠠᠭᠤ 《The New York Times》 ᠰᠣᠨᠢᠨ ᠳᠤ ᠰᠤᠷᠪᠤᠯᠵᠢᠯᠠᠭᠴᠢ ᠬᠢᠵᠦ ᠪᠠᠶᠢᠯ᠎ᠠ᠃ ᠥᠮᠥᠭᠡᠯᠡᠭᠴᠢ ᠶᠢᠨ ᠠᠵᠢᠯ ᠲᠡᠭᠦᠨ ᠢ ᠰᠠᠩᠬᠦᠦ ᠶᠢᠨ ᠬᠤᠪᠢ ᠳᠤ ᠨᠡᠯᠢᠶᠡᠳ ᠬᠥᠯᠵᠢᠭᠦᠯᠦᠭᠰᠡᠨ ᠭᠡᠳᠡᠭ᠃ ᠤᠯᠠᠮ ᠢᠶᠠᠷ 1878 ᠡᠤᠨ ᠳᠤ ᠳᠠᠮᠫᠤᠷᠠᠯ ᠤᠨ ᠢᠷᠮᠡᠭ ᠲᠦ ᠲᠤᠯᠤᠭᠠᠳ ᠪᠠᠶᠢᠭᠰᠠᠨ 《Dispatch》, 《Post》 ᠰᠣᠨᠢᠨ ᠢ ᠬᠤᠳᠠᠯᠳᠤᠵᠤ ᠠᠪᠬᠤ ᠰᠠᠨᠠᠯ ᠲᠡᠭᠦᠨ ᠳᠦ ᠢᠷᠡᠵᠡᠢ᠃ ᠫᠦ᠋ᠯᠲ᠋ᠼᠧᠷ ᠰᠣᠨᠢᠨ ᠤ ᠬᠣᠶᠠᠷ ᠷᠧᠳᠠᠺᠼᠢ ᠶᠢ ᠨᠢᠭᠡᠳᠬᠡᠨ 《St.Louis Post-Dispatch》 ᠬᠡᠮᠡᠬᠦ ᠰᠢᠨ᠎ᠡ ᠨᠡᠷ᠎ᠡ ᠥᠭᠭᠦᠭᠰᠡᠨ ᠪᠠᠶᠢᠨ᠎ᠠ᠃ ᠬᠡᠪᠯᠡᠯ ᠮᠡᠳᠡᠭᠡᠯᠡᠯ ᠦᠨ ᠥᠪᠡᠷ ᠦᠨ ᠭᠡᠰᠡᠨ ᠬᠡᠷᠡᠭᠰᠡᠯ ᠲᠡᠢ ᠪᠣᠯᠤᠭᠰᠠᠨ ᠲᠡᠷᠡᠪᠡᠷ ᠰᠣᠨᠢᠨ ᠤ ᠪᠠᠨ ᠡᠵᠡᠨ᠂ ᠷᠧᠳᠠᠺᠲᠣᠷ᠂ ᠰᠡᠳᠬᠦᠯᠴᠢ ᠶᠢᠨ ᠠᠵᠢᠯ ᠢ ᠨᠢᠭᠡᠨ ᠵᠡᠷᠭᠡ ᠬᠢᠵᠦ ᠪᠠᠶᠢᠯ᠎ᠠ᠃

ᠰᠣᠨᠢᠨ ᠤ ᠡᠷᠢᠨ ᠰᠤᠷᠪᠤᠯᠵᠢᠯᠠᠬᠤ ᠪᠤᠯᠤᠩ ᠳᠤ ᠤᠯᠤᠰ ᠲᠥᠷᠥ ᠳᠦ ᠲᠡᠭᠦᠨ ᠲᠡᠢ ᠬᠠᠮᠲᠤ ᠵᠢᠳᠬᠦᠵᠦ ᠶᠠᠪᠤᠭᠰᠠᠨ ᠬᠦᠮᠦᠰ ᠦᠨ ᠲᠠᠯ᠎ᠠ ᠪᠠᠷ ᠬᠠᠶᠢᠷ᠎ᠠ ᠨᠠᠶᠢᠷ ᠦᠭᠡᠢ ᠵᠦᠢᠯ ᠪᠢᠴᠢᠭᠯᠡᠬᠦ ᠪᠣᠯᠵᠠᠢ᠃ ᠡᠨᠡ ᠪᠦᠬᠦᠨ ᠦ ᠠᠴᠢ ᠪᠠᠷ ᠰᠧᠨᠲ ᠯᠤᠢᠰ ᠬᠣᠲᠠ ᠶᠢᠨ ᠬᠠᠮᠤᠭ ᠤᠨ ᠨᠡᠷ᠎ᠡ ᠬᠦᠨᠳᠦᠲᠡᠢ ᠰᠣᠨᠢᠨ ᠪᠣᠯᠬᠤ ᠨᠢ ᠲᠡᠷᠡ᠃ ᠣᠷᠣᠨ ᠨᠤᠲᠤᠭ ᠲᠤ ᠪᠣᠯᠵᠤ ᠪᠤᠢ ᠤᠯᠤᠰ ᠲᠥᠷᠥ ᠪᠣᠯᠤᠨ ᠬᠡᠯᠡ ᠠᠮᠠ ᠲᠠᠲᠠᠯᠠᠭᠰᠠᠨ ᠪᠣᠯᠭᠠᠨ ᠤ ᠲᠠᠯ᠎ᠠ ᠪᠠᠷ ᠦᠨᠡᠨ ᠢ ᠪᠢᠴᠢᠵᠦ ᠪᠠᠶᠢᠯ᠎ᠠ᠃ ᠤᠯᠤᠰ ᠲᠥᠷᠦᠴᠢᠳ ᠦᠨ ᠵᠠᠨᠤᠯᠲᠤ ᠳᠠᠶᠢᠰᠤᠨ ᠪᠣᠯᠵᠤ᠂ ᠠᠮᠢ ᠨᠠᠰᠤᠨ ᠳᠤ ᠨᠢ ᠠᠶᠤᠯ ᠤᠴᠢᠷ ᠴᠦ ᠪᠣᠯᠵᠣᠰᠢ ᠦᠭᠡᠢ ᠪᠣᠯᠵᠤ ᠡᠬᠢᠯᠡᠭᠰᠡᠨ ᠲᠤᠯᠠ ᠲᠡᠷᠡᠪᠡᠷ 1882 ᠡᠤᠨ ᠤ ᠰᠡᠭᠦᠯᠴᠢ ᠪᠡᠷ ᠨᠶ᠋ᠤᠢ ᠶᠣᠷᠺ ᠢ ᠵᠣᠷᠢᠭᠰᠠᠨ ᠪᠠᠶᠢᠨ᠎ᠠ᠃ ᠬᠠᠷᠢᠨ ᠰᠣᠨᠢᠨ ᠤ᠋ ᠢᠶᠠᠨ ᠦᠢᠯᠡ ᠠᠵᠢᠯᠯᠠᠭ᠎ᠠ ᠶᠢ ᠤᠲᠠᠰᠤ᠂ ᠴᠠᠬᠢᠯᠭᠠᠨ ᠰᠢᠤᠳᠠᠨ ᠢᠶᠠᠷ ᠤᠳᠤᠷᠢᠳᠥᠵᠤ ᠪᠠᠶᠢᠴᠠᠢ᠃

1983 ᠡᠤᠨ ᠳᠤ ᠫᠦ᠋ᠯᠲ᠋ᠼᠧᠷ 《The New York World》 ᠰᠣᠨᠢᠨ ᠢ ᠬᠤᠳᠠᠯᠳᠤᠵᠤ ᠠᠪᠤᠯ᠎ᠠ᠃ ᠲᠤᠰ ᠰᠣᠨᠢᠨ ᠤ ᠡᠬᠢᠨ ᠦ ᠳ᠋ᠤᠭᠠᠷ ᠲᠤ ᠨᠶ᠋ᠤ ᠵᠧᠷᠰᠢ ᠮᠤᠵᠢ ᠳᠤ ᠲᠣᠬᠢᠶᠠᠯᠳᠤᠭᠰᠠᠨ ᠠᠶᠤᠮᠰᠢᠭᠲᠤ ᠬᠠᠷ᠎ᠠ ᠰᠢᠭᠤᠷᠭᠠᠨ ᠤ ᠲᠤᠬᠠᠢ ᠥᠭᠦᠯᠡᠯ᠂ ᠴᠠᠭᠠᠵᠠ ᠶᠢᠨ ᠶᠠᠯ᠎ᠠ ᠠᠪᠤᠭᠰᠠᠨ ᠬᠣᠷᠢᠭᠳᠠᠯᠲᠠᠢ ᠬᠢᠭᠰᠡᠨ ᠶᠠᠷᠢᠯᠴᠠᠯᠭ᠎ᠠ ᠨᠡᠶᠢᠲᠡᠯᠡᠭᠳᠡᠵᠡᠢ᠃ ᠳᠡᠭᠡᠷᠡᠬᠢ ᠮᠠᠲ᠋ᠧᠷᠢᠶᠠᠯ ᠨᠢ ᠥᠨᠥ ᠴᠠᠭ ᠲᠤ ᠡᠩ ᠦᠨ ᠰᠠᠨᠠᠭᠳᠠᠬᠤ ᠪᠣᠯᠪᠠᠴᠤ ᠲᠤᠬᠠᠢ ᠶᠢᠨ ᠦᠶ᠎ᠡ ᠳᠦ ᠣᠭᠲᠣ ᠨᠡᠶᠢᠲᠡᠯᠡᠭᠳᠡᠵᠦ ᠪᠠᠶᠢᠭ᠎ᠠ ᠦᠭᠡᠢ ᠴᠤ ᠰᠢᠨ᠎ᠡ ᠳᠤᠤᠯᠢᠶᠠᠨ ᠪᠠᠶᠢᠯ᠎ᠠ᠃ ᠫᠦ᠋ᠯᠲ᠋ᠼᠧᠷ ᠥᠪᠡᠷ ᠦᠨ ᠰᠡᠳᠬᠦᠯᠴᠢᠳ ᠡᠴᠡ ᠱᠤᠤᠭᠢᠶᠠᠨ ᠲᠠᠷᠢᠬᠤ ᠮᠡᠳᠡᠭᠡ᠂ ᠪᠠᠷᠢᠮᠲᠠ ᠣᠯᠵᠤ᠂ ᠲᠡᠭᠦᠨ ᠦ ᠤᠩᠰᠢᠭᠴᠢᠳ ᠲᠤ ᠰᠢᠭᠤᠳ ᠬᠦᠷᠭᠡᠬᠦ ᠬᠡᠮᠵᠢᠶᠡᠨ ᠳᠦ ᠪᠢᠴᠢᠬᠦ ᠶᠢ ᠱᠠᠭᠠᠷᠳᠠᠳᠠᠭ ᠪᠠᠶᠢᠪᠠ᠃ ᠲᠡᠶᠢᠮᠦ ᠡᠴᠡ ᠲᠡᠭᠦᠨ ᠦ ᠰᠣᠨᠢᠨ ᠤ ᠮᠡᠳᠡᠭᠡ᠂ ᠨᠡᠶᠢᠲᠡᠯᠡᠯ᠂ ᠰᠤᠷᠪᠤᠯᠵᠢᠯᠠᠭ᠎ᠠ ᠨᠤᠭᠤᠳ ᠨᠢ 《ᠠᠶᠤᠮᠰᠢᠭᠲᠤ ᠠᠯᠠᠯᠭ᠎ᠠ》᠂《ᠦᠬᠦᠯ ᠦᠨ ᠠᠮᠢᠰᠬᠤᠯ》᠂ 《ᠨᠢᠭᠤᠴᠠ ᠠᠮᠠᠷᠠᠭ ᠤᠳ》 ᠭᠡᠬᠦ ᠮᠡᠲᠦ ᠰᠦᠷᠵᠢᠨ ᠭᠠᠷᠴᠠᠭ ᠲᠠᠢ ᠨᠡᠶᠢᠲᠡᠯᠡᠭᠳᠡᠳᠡᠭ ᠪᠠᠶᠢᠴᠠᠢ᠃ ᠤᠯᠠᠮ ᠢᠶᠠᠷ 《The New York World》 ᠤᠳᠠᠯ ᠦᠭᠡᠢ ᠬᠣᠲᠠ ᠶᠢᠨ ᠬᠠᠮᠤᠭ ᠤᠨ ᠲᠡᠷᠢᠭᠦᠨ ᠦ ᠰᠣᠨᠢᠨ ᠪᠣᠯᠤᠭᠰᠠᠨ ᠶᠤᠮ᠃

ᠰᠡᠳᠬᠢᠴᠡ ᠶᠢᠨ ᠡᠮᠨᠡᠯᠭᠡ ᠶᠢᠨ ᠲᠤᠬᠠᠢ ᠴᠤᠪᠤᠷᠠᠯ ᠨᠡᠶᠢᠲᠡᠯᠡᠯ ᠨᠢ ᠰᠡᠳᠬᠦᠯ ᠵᠦᠢ ᠳᠤ ᠲᠣᠮᠣᠬᠠᠨ ᠳᠤᠤᠯᠢᠶᠠᠨ ᠲᠠᠷᠢᠭᠰᠠᠨ ᠪᠦᠲᠦᠭᠡᠯ ᠦᠨ ᠰᠣᠩᠭᠣᠳᠠᠭ ᠵᠢᠱᠢᠶ᠎ᠡ ᠪᠠᠶᠢᠯ᠎ᠠ᠃ ᠰᠡᠳᠬᠦᠯᠴᠢ ᠡᠮᠨᠡᠯᠭᠡ ᠤᠷᠤᠭᠤ ᠨᠡᠪᠲᠡᠷᠡᠬᠦ ᠶᠢᠨ ᠲᠤᠯᠠᠳᠠ ᠰᠡᠳᠬᠢᠴᠡ ᠶᠢᠨ ᠡᠪᠡᠳᠴᠢᠲᠡᠨ ᠦ ᠳᠦᠷᠢ ᠳᠦ ᠴᠢᠳᠠᠪᠤᠷᠢᠯᠢᠭ ᠵᠦᠵᠦᠭᠡᠯᠡᠵᠦ ᠴᠢᠳᠠᠵᠠᠢ᠃ ᠤᠴᠢᠷ ᠨᠢ 《ᠡᠪᠡᠳᠴᠢᠲᠡᠨ》 ᠍ ᠢ ᠦᠵᠡᠭᠰᠡᠨ ᠲᠠᠪᠤᠨ ᠡᠮᠴᠢ ᠶᠢᠨ ᠳᠥᠷᠪᠡ ᠨᠢ ᠱᠢᠽᠣᠹᠷᠧᠨ ᠭᠡᠬᠦ ᠣᠨᠣᠰᠢ ᠲᠠᠯᠪᠢᠭᠰᠠᠨ ᠶᠤᠮ᠃ ᠬᠡᠳᠦᠨ ᠳᠣᠯᠣᠭ᠎ᠠ ᠬᠣᠨᠣᠭ ᠤᠨ ᠲᠤᠷᠰᠢ ᠡᠪᠡᠳᠦᠭᠡ ᠦᠭᠡᠢ ᠡᠪᠡᠳᠴᠢᠨ ᠢᠶᠡᠨ ᠡᠮᠴᠢᠯᠡᠭᠦᠯᠵᠦ ᠪᠠᠶᠢᠬᠤ ᠳᠤ ᠪᠠᠨ ᠫᠦ᠋ᠯᠲ᠋ᠼᠧᠷ ᠲᠤᠰ ᠡᠮᠨᠡᠯᠭᠡ ᠶᠢᠨ ᠡᠪᠡᠳᠴᠢᠲᠡᠨ ᠨᠦᠭᠦᠳ ᠬᠦᠢᠲᠡᠨ ᠤᠷᠴᠢᠨ ᠳᠤ᠂ ᠬᠠᠭᠠᠰ ᠥᠯᠥᠰᠬᠦᠯᠡᠩ ᠪᠠᠶᠢᠳᠠᠯ ᠲᠠᠢ᠂ ᠪᠠᠯᠠᠮᠠᠳ ᠬᠡᠷᠴᠡᠭᠡᠢ ᠬᠠᠷᠢᠴᠠᠭᠠᠨ ᠳᠤᠮᠳᠠ ᠡᠮᠴᠢᠯᠡᠭᠦᠯᠳᠡᠭ ᠪᠣᠯᠬᠤ ᠶᠢ ᠨᠠᠷᠢᠨ ᠪᠠᠷᠢᠮᠲᠠ ᠲᠠᠢ ᠳᠡᠯᠭᠡᠵᠦ ᠪᠢᠴᠢᠵᠡᠢ᠃ ᠡᠨᠡᠬᠦ ᠨᠡᠶᠢᠲᠡᠯᠡᠯ ᠦᠨ ᠳᠠᠷᠤᠭ᠎ᠠ ᠬᠣᠲᠠ ᠶᠢᠨ ᠳᠠᠷᠤᠭ᠎ᠠ ᠰᠡᠳᠬᠢᠴᠡ ᠶᠢᠨ ᠡᠮᠨᠡᠯᠭᠡ ᠳᠦ ᠪᠦᠷᠢᠨ ᠰᠢᠨᠡᠴᠢᠯᠡᠯ ᠬᠢᠭᠰᠡᠨ ᠭᠡᠳᠡᠭ᠃

《ᠠᠯᠢᠪᠠ ᠭᠡᠮᠲᠦ ᠶᠠᠪᠤᠳᠠᠯ ᠣᠯᠠᠨ ᠤ ᠨᠢᠳᠦᠨ ᠡᠴᠡ ᠳᠠᠯᠳᠠ᠂ ᠨᠢᠭᠤᠭᠳᠠᠮᠠᠯ ᠪᠠᠶᠢᠳᠠᠯ ᠳᠤ ᠪᠠᠶᠢᠬᠤ ᠴᠢᠳᠠᠪᠤᠷᠢ ᠲᠠᠢ᠃ ᠲᠡᠷᠡ ᠪᠦᠬᠦᠨ ᠢ ᠢᠯᠡ ᠭᠠᠷᠭᠠᠵᠤ᠂ ᠲᠣᠳᠣᠷᠬᠠᠢ ᠪᠣᠯᠭᠠᠨ ᠪᠢᠴᠢᠨ᠎ᠡ᠃ ᠡᠷᠲᠡ᠂ ᠣᠷᠣᠢ ᠬᠡᠵᠢᠶ᠎ᠡ ᠨᠢᠭᠡᠨ ᠴᠠᠭ ᠲᠤ ᠣᠯᠠᠨ ᠲᠦᠮᠡᠨ ᠦ ᠦᠵᠡᠯ ᠪᠣᠳᠣᠯ ᠤᠨ ᠬᠦᠴᠦ ᠪᠡᠷ ᠡᠨᠡ ᠪᠤᠯᠠᠢ ᠶᠠᠪᠤᠳᠠᠯ ᠠᠷᠢᠯᠤᠨ᠎ᠠ》 ᠬᠡᠮᠡᠨ ᠫᠦ᠋ᠯᠲ᠋ᠼᠧᠷ ᠬᠡᠯᠡᠳᠡᠭ ᠪᠠᠶᠢᠴᠠᠢ᠃ ᠲᠡᠷᠡᠪᠡᠷ ᠥᠪᠡᠷ ᠦᠨ ᠰᠣᠨᠢᠨ ᠤ ᠨᠡᠶᠢᠲᠡᠯᠡᠯ᠂ ᠮᠡᠳᠡᠭᠡᠯᠡᠯ ᠢᠶᠡᠷ ᠦᠷᠭᠦᠯᠵᠢ ᠰᠢᠨ᠎ᠡ ᠶᠢ ᠡᠷᠢᠯᠬᠢᠯᠡᠨ᠂ ᠣᠯᠠᠨ ᠨᠡᠶᠢᠲᠡ ᠶᠢ ᠠᠯᠢᠪᠠ ᠳᠤ ᠤᠷᠢᠶᠠᠯᠠᠬᠤ ᠶᠢ ᠵᠣᠷᠢᠳᠠᠭ ᠪᠠᠶᠢᠪᠠ᠃ ᠰᠣᠨᠢᠨ ᠤ ᠨᠡᠶᠢᠲᠡᠯᠡᠯ ᠦᠨ ᠦᠷ᠎ᠡ ᠳ᠋ᠦᠩ ᠦᠨ ᠨᠢᠭᠡ ᠵᠢᠱᠢᠶ᠎ᠡ ᠪᠣᠯ᠂ ᠠᠮᠧᠷᠢᠺᠠ ᠶᠢᠨ ᠨᠢᠭᠡᠳᠦᠭᠰᠡᠨ ᠤᠯᠤᠰ ᠦᠨ ᠰᠦᠯᠳᠡ ᠪᠣᠯᠤᠭᠰᠠᠨ ᠡᠷᠬᠡ ᠴᠢᠯᠦᠭᠡᠨ ᠦ ᠬᠥᠰᠢᠶ᠎ᠡ ᠶᠢ ᠪᠠᠷᠢᠬᠤ ᠠᠵᠢᠯ ᠳᠤ ᠣᠯᠠᠨ ᠨᠡᠶᠢᠲᠡ ᠶᠢᠨ ᠠᠩᠬᠠᠷᠤᠯ ᠢ ᠬᠠᠨᠳᠤᠭᠤᠯᠵᠤ᠂ ᠬᠥᠰᠢᠶ᠎ᠡ ᠶᠢ ᠪᠣᠰᠬᠠᠭᠰᠠᠨ ᠶᠠᠪᠤᠳᠠᠯ ᠶᠤᠮ᠃ ᠮᠥᠨ ᠲᠡᠭᠦᠨ ᠦ ᠤᠳᠤᠷᠢᠳᠤᠯᠭ᠎ᠠ ᠳᠣᠣᠷ᠎ᠠ ᠠᠵᠢᠯᠯᠠᠵᠤ ᠪᠠᠶᠢᠭᠰᠠᠨ ᠰᠡᠳᠬᠦᠯᠴᠢ ᠨᠧᠯᠯᠢ ᠬᠡᠮᠡᠬᠦ ᠡᠮᠡᠭᠲᠡᠢ ᠫᠦ᠋ᠯᠲ᠋ᠼᠧᠷ ᠤᠨ ᠳᠠᠭᠠᠭᠠᠯᠭᠠᠪᠤᠷᠢ ᠪᠠᠷ ᠳᠡᠯᠡᠬᠡᠢ ᠶᠢ ᠵᠦᠯ ᠸᠧᠷᠨᠢ ᠶᠢᠨ ᠵᠣᠬᠢᠶᠠᠯ ᠤᠨ ᠪᠠᠭᠠᠲᠤᠷ ᠠᠴᠠ ᠴᠤ ᠬᠤᠷᠳᠤᠨ ᠬᠤᠭᠤᠴᠠᠭᠠᠨ ᠳᠤ ᠪᠤᠶᠤ 72 ᠡᠳᠦᠷ ᠦᠨ ᠳᠣᠲᠣᠷ᠎ᠠ ᠲᠣᠭᠣᠷᠢᠵᠤ ᠴᠢᠳᠠᠵᠠᠢ᠃ 《The New York World》 ᠰᠣᠨᠢᠨ ᠤ ᠠᠮᠠᠷᠠᠯᠲᠠ ᠶᠢᠨ ᠳ᠋ᠤᠭᠠᠷ ᠰᠢᠷ᠎ᠠ᠂ ᠬᠠᠷ᠎ᠠ ᠥᠩᠭᠡ ᠪᠡᠷ ᠬᠣᠱᠣᠩ ᠵᠢᠷᠤᠭ ᠪᠦᠬᠦᠢ ᠮᠡᠳᠡᠭᠡᠯᠡᠯ ᠦᠳ ᠭᠠᠷᠴᠤ ᠪᠠᠶᠢᠭᠰᠠᠨ ᠨᠢ ᠥᠨᠥ ᠶᠢᠨ 《ᠰᠢᠷ᠎ᠠ ᠬᠡᠪᠯᠡᠯ》 ᠬᠡᠮᠡᠬᠦ ᠣᠶᠢᠯᠠᠭᠠᠯᠲᠠ ᠭᠠᠷᠤᠭᠰᠠᠨ ᠭᠡᠳᠡᠭ᠃

ᠵᠣᠽᠧᠹ ᠫᠦ᠋ᠯᠲ᠋ᠼᠧᠷ ᠰᠣᠨᠢᠨ᠂ ᠰᠣᠳᠣᠨ᠂ ᠰᠣᠨᠢᠷᠬᠠᠯᠲᠠᠢ ᠨᠡᠶᠢᠲᠡᠯᠡᠯ ᠢᠶᠡᠷ ᠢᠶᠡᠨ ᠬᠣᠵᠢᠮ ᠨᠢ 《ᠰᠢᠨ᠎ᠡ ᠰᠡᠳᠬᠦᠯ ᠵᠦᠢ》 ᠬᠡᠮᠡᠨ ᠨᠡᠷᠡᠯᠡᠭᠳᠡᠭᠰᠡᠨ ᠣᠷᠴᠢᠨ ᠦᠶ᠎ᠡ ᠶᠢᠨ ᠬᠡᠪᠯᠡᠯ ᠭᠠᠷᠭᠠᠬᠤ ᠵᠠᠷᠴᠢᠮ ᠢ ᠨᠡᠭᠡᠭᠡᠭᠰᠡᠨ ᠭᠡᠵᠦ ᠲᠡᠦᠬᠡᠨ ᠳᠦ ᠪᠢᠴᠢᠭᠳᠡᠭᠰᠡᠨ ᠨᠢᠭᠡᠨ᠃ ᠰᠡᠳᠬᠦᠯ ᠵᠦᠢ ᠳᠤ ᠰᠢᠨᠡᠴᠢᠯᠡᠯ ᠠᠪᠴᠢᠷᠠᠭᠰᠠᠨ ᠳᠡᠭᠡᠷᠡᠬᠢ ᠠᠵᠢᠯ ᠳᠤ ᠪᠠᠨ ᠰᠡᠳᠬᠦᠯᠴᠢᠳ ᠢ ᠰᠤᠷᠭᠠᠵᠤ ᠴᠢᠳᠠᠭᠰᠠᠨ ᠨᠢ ᠶᠠᠭᠠᠬᠢᠬᠤ ᠠᠷᠭ᠎ᠠ ᠦᠭᠡᠢ ᠲᠡᠭᠦᠨ ᠦ ᠭᠠᠪᠢᠶ᠎ᠠ ᠮᠥᠨ ᠠᠵᠢ᠃

ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1920 ᠡᠤᠨ ᠳᠤ ᠣᠷᠴᠢᠨ ᠦᠶ᠎ᠡ ᠶᠢᠨ ᠰᠡᠳᠬᠦᠯ ᠵᠦᠢ ᠶᠢᠨ ᠡᠬᠢᠯᠡᠯ ᠲᠠᠯᠪᠢᠭᠳᠠᠵᠤ ᠪᠠᠶᠢᠭᠰᠠᠨ ᠪᠥᠭᠡᠳ ᠵᠣᠬᠢᠶᠠᠯᠴᠢ Walter Lippmann, ᠠᠮᠧᠷᠢᠺᠠ ᠶᠢᠨ ᠹᠢᠯᠣᠰᠣᠹᠢᠴᠢ John Dewey ᠨᠠᠷ ᠠᠷᠠᠳᠴᠢᠯᠠᠭᠰᠠᠨ ᠰᠡᠳᠬᠦᠯ ᠵᠦᠢ ᠶᠢᠨ ᠡᠭᠦᠷᠭᠡ ᠶᠢ ᠬᠡᠯᠡᠯᠴᠡᠵᠡᠢ᠃ ᠲᠡᠳᠡᠭᠡᠷ ᠦᠨ ᠭᠦᠨ ᠤᠬᠠᠭᠠᠨ ᠤ ᠲᠠᠯ᠎ᠠ ᠪᠠᠷ ᠬᠢ ᠢᠯᠭᠠᠭ᠎ᠠ ᠲᠠᠢ ᠪᠠᠶᠢᠳᠠᠯ ᠨᠢ ᠨᠡᠶᠢᠭᠡᠮ ᠪᠣᠯᠤᠨ ᠤᠯᠤᠰ ᠣᠷᠣᠨ ᠳᠠᠬᠢ ᠰᠡᠳᠬᠦᠯ ᠵᠦᠢ ᠶᠢᠨ ᠡᠭᠦᠷᠭᠡ ᠶᠢᠨ ᠲᠤᠬᠠᠢ ᠬᠡᠯᠡᠯᠴᠡᠵᠦ᠂ ᠲᠣᠳᠣᠷᠬᠠᠶᠢᠯᠠᠭᠰᠠᠨ ᠪᠠᠶᠢᠨ᠎ᠠ᠃ Lippmann ᠥᠨᠥ ᠦᠶ᠎ᠡ ᠳᠦ ᠰᠡᠳᠬᠦᠯᠴᠢ ᠶᠢᠨ ᠡᠭᠦᠷᠭᠡ ᠨᠢ ᠨᠡᠶᠢᠭᠡᠮ ᠪᠣᠯᠤᠨ ᠤᠯᠤᠰ ᠲᠥᠷᠥ ᠶᠢᠨ ᠬᠣᠭᠣᠷᠣᠨᠳᠣ ᠶᠢᠨ ᠣᠷᠴᠢᠭᠤᠯᠤᠭᠴᠢ ᠵᠠᠭᠤᠴᠢᠯᠠᠭᠴᠢ ᠪᠣᠯᠬᠤ ᠶᠢ ᠣᠶᠢᠯᠠᠭᠠᠵᠠᠢ᠃ ᠰᠡᠳᠬᠦᠯᠴᠢ ᠨᠢ ᠵᠠᠭᠤᠴᠢᠯᠠᠭᠴᠢ ᠪᠣᠯᠪᠠ᠃ ᠧᠯᠢᠲ ᠦᠳ ᠶᠠᠷᠢᠬᠤ ᠦᠶ᠎ᠡ ᠳᠦ ᠰᠡᠳᠬᠦᠯᠴᠢᠳ ᠰᠣᠨᠣᠰᠴᠤ᠂ ᠮᠡᠳᠡᠭᠡᠯᠡᠯ ᠢ ᠪᠣᠯᠪᠠᠰᠤᠷᠠᠭᠤᠯᠤᠭᠰᠠᠨ ᠢᠶᠠᠷ ᠠᠷᠠᠳ ᠲᠦᠮᠡᠨ ᠪᠣᠯᠤᠨ ᠲᠡᠳᠡᠭᠡᠷ ᠦᠨ ᠬᠡᠷᠡᠭᠴᠡᠭᠡᠨ ᠳᠦ ᠵᠠᠷᠤᠴᠠᠭᠤᠯᠳᠠᠭ ᠪᠠᠶᠢᠨ᠎ᠠ᠃ ᠡᠭᠦᠨ ᠦ ᠳᠠᠷᠠᠭᠠᠬᠢ ᠲᠡᠭᠦᠨ ᠦ ᠪᠣᠳᠣᠯᠭ᠎ᠠ ᠪᠣᠯ ᠠᠷᠠᠳ ᠲᠦᠮᠡᠨ ᠦ ᠪᠠᠶᠢᠷᠢ ᠰᠠᠭᠤᠷᠢ ᠶᠢ ᠵᠣᠬᠢᠶᠠᠨ ᠪᠠᠶᠢᠭᠤᠯᠬᠤ᠂ ᠣᠷᠴᠢᠨ ᠦᠶ᠎ᠡ ᠶᠢᠨ ᠨᠡᠶᠢᠭᠡᠮ ᠳ᠋ᠡᠬᠢ ᠦᠢᠮᠡᠭᠡᠨ ᠰᠠᠮᠠᠭᠤᠨ ᠤ ᠲᠠᠯ᠎ᠠ ᠪᠠᠷ ᠬᠢ ᠮᠡᠳᠡᠭᠡᠯᠡᠯ ᠢ ᠨᠡᠮᠡᠭᠳᠡᠭᠦᠯᠬᠦ᠂ ᠮᠥᠨ ᠦᠵᠡᠭᠦᠯᠬᠦ ᠶᠤᠮ᠃ ᠡᠶᠢᠮᠦ ᠡᠴᠡ ᠵᠠᠭᠤᠴᠢᠯᠠᠭᠴᠢ ᠨᠢ ᠮᠠᠰ ᠠᠴᠠ ᠮᠡᠳᠡᠭᠡᠯᠡᠯ ᠢ ᠰᠢᠭᠦᠬᠦ ᠬᠡᠷᠡᠭᠲᠡᠢ ᠪᠣᠯᠪᠠ᠃ Lippmann ᠡᠨᠡ ᠠᠰᠠᠭᠤᠳᠠᠯ ᠳᠤ "ᠠᠷᠠᠳ ᠲᠦᠮᠡᠨ ᠤᠯᠤᠰ ᠲᠥᠷᠥ ᠶᠢᠨ ᠲᠥᠪᠡᠭ ᠲᠡᠢ ᠠᠰᠠᠭᠤᠳᠠᠯ ᠤᠨ ᠦᠷ᠎ᠡ ᠳ᠋ᠦᠩ ᠢ ᠣᠶᠢᠯᠠᠭᠠᠬᠤ ᠪᠠᠷ ᠤᠬᠠᠭᠠᠨ ᠲᠠᠢ ᠪᠢᠰᠢ" ᠭᠡᠪᠡ᠃ ᠴᠠᠭᠠᠰᠢᠯᠠᠪᠠᠯ ᠠᠷᠠᠳ ᠲᠦᠮᠡᠨ ᠨᠢ ᠲᠡᠳᠡᠨ ᠦ ᠡᠳᠦᠷ ᠲᠤᠲᠤᠮ ᠤᠨ ᠠᠮᠢᠳᠤᠷᠠᠯ ᠢᠶᠠᠨ ᠨᠡᠶᠢᠭᠡᠮ ᠤᠯᠤᠰ ᠲᠥᠷᠥ ᠶᠢᠨ ᠲᠥᠪᠡᠭᠲᠡᠢ ᠠᠰᠠᠭᠤᠳᠠᠯ ᠤᠳ ᠲᠤ ᠰᠠᠨᠠᠭ᠎ᠠ ᠲᠠᠯᠪᠢᠬᠤᠪ ᠵᠠᠷᠤᠴᠠᠭᠤᠯᠳᠠᠭ᠃ ᠡᠶᠢᠮᠦ ᠡᠴᠡ ᠠᠷᠠᠳ ᠲᠦᠮᠡᠨ ᠳᠦ ᠧᠯᠢᠲ ᠦᠳ ᠦᠨ ᠰᠢᠢᠳᠪᠦᠷᠢ᠂ ᠬᠠᠮᠢᠶᠠᠷᠤᠯ ᠬᠣᠯᠪᠣᠭ᠎ᠠ ᠶᠢ ᠡᠩ ᠦᠨ ᠢᠯᠡ ᠲᠣᠳᠣ ᠪᠠᠷ ᠮᠡᠳᠡᠭᠡᠯᠡᠬᠦ᠂ ᠲᠠᠶᠢᠯᠪᠤᠷᠢᠯᠠᠬᠤ ᠬᠡᠨ ᠨᠢᠭᠡᠨ ᠬᠡᠷᠡᠭᠲᠡᠢ ᠪᠠᠶᠢᠪᠠ᠃ Lippmann ᠨᠢ ᠠᠷᠠᠳ ᠲᠦᠮᠡᠨ ᠦ ᠥᠭᠭᠦᠭᠰᠡᠨ ᠰᠠᠨᠠᠯ ᠢᠶᠠᠷ ᠧᠯᠢᠲ ᠦᠳ ᠲᠡᠳᠡᠭᠡᠷ ᠦᠨ ᠰᠢᠢᠳᠪᠦᠷᠢ ᠶᠢ ᠭᠦᠢᠴᠡᠳᠭᠡᠨ᠎ᠡ ᠭᠡᠳᠡᠭ ᠲᠦ ᠢᠲᠡᠭᠡᠵᠦ ᠪᠠᠶᠢᠪᠠ᠃ ᠧᠯᠢᠲ ᠦᠳ (ᠤᠯᠤᠰ ᠲᠥᠷᠦᠴᠢᠳ᠂ ᠬᠦᠨᠳᠦ ᠰᠤᠷᠲᠠᠯᠲᠠᠨᠤᠭ ᠤᠳ᠂ ᠡᠷᠳᠡᠮᠲᠡᠳ ᠭᠡᠬᠦ ᠮᠡᠲᠦ) ᠬᠦᠴᠦᠲᠡᠢ ᠶᠠᠪᠤᠭᠳᠠᠵᠤ ᠪᠤᠢ ᠪᠢᠽᠢᠨ᠋ᠧᠰ ᠢᠶᠡᠨ ᠬᠠᠮᠠᠭᠠᠯᠠᠳᠠᠭ᠃ Lippmann ᠍ ᠤ ᠶᠢᠷᠲᠢᠨᠴᠦᠳ ᠰᠡᠳᠬᠦᠯᠴᠢᠳ ᠦᠨ ᠡᠭᠦᠷᠭᠡ ᠨᠢ ᠠᠷᠠᠳ ᠲᠦᠮᠡᠨ ᠳᠦ ᠧᠯᠢᠲ ᠦᠳ ᠦᠨ ᠶᠠᠭᠤ ᠬᠢᠵᠦ ᠪᠠᠶᠢᠭᠰᠠᠨ ᠢ ᠮᠡᠳᠡᠭᠡᠯᠡᠬᠦ ᠪᠠᠶᠢᠭᠰᠠᠨ᠃ ᠡᠨᠡ ᠨᠢ ᠵᠥᠪᠬᠡᠨ ᠧᠯᠢᠲ ᠦᠳ ᠦᠨ ᠬᠠᠷᠠᠭᠤᠯ ᠤᠨ ᠨᠣᠬᠠᠢ ᠮᠡᠲᠦ ᠦᠢᠯᠡᠳᠦᠯ ᠪᠥᠭᠡᠳ ᠠᠷᠠᠳ ᠲᠦᠮᠡᠨ ᠳᠦ ᠡᠴᠦᠰ ᠲᠦ ᠨᠢ ᠲᠡᠳᠡᠨ ᠦ ᠰᠠᠨᠠᠯ ᠢ ᠬᠡᠯᠡᠬᠦ ᠪᠠᠶᠢᠭᠰᠠᠨ ᠶᠤᠮ᠃ ᠡᠨᠡ ᠨᠢ ᠠᠷᠠᠳ ᠲᠦᠮᠡᠨ ᠢ ᠬᠦᠴᠦᠷᠬᠡᠭ ᠭᠢᠨᠵᠢᠨ ᠦ ᠭᠣᠣᠯ ᠳᠤ ᠪᠠᠶᠢᠯᠭᠠᠬᠤ᠂ ᠬᠠᠮᠠᠭᠠᠯᠠᠬᠤ ᠮᠥᠨ ᠧᠯᠢᠲ ᠦᠳ ᠦᠨ ᠲᠤᠬᠠᠢ ᠮᠡᠳᠡᠭᠡᠯᠡᠯ ᠢᠶᠡᠷ ᠬᠠᠩᠭᠠᠬᠤ ᠳᠤ ᠦᠷ᠎ᠡ ᠨᠥᠯᠥᠭᠡ ᠲᠡᠢ ᠪᠠᠶᠢᠪᠠ᠃

Lippmann ᠍ ᠤ ᠧᠯᠢᠲᠢᠰᠮ ᠨᠢ ᠲᠡᠷᠡ ᠬᠠᠷᠠᠮᠰᠠᠬᠤ ᠭᠠᠰᠢᠭᠤᠳᠠᠬᠤ ᠰᠢᠯᠲᠠᠭᠠᠨ ᠪᠠᠶᠢᠪᠠ᠃ ᠲᠡᠦᠬᠡᠴᠢᠳ ᠪᠣᠯᠤᠨ ᠡᠷᠳᠡᠮᠲᠡᠳ ᠦᠨ ᠦᠵᠡᠵᠦ ᠪᠠᠶᠢᠭ᠎ᠠ ᠪᠠᠷ Lippmann ᠠᠷᠠᠳᠴᠢᠯᠠᠭᠰᠠᠨ ᠵᠠᠰᠠᠭ ᠤᠨ ᠭᠠᠵᠠᠷ ᠲᠤᠯᠭᠠᠮᠳᠠᠭᠰᠠᠨ ᠠᠰᠠᠭᠤᠳᠠᠯ ᠲᠠᠢ ᠪᠠᠶᠢᠬᠤ ᠦᠶ᠎ᠡ ᠳᠦ ᠪᠠᠷᠤᠭ ᠯᠠ ᠡᠷᠬᠡ ᠮᠡᠳᠡᠯ ᠦᠭᠡᠢ ᠪᠠᠶᠢᠭᠰᠠᠨ᠃ "ᠡᠷᠬᠡ ᠴᠢᠯᠦᠭᠡ ᠪᠠ ᠬᠡᠪᠯᠡᠯ" (1919), "ᠠᠷᠠᠳ ᠲᠦᠮᠡᠨ ᠦ ᠦᠵᠡᠯ ᠪᠣᠳᠣᠯ" (1928) ᠰᠣᠨᠢᠨ ᠳᠤ Lippmann:"ᠢᠲᠡᠭᠡ! ᠡᠷᠬᠡ ᠴᠢᠯᠦᠭᠡ ᠪᠣᠯ ᠢᠷᠡᠭᠡᠳᠦᠢ ᠶᠢᠨ ᠰᠢᠨᠵᠢᠯᠡᠬᠦ ᠤᠬᠠᠭᠠᠨ ᠪᠣᠯᠤᠨ ᠲᠡᠦᠬᠡ ᠶᠢᠨ ᠦᠨᠡᠯᠡᠭᠡ ᠶᠢ ᠲᠣᠭᠲᠠᠭᠠᠬᠤ ᠪᠣᠯᠤᠨ᠎ᠠ" ᠮᠥᠨ ᠠᠷᠠᠳ ᠲᠦᠮᠡᠨ ᠦ ᠦᠵᠡᠯ ᠪᠣᠳᠣᠯ ᠵᠠᠰᠠᠭ ᠤᠨ ᠭᠠᠵᠠᠷ ᠠᠴᠠ ᠭᠠᠳᠠᠭᠤᠷ ᠣᠶᠤᠨ ᠰᠠᠨᠠᠭᠠᠨ ᠤ ᠰᠢᠰᠲ᠋ᠧᠮ ᠢ ᠤᠳᠤᠷᠢᠳᠥᠵᠤ ᠪᠠᠶᠢᠪᠠ᠃ ᠡᠨᠡ ᠮᠡᠲᠦ ᠪᠡᠷ ᠰᠡᠳᠬᠦᠯᠴᠢ ᠶᠢᠨ ᠡᠷᠬᠡ ᠴᠢᠯᠦᠭᠡ ᠴᠢᠬᠤᠯᠠ ᠨᠣᠲᠠᠯᠠᠭ᠎ᠠ ᠪᠠᠷᠢᠮᠲᠠ ᠤᠯᠬᠤ᠂ ᠴᠤᠭᠯᠠᠭᠤᠯᠬᠤ ᠳᠤ ᠵᠣᠷᠢᠭᠤᠯᠤᠭᠳᠠᠭᠰᠠᠨ ᠪᠠᠶᠢᠳᠠᠭ᠃ Lippmann ᠬᠦᠴᠦᠷᠬᠡᠭ ᠰᠣᠨᠢᠨ ᠤ ᠭᠠᠵᠠᠷ ᠤᠨ ᠨᠥᠯᠥᠭᠡᠯᠡᠯ ᠳᠦ ᠬᠠᠷᠠᠮᠰᠠᠵᠤ ᠪᠠᠰᠠ ᠵᠣᠷᠢᠭᠲᠠᠢ᠂ᠲᠡᠪᠴᠢᠶᠡᠷᠢᠲᠡᠢ ᠤᠯᠤᠰ ᠲᠥᠷᠥ ᠶᠢᠨ ᠵᠢᠳᠬᠦᠯᠲᠡᠨ ᠢ ᠢᠯᠡᠭᠦᠦ ᠳᠦ ᠦᠵᠡᠵᠦ ᠪᠠᠶᠢᠪᠠ᠃ ᠲᠡᠶᠢᠮᠦ ᠡᠴᠡ ᠯᠠ ᠲᠡᠷᠡ ᠣᠯᠠᠩᠬᠢ ᠶᠢᠨ ᠦᠵᠡᠯ ᠪᠣᠳᠣᠯ ᠢ ᠮᠠᠭᠤᠯᠠᠳᠠᠭ ᠦᠭᠡᠢ᠃ᠭᠡᠪᠡᠴᠦ ᠲᠡᠳᠡᠭᠡᠷ ᠨᠢ ᠬᠡᠨ ᠨᠢᠭᠡᠨ ᠦ ᠨᠥᠯᠥᠭᠡᠯᠡᠯ ᠳᠦ ᠬᠦᠴᠦᠲᠡᠢ ᠣᠷᠣᠭᠰᠠᠨ ᠪᠠᠶᠢᠪᠠ᠃ ᠵᠠᠰᠠᠭ ᠤᠨ ᠭᠠᠵᠠᠷ ᠤᠨ ᠪᠦᠭᠦᠳᠡ ᠨᠠᠶᠢᠷᠠᠮᠳᠠᠬᠤ ᠬᠡᠯᠪᠡᠷᠢ ᠳᠦ ᠨᠥᠯᠥᠭᠡᠯᠡᠭᠴᠢ ᠨᠢ ᠠᠷᠠᠳ ᠲᠦᠮᠡᠨ ᠢᠶᠡᠷ ᠰᠣᠩᠭᠣᠭᠳᠠᠬᠤ ᠪᠥᠭᠡᠳ ᠲᠡᠳᠡᠨ ᠢ ᠤᠯᠤᠰ ᠲᠥᠷᠥ ᠶᠢᠨ ᠪᠠᠶᠢᠭᠤᠯᠤᠯᠭ᠎ᠠ ᠨᠤᠭᠤᠳ ᠪᠣᠯᠤᠨ ᠦᠨᠳᠦᠰᠦᠨ ᠦ ᠪᠣᠳᠣᠯᠭ᠎ᠠ ᠶᠢ ᠴᠢᠩᠳᠠ ᠮᠥᠷ ᠲᠦ ᠬᠢ ᠶᠣᠰᠣᠲᠠᠢ ᠶᠢ ᠰᠠᠨᠠᠭᠤᠯᠵᠤ ᠪᠠᠶᠢᠪᠠ᠃ Lippmann ᠍ ᠤ ᠠᠷᠠᠴᠠᠯᠳᠤᠭᠠᠨ ᠪᠣᠯ ᠡᠳᠡᠭᠡᠷ ᠪᠣᠳᠣᠯᠭ᠎ᠠ ᠪᠣᠯᠤᠨ ᠪᠠᠶᠢᠭᠤᠯᠤᠯᠭ᠎ᠠ ᠨᠤᠭᠤᠳ ᠲᠠᠢ ᠬᠠᠮᠲᠤ ᠪᠠᠶᠢᠭᠰᠠᠨ ᠪᠥᠭᠡᠳ ᠲᠡᠳᠡᠭᠡᠷ ᠨᠢ ᠰᠢᠨᠵᠢᠯᠡᠬᠦ ᠤᠬᠠᠭᠠᠨ ᠤ ᠪᠣᠯᠤᠨ ᠲᠡᠦᠬᠡ ᠶᠢᠨ ᠦᠵᠡᠯ ᠰᠠᠨᠠᠭ᠎ᠠ ᠨᠢ ᠲᠡᠭᠦᠨ ᠳᠦ ᠴᠡᠪᠡᠷ ᠤᠯᠤᠰ ᠲᠥᠷᠥ ᠶᠢᠨ ᠭᠦᠨ ᠤᠬᠠᠭᠠᠨ ᠤ ᠦᠨᠳᠦᠰᠦ ᠰᠠᠭᠤᠷᠢ ᠪᠠᠶᠢᠭᠰᠠᠨ᠃ ᠭᠡᠪᠡᠴᠦ Lippmann ᠳᠠᠬᠢᠨ "ᠳᠡᠪᠰᠢᠯᠲᠡᠲᠦ ᠬᠥᠳᠡᠯᠭᠡᠭᠡᠨ ᠦ ᠬᠠᠮᠲᠤ ᠶᠢᠨ ᠶᠣᠰᠣ" ᠭᠡᠵᠦ ᠶᠠᠭᠤ ᠶᠢ ᠨᠡᠷᠡᠯᠡᠵᠦ ᠪᠠᠶᠢᠭ᠎ᠠ ᠶᠢ ᠡᠷᠭᠢᠨ ᠪᠣᠳᠣᠵᠤ ᠪᠠᠰᠠ ᠲᠡᠷᠡ ᠪᠡᠷ ᠠᠮᠧᠷᠢᠺᠠ ᠶᠢᠨ ᠤᠯᠤᠰ ᠲᠥᠷᠥ ᠶᠢᠨ ᠪᠠᠶᠢᠭᠤᠯᠤᠯᠭ᠎ᠠ ᠪᠣᠯᠤᠨ ᠵᠠᠰᠠᠭ ᠤᠨ ᠭᠠᠵᠠᠷ ᠢ ᠰᠠᠶᠢᠰᠢᠶᠠᠵᠤ ᠡᠴᠦᠰ ᠲᠦ ᠨᠢ "ᠠᠷᠠᠳ ᠲᠦᠮᠡᠨ ᠦ ᠭᠦᠨ ᠤᠬᠠᠭᠠᠨ" ᠍ ᠢ (1995) ᠪᠢᠴᠢᠵᠦ ᠲᠡᠷᠡ ᠨᠢ ᠠᠮᠧᠷᠢᠺᠠ ᠶᠢᠨ ᠪᠠᠶᠢᠭᠤᠯᠤᠯᠭ᠎ᠠ ᠨᠤᠭᠤᠳ ᠤᠨ ᠪᠣᠳᠣᠯᠭ᠎ᠠ ᠰᠡᠷᠭᠦᠬᠦ ᠳᠦ ᠲᠤᠰᠠ ᠳᠥᠬᠥᠮ ᠪᠣᠯᠤᠭᠰᠠᠨ᠃

Dewey ᠨᠢ ᠠᠷᠠᠳ ᠲᠦᠮᠡᠨ᠂ ᠧᠯᠢᠲ ᠦᠳ ᠦᠨ ᠰᠠᠨᠠᠭᠠᠴᠢᠯᠠᠭᠰᠠᠨ᠂ ᠬᠠᠷᠢᠭᠤᠴᠠᠭᠰᠠᠨ ᠬᠡᠷᠡᠭ ᠢ ᠤᠶᠢᠯᠠᠭᠠᠬᠤ ᠠᠪᠢᠶᠠᠰ ᠴᠢᠳᠠᠪᠤᠷᠢ ᠲᠠᠢ ᠪᠠᠶᠢᠭ᠎ᠠ ᠦᠭᠡᠢ ᠪᠥᠭᠡᠳ ᠠᠷᠠᠳ ᠲᠦᠮᠡᠨ ᠦ ᠬᠤᠷᠠᠯᠳᠤᠭᠠᠨ ᠤ ᠰᠢᠢᠳᠪᠦᠷᠢ ᠨᠢ ᠬᠡᠯᠡᠯᠴᠡᠭᠦᠯᠭᠡ ᠮᠠᠷᠭᠤᠭᠠᠨ ᠤ ᠳᠠᠷᠠᠭ᠎ᠠ ᠪᠣᠯᠳᠠᠭ ᠭᠡᠳᠡᠭ ᠢ ᠣᠶᠢᠯᠠᠭᠠᠭᠰᠠᠨ᠃ ᠦᠷ᠎ᠡ ᠳ᠋ᠦᠩ ᠨᠢᠭᠲᠠᠴᠠ ᠨᠢᠮᠪᠠᠢ᠂ ᠵᠥᠪ ᠪᠠᠶᠢᠪᠠᠯ ᠰᠢᠯᠢᠳᠡᠭ ᠰᠠᠨᠠᠭ᠎ᠠ ᠨᠤᠭᠤᠳ ᠭᠠᠷᠴᠤ ᠢᠷᠡᠨ᠎ᠡ᠃ Dewey "ᠰᠡᠳᠬᠦᠯᠴᠢᠳ ᠨᠢ ᠮᠡᠳᠡᠭᠡᠯᠡᠯ ᠢ ᠢᠯᠡᠭᠦᠦ ᠡᠩ ᠦᠨ ᠪᠣᠯᠭᠠᠵᠤ ᠳᠠᠮᠵᠢᠭᠤᠯᠠᠨ᠎ᠠ" ᠭᠡᠳᠡᠭ ᠲᠦ ᠢᠲᠡᠭᠡᠳᠡᠭ ᠪᠠᠶᠢᠪᠠ᠃ ᠡᠴᠦᠰ ᠲᠦ ᠨᠢ ᠲᠡᠭᠦᠨ ᠦ ᠦᠵᠡᠯ ᠪᠣᠳᠣᠯ ᠶᠠᠩᠵᠤ ᠪᠦᠷᠢ ᠶᠢᠨ ᠬᠡᠷᠡᠭᠵᠢᠵᠦ ᠶᠡᠷᠦᠩᠬᠡᠢ ᠳᠤ ᠪᠡᠨ "ᠨᠢᠭᠡᠳᠦᠮᠡᠯ ᠰᠡᠳᠬᠦᠯ ᠵᠦᠢ" ᠭᠡᠵᠦ ᠲᠠᠨᠢᠭᠳᠠᠪᠠ᠃ "ᠨᠢᠭᠡᠳᠦᠮᠡᠯ ᠰᠡᠳᠬᠦᠯ ᠵᠦᠢ" ᠭᠡᠬᠦ ᠡᠨᠡ ᠣᠶᠢᠯᠠᠭᠠᠯᠲᠠ ᠨᠢ ᠰᠡᠳᠬᠦᠯ ᠵᠦᠢ ᠶᠢᠨ ᠰᠢᠨ᠎ᠡ ᠬᠥᠭᠵᠢᠯ ᠳᠡᠪᠰᠢᠯ ᠦᠨ ᠭᠣᠣᠯ ᠲᠥᠪ ᠨᠢ ᠪᠣᠯᠵᠤ ᠪᠠᠶᠢᠪᠠ᠃ ᠡᠨᠡ ᠰᠢᠨ᠎ᠡ ᠵᠠᠭᠪᠤᠷ ᠨᠢ "ᠰᠡᠳᠬᠦᠯᠴᠢᠳ ᠨᠢ ᠢᠷᠭᠡᠳ ᠪᠣᠯᠤᠨ ᠧᠯᠢᠲ ᠦᠳ ᠦᠨ ᠰᠣᠨᠢᠷᠬᠠᠯ ᠢ ᠮᠡᠳᠡᠭᠡᠯᠡᠯ ᠦᠨ ᠪᠠᠭᠲᠠᠭᠠᠮᠵᠢ ᠠᠭᠤᠯᠭ᠎ᠠ ᠳᠤ ᠲᠠᠲᠠᠬᠤ ᠪᠣᠯᠤᠮᠵᠢ ᠲᠠᠢ ᠪᠠᠶᠢᠪᠠ". ᠡᠨᠡ ᠨᠢ ᠲᠡᠭᠰᠢ ᠡᠷᠬᠡ ᠶᠢ ᠬᠦᠯᠢᠶᠡᠵᠦ ᠠᠪᠬᠤ ᠵᠠᠭᠤᠷ᠎ᠠ ᠴᠢᠬᠤᠯᠠ ᠲᠡᠮᠳᠡᠭᠯᠡᠯ ᠪᠣᠯᠵᠤ ᠪᠠᠶᠢᠪᠠ᠃ Dewey ᠡᠰᠢᠯᠡᠯ ᠬᠡᠰᠡᠭ ᠢ ᠲᠡᠮᠳᠡᠭᠯᠡᠭᠰᠡᠭᠡᠷ ᠪᠠᠶᠢᠪᠠ᠃ Dewey ᠣᠯᠠᠨ ᠨᠡᠶᠢᠲᠡ ᠶᠢᠨ ᠮᠡᠳᠡᠯᠭᠡ ᠨᠢ ᠭᠠᠭᠴᠠ ᠬᠦᠮᠦᠨ ᠦ ᠮᠡᠳᠡᠯᠭᠡ ᠡᠴᠡ ᠳᠡᠭᠡᠷ᠎ᠡ ᠭᠡᠳᠡᠭ ᠲᠦ ᠢᠲᠡᠭᠡᠳᠡᠭ᠃ ᠰᠢᠨᠵᠢᠭᠡᠴᠢᠳ ᠪᠣᠯᠤᠨ ᠣᠶᠤᠲᠠᠨ ᠨᠤᠭᠤᠳ ᠲᠤ Dewey ᠍ ᠶᠢᠨ ᠠᠵᠢᠯ ᠨᠡᠭᠡᠭᠡᠯᠲᠡ ᠲᠡᠢ ᠪᠣᠯᠪᠠᠴᠤ ᠶᠠᠮᠠᠷ ᠴᠤ ᠱᠠᠲᠤᠯᠠᠨ ᠵᠠᠬᠢᠷᠬᠤ ᠪᠦᠲᠦᠴᠡ ᠪᠠᠶᠢᠬᠤ ᠦᠭᠡᠢ᠂ ᠮᠥᠨ Dewey ᠍ ᠦᠨ ᠰᠡᠳᠬᠦᠯ ᠵᠦᠢ ᠶᠢ ᠪᠣᠯᠤᠨ ᠨᠡᠶᠢᠭᠡᠮ ᠢ ᠣᠶᠢᠯᠠᠭᠠᠬᠤ ᠦᠭᠡᠢ ᠪᠠᠶᠢᠪᠠ᠃ Dewey ᠍ ᠦᠨ ᠬᠢ ᠪᠡᠷ ᠪᠣᠯ ᠠᠷᠠᠳᠴᠢᠯᠠᠯ ᠤᠨ ᠵᠢᠷᠦᠬᠡ ᠨᠢ ᠶᠠᠷᠢᠶ᠎ᠠ᠂ ᠬᠡᠯᠡᠯᠴᠡᠭᠦᠯᠭᠡ᠂ ᠬᠠᠷᠢᠯᠴᠠᠨ ᠶᠠᠷᠢᠯᠴᠠᠬᠤ ᠪᠠᠶᠢᠯ᠎ᠠ᠃ Lippmann ᠍ ᠤ ᠰᠡᠳᠬᠦᠯ ᠵᠦᠢ ᠶᠢᠨ ᠹᠢᠯᠣᠰᠣᠹᠢ ᠨᠢ ᠵᠠᠰᠠᠭ ᠤᠨ ᠭᠠᠵᠠᠷ ᠤᠨ ᠯᠢᠳᠧᠷ ᠦᠳ ᠲᠦ ᠢᠯᠡᠭᠦᠦ ᠲᠠᠭᠠᠯᠠᠮᠵᠢᠲᠠᠢ ᠪᠠᠶᠢᠬᠤ ᠪᠣᠯᠤᠮᠵᠢ ᠲᠠᠢ᠃ Dewey ᠍ ᠦᠨ ᠠᠷᠭ᠎ᠠ ᠪᠣᠯ ᠬᠡᠳᠦᠨ ᠰᠡᠳᠬᠦᠯᠴᠢ ᠥᠪᠡᠷᠰᠡᠳ ᠦᠨ ᠨᠡᠶᠢᠭᠡᠮ ᠳ᠋ᠡᠬᠢ ᠡᠭᠦᠷᠭᠡ ᠪᠡᠨ ᠣᠯᠵᠤ ᠬᠠᠷᠠᠵᠤ ᠪᠠᠶᠢᠨ᠎ᠠ ᠭᠡᠳᠡᠭ ᠢ ᠲᠣᠳᠣᠷᠬᠠᠶᠢᠯᠠᠬᠤ ᠶᠤᠮ᠃ ᠵᠢᠱᠢᠶᠡᠯᠡᠪᠡᠯ ᠠᠮᠧᠷᠢᠺᠠ ᠨᠤᠭᠤᠳ ᠰᠡᠳᠬᠦᠯᠴᠢᠳ ᠦᠨ ᠬᠣᠷᠢᠶᠠᠨ ᠤ ᠵᠠᠷᠢᠮ ᠢ ᠨᠢ ᠬᠡᠯᠡᠵᠦ᠂ ᠰᠢᠭᠦᠮᠵᠢᠯᠡᠳᠡᠭ᠃ ᠭᠡᠪᠡᠴᠦ ᠲᠡᠳᠡ ᠰᠡᠳᠬᠦᠯᠴᠢᠳ ᠢ ᠵᠠᠰᠠᠭ ᠤᠨ ᠭᠠᠵᠠᠷ᠂ ᠪᠢᠽᠢᠨ᠋ᠧᠰᠮᠡᠨ᠂ ᠵᠦᠵᠦᠭᠡᠴᠢᠳ᠂ ᠮᠡᠳᠡᠭᠡᠯᠡᠯ ᠦᠨ ᠰᠢᠢᠳᠦᠶᠢᠷ ᠢ ᠥᠭᠡᠷᠡᠴᠢᠯᠡᠬᠦ ᠪᠣᠯᠤᠮᠵᠢ ᠲᠠᠢ ᠬᠦᠮᠦᠰ ᠲᠦ ᠦᠢᠯᠡᠴᠢᠯᠡᠬᠦ ᠨᠢ ᠭᠡᠵᠦ ᠲᠠᠭᠠᠪᠤᠷᠢᠯᠠᠨ ᠬᠠᠵᠠᠶᠢᠳᠠᠭ ᠪᠠᠶᠢᠨ᠎ᠠ᠃

ᠡᠯᠧᠮᠧᠨᠲ[ᠵᠠᠰᠠᠪᠤᠷᠢᠯᠠᠬᠤ | ᠺᠣᠳ᠋ ᠢᠶᠠᠷ ᠵᠠᠰᠠᠬᠣ]

U=2921800252,2586458523&fm=23&gp=0.jpg

Bill KOwach ᠪᠠ Tom Rosenstiel ᠨᠠᠷᠠ ᠨᠢ ᠣᠨᠴᠠᠭᠠᠢ ᠵᠢᠭᠠᠪᠤᠷᠢ ᠤᠳᠤᠷᠢᠳᠤᠮᠵᠢ ᠪᠦᠬᠦᠢ ᠰᠠᠨᠠᠯ ᠢ ᠰᠡᠳᠬᠦᠯᠴᠢᠳ ᠲᠦ ᠵᠣᠷᠢᠭᠤᠯᠤᠭᠰᠠᠨ " ᠰᠡᠳᠬᠦᠯ ᠵᠦᠢ ᠶᠢᠨ ᠡᠯᠧᠮᠧᠨᠲ" ᠨᠣᠮᠣᠨ ᠳᠤ ᠪᠠᠨ ᠲᠤᠰᠬᠠᠵᠠᠢ᠃ ᠤᠴᠢᠷ ᠨᠢ ᠰᠡᠳᠬᠦᠯ ᠵᠦᠢ ᠶᠢᠨ ᠡᠬᠢᠨ ᠦ ᠪᠠᠷᠢᠮᠲᠠᠯᠠᠬᠤ ᠵᠠᠷᠴᠢᠮ ᠨᠢ ᠰᠡᠳᠬᠦᠯᠴᠢ ᠨᠢ ᠢᠷᠭᠡᠳ ᠲᠦ ᠦᠨᠡᠨ ᠢ ᠬᠡᠯᠡᠵᠦ᠂ ᠨᠡᠶᠢᠭᠡᠮ ᠤᠨ ᠪᠡᠶ᠎ᠡ ᠳᠠᠭᠠᠭᠰᠠᠨ᠂ ᠨᠥᠯᠥᠭᠡ ᠪᠦᠬᠦᠢ ᠬᠤᠪᠢ ᠬᠦᠮᠦᠨ᠂ ᠠᠯᠪᠠᠨ ᠪᠠᠶᠢᠭᠤᠯᠤᠯᠭ᠎ᠠ ᠳᠤ ᠦᠢᠯᠡᠴᠢᠯᠡᠬᠦ ᠶᠠᠪᠤᠳᠠᠯ ᠶᠤᠮ᠃ ᠰᠡᠳᠬᠦᠯ ᠵᠦᠢ ᠶᠢᠨ ᠭᠣᠣᠯ ᠮᠥᠨ ᠴᠢᠨᠠᠷ ᠨᠢ ᠢᠷᠭᠡᠳ ᠲᠦ ᠨᠠᠶᠢᠳᠠᠪᠤᠷᠢᠲᠠᠢ ᠮᠡᠳᠡᠭᠡᠯᠡᠯ ᠢ ᠲᠦᠷᠭᠡᠨ ᠰᠢᠭᠤᠷᠬᠠᠢ᠂ ᠴᠠᠭ ᠲᠤᠬᠠᠢ ᠪᠦᠷᠢ ᠳᠦ ᠨᠢ ᠦᠨᠡᠨ ᠵᠥᠪ ᠢᠶᠡᠷ ᠬᠦᠷᠭᠡᠬᠦ ᠳᠦ ᠣᠷᠣᠰᠢᠨ᠎ᠠ᠃

ᠡᠬᠢ ᠰᠤᠷᠪᠤᠯᠵᠢ ᠶᠢ ᠬᠠᠮᠠᠭᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭᠳᠠᠭ᠎ᠠ᠂ ᠬᠠᠤᠯᠢ ᠶᠢᠨ ᠪᠠᠶᠢᠭᠤᠯᠤᠯᠭ᠎ᠠ᠂ ᠰᠢᠭᠦᠬᠦ᠂ ᠱᠣᠷᠣᠩ ᠢᠶᠠᠷ ᠬᠠᠪᠴᠢᠭᠳᠠᠭᠰᠠᠨ ᠴᠤ ᠰᠡᠳᠬᠦᠯᠴᠢ ᠬᠦᠮᠦᠨ ᠥᠪᠡᠷ ᠦᠨ ᠡᠬᠢ ᠰᠤᠷᠪᠤᠯᠵᠢ ᠪᠠᠨ ᠬᠠᠮᠠᠭᠠᠯᠠᠬᠤ᠂ ᠳᠠᠯᠳᠠ ᠪᠠᠶᠢᠯᠭᠠᠬᠤ ᠡᠷᠬᠡ ᠴᠢᠯᠦᠭᠡ ᠶᠢ ᠢᠯᠡᠭᠦᠦ ᠰᠤᠩᠭᠠᠬᠤ (ᠢᠯᠡᠭᠦᠦ ᠬᠦᠴᠦᠲᠡᠢ ᠪᠣᠯᠭᠠᠬᠤ) ᠱᠠᠭᠠᠷᠳᠠᠯᠭ᠎ᠠ ᠪᠠᠶᠢᠳᠠᠭ᠃ ᠠᠮᠧᠷᠢᠺᠠ ᠶᠢᠨ ᠨᠢᠭᠡᠳᠦᠭᠰᠡᠨ ᠤᠯᠤᠰ ᠳᠦ ᠡᠶᠢᠮᠦ ᠬᠠᠤᠯᠢ ᠪᠠᠶᠢᠳᠠᠭ ᠦᠭᠡᠢ ᠴᠤ ᠰᠢᠭᠦᠬᠦ ᠨᠢ ᠮᠠᠰᠢ ᠣᠨᠴᠠᠭᠠᠢ ᠦᠶ᠎ᠡ ᠪᠢᠰᠢ ᠪᠣᠯ ᠰᠡᠳᠬᠦᠯᠴᠢᠳ ᠢ ᠡᠬᠢ ᠰᠤᠷᠪᠤᠯᠵᠢ ᠪᠠᠨ ᠲᠠᠯᠪᠢᠬᠤ ᠶᠢ ᠬᠦᠴᠦᠯᠡᠳᠡᠭ ᠦᠭᠡᠢ᠃ ᠰᠢᠭᠦᠬᠦ ᠡᠨᠡ ᠬᠡᠮᠵᠢᠶ᠎ᠡ ᠶᠢ ᠲᠣᠭᠲᠠᠭᠠᠳᠠᠭ᠃ ᠰᠢᠭᠦᠬᠦ ᠶᠢᠨ ᠰᠢᠢᠳᠪᠦᠷᠢ ᠠᠪᠤᠭᠰᠠᠨ ᠴᠤ ᠡᠬᠢ ᠰᠤᠷᠪᠤᠯᠵᠢ ᠪᠠᠨ ᠨᠢᠭᠤᠵᠤ ᠪᠠᠶᠢᠭ᠎ᠠ ᠰᠡᠳᠬᠦᠯᠴᠢ ᠰᠢᠭᠦᠬᠦ ᠳᠦ ᠳᠠᠭᠤᠳᠠᠭᠳᠠᠵᠤ᠂ ᠲᠣᠷᠭᠠᠭᠤᠯᠵᠤ᠂ ᠪᠦᠷ ᠱᠣᠷᠣᠩ ᠳᠤ ᠤᠷᠤᠬᠤ ᠡᠷᠦᠰᠳᠡᠯ ᠲᠡᠢ᠃

ᠬᠠᠤᠯᠢ ᠶᠣᠰᠣᠨ ᠤ ᠰᠲ᠋ᠠᠲ᠋ᠦ᠋ᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠷᠢᠮ ᠤᠯᠤᠰ ᠤᠨ ᠵᠠᠰᠠᠭ ᠤᠨ ᠭᠠᠵᠠᠷ ᠬᠡᠪᠯᠡᠯ ᠦᠨ ᠡᠷᠬᠡ ᠴᠢᠯᠦᠭᠡ ᠶᠢ ᠲᠤᠩᠬᠠᠭᠯᠠᠵᠤ ᠪᠠᠶᠢᠬᠤ ᠳᠤ ᠵᠠᠷᠢᠮ ᠦᠨᠳᠦᠰᠦᠲᠡᠨ ᠰᠡᠳᠬᠦᠯᠴᠢᠳ ᠦᠨ ᠬᠠᠶᠢᠬᠤ᠂ ᠬᠡᠪᠯᠡᠨ ᠨᠡᠶᠢᠲᠡᠯᠡᠬᠦ ᠡᠷᠬᠡ ᠶᠢ ᠬᠠᠲᠠᠭᠤ ᠪᠠᠷ ᠬᠢᠵᠠᠭᠠᠷᠯᠠᠵᠤ ᠪᠠᠶᠢᠨ᠎ᠠ᠃ ᠣᠯᠠᠨ ᠤᠯᠤᠰ ᠣᠷᠣᠨ ᠤ ᠰᠡᠳᠬᠦᠯᠴᠢᠳ ᠣᠯᠠᠨ ᠨᠡᠶᠢᠲᠡ ᠶᠢᠨ ᠦᠢᠯᠡ ᠠᠵᠢᠯᠯᠠᠭᠠᠨ ᠳᠤ ᠢᠯᠡᠭᠦᠦ ᠣᠷᠣᠯᠴᠠᠵᠤ᠂ ᠭᠡᠮᠲᠦ ᠬᠡᠷᠡᠭ ᠦᠨ ᠬᠠᠯᠠᠭᠤᠨ ᠭᠠᠵᠠᠷ᠂ ᠬᠡᠪᠯᠡᠯ ᠦᠨ ᠬᠤᠷᠠᠯ᠂ ᠪᠠᠶᠠᠷ ᠶᠣᠰᠣᠯᠠᠯ᠂ ᠠᠯᠪᠠᠨ ᠶᠣᠰᠣᠨ ᠤ ᠶᠠᠷᠢᠯᠴᠠᠯᠭ᠎ᠠ᠂ ᠰᠤᠷᠪᠤᠯᠵᠢᠯᠠᠭ᠎ᠠ ᠬᠢᠵᠦ ᠡᠷᠬᠡ ᠪᠡᠨ ᠡᠳ᠋ᠯᠡᠵᠦ ᠴᠢᠳᠠᠬᠤ ᠦᠭᠡᠢ ᠪᠠᠶᠢᠨ᠎ᠠ᠃

ᠲᠥᠷᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠤᠷᠲᠠᠯᠴᠢᠯᠠᠭᠠᠨ ᠤ ᠰᠡᠳᠬᠦᠯ ᠵᠦᠢ
  2. ᠨᠡᠪᠲᠡᠷᠡᠭᠦᠯᠭᠡ ᠶᠢᠨ ᠰᠡᠳᠬᠦᠯ ᠵᠦᠢ
  3. ᠰᠤᠳᠤᠯᠭᠠᠨ ᠤ ᠰᠡᠳᠬᠦᠯ ᠵᠦᠢ
  4. ᠭᠤᠳᠤᠮᠵᠢᠨ ᠤ ᠰᠡᠳᠬᠦᠯ ᠵᠦᠢ
  5. ᠰᠢᠷ᠎ᠠ ᠬᠡᠪᠯᠡᠯ (ᠳᠤᠤᠯᠢᠶᠠᠨᠲᠤ)
  6. ᠡᠷᠢᠨ ᠰᠤᠷᠪᠤᠯᠵᠢᠯᠠᠬᠤ ᠰᠡᠳᠬᠦᠯ ᠵᠦᠢ

ᠡᠷᠢᠨ ᠰᠤᠷᠪᠤᠯᠵᠢᠯᠠᠬᠤ ᠰᠡᠳᠬᠦᠯ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠢᠨ ᠰᠤᠷᠪᠤᠯᠵᠢᠯᠠᠬᠤ ᠰᠡᠳᠬᠦᠯ ᠵᠦᠢ ᠨᠢ ᠰᠡᠳᠬᠦᠯᠴᠢ ᠶᠢᠨ ᠢᠳᠡᠪᠬᠢᠲᠡᠢ ᠦᠢᠯᠡ ᠠᠵᠢᠯᠯᠠᠭ᠎ᠠ᠂ᠮᠡᠳᠡᠭᠡᠯᠡᠯ ᠦᠨ ᠨᠡᠭᠡᠭᠡᠯᠲᠡ ᠲᠡᠢ᠂ ᠴᠣᠭᠴᠠ ᠡᠬᠢ ᠰᠤᠷᠪᠤᠯᠵᠢ ᠶᠢᠨ ᠣᠷᠴᠢᠨ᠂ ᠢᠷᠭᠡᠨ ᠦ ᠡᠷᠬᠡ ᠵᠦᠢ ᠳᠤ ᠨᠡᠶᠢᠭᠡᠮ ᠳᠦ ᠪᠣᠳᠠᠲᠠᠢ ᠣᠷᠣᠰᠢᠳᠠᠭ ᠰᠡᠳᠬᠦᠯ ᠵᠦᠢ ᠶᠤᠮ᠃ ᠡᠷᠢᠨ ᠰᠤᠷᠪᠤᠯᠵᠢᠯᠠᠬᠤ ᠰᠡᠳᠬᠦᠯ ᠵᠦᠢ ᠨᠢ ᠡᠷᠬᠡ ᠮᠡᠳᠡᠯ ᠪᠦᠬᠦᠢ ᠬᠤᠪᠢ ᠬᠦᠮᠦᠨ᠂ ᠪᠠᠶᠢᠭᠤᠯᠤᠯᠭ᠎ᠠ ᠶᠢᠨ ᠬᠠᠤᠯᠢ ᠪᠤᠰᠤ᠂ ᠶᠣᠰᠣ ᠰᠤᠷᠲᠠᠬᠤᠨ ᠦᠭᠡᠢ ᠦᠢᠯᠡ ᠠᠵᠢᠯᠯᠠᠭ᠎ᠠ᠂ ᠨᠡᠶᠢᠲᠡ ᠪᠡᠷ ᠬᠦᠯᠢᠶᠡᠨ ᠵᠥᠪᠰᠢᠶᠡᠷᠡᠭᠳᠡᠭᠰᠡᠨ ᠬᠡᠮ ᠬᠡᠮᠵᠢᠶᠡᠨ ᠦ ᠡᠰᠡᠷᠬᠦ ᠦᠢᠯᠡᠳᠦᠯ ᠢ ᠢᠯᠡᠴᠢᠯᠡᠵᠦ ᠣᠯᠠᠨ ᠲᠦᠮᠡᠨ ᠳᠦ ᠮᠡᠳᠡᠭᠡᠯᠡᠳᠡᠭ ᠢᠶᠡᠷ ᠢᠶᠡᠨ ᠨᠡᠶᠢᠭᠡᠮ ᠤᠨ ᠬᠥᠭᠵᠢᠯᠳᠦ ᠴᠢᠬᠤᠯᠠ ᠬᠦᠴᠦᠨ ᠵᠦᠢᠯ ᠪᠣᠯᠬᠤ ᠡᠷᠬᠡ ᠴᠢᠯᠦᠭᠡ , ᠠᠷᠠᠳᠴᠢᠯᠠᠯ᠂ ᠢᠯᠡ ᠲᠣᠳᠣ ᠪᠠᠶᠢᠳᠠᠯ ᠢ ᠬᠠᠮᠠᠭᠠᠯᠠᠨ᠂ ᠬᠡᠪᠯᠡᠯ ᠮᠡᠳᠡᠭᠡᠯᠡᠯ ᠬᠡᠮᠡᠬᠦ 《ᠳᠥᠷᠪᠡ ᠳ᠋ᠡᠬᠢ ᠵᠠᠰᠠᠭᠯᠠᠯ》 ᠬᠦᠴᠦᠲᠡᠢ ᠣᠷᠣᠰᠢᠵᠤ ᠪᠤᠢ ᠶᠢ ᠬᠠᠷᠠᠭᠤᠯᠵᠤ ᠪᠠᠶᠢᠳᠠᠭ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠢᠨ ᠰᠤᠷᠪᠤᠯᠵᠢᠯᠠᠬᠤ ᠰᠡᠳᠬᠦᠯᠴᠢᠳ ᠦᠨ ᠨᠡᠶᠢᠭᠡᠮᠯᠢᠭ ᠢ ᠦᠨᠳᠦᠰᠦᠯᠡᠭᠴᠢ ᠷᠣᠪᠧᠷᠲ ᠭᠷᠢᠨ 《ᠲᠣᠳᠣᠷᠬᠠᠢ ᠬᠤᠪᠢ ᠬᠦᠮᠦᠨ᠂ ᠪᠠᠶᠢᠭᠤᠯᠤᠯᠭ᠎ᠠ ᠶᠢᠨ ᠨᠢᠭᠤᠴᠠᠯᠠᠬᠤ ᠶᠢ ᠬᠦᠰᠴᠢ ᠪᠤᠢ ᠮᠡᠳᠡᠭᠡᠯᠡᠯ ᠦᠨ ᠭᠦᠨᠳᠡ ᠨᠡᠪᠲᠡᠷᠡᠴᠢ᠂ ᠨᠡᠶᠢᠭᠡᠮ ᠤᠨ ᠡᠷᠬᠡ ᠠᠰᠢᠭ ᠢ ᠬᠥᠨᠳᠡᠭᠰᠡᠨ ᠴᠢᠬᠤᠯᠠ ᠠᠰᠠᠭᠤᠳᠠᠯ ᠢ ᠳᠡᠯᠭᠡᠵᠦ ᠲᠠᠯᠪᠢᠬᠤ ᠵᠣᠷᠢᠯᠭ᠎ᠠ ᠳᠤ ᠨᠡᠶᠢᠲᠡᠯᠡᠯ᠂ ᠨᠡᠪᠲᠡᠷᠡᠭᠦᠯᠭᠡ ᠶᠢ ᠡᠷᠢᠨ ᠰᠤᠷᠪᠤᠯᠵᠢᠯᠠᠬᠤ ᠰᠡᠳᠬᠦᠯ ᠵᠦᠢ》1 ᠭᠡᠵᠦ ᠲᠡᠮᠳᠡᠭᠯᠡᠵᠡᠢ᠃ ᠮᠥᠨ ᠠᠩᠭᠯᠢ ᠶᠢᠨ ᠨᠡᠷᠡᠲᠦ ᠰᠡᠳᠬᠦᠯᠴᠢ ᠳᠡᠪ ᠲᠦ ᠷᠢᠨᠳᠠᠯ ᠤᠨ ᠲᠣᠳᠣᠷᠬᠠᠶᠢᠯᠠᠭᠰᠠᠨ ᠢᠶᠠᠷ 《ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠵᠣᠷᠢᠯᠭ᠎ᠠ ᠨᠢ 《ᠠᠯᠪᠠᠨ ᠬᠠᠭᠠᠭᠴᠢ᠂ ᠲᠥᠷᠥ ᠵᠠᠬᠢᠷᠭᠠᠨ ᠤ ᠠᠵᠢᠯᠲᠠᠨ ᠨᠤᠭᠤᠳ ᠤᠨ ᠨᠢᠭᠤᠬᠤ ᠶᠢ ᠬᠢᠴᠢᠶᠡᠵᠦ ᠪᠤᠢ ᠮᠡᠳᠡᠭᠡᠯᠡᠯ ᠢ ᠢᠯᠡ ᠭᠠᠷᠭᠠᠬᠤ᠂ ᠬᠦᠮᠦᠰ ᠦᠨ ᠠᠮᠢᠳᠤᠷᠠᠯ᠂ ᠨᠡᠶᠢᠭᠡᠮ ᠳᠦ ᠨᠦᠯᠦᠭᠡᠯᠡᠬᠦ ᠦᠢᠯᠡ ᠶᠠᠪᠤᠳᠠᠯ᠂ ᠲᠤᠷᠰᠢᠯᠭ᠎ᠠ ᠨᠤᠭᠤᠳ ᠤᠨ ᠲᠤᠬᠠᠢ ᠮᠡᠳᠡᠭᠡᠯᠡᠬᠦ᠂ ᠡᠷᠬᠡ ᠪᠠᠷᠢᠭᠴᠢᠳ ᠤᠨ ᠠᠪᠯᠢᠭ᠎ᠠ᠂ ᠤᠯᠤᠰ ᠤᠨ ᠬᠥᠷᠥᠩᠭᠡ ᠶᠢ ᠦᠷ᠎ᠡ ᠠᠰᠢᠭ ᠦᠭᠡᠢ ᠵᠦᠢᠯ ᠳᠦ ᠴᠠᠴᠤᠬᠤ ᠵᠡᠷᠭᠡ ᠪᠤᠷᠤᠭᠤ ᠦᠢᠯᠡᠳᠦᠯ ᠢ ᠬᠢᠨᠠᠵᠤ ᠪᠠᠶᠢᠬᠤ ᠳᠤ ᠣᠷᠣᠰᠢᠳᠠᠭ》2. ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠨᠡᠶᠢᠭᠡᠮ ᠤᠨ ᠦᠷ᠎ᠡ ᠨᠥᠯᠥᠭᠡ ᠥᠰᠬᠦ ᠶᠢᠨ ᠬᠢᠷᠢ ᠪᠡᠷ ᠰᠤᠳᠤᠯᠤᠭᠠᠴᠢ ᠰᠢᠭᠦᠨᠵᠢᠯᠡᠭᠴᠢᠳ ᠦᠨ ᠠᠩᠬᠠᠷᠤᠯ ᠳᠤ ᠥᠷᠲᠥᠨ᠂ ᠲᠡᠭᠦᠨ ᠦ ᠲᠠᠯ᠎ᠠ ᠪᠠᠷ ᠣᠯᠠᠨ ᠶᠠᠩᠵᠤ ᠶᠢᠨ ᠰᠢᠭᠦᠮᠵᠢ ᠭᠠᠷᠬᠤ ᠪᠣᠯᠵᠠᠢ᠃ ᠲᠤᠬᠠᠶᠢᠯᠠᠪᠠᠯ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠷᠠᠭᠤᠨ ᠬᠣᠶᠢᠲᠤ ᠮᠤᠵᠢ ᠶᠢᠨ ᠶᠡᠬᠡ ᠰᠤᠷᠭᠠᠭᠤᠯᠢ ᠶᠢᠨ ᠡᠷᠳᠡᠮᠲᠡᠳ᠂ ᠫᠷᠣᠹᠧᠰᠰᠣᠷ ᠳᠡᠪ ᠲᠦ ᠫᠷᠣᠲ᠋ᠧᠰ ᠪᠠ ᠲᠡᠭᠦᠨ ᠦ ᠤᠳᠤᠷᠢᠳᠤᠭᠰᠠᠨ ᠪᠦᠯᠦᠭ ᠰᠤᠳᠤᠯᠤᠭᠠᠴᠢ ᠬᠡᠳᠦᠨ ᠵᠢᠯ ᠦᠨ ᠲᠤᠷᠰᠢ ᠡᠷᠡᠨ ᠰᠤᠷᠪᠤᠯᠵᠢᠯᠠᠭ᠎ᠠ ᠬᠢᠭᠰᠡᠨ ᠰᠡᠳᠬᠦᠯᠴᠢᠳ ᠦᠨ ᠳᠤᠮᠳᠠ ᠠᠰᠠᠭᠤᠯᠭ᠎ᠠ ᠶᠠᠪᠤᠭᠤᠯᠤᠭᠰᠠᠨ ᠤ ᠳᠦᠩ ᠳᠦ ᠣᠯᠳᠠᠭᠰᠠᠨ ᠮᠡᠳᠡᠭᠡ᠂ ᠮᠥᠨ ᠲᠡᠭᠦᠨᠴᠢᠯᠡᠨ ᠤᠩᠰᠢᠭᠴᠢ᠂ ᠲᠧᠯᠧᠸᠢᠽ ᠦᠵᠡᠭᠴᠢᠳ ᠦᠨ ᠳᠤᠮᠳᠠ ᠬᠢᠭᠰᠡᠨ ᠠᠵᠢᠭᠡᠯᠡᠯᠲᠠ ᠳᠤ ᠪᠠᠨ ᠦᠨᠳᠦᠰᠦᠯᠡᠨ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠤᠬᠠᠢ ᠪᠢᠴᠢᠵᠦ᠂ ᠲᠣᠳᠣᠷᠬᠠᠢ ᠳ᠋ᠦᠩᠨᠡᠯᠲᠡ ᠨᠦᠭᠦᠳ ᠭᠠᠷᠭᠠᠭᠰᠠᠨ ᠪᠠᠶᠢᠨ᠎ᠠ᠃ ᠲᠡᠳᠡᠭᠡᠷ ᠦᠨ ᠵᠠᠷᠢᠮ ᠢ ᠳᠤᠷᠢᠳᠠᠪᠠᠯ᠂ 《ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠰᠡᠳᠦᠪ ᠦᠳ ᠨᠢ ᠬᠡᠳᠦ ᠬᠡᠳᠦᠨ ᠡᠬᠡ ᠰᠤᠷᠪᠤᠯᠵᠢ ᠠᠴᠠ ᠡᠭᠦᠳᠦᠨ ᠭᠠᠷᠳᠠᠭ᠂ ᠡᠷᠢᠨ ᠰᠤᠷᠪᠤᠯᠵᠢᠯᠠᠬᠤ ᠠᠵᠢᠯ ᠤᠨᠨ ᠪᠡᠷᠬᠡᠰᠢᠶᠡᠯ ᠢ ᠬᠠᠷᠢᠯᠴᠠᠨ ᠪᠠᠭᠤᠯᠲᠠ ᠬᠢᠬᠦ ᠵᠠᠮ ᠢᠶᠠᠷ ᠳᠠᠪᠠᠨ ᠲᠤᠭᠤᠯᠤᠨ᠎ᠠ᠂ ᠢᠯᠡᠴᠢᠯᠡᠬᠦ ᠮᠠᠲ᠋ᠧᠷᠢᠶᠠᠯ ᠭᠠᠷᠬᠤ ᠳᠤ ᠶᠠᠩᠵᠤ ᠶᠠᠩᠵᠤ ᠪᠠᠷ ᠯᠠ ᠬᠠᠨᠳᠤᠳᠠᠭ᠂ ᠡᠷᠢᠨ ᠰᠤᠷᠪᠤᠯᠵᠢᠯᠠᠭ᠎ᠠ ᠶᠢᠨ ᠦᠷ᠎ᠡ ᠳ᠋ᠦᠩ ᠢ ᠨᠡᠶᠢᠳᠡᠯᠡᠬᠦ ᠳᠦ ᠤᠭ ᠪᠠᠶᠢᠳᠠᠯ ᠢ ᠥᠭᠡᠷᠡᠴᠢᠯᠡᠬᠦ ᠭᠡᠰᠡᠨ ᠣᠯᠠᠨ ᠨᠡᠶᠢᠲᠡ ᠶᠢᠨ ᠱᠠᠭᠠᠷᠳᠠᠯᠭ᠎ᠠ ᠬᠠᠶᠠ ᠥᠷᠦᠨᠡᠬᠢ ᠦᠶ᠎ᠡ ᠪᠤᠢ᠂ ᠬᠠᠷᠢᠨ ᠠᠯᠪᠠᠨ ᠲᠤᠰᠢᠶᠠᠯᠲᠠᠨ᠂ ᠪᠠᠶᠢᠭᠤᠯᠤᠯᠭ᠎ᠠ ᠨᠤᠭᠤᠳ ᠨᠡᠶᠢᠲᠡᠯᠡᠭᠳᠡᠭᠰᠡᠨ ᠮᠠᠲ᠋ᠧᠷᠢᠶᠠᠯ ᠤᠨ ᠲᠠᠯ᠎ᠠ ᠪᠠᠷ ᠶᠠᠩᠵᠤ ᠪᠦᠷᠢ ᠶᠢᠨ ᠤᠴᠢᠷ ᠰᠢᠯᠲᠠᠭᠠᠨ ᠵᠢᠭᠠᠵᠤ᠂ ᠬᠠᠷᠢᠭᠤ ᠥᠭᠳᠡᠭ ᠪᠥᠭᠡᠳ ᠵᠠᠷᠢᠮ ᠳᠤ ᠪᠠᠨ ᠠᠷᠭ᠎ᠠ ᠬᠡᠮᠵᠢᠶ᠎ᠡ ᠠᠪᠳᠠᠭ》3 ᠭᠡᠵᠡᠢ᠃ 《ᠰᠡᠳᠬᠦᠯ ᠵᠦᠢ ᠳᠤ ᠪᠠᠶᠢᠬᠤ ᠱᠣᠬᠣᠭᠣᠷᠬᠠᠯ ᠤᠨ ᠬᠡᠮ ᠬᠡᠮᠵᠢᠶ᠎ᠡ ᠨᠢ ᠲᠡᠳᠡᠭᠡᠷ ᠪᠠᠷᠢᠮᠲᠠ ᠶᠢ ᠴᠠᠭᠠᠭᠤᠷ ᠢᠶᠠᠨ ᠦᠨᠳᠦᠰᠦᠯᠡᠯ ᠲᠡᠢ ᠪᠣᠯᠭᠠᠳᠠᠭ᠃ ᠭᠠᠭᠴᠠᠬᠦ ᠲᠡᠳᠡᠭᠡᠷ ᠢ ᠨᠢᠭᠡᠳᠬᠡᠨ ᠳᠦᠲᠦᠨᠡᠬᠦ ᠬᠢᠭᠡᠳ ᠭᠠᠳᠠᠨᠠᠬᠢ ᠦᠨᠳᠦᠰᠦᠯᠡᠯ ᠨᠢ ᠡᠷᠡᠭᠡᠯᠵᠡᠭᠡ ᠲᠡᠢ ᠪᠠᠶᠢᠵᠤ ᠪᠣᠯᠬᠤ ᠲᠠᠯ᠎ᠠ ᠲᠠᠢ᠃ ᠡᠨᠡ ᠨᠢ ᠰᠡᠳᠬᠦᠯᠴᠢᠳ ᠬᠡᠷᠡᠭ ᠶᠠᠪᠤᠳᠠᠯ ᠤᠨ ᠢᠵᠢᠯ ᠪᠣᠯᠤᠨ ᠢᠯᠭᠠᠭ᠎ᠠ ᠲᠠᠢ᠂ ᠡᠶᠡᠷᠡᠭ ᠪᠣᠯᠤᠨ ᠰᠥᠷᠭᠦ᠂ ᠡᠰᠡᠪᠡᠯ ᠲᠥᠰᠥᠭᠡᠲᠡᠢ ᠪᠠᠶᠢᠳᠠᠯ ᠢ ᠰᠠᠶᠢᠲᠤᠷ ᠠᠩᠵᠠᠭᠠᠷᠠᠬᠤ ᠦᠭᠡᠢ᠂ ᠬᠠᠷᠢᠨ ᠲᠤᠰᠬᠠᠢ᠂ ᠲᠤᠰᠬᠠᠢ ᠪᠠᠷᠢᠮᠲᠠ ᠶᠢ ᠢᠯᠡᠭᠦᠦ ᠠᠩᠬᠠᠷᠳᠠᠭ ᠲᠤ ᠬᠠᠮᠤᠭ ᠤᠴᠢᠷ ᠨᠢ ᠣᠷᠣᠰᠢᠵᠤ ᠪᠠᠶᠢᠳᠠᠭ ᠲᠠᠢ ᠬᠣᠯᠪᠣᠭᠠᠲᠠᠢ》4 ᠭᠡᠵᠦ ᠣᠷᠣᠰ ᠤᠨ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠦᠨ ᠵᠠᠬᠢᠷᠤᠯ᠎ᠠ᠃ ᠺᠣᠨᠰᠲ᠋ᠠᠨᠲ᠋ᠢᠨᠠᠪ ᠬᠡᠯᠡᠭᠰᠡᠨ ᠪᠠᠶᠢᠳᠠᠭ᠃ ᠵᠠᠷᠢᠮ ᠰᠤᠳᠤᠯᠤᠭᠠᠴᠢᠳ ᠡᠷᠢᠨ ᠰᠤᠷᠪᠤᠯᠵᠢᠯᠠᠬᠤ ᠰᠡᠳᠬᠦᠯ ᠵᠦᠢ ᠶᠢ 《ᠭᠦᠨ ᠤᠬᠠᠭᠠᠨ᠂ ᠹᠢᠯᠣᠰᠣᠹᠢ ᠶᠢ ᠥᠪᠡᠷᠲᠡᠭᠡᠨ ᠨᠡᠪᠲᠡ ᠰᠢᠩᠭᠡᠭᠡᠭᠰᠡᠨ ᠰᠡᠳᠬᠦᠯ ᠵᠦᠢ》5 ᠭᠡᠵᠦ ᠦᠨᠡᠯᠡᠳᠡᠭ ᠲᠠᠯ᠎ᠠ ᠴᠤ ᠪᠤᠢ᠃ ᠪᠠᠷᠠᠭᠤᠨ ᠤ ᠰᠡᠳᠬᠦᠯ ᠵᠦᠢ ᠳᠤ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠡᠭᠦᠷᠭᠡ ᠶᠢ: - ᠠᠯᠪᠠᠨ ᠲᠤᠰᠢᠶᠠᠯᠲᠠᠨ ᠨᠤᠭᠤᠳ ᠤᠨ ᠬᠠᠭᠠᠴᠠᠶᠢᠯᠠᠨ ᠳᠠᠯᠳᠠᠯᠠᠬᠤ ᠶᠢ ᠬᠦᠰᠡᠵᠦ ᠪᠠᠶᠢᠭ᠎ᠠ ᠨᠢᠭᠤᠴᠠᠯᠢᠭ ᠵᠦᠢᠯ ᠢ ᠢᠯᠡ ᠭᠠᠷᠭᠠᠵᠤ ᠲᠠᠯᠪᠢᠬᠤ; - ᠳᠠᠯᠳᠠ ᠰᠡᠳᠦᠪ ᠢ ᠳᠡᠯᠭᠡᠬᠦ ᠵᠠᠮ ᠢᠶᠠᠷ ᠲᠡᠭᠦᠨ ᠳᠦ ᠣᠯᠠᠨ ᠲᠦᠮᠡᠨ ᠦ ᠠᠩᠬᠠᠷᠤᠯ ᠢ ᠬᠠᠨᠳᠤᠭᠤᠯᠵᠤ᠂᠂ ᠤᠯᠠᠮ ᠢᠶᠠᠷ ᠲᠡᠳᠡᠨ ᠦ ᠬᠢᠨᠠᠯᠲᠠ ᠶᠢ ᠪᠤᠢ ᠪᠣᠯᠭᠠᠬᠤ; - ᠡᠬᠢ ᠰᠤᠷᠪᠤᠯᠵᠢ ᠶᠢᠨ ᠪᠠᠷᠢᠮᠲᠠ ᠮᠡᠳᠡᠭᠡᠯᠡᠯ ᠳᠦ ᠲᠤᠯᠭᠠᠭᠤᠷᠢᠯᠠᠨ ᠲᠤᠬᠠᠢ ᠶᠢᠨ ᠠᠰᠠᠭᠤᠳᠠᠯ ᠢ ᠬᠡᠷᠬᠢᠨ ᠰᠢᠢᠳᠪᠦᠷᠢᠯᠡᠬᠦ ᠠᠷᠭ᠎ᠠ ᠵᠠᠮ ᠢ ᠭᠠᠷᠭᠠᠵᠤ ᠲᠠᠯᠪᠢᠬᠤ; - ᠲᠥᠷᠥ ᠵᠠᠰᠠᠭ ᠪᠣᠯᠤᠨ ᠪᠤᠰᠤᠳ ᠠᠵᠤ ᠠᠬᠤᠢ ᠶᠢᠨ ᠪᠠᠶᠢᠭᠤᠯᠤᠯᠭ᠎ᠠ ᠨᠤᠭᠤᠳ ᠤᠨ ᠦᠢᠯᠡᠳᠦᠯ ᠳᠦ ᠬᠡᠪᠯᠡᠯ ᠮᠡᠳᠡᠭᠡᠯᠡᠯ ᠦᠨ ᠬᠢᠨᠠᠯᠲᠠ ᠲᠠᠯᠪᠢᠬᠤ 6 ᠵᠡᠷᠭᠡ ᠪᠡᠷ ᠲᠣᠳᠣᠷᠬᠠᠶᠢᠯᠠᠵᠠᠢ᠃ ᠮᠥᠨ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠪᠣᠯ ᠰᠡᠳᠦᠵᠦ ᠭᠠᠷᠭᠠᠳᠠᠭ᠂ ᠣᠯᠠᠨ ᠨᠡᠶᠢᠲᠡ ᠵᠢᠪᠡᠭᠦᠴᠡᠨ ᠳᠤᠷᠭᠤᠶᠢᠴᠡᠬᠦ ᠳᠦ ᠡᠷᠬᠡ ᠪᠠᠷᠢᠭᠴᠢᠳ ᠪᠠᠶᠢᠳᠠᠯ ᠢ ᠵᠠᠰᠠᠬᠤ ᠠᠷᠭ᠎ᠠ ᠬᠡᠮᠵᠢᠶ᠎ᠡ ᠠᠪᠳᠠᠭ ᠭᠡᠰᠡᠨ ᠬᠡᠲᠦ ᠬᠢᠯᠪᠠᠷᠰᠢᠭᠤᠯᠤᠭᠰᠠᠨ ᠰᠾᠧᠮ ᠢ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠳᠡᠮᠲᠡᠨ ᠫᠷᠣᠲ᠋ᠧᠰ ᠠᠷᠢᠯᠭᠠᠬᠤ ᠶᠢ ᠬᠢᠴᠢᠶᠡᠭᠰᠡᠨ ᠠᠵᠢ᠃ ᠲᠡᠭᠦᠨ ᠦ ᠠᠵᠢᠭᠡᠯᠡᠯᠲᠠ ᠪᠠᠷ ᠡᠷᠢᠨ ᠰᠤᠷᠪᠤᠯᠵᠢᠯᠠᠬᠤ ᠠᠵᠢᠯᠯᠠᠭᠠᠨ ᠤ ᠶᠠᠪᠤᠴᠠ ᠳᠤ ᠰᠡᠳᠬᠦᠯᠴᠢᠳ ᠰᠡᠳᠦᠵᠦ ᠲᠠᠯᠪᠢᠭᠰᠠᠨ ᠠᠰᠠᠭᠤᠳᠠᠯ ᠢ ᠨᠢ ᠡᠷᠬᠡ ᠪᠠᠷᠢᠭᠴᠢᠳ ᠠᠩᠬᠠᠷᠴᠤ᠂ ᠠᠷᠭ᠎ᠠ ᠬᠡᠮᠵᠢᠶ᠎ᠡ ᠠᠪᠬᠤ ᠶᠢ ᠵᠦᠭᠡᠷ ᠬᠦᠯᠢᠶᠡᠵᠦ ᠨᠣᠮᠣᠬᠠᠨ ᠬᠦᠯᠢᠴᠡᠩᠭᠦᠢ ᠰᠠᠭᠤᠵᠤ ᠪᠠᠶᠢᠭ᠎ᠠ ᠦᠭᠡᠢ᠃ ᠰᠡᠳᠬᠦᠯᠴᠢᠳ ᠡᠷᠬᠡ ᠪᠠᠷᠢᠭᠴᠢᠳ ᠲᠠᠢ ᠬᠠᠮᠲᠤᠷᠠᠨ ᠠᠵᠢᠯᠯᠠᠬᠤ ᠶᠢ ᠣᠷᠣᠯᠳᠤᠵᠤ᠂ ᠰᠢᠭᠦᠮᠵᠢᠯᠡᠯᠲᠦ ᠮᠠᠲ᠋ᠧᠷᠢᠶᠠᠯ ᠪᠦᠷ ᠨᠡᠶᠢᠲᠡᠯᠡᠭᠳᠡᠬᠦ ᠡᠴᠡ ᠡᠮᠦᠨ᠎ᠡ ᠴᠤ ᠵᠠᠶᠢᠯᠠᠰᠢ ᠦᠭᠡᠢ ᠥᠭᠡᠷᠡᠴᠢᠯᠡᠬᠦ ᠬᠡᠷᠡᠭᠲᠡᠢ ᠠᠰᠠᠭᠤᠳᠠᠯ ᠢᠶᠠᠷ ᠲᠡᠳᠡᠨ ᠲᠡᠢ ᠶᠠᠷᠢᠯᠴᠠᠵᠤ᠂ ᠦᠷ᠎ᠡ ᠳ᠋ᠦᠩ ᠢ ᠨᠢ ᠬᠢᠨᠠᠨ ᠲᠠᠩᠳᠠᠵᠤ ᠨᠡᠮᠡᠯᠲᠡ ᠥᠭᠦᠯᠡᠯ ᠦᠳ ᠪᠢᠴᠢᠵᠦ᠂ ᠡᠨᠡ ᠲᠤᠬᠠᠢ ᠤᠩᠰᠢᠭᠴᠢᠳ ᠤᠨ ᠰᠣᠨᠣᠷ ᠲᠤ ᠬᠦᠷᠭᠡᠵᠦ ᠪᠠᠶᠢᠭᠰᠠᠨ ᠢ ᠫᠷᠣᠲ᠋ᠧᠰ ᠰᠤᠳᠤᠯᠭ᠎ᠠ ᠪᠠᠷ ᠢᠶᠠᠨ ᠭᠠᠷᠭᠠᠭᠰᠠᠨ ᠪᠠᠶᠢᠨ᠎ᠠ᠃ᠮᠥᠨ ᠡᠭᠦᠨ ᠦ ᠬᠠᠵᠠᠭᠤ ᠪᠠᠷ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠠᠯ᠎ᠠ ᠪᠠᠷ ᠬᠢ ᠰᠢᠭᠦᠮᠵᠢᠯᠡᠯᠲᠦ ᠦᠵᠡᠯ ᠰᠠᠨᠠᠭ᠎ᠠ ᠶᠢ ᠪᠠᠷᠠᠭᠤᠨ ᠬᠣᠶᠢᠳᠤ ᠮᠤᠵᠢ ᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠠᠰᠠᠨ ᠵᠧᠮᠰ ᠡᠲᠲ᠋ᠧᠮᠠ᠂ ᠰᠲᠡᠨᠹᠣᠷᠳ᠋ ᠍ ᠤᠨ ᠶᠡᠬᠡ ᠰᠤᠷᠭᠠᠭᠤᠯᠢ ᠶᠢᠨ ᠲᠧᠣᠳᠣᠷ ᠭᠯᠠᠰᠰᠧᠷ ᠨᠠᠷ ᠡᠷᠡᠨ ᠰᠤᠷᠪᠤᠯᠵᠢᠯᠠᠭ᠎ᠠ ᠬᠢᠵᠦ , ᠮᠡᠷᠭᠡᠵᠢᠯ ᠦᠨ ᠱᠠᠩᠨᠠᠯ ᠬᠦᠷᠲᠡᠭᠰᠡᠨ ᠰᠡᠳᠬᠦᠯᠴᠢ᠂ ᠷᠧᠳᠠᠺᠲᠣᠷ ᠤᠳ ᠲᠠᠢ ᠬᠡᠳᠦᠨ ᠵᠢᠯ ᠦᠨ ᠲᠤᠷᠰᠢ ᠶᠠᠷᠢᠯᠴᠠᠨ ᠠᠰᠠᠭᠤᠯᠲᠠ ᠲᠠᠯᠪᠢᠵᠤ᠂ ᠰᠡᠳᠬᠦᠯᠴᠢᠳ ᠦᠨ ᠬᠡᠷᠬᠢᠨ ᠠᠵᠢᠯᠯᠠᠳᠠᠭ᠂ ᠠᠵᠢᠯ ᠮᠡᠷᠭᠡᠵᠢᠯ ᠦᠨ ᠢᠶᠡᠨ ᠲᠤᠬᠠᠢ ᠤᠤ ᠪᠣᠳᠣᠵᠤ ᠶᠠᠪᠤᠳᠠᠭ ᠵᠡᠷᠭᠡ ᠶᠢ ᠰᠤᠳᠤᠯᠤᠭᠰᠠᠨ ᠤ ᠦᠷ᠎ᠡ ᠳ᠋ᠦᠩ ᠳᠦ 《》ᠰᠤᠷᠪᠤᠯᠵᠢᠯᠠᠭᠴᠢ ᠰᠡᠳᠬᠦᠯᠴᠢᠳ ᠪᠠᠷᠢᠮᠲᠠ ᠶᠢ ᠭᠤᠪᠢᠭᠤᠯᠤᠨ ᠣᠪᠵᠢᠩ ᠠᠰᠢᠭᠯᠠᠵᠤ᠂ ᠦᠨᠡᠬᠡᠷ ᠲᠡᠶᠢᠮᠦ ᠶᠠᠪᠤᠳᠠᠯ ᠪᠣᠯᠤᠭᠰᠠᠨ ᠶᠤᠮ ᠪᠠᠶᠢᠨ᠎ᠠ ᠭᠡᠵᠦ ᠤᠩᠰᠢᠭᠴᠢᠳ᠂ ᠲᠧᠯᠸᠢᠰ ᠦᠵᠡᠭᠴᠢᠳ ᠲᠦ ᠣᠶᠢᠯᠠᠭᠠᠭᠤᠯᠤᠨ᠂ ᠲᠡᠳᠡᠨ ᠦ ᠳᠤᠷ᠎ᠠ ᠦᠭᠡᠶᠢᠴᠡᠯ ᠢ ᠲᠥᠷᠥᠭᠦᠯᠬᠦ ᠶᠢᠨ ᠲᠤᠯᠠᠳᠠ ᠭᠡᠮᠲᠦ ᠬᠦᠮᠦᠰ ᠢ ᠭᠡᠮ ᠦᠭᠡᠢ ᠪᠣᠯᠭᠠᠳᠠᠭ ᠭᠡᠰᠡᠨ ᠨᠡᠭᠡᠭᠡᠯᠲᠡ ᠬᠢᠵᠦ᠂ ᠬᠦᠮᠦᠰ ᠲᠦ ᠢᠲᠡᠭᠡᠭᠦᠯᠬᠦ ᠶᠢ ᠬᠦᠰᠡᠵᠦ ᠪᠠᠶᠢᠵᠠᠢ》 ᠭᠡᠰᠡᠨ ᠳ᠋ᠦᠩᠨᠡᠯᠲᠡ ᠬᠢᠭᠰᠡᠨ ᠪᠠᠶᠢᠳᠠᠭ᠃ ᠭᠡᠪᠡᠴᠦ ᠡᠳᠡᠭᠡᠷ ᠰᠤᠳᠤᠯᠤᠭᠠᠴᠢᠳ ᠤᠨ ᠦᠭᠡ ᠲᠤᠬᠠᠢ ᠶᠢᠨ ᠦᠶᠡᠳᠡᠭᠡ ᠨᠣᠲᠠᠯᠠᠭ᠎ᠠ ᠦᠨᠡᠮᠰᠢᠯ ᠪᠠᠭᠠᠲᠠᠢ ᠪᠠᠶᠢᠴᠠᠢ᠃ 1980 ᠭᠠᠳ ᠤᠨ ᠤ ᠳᠤᠮᠳᠠᠭᠤᠷ ᠠᠴᠠ ᠵᠠᠷᠢᠮ ᠬᠡᠪᠯᠡᠯ ᠡᠷᠢᠨ ᠰᠤᠷᠪᠤᠯᠵᠢᠯᠠᠬᠤ ᠰᠡᠳᠬᠦᠯ ᠵᠦᠢ ᠤᠰᠠᠳᠤᠨ᠎ᠠ ᠭᠡᠰᠡᠨ ᠵᠦᠢᠯ ᠪᠢᠴᠢᠵᠦ ᠪᠠᠶᠢᠭᠰᠠᠨ ᠴᠤ ᠲᠡᠷᠡ ᠨᠢ ᠠᠮᠢᠳᠤᠷᠠᠯ ᠳᠡᠭᠡᠷ᠎ᠡ ᠪᠠᠲᠤᠯᠠᠭᠳᠠᠭᠰᠠᠨ ᠦᠭᠡᠢ᠃ ᠬᠡᠪᠯᠡᠯ ᠮᠡᠳᠡᠭᠡᠯᠡᠯ ᠦᠨ ᠬᠡᠷᠡᠭᠰᠡᠯ ᠢᠶᠡᠷ ᠨᠢ ᠠᠪᠴᠤ ᠦᠵᠡᠪᠡᠯ ᠡᠯᠧᠺᠲ᠋ᠷᠣᠨ ᠪᠣᠯᠤᠨ ᠳᠠᠷᠤᠮᠠᠯ ᠬᠡᠪᠯᠡᠯ ᠢᠶᠡᠷ ᠶᠠᠪᠤᠭᠤᠯᠤᠭᠰᠠᠨ ᠡᠷᠡᠨ ᠰᠤᠷᠪᠤᠯᠵᠢᠯᠠᠭ᠎ᠠ ᠵᠠᠷᠢᠮ ᠲᠠᠯ᠎ᠠ ᠪᠠᠷ ᠪᠠᠭᠤᠷᠠᠭᠰᠠᠨ ᠲᠠᠯ᠎ᠠ ᠪᠤᠢ ᠠᠵᠢ ᠭᠡᠪᠡᠴᠦ ᠰᠡᠳᠬᠦᠯᠴᠢᠳ ᠦᠨ ᠳᠤᠮᠳᠠᠬᠢ ᠰᠤᠳᠤᠯᠭ᠎ᠠ ᠪᠠᠷ ᠲᠡᠳᠡᠨ ᠦ ᠡᠷᠡᠨ ᠰᠤᠷᠪᠤᠯᠵᠢᠯᠠᠭ᠎ᠠ ᠬᠢᠵᠦ᠂ ᠮᠡᠷᠭᠡᠵᠢᠯ ᠢᠶᠡᠷ ᠢᠶᠡᠨ 《ᠠᠯᠳᠠᠷᠰᠢᠬᠤ》 ᠬᠦᠰᠡᠯ ᠨᠢ ᠲᠡᠳᠦᠶᠢᠯᠡᠨ ᠪᠠᠭᠤᠷᠠᠭ᠎ᠠ ᠦᠭᠡᠢ ᠭᠡᠰᠡᠨ ᠳᠦᠩ ᠭᠠᠷᠴᠠᠢ᠃ ᠬᠠᠷᠢᠨ ᠡᠷᠡᠨ ᠰᠤᠷᠪᠤᠯᠵᠢᠯᠠᠭ᠎ᠠ ᠬᠢᠬᠦ ᠴᠠᠭ ᠢ ᠪᠠᠭᠠᠰᠭᠠᠬᠤ ᠬᠠᠨᠳᠤᠯᠭ᠎ᠠ ᠢᠯᠡᠷᠡᠵᠦ ᠪᠠᠶᠢᠪᠠ᠃ ᠡᠨᠡ ᠨᠢ ᠤᠷᠲᠤ ᠬᠤᠭᠤᠴᠠᠭᠠᠨ ᠳᠤ ᠡᠷᠡᠨ ᠰᠤᠷᠪᠤᠯᠵᠢᠯᠠᠭ᠎ᠠ ᠬᠢᠬᠦ ᠲᠥᠰᠥᠯ ᠦᠳ ᠤᠨᠠᠬᠤ ᠳᠤ ᠬᠦᠷᠭᠡᠵᠦ ᠮᠡᠳᠡᠬᠦ ᠶᠠᠭᠤᠮ᠎ᠠ ᠬᠡᠮᠡᠨ ᠰᠤᠳᠤᠯᠤᠭᠠᠴᠢᠳ ᠪᠣᠯᠭᠣᠮᠵᠢᠯᠠᠳᠠᠭ᠃ ᠡᠷᠢᠵᠦ ᠰᠤᠷᠪᠤᠯᠵᠢᠯᠠᠬᠤ ᠴᠠᠭ ᠢ ᠪᠠᠭᠠᠰᠭᠠᠬᠤ ᠨᠢ ᠪᠣᠳᠣᠯᠭ᠎ᠠ ᠲᠣᠳᠣᠷᠬᠠᠶᠢᠯᠠᠳᠠᠭ ᠬᠦᠮᠦᠰ ᠪᠣᠯᠤᠨ ᠰᠡᠳᠬᠦᠯᠴᠢᠳ ᠨᠢᠭᠲᠠᠴᠠ ᠬᠠᠮᠲᠤᠷᠠᠨ ᠠᠵᠢᠯᠯᠠᠬᠤ ᠳᠤ ᠳᠥᠬᠥᠮ ᠪᠣᠯᠵᠤ᠂ ᠴᠢᠨᠠᠭᠰᠢᠯᠠᠭᠠᠳ ᠲᠡᠳᠡᠨ ᠦ ᠬᠣᠭᠣᠷᠣᠨᠳᠣ ᠲᠦᠩᠰᠢ ᠶᠢᠨ ᠬᠠᠷᠢᠯᠴᠠᠭ᠎ᠠ ᠲᠣᠭᠲᠠᠭᠠᠨ᠎ᠠ᠃ ᠤᠴᠢᠷ ᠨᠢ ᠮᠡᠳᠡᠭᠡᠯᠡᠯ ᠢ ᠲᠦᠷᠭᠡᠨ ᠣᠯᠵᠤ ᠠᠪᠬᠤ ᠨᠢ ᠰᠡᠳᠬᠦᠯᠴᠢᠳ ᠲᠦ ᠴᠢᠬᠤᠯᠠ᠃ ᠲᠡᠭᠦᠨ ᠡᠴᠡ ᠭᠠᠳᠠᠨ᠎ᠠ ᠠᠯᠪᠠᠨ ᠲᠤᠰᠢᠶᠠᠯᠲᠠᠨ ᠲᠠᠢ ᠬᠠᠷᠢᠯᠴᠠᠵᠤ ᠳᠠᠰᠤᠭᠰᠠᠨ ᠵᠢᠷ ᠦᠨ ᠰᠡᠳᠬᠦᠯᠴᠢᠳ ᠡᠷᠢᠵᠦ ᠰᠤᠷᠪᠤᠯᠵᠢᠯᠠᠬᠤ ᠠᠷᠭ᠎ᠠ ᠡᠵᠡᠮᠰᠢᠪᠡᠯ ᠡᠨᠡ ᠨᠢ ᠰᠡᠳᠬᠦᠯ ᠵᠦᠢ ᠶᠢ ᠡᠪᠰᠡᠯ ᠪᠠᠶᠢᠭᠤᠯᠬᠤ ᠵᠦᠭ ᠲᠤ ᠤᠯᠠᠮ ᠪᠦᠷ ᠲᠦᠯᠬᠦᠬᠦ ᠪᠣᠯᠤᠨ᠎ᠠ᠃ ᠡᠳᠡᠭᠡᠷ ᠬᠠᠨᠳᠤᠯᠭ᠎ᠠ ᠨᠢ ᠪᠣᠳᠣᠯᠭ᠎ᠠ ᠲᠣᠳᠣᠷᠬᠠᠶᠢᠯᠠᠳᠠᠭ ᠪᠤᠶᠤ ᠡᠷᠬᠡ ᠮᠡᠳᠡᠯᠲᠡᠨ ᠨᠦᠭᠦᠳ ᠦᠨ ᠬᠤᠪᠢ ᠳᠤ ᠡᠶᠡᠷᠡᠭ ᠰᠠᠶᠢᠨ ᠠᠯᠳᠠᠷ ᠬᠦᠨᠳᠦ ᠤᠯᠬᠤ ᠪᠠᠰᠠ ᠨᠢᠭᠡ ᠪᠣᠯᠤᠮᠵᠢ ᠶᠤᠮ᠃ ᠤᠯᠤᠰ ᠲᠥᠷᠦᠴᠢᠳ᠂ ᠵᠠᠷᠢᠮ ᠨᠢ ᠡᠷᠬᠡ ᠪᠠᠷᠢᠭᠴᠢᠳ ᠢ ᠡᠰᠡᠷᠭᠦᠴᠡᠭᠴᠢ ᠳᠦ ᠭᠡᠵᠦ ᠥᠪᠡᠷᠰᠡᠳ ᠢ ᠪᠡᠨ ᠦᠵᠡᠳᠡᠭ ᠥᠴᠥᠬᠡᠨ ᠪᠦᠯᠦᠭ ᠰᠡᠳᠬᠦᠯᠴᠢᠳ ᠲᠦ ᠪᠠᠷᠤᠭ ᠨᠠᠶᠢᠳᠠᠬᠤ ᠦᠭᠡᠢ ᠪᠣᠯᠵᠤ᠂ ᠬᠡᠪᠯᠡᠯ ᠦᠨ ᠲᠣᠭᠲᠠᠭᠠᠭᠰᠠᠨ ᠥᠷᠭᠡᠨ ᠲᠦᠩᠰᠢᠯᠡᠯ ᠢᠶᠡᠷ ᠦᠷ᠎ᠡ ᠳ᠋ᠦᠩ ᠲᠡᠢ ᠦᠢᠯᠡ ᠠᠵᠢᠯᠯᠠᠭ᠎ᠠ ᠶᠠᠪᠤᠭᠤᠯᠬᠤ ᠪᠣᠯᠤᠮᠵᠢ ᠪᠠᠨ ᠨᠡᠮᠡᠭᠳᠡᠭᠦᠯᠦᠨ᠎ᠡ᠃ ᠦᠢᠯᠡ ᠶᠠᠪᠤᠳᠠᠯ ᠢᠩᠭᠢᠵᠦ ᠥᠷᠨᠢᠪᠡᠯ ᠤᠯᠤᠰ ᠲᠥᠷᠥ ᠶᠢᠨ ᠦᠢᠯᠡ ᠶᠠᠪᠤᠴᠠ ᠳᠤ ᠶᠡᠬᠡᠬᠡᠨ ᠨᠦᠯᠦᠭᠡᠯᠡᠬᠦ ᠪᠣᠯᠤᠨ᠎ᠠ᠃ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ᠂ ᠡᠷᠬᠡ ᠪᠠᠷᠢᠭᠴᠢᠳ ᠤᠨ ᠬᠣᠯᠪᠣᠭ᠎ᠠ ᠬᠦᠴᠦᠲᠡᠢ ᠪᠣᠯᠪᠠᠯ ᠡᠨᠡ ᠨᠢ ᠰᠡᠳᠬᠦᠯᠴᠢᠳ ᠤᠯᠤᠰ ᠲᠥᠷᠥ ᠶᠢᠨ ᠰᠢᠢᠳᠪᠦᠷᠢᠲᠦ ᠶᠡᠬᠡ ᠬᠡᠮᠵᠢᠶ᠎ᠡ ᠪᠡᠷ ᠨᠥᠯᠦᠭᠡᠯᠡᠵᠦ ᠴᠢᠳᠠᠨ᠎ᠠ ᠭᠡᠰᠡᠨ ᠦᠭᠡ᠃ ᠶᠡᠷᠦ ᠨᠢ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠡᠷᠬᠡ ᠪᠠᠷᠢᠭᠴᠢᠳ ᠤᠨ ᠡᠪᠰᠡᠨ ᠲᠦᠩᠱᠢᠯᠡᠬᠦ ᠨᠢ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠬᠦᠴᠦ ᠴᠢᠳᠠᠯ ᠢ ᠰᠠᠭᠠᠷᠠᠭᠤᠯᠵᠤ ᠮᠡᠳᠡᠨ᠎ᠡ᠃ ᠨᠥᠭᠥᠭᠡ ᠲᠠᠯ᠎ᠠ ᠪᠠᠷ᠂ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠤᠷᠲᠤ ᠬᠤᠭᠤᠴᠠᠭᠠᠨ ᠤ ᠨᠥᠯᠥᠭᠡᠯᠡᠯ ᠨᠢ ᠳᠣᠣᠷᠠᠬᠢ ᠨᠥᠬᠥᠴᠡᠯ ᠪᠠᠶᠢᠳᠠᠯ ᠤᠨ ᠤᠯᠠᠮ ᠠᠴᠠ ᠬᠤᠮᠢᠭᠳᠠᠵᠤ ᠪᠣᠯᠬᠤ ᠪᠥᠭᠡᠳ ᠤᠤ ᠪᠤᠢ ᠭᠡᠪᠡᠯ ᠨᠡᠶᠢᠭᠡᠮ ᠤᠨ ᠡᠯᠳᠡᠪ ᠵᠣᠪᠠᠯᠠᠩ ᠭᠠᠴᠢᠶᠠᠯ ᠤᠨ ᠡᠰᠡᠷᠬᠦ ᠵᠠᠭᠠᠯᠮᠠᠶᠢᠲᠠᠨ ᠤ ᠠᠶᠠᠨ ᠳᠠᠶᠢᠨ ᠤ ᠡᠷᠴᠢ ᠪᠠᠭᠤᠷᠴᠢ ᠪᠠᠶᠢᠭ᠎ᠠ ᠪᠢᠯᠡ᠃ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠦᠨ ᠲᠥᠯᠥᠭᠡᠯᠡᠭᠴᠢᠳ –《ᠮᠠᠭᠤ ᠮᠠᠭᠤᠬᠠᠢ ᠶᠢ ᠲᠥᠩᠬᠢᠭᠴᠢᠳ 《 ᠮᠠᠨᠢ ᠪᠣᠳᠣᠯᠭ᠎ᠠ ᠲᠣᠳᠣᠷᠬᠠᠶᠢᠯᠠᠭᠴᠢᠳ ᠢᠶᠠᠷ ᠲᠣᠳᠣᠷᠬᠠᠢ ᠬᠡᠮᠵᠢᠶᠡᠨ ᠦ ᠥᠭᠡᠷᠡᠴᠢᠯᠡᠯᠲᠡ ᠬᠢᠯᠭᠡᠭᠦᠯᠬᠦ ᠭᠡᠵᠦ ᠬᠢᠴᠢᠶᠡᠭᠰᠡᠭᠡᠷ ᠯᠠ ᠪᠠᠶᠢᠬᠤ ᠪᠣᠯᠤᠨ᠎ᠠ᠃ ᠭᠡᠪᠡᠴᠦ ᠲᠡᠳᠡ ᠨᠢᠭᠡ ᠡᠷᠡᠨ ᠰᠤᠷᠪᠤᠯᠵᠢᠯᠠᠭ᠎ᠠ ᠠᠴᠠ ᠨᠥᠭᠥᠭᠡ ᠳᠦ ᠰᠢᠯᠵᠢᠬᠦ ᠭᠡᠵᠦ ᠶᠠᠳᠠᠵᠤ ᠪᠠᠶᠢᠬᠤ ᠬᠤᠭᠤᠴᠠᠭᠠᠨ ᠳᠤ ᠰᠢᠨᠡᠳᠬᠡᠯ ᠦᠨ ᠭᠣᠣᠯ ᠤᠳᠬ᠎ᠠ ᠦᠢᠯᠡ ᠠᠵᠢᠯᠯᠠᠭᠠᠨ ᠤ ᠬᠥᠲᠥᠯᠪᠦᠷᠢ ᠤᠯᠤᠰ ᠲᠥᠷᠦᠴᠢᠳ ᠦᠨ ᠠᠰᠢᠭ ᠰᠣᠨᠢᠷᠬᠠᠯ ᠢ ᠢᠯᠡᠷᠬᠡᠶᠢᠯᠡᠭᠴᠢ ᠬᠦᠴᠦᠨ ᠨᠦᠭᠦᠳ ᠦᠨ ᠬᠢᠨᠠᠯᠲᠠ ᠳᠤ ᠦᠯᠡᠳᠡᠬᠦ ᠮᠠᠭᠠᠳᠯᠠᠯ ᠲᠠᠢ ᠠᠵᠢ᠃ ᠡᠷᠢᠨ ᠰᠤᠷᠪᠤᠯᠵᠢᠯᠠᠬᠤ ᠰᠡᠳᠬᠦᠯ ᠵᠦᠢ ᠪᠣᠯ ᠬᠠᠷᠢᠭᠤᠴᠠᠯᠭ᠎ᠠ ᠲᠠᠢ ᠰᠡᠳᠬᠦᠯ ᠵᠦᠢ ᠮᠥᠨ᠃ ᠡᠨᠡ ᠨᠢ ᠨᠢᠭᠡ ᠲᠠᠯ᠎ᠠ ᠠᠴᠠ ᠠᠯᠪᠠᠨ ᠲᠤᠰᠢᠶᠠᠯᠲᠠᠨ ᠨᠤᠭᠤᠳ ᠤᠨ ᠣᠯᠠᠨ ᠲᠦᠮᠡᠨ ᠦ ᠡᠮᠦᠨ᠎ᠡ ᠬᠦᠯᠢᠶᠡᠬᠦ ᠬᠠᠷᠢᠭᠤᠴᠠᠯᠭ᠎ᠠ᠂ ᠨᠥᠭᠥᠭᠡ ᠲᠠᠯ᠎ᠠ ᠠᠴᠠ ᠰᠡᠳᠬᠦᠯᠴᠢᠳ ᠦᠨ ᠣᠯᠠᠨ ᠲᠦᠮᠡᠨ ᠳᠦ ᠭᠠᠭᠴᠠᠬᠦ ᠦᠨᠡᠨ ᠪᠣᠳᠠᠲᠤ ᠪᠠᠷᠢᠮᠲᠠ ᠲᠠᠢ ᠨᠡᠶᠢᠲᠡᠯᠡᠯ ᠮᠡᠳᠡᠭᠡᠯᠡᠯ ᠬᠦᠷᠭᠡᠬᠦ ᠬᠠᠷᠢᠭᠤᠴᠠᠯᠭ᠎ᠠ ᠪᠠᠷ ᠬᠡᠮᠵᠢᠭᠳᠡᠳᠡᠭ᠃ ᠬᠡᠷᠪᠡ ᠲᠥᠷᠥ ᠶᠢᠨ ᠥᠮᠴᠢ ᠶᠢᠨ ᠴᠡᠴᠡᠷᠯᠢᠭ ᠦᠨ ᠠᠵᠢᠯᠲᠠᠨ ᠬᠡᠦᠬᠡᠳ ᠦᠳ ᠢ ᠰᠠᠳᠤᠷ ᠰᠠᠮᠠᠭᠤᠨ ᠳᠤ ᠤᠷᠤᠭᠤ ᠲᠠᠲᠠᠭᠰᠠᠨ ᠪᠠᠶᠢᠵᠤ ᠪᠣᠯᠵᠣᠰᠢ ᠦᠭᠡᠢ ᠶᠢ ᠰᠡᠳᠬᠦᠯᠴᠢᠳ ᠪᠠᠷᠢᠮᠲᠠ ᠪᠠᠷ ᠨᠣᠲᠠᠯᠠᠭᠠᠳ ᠤᠯᠠᠮ ᠢᠶᠠᠷ ᠰᠢᠭᠦᠬᠦ ᠪᠤᠷᠤᠭᠤᠲᠠᠢ ᠶᠢ ᠨᠢ ᠲᠣᠭᠲᠠᠭᠠᠭᠳᠠᠭᠰᠠᠨ ᠪᠣᠯ ᠬᠡᠪᠯᠡᠯ ᠮᠡᠳᠡᠭᠡᠯᠡᠯ ᠦᠨ ᠬᠢᠨ ᠵᠠᠰᠠᠭ ᠤᠨ ᠭᠠᠵᠠᠷ ᠤᠨ ᠬᠣᠯᠪᠣᠭᠣᠳᠠᠬᠤ ᠪᠠᠶᠢᠭᠤᠯᠤᠯᠭ᠎ᠠ ᠠᠴᠠ ᠲᠤᠬᠠᠢ ᠶᠢᠨ ᠠᠵᠢᠯᠲᠠᠨ ᠢ ᠰᠣᠩᠭᠣᠵᠤ ᠠᠪᠳᠠᠭ ᠰᠢᠯᠭᠠᠭᠤᠷ ᠪᠣᠯᠤᠨ ᠲᠡᠷᠡ ᠬᠡᠦᠬᠡᠳ ᠦᠳ ᠢ ᠬᠠᠮᠠᠭᠠᠯᠠᠬᠤ ᠲᠠᠯ᠎ᠠ ᠪᠠᠷ ᠶᠠᠭᠤ ᠬᠢᠬᠦ ᠭᠡᠵᠦ ᠪᠠᠶᠢᠭ᠎ᠠ ᠶᠢ ᠮᠡᠳᠡᠬᠦ ᠶᠢ ᠬᠦᠰᠡᠨ᠎ᠡ᠃ ᠡᠭᠦᠨ ᠦ ᠴᠠᠭᠠᠨ᠎ᠠ ᠵᠠᠰᠠᠭ ᠤᠨ ᠭᠠᠵᠠᠷ ᠤᠨ ᠪᠣᠯᠤᠭᠠᠳ ᠰᠡᠳᠬᠦᠯᠴᠢ ᠶᠢᠨ ᠬᠡᠨ ᠬᠡᠨ ᠦ ᠬᠢ ᠨᠢ ᠬᠠᠷᠢᠭᠤᠴᠠᠯᠭ᠎ᠠ ᠳᠠᠪᠬᠤᠷ ᠶᠠᠪᠤᠵᠤ ᠪᠠᠶᠢᠭ᠎ᠠ ᠶᠤᠮ᠃ ᠬᠠᠷᠢᠨ ᠡᠯ᠎ᠡ ᠬᠠᠷᠢᠭᠤᠴᠠᠯᠭ᠎ᠠ ᠣᠯᠠᠨ ᠲᠦᠮᠡᠨ ᠦ ᠡᠷᠬᠡ ᠠᠰᠢᠭ ᠤᠨ ᠡᠭᠦᠳᠡᠨ ᠡᠴᠡ ᠯᠠ ᠬᠡᠨ ᠬᠡᠨ ᠳᠦ ᠨᠢ ᠲᠠᠯᠪᠢᠭᠳᠠᠵᠤ ᠪᠠᠶᠢᠭ᠎ᠠ ᠶᠢ ᠠᠩᠬᠠᠷᠬᠣ ᠶᠣᠰᠣᠲᠠᠢ ᠯᠠ ᠳ᠋ᠠ᠃ ᠨᠥᠭᠥᠭᠡ ᠲᠠᠯ᠎ᠠ ᠪᠠᠷ ᠬᠡᠪᠯᠡᠯ ᠮᠡᠳᠡᠭᠡᠯᠡᠯ ᠭᠡᠳᠡᠭ ᠨᠢ ᠲᠥᠷᠥ ᠶᠢᠨ ᠪᠣᠯᠤᠨ ᠬᠤᠪᠢ ᠤᠨ ᠬᠡᠪᠰᠢᠯ ᠦᠨ ᠠᠯᠢᠨ ᠠᠴᠠ ᠨᠢ ᠴᠤ ᠬᠠᠮᠢᠶᠠᠷᠤᠯ ᠦᠭᠡᠢ᠂ ᠪᠡᠶ᠎ᠡ ᠳᠠᠭᠠᠭᠰᠠᠨ ᠡᠷᠬᠡ ᠴᠢᠯᠦᠭᠡ ᠲᠡᠢ ᠰᠦᠪᠶᠧᠺᠲ ᠭᠡᠳᠡᠭ ᠢᠶᠡᠨ ᠬᠠᠮᠠᠭᠠᠯᠠᠵᠤ ᠦᠯᠡᠳᠡᠬᠦ ᠶᠢᠨ ᠲᠤᠯᠠᠳᠠ ᠬᠠᠷᠢᠭᠤᠴᠠᠯᠭ᠎ᠠ ᠲᠠᠢ ᠪᠠᠶᠢᠬᠤ ᠶᠣᠰᠣᠲᠠᠢ ᠶᠤᠮ᠃ ᠠᠯᠪᠠᠨ ᠲᠤᠰᠢᠶᠠᠯ ᠢᠶᠠᠨ ᠤᠷᠪᠠᠭᠤᠯᠤᠨ ᠠᠰᠢᠭᠯᠠᠭᠰᠠᠨ ᠲᠣᠳᠣᠷᠬᠠᠢ ᠬᠡᠷᠡᠭ ᠢ ᠡᠷᠢᠵᠦ ᠰᠤᠷᠪᠤᠯᠵᠢᠯᠠᠬᠤ ᠳᠤ ᠪᠠᠨ ᠰᠡᠳᠬᠦᠯᠴᠢᠳ ᠰᠢᠨ᠎ᠡ᠂ ᠰᠢᠨ᠎ᠡ ᠵᠥᠷᠢᠴᠡᠯ ᠪᠤᠳᠤᠯᠢᠶᠠᠨ ᠤ ᠤᠴᠢᠭ ᠢ ᠬᠥᠭᠡᠭᠡᠵᠦ᠂ ᠤᠴᠢᠷ ᠢ ᠣᠯᠬᠤ ᠶᠢᠨ ᠬᠢᠷᠢ ᠪᠡᠷ ᠰᠡᠳᠬᠢᠯ ᠳᠦ ᠬᠠᠮᠤᠭ ᠤᠨ ᠬᠦᠴᠦᠲᠡᠢ ᠪᠠᠭᠤᠭᠰᠠᠨ ᠪᠠᠷᠢᠮᠲᠠ ᠨᠤᠭᠤᠳ ᠢ ᠱᠣᠬᠣᠭᠣᠷᠬᠠᠳᠠᠭ ᠶᠤᠮ᠃ ᠡᠭᠦᠨ ᠢ 《ᠳᠠᠭᠠᠨ ᠪᠠᠷᠢᠮᠲᠠᠯᠠᠬᠤ ᠯᠣᠭᠢᠭ》 ᠭᠡᠵᠦ ᠨᠡᠷᠡᠯᠡᠵᠦ ᠪᠣᠯᠤᠨ᠎ᠠ》7 ᠬᠡᠮᠡᠨ ᠳ᠋ᠦᠩᠨᠡᠨ ᠬᠡᠯᠡᠭᠰᠡᠨ ᠪᠠᠶᠢᠳᠠᠭ᠃ ᠦᠨᠡᠬᠡᠷ ᠴᠤ ᠰᠢᠯᠵᠢ᠂ ᠰᠢᠭᠰᠢᠭᠰᠡᠨ ᠦ ᠳᠠᠷᠠᠭ᠎ᠠ ᠦᠯᠡᠳᠡᠭᠰᠡᠨ ᠪᠠᠷᠢᠮᠲᠠ ᠪᠣᠯᠭᠠᠨ ᠦᠨᠡᠨ ᠪᠠᠶᠢᠳᠠᠯ ᠢ ᠪᠣᠳᠠᠲᠠᠢ ᠲᠤᠰᠬᠠᠵᠤ ᠴᠢᠳᠠᠳᠠᠭ ᠢ ᠣᠯᠠᠨ ᠤᠯᠤᠰ ᠤᠨ ᠲᠤᠷᠰᠢᠯᠭ᠎ᠠ ᠲᠠᠢ ᠡᠷᠢᠨ ᠰᠤᠷᠪᠤᠯᠵᠢᠯᠠᠭᠴᠢ ᠳᠤ ᠪᠦᠲᠦᠭᠡᠯ ᠢᠶᠡᠷ ᠢᠶᠡᠨ ᠬᠠᠷᠠᠭᠤᠯᠳᠠᠭ ᠪᠢᠯᠡ᠃ ᠡᠭᠦᠨ ᠦ ᠲᠣᠳᠣᠷᠬᠠᠢ ᠵᠢᠱᠢᠶ᠎ᠡ ᠨᠢ 1990 ᠍ ᠊ᠭᠡᠳ ᠤᠨ ᠤ ᠰᠡᠭᠦᠯᠴᠢ ᠪᠡᠷ ᠱᠧᠢᠯᠠ ᠺᠣᠷᠢᠨᠧᠯ᠂ ᠢᠪᠠᠨ ᠴᠤᠸᠠ ᠲᠡᠷᠢᠭᠦᠲᠡᠢ ᠳᠥᠷᠪᠡᠨ ᠰᠡᠳᠬᠦᠯᠴᠢ ᠹᠢᠯᠯᠢᠫᠫᠢᠨ ᠦ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠢ ᠰᠠᠨᠠᠭᠠᠴᠢᠯᠠᠨ ᠪᠠᠶᠢᠭᠤᠯᠵᠤ᠂ ᠥᠪᠡᠷᠰᠡᠳ ᠦᠨ ᠦᠢᠯᠡ ᠠᠵᠢᠯᠯᠠᠭ᠎ᠠ ᠶᠢ ᠶᠡᠷᠦᠩᠬᠡᠶᠢᠯᠡᠭᠴᠢ ᠵᠣᠽᠧᠹ ᠧᠰᠲᠷᠠᠳᠠᠭ ᠤᠨ ᠬᠠᠤᠯᠢ ᠪᠤᠰᠤ ᠪᠠᠷ ᠬᠥᠷᠥᠩᠭᠡ᠂ ᠣᠷᠣᠯᠭ᠎ᠠ ᠪᠠᠨ ᠪᠡᠬᠢᠵᠢᠭᠦᠯᠵᠦ᠂ ᠠᠪᠯᠢᠭᠠᠯ ᠤᠨ ᠬᠡᠷᠡᠭ ᠢ ᠥᠭᠡᠭᠰᠢᠭᠦᠯᠵᠦ ᠪᠤᠢ ᠬᠡᠷᠡᠭ ᠲᠦ ᠴᠢᠭᠯᠡᠭᠦᠯᠦᠨ ᠠᠵᠢᠯᠯᠠᠵᠠᠢ᠃ ᠲᠡᠷᠡ ᠲᠤᠬᠠᠢ ᠶᠢᠨ ᠤᠯᠤᠰ ᠣᠷᠣᠨ ᠳᠤ ᠪᠥᠭᠡᠮ ᠬᠠᠷᠠᠳᠠᠯᠭ᠎ᠠ᠂ ᠰᠡᠷᠡᠳᠡᠯᠭᠡ᠂ ᠭᠤᠳᠤᠮᠵᠢᠨ ᠤ ᠬᠣᠪ ᠵᠢᠪ ᠡᠴᠡ ᠥᠭᠡᠷ᠎ᠡ ᠪᠠᠷᠢᠬᠤ ᠪᠠᠷᠢᠴᠠ ᠦᠭᠡᠢ ᠪᠠᠶᠢᠭᠰᠠᠨ ᠦᠢᠯᠡ ᠶᠠᠪᠤᠳᠠᠯ ᠤᠨ ᠠᠷᠤ ᠠᠴᠠ ᠣᠯᠠᠨ ᠰᠠᠷ᠎ᠠ ᠶᠢᠨ ᠲᠤᠷᠰᠢ ᠤᠶᠢᠭ᠎ᠠ ᠦᠭᠡᠢ ᠡᠷᠢᠨ ᠰᠤᠷᠪᠤᠯᠵᠢᠯᠠᠭᠰᠠᠨ ᠤ ᠡᠴᠦᠰ ᠲᠦ ᠶᠡᠷᠦᠩᠬᠡᠶᠢᠯᠡᠭᠴᠢ ᠬᠡᠳᠦᠨ ᠲᠡᠷᠪᠤᠮ ᠫ ᠡᠴᠢ ᠶᠢᠨ ᠬᠡᠭᠡᠯᠢ ᠬᠠᠬᠤᠤᠯᠢ᠂ ᠠᠪᠯᠢᠭᠠᠯ ᠠᠪᠴᠤ ᠪᠠᠶᠢᠭᠰᠠᠨ ᠬᠡᠷᠡᠭ ᠢ ᠢᠯᠡᠷᠡᠭᠦᠯᠦᠨ ᠪᠢᠴᠢᠵᠡᠢ᠃ ᠲᠡᠳᠡᠨ ᠦ ᠡᠨᠡᠬᠦ ᠴᠤᠪᠤᠷᠠᠯ ᠪᠦᠲᠦᠭᠡᠯ ᠨᠢ ᠣᠯᠠᠨ ᠲᠦᠮᠡᠨ ᠢ ᠶᠡᠷᠦᠩᠬᠡᠶᠢᠯᠡᠭᠴᠢ ᠪᠡᠨ ᠣᠭᠴᠠᠷᠠᠭᠤᠯᠬᠤ ᠬᠥᠳᠡᠯᠭᠡᠭᠡᠨ ᠳᠦ ᠣᠷᠣᠭᠤᠯᠤᠭᠠᠳ ᠵᠣᠭᠰᠣᠭ᠎ᠠ ᠦᠭᠡᠢ ᠡᠷᠢᠨ ᠰᠤᠷᠪᠤᠯᠵᠢᠯᠠᠬᠤ ᠰᠡᠳᠬᠦᠯ ᠵᠦᠢ ᠨᠢ ᠬᠠᠤᠯᠢ ᠶᠢᠨ ᠬᠡᠷᠡᠭᠵᠢᠯᠲᠡ ᠮᠠᠰᠢ ᠰᠤᠯᠠ ᠳᠣᠷᠣᠢ᠂ ᠠᠪᠯᠢᠭᠠᠯ ᠳᠤ ᠢᠳᠡᠭᠳᠡᠭᠰᠡᠨ᠂ ᠲᠠᠨᠢᠯ ᠲᠠᠯ᠎ᠠ ᠶᠢᠨ ᠬᠡᠯᠬᠢᠶ᠎ᠡ ᠬᠣᠯᠪᠣᠭ᠎ᠠ ᠳᠡᠩᠳᠡᠭᠦᠦ ᠬᠥᠭᠵᠢᠭᠰᠡᠨ ᠨᠡᠶᠢᠭᠡᠮ ᠳᠦ ᠬᠦᠷᠲᠡᠯ᠎ᠡ ᠠᠰᠤᠷᠤ ᠶᠡᠬᠡ ᠨᠥᠯᠥᠭᠡ ᠦᠵᠡᠭᠦᠯᠵᠦ ᠴᠢᠳᠠᠳᠠᠭ ᠭᠡᠳᠡᠭ ᠢ ᠬᠠᠷᠠᠭᠤᠯᠵᠤ᠂ ᠪᠠᠰᠠ ᠪᠠᠲᠤᠯᠠᠭᠰᠠᠨ ᠢᠶᠠᠷ ᠢᠶᠠᠨ ᠪᠤᠰᠤᠳ ᠲᠤ ᠦᠯᠢᠭᠡᠷ ᠵᠠᠭᠪᠤᠷ ᠪᠣᠯᠤᠭᠰᠠᠨ ᠶᠤᠮ᠃ ᠹᠢᠯᠢᠫᠫᠢᠨ ᠦ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠡᠴᠡ ᠨᠡᠶᠢᠳᠡᠯᠡᠨ ᠭᠠᠷᠭᠠᠭᠰᠠᠨ ᠡᠬᠢᠨ ᠦ ᠭᠤᠷᠪᠠᠨ ᠰᠤᠷᠪᠤᠯᠵᠢᠯᠠᠭ᠎ᠠ ᠨᠢ ᠯᠠ ᠧᠰᠲᠷᠠᠳᠠᠭ ᠤᠨ ᠡᠰᠡᠷᠬᠦ ᠰᠢᠭᠦᠬᠦ ᠠᠵᠢᠯᠯᠠᠭᠠᠨ ᠤ ᠭᠣᠣᠯ ᠪᠠᠭᠠᠵᠢ ᠰᠠᠭᠤᠷᠢ ᠨᠢ ᠪᠣᠯᠤᠭᠰᠠᠨ ᠪᠠᠶᠢᠨ᠎ᠠ᠃ ᠲᠡᠷᠬᠡᠦ ᠰᠢᠭᠦᠬᠦ ᠠᠵᠢᠯᠯᠠᠭᠠᠨ ᠤ ᠡᠴᠦᠰ ᠲᠦ ᠬᠡᠳᠦᠨ ᠰᠠᠷ᠎ᠠ ᠶᠢᠨ ᠳᠠᠷᠠᠭ᠎ᠠ ᠶᠡᠷᠦᠩᠬᠡᠶᠢᠯᠡᠭᠴᠢ ᠧᠰᠲᠷᠠᠳ᠋ᠠ ᠣᠭᠴᠠᠷᠴᠥ᠂ ФЭССЗТ ᠍ ᠶᠢᠨ ᠪᠦᠲᠦᠭᠡᠯ ᠨᠢ ᠰᠢᠭᠦᠨᠵᠢᠯᠡᠬᠦ ᠡᠴᠡ ᠢᠮᠠᠭᠲᠠ ᠴᠡᠷᠪᠡᠳᠡᠭ ᠪᠠᠶᠢᠭᠰᠠᠨ ᠹᠢᠯᠢᠫᠫᠢᠨ ᠦ ᠬᠡᠪᠯᠡᠯ ᠮᠡᠳᠡᠭᠡᠯᠡᠯ ᠦᠨ ᠬᠡᠷᠡᠭᠰᠡᠯ ᠢ ᠬᠥᠳᠡᠯᠭᠡᠭᠡᠨ ᠳᠦ ᠣᠷᠣᠭᠤᠯᠬᠤ ᠳᠤ ᠬᠠᠮᠤᠭ ᠤᠨ ᠴᠢᠬᠤᠯᠠ ᠡᠭᠦᠷᠭᠡ ᠭᠦᠢᠴᠡᠳᠭᠡᠭᠰᠡᠨ ᠶᠤᠮ᠃ ᠲᠡᠷᠡ ᠴᠠᠭ ᠠᠴᠠ ᠬᠣᠶᠢᠰᠢ ᠹᠢᠯᠯᠢᠫᠫᠠᠨᠳ ᠡᠷᠢᠨ ᠰᠤᠷᠪᠤᠯᠵᠢᠯᠠᠬᠤ ᠰᠡᠳᠬᠦᠯ ᠵᠦᠢ ᠬᠦᠴᠦᠲᠡᠢ ᠬᠥᠭᠵᠢᠵᠦ᠂ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠨᠢ ᠰᠤᠷᠭᠠᠯᠲᠠ᠂ ᠰᠤᠳᠤᠯᠭᠠᠨ ᠤ ᠦᠢᠯᠡ ᠠᠵᠢᠯᠯᠠᠭ᠎ᠠ ᠶᠢ ᠳᠠᠪᠬᠤᠷ ᠬᠢᠬᠦ ᠪᠣᠯᠵᠠᠢ᠃ ᠹᠢᠯᠢᠫᠫᠢᠨ ᠦ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠦᠨ ᠬᠢᠭᠰᠡᠨ ᠡᠷᠡᠨ ᠰᠤᠷᠪᠤᠯᠵᠢᠯᠠᠭ᠎ᠠ ᠨᠢ ᠰᠡᠳᠬᠦᠯ ᠵᠦᠢ ᠶᠢᠨ ᠰᠤᠳᠤᠯᠭᠠᠨ ᠤ ᠦᠨᠡᠲᠡᠢ ᠠᠷᠭ᠎ᠠ ᠵᠦᠢ ᠲᠡᠳᠦᠢ ᠦᠭᠡᠢ ᠤᠯᠤᠰ ᠲᠥᠷᠥ᠂ ᠬᠠᠤᠯᠢ ᠡᠷᠬᠡ ᠵᠦᠢ᠂ ᠨᠡᠶᠢᠭᠡᠮ ᠤᠨ ᠦᠷ᠎ᠡ ᠨᠥᠯᠥᠭᠡ ᠪᠡᠷ ᠢᠶᠡᠨ ᠠᠰᠤᠷᠤ ᠶᠡᠬᠡ ᠠᠴᠢ ᠬᠣᠯᠪᠣᠭᠳᠠᠯ ᠲᠠᠢ ᠪᠦᠲᠦᠭᠡᠯ ᠦᠳ ᠪᠣᠯᠤᠭᠰᠠᠨ ᠪᠢᠯᠡ᠃ ᠡᠨᠡ ᠨᠢ ᠨᠢᠭᠡᠳᠦᠭᠡᠷ ᠲᠦ᠂ ᠬᠡᠪᠯᠡᠯ ᠮᠡᠳᠡᠭᠡᠯᠡᠯ ᠠᠰᠤᠷᠤ ᠶᠡᠬᠡ ᠡᠭᠦᠷᠭᠡ᠂ ᠬᠠᠷᠢᠭᠤᠴᠠᠯᠭ᠎ᠠ ᠲᠠᠢ ᠪᠠᠶᠢᠳᠠᠭ ᠢ ᠨᠡᠶᠢᠭᠡᠮ ᠳᠦ ᠮᠡᠳᠡᠷᠡᠭᠦᠯᠵᠦ᠂ ᠣᠯᠠᠨ ᠲᠦᠮᠡᠨ ᠬᠡᠪᠯᠡᠯ ᠮᠡᠳᠡᠭᠡᠯᠡᠯ ᠢ ᠳᠥᠷᠪᠡ ᠳ᠋ᠡᠬᠢ ᠵᠠᠰᠠᠭᠯᠠᠯ ᠤᠨ ᠬᠡᠮᠵᠢᠶᠡᠨ ᠳᠦ ᠬᠦᠯᠢᠶᠡᠨ ᠵᠥᠪᠰᠢᠶᠡᠷᠡᠬᠦ ᠳᠤ ᠶᠡᠬᠡᠬᠡᠨ ᠲᠦᠯᠬᠢᠴᠡ ᠥᠭᠴᠡᠢ᠃ ᠰᠢᠭᠦᠨᠵᠢᠯᠡᠬᠦ ᠡᠴᠡ ᠢᠮᠠᠭᠲᠠ ᠴᠡᠷᠪᠡᠳᠡᠭ ᠪᠠᠶᠢᠭᠰᠠᠨ ᠹᠢᠯᠢᠫᠫᠢᠨ ᠦ ᠬᠡᠪᠯᠡᠯ ᠮᠡᠳᠡᠭᠡᠯᠡᠯ ᠦᠨ ᠬᠡᠷᠡᠭᠰᠡᠯ ᠬᠥᠳᠡᠯᠭᠡᠭᠡᠨ ᠳᠦ ᠣᠷᠣᠵᠤ᠂ ᠡᠮᠦᠨ᠎ᠡ ᠨᠢ ᠶᠡᠷᠦᠩᠬᠡᠶᠢᠯᠡᠭᠴᠢ ᠳᠤ ᠲᠠᠯ᠎ᠠ ᠵᠠᠰᠠᠯ᠎ᠠ ᠬᠡᠮᠡᠨ ᠰᠢᠭᠦᠨᠵᠢᠯᠡᠭᠳᠡᠳᠡᠭ ᠪᠠᠶᠢᠭᠰᠠᠨ ᠬᠡᠪᠯᠡᠯ ᠦᠳ ᠵᠣᠷᠢᠭ ᠣᠷᠣᠵᠤ᠂ ᠶᠡᠷᠦᠩᠬᠡᠶᠢᠯᠡᠭᠴᠢ ᠪᠣᠯᠤᠨ ᠲᠡᠭᠦᠨ ᠦ ᠲᠣᠭᠣᠷᠢᠨ ᠬᠦᠷᠢᠶᠡᠯᠡᠭᠴᠢᠳ ᠢ ᠤᠬᠠᠵᠤ ᠲᠥᠩᠬᠢᠨ᠂ ᠡᠷᠡᠨ ᠰᠤᠷᠪᠤᠯᠵᠢᠯᠠᠭ᠎ᠠ ᠬᠢᠬᠦ ᠪᠣᠯᠵᠠᠢ᠃ ᠲᠡᠷᠡ ᠦᠶ᠎ᠡ ᠳᠦ ᠳᠥᠷᠪᠡᠨ ᠰᠡᠳᠬᠦᠯᠴᠢ ᠶᠢᠨ ᠠᠬᠠᠯᠠᠭᠴᠢ᠂ ᠹᠢᠯᠢᠫᠫᠢᠨ ᠦ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠦᠨ ᠵᠠᠬᠢᠷᠤᠯ ᠺᠣᠷᠢᠨᠧᠯ 《ᠣᠳᠣ ᠬᠦᠮᠦᠨ ᠪᠦᠷᠢ ᠯᠠ ᠧᠰᠲᠷᠠᠳᠠᠭ ᠤᠨ ᠨᠢᠭᠤᠴᠠ ᠠᠮᠠᠷᠠᠭ ᠤᠳ ᠤᠨ ᠪᠠᠶᠢᠰᠢᠩ ᠢ ᠣᠯᠵᠤ ᠢᠯᠡᠷᠡᠭᠦᠯᠬᠦ ᠶᠢ ᠬᠢᠴᠢᠶᠡᠵᠦ ᠪᠠᠶᠢᠨ᠎ᠠ᠃ ᠬᠡᠪᠯᠡᠯ ᠮᠡᠳᠡᠭᠡᠯᠡᠯ ᠦᠨ ᠬᠢᠨ ᠡᠷᠢᠨ ᠰᠤᠷᠪᠤᠯᠵᠢᠯᠠᠬᠤ ᠰᠡᠳᠬᠦᠯ ᠵᠦᠢ ᠶᠢ ᠦᠨᠡᠯᠡᠵᠦ ᠰᠤᠷᠴᠤ ᠪᠠᠶᠢᠨ᠎ᠠ》8 ᠬᠡᠮᠡᠨ ᠣᠨᠴᠠᠯᠠᠨ ᠲᠡᠮᠳᠡᠭᠯᠡᠵᠡᠢ᠃ ᠬᠣᠶᠠᠳᠤᠭᠠᠷ ᠲᠤ᠂ ᠰᠡᠳᠬᠦᠯᠴᠢᠳ ᠦᠨ ᠡᠷᠢᠨ ᠰᠤᠷᠪᠤᠯᠵᠢᠯᠠᠭᠰᠠᠨ ᠪᠦᠲᠦᠭᠡᠯ ᠨᠢ ᠮᠠᠰᠢ ᠶᠡᠬᠡ ᠡᠷᠬᠡ ᠮᠡᠳᠡᠯ᠂ ᠮᠥᠩᠭᠥ ᠬᠥᠷᠥᠩᠭᠡ ᠶᠢ ᠥᠪᠡᠷᠲᠡᠭᠡᠨ ᠬᠤᠷᠠᠮᠲᠤᠯᠠᠭᠤᠯᠵᠤ ᠴᠢᠳᠠᠭᠰᠠᠨ ᠬᠦᠴᠦᠷᠬᠡᠭ ᠶᠡᠷᠦᠩᠬᠡᠶᠢᠯᠡᠭᠴᠢ ᠶᠢᠨ ᠡᠰᠡᠷᠬᠦ ᠰᠢᠭᠦᠬᠦ ᠬᠡᠷᠬᠢᠨ ᠰᠢᠳᠤᠷᠭᠤ ᠪᠠᠷ ᠠᠵᠢᠯᠯᠠᠬᠤ ᠶᠢ ᠣᠯᠠᠨ ᠲᠦᠮᠡᠨ ᠬᠠᠷᠠᠵᠤ᠂ ᠬᠢᠨᠠᠯᠲᠠ ᠪᠠᠨ ᠲᠣᠭᠲᠠᠭᠠᠬᠤ ᠳᠤ ᠶᠡᠬᠡᠬᠡᠨ ᠲᠤᠰᠠ ᠦᠵᠡᠭᠦᠯᠦᠭᠰᠡᠨ ᠶᠤᠮ᠃ ᠹᠢᠯᠢᠫᠫᠢᠨ ᠦ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠲᠥᠪ ᠡᠴᠡ ᠬᠡᠪᠯᠡᠨ ᠭᠠᠷᠭᠠᠭᠰᠠᠨ ᠡᠬᠢᠨ ᠦ ᠭᠤᠷᠪᠠᠨ ᠰᠤᠷᠪᠤᠯᠵᠢᠯᠠᠭ᠎ᠠ ᠨᠢ ᠧᠰᠲᠷᠠᠳᠠᠭ ᠤᠨ ᠡᠰᠡᠷᠬᠦ ᠰᠢᠭᠦᠬᠦ ᠠᠵᠢᠯᠯᠠᠭᠠᠨ ᠤ ᠭᠣᠣᠯ ᠪᠠᠭᠠᠵᠢ ᠰᠠᠭᠤᠷᠢ ᠪᠣᠯᠤᠭᠰᠠᠨ ᠪᠠᠶᠢᠨ᠎ᠠ᠃ ᠰᠢᠭᠦᠬᠦ ᠵᠣᠽᠧᠹ ᠧᠰᠲᠷᠠᠳ᠋ ᠍ ᠲᠤ ᠠᠪᠯᠢᠭ᠎ᠠ᠂ ᠬᠡᠭᠡᠯᠢ ᠬᠠᠬᠤᠤᠯᠢ ᠳᠤ ᠠᠪᠲᠠᠭᠰᠠᠨ᠂ ᠣᠯᠠᠨ ᠲᠦᠮᠡᠨ ᠦ ᠢᠲᠡᠭᠡᠯ ᠢ ᠬᠥᠰᠡᠷᠳᠡᠭᠦᠯᠦᠭᠰᠡᠨ᠂ ᠦᠨᠳᠦᠰᠦᠨ ᠬᠠᠤᠯᠢ ᠵᠥᠷᠢᠴᠡᠭᠰᠡᠨ ᠭᠡᠰᠡᠨ ᠦᠨᠳᠦᠰᠦᠯᠡᠯ ᠢᠶᠡᠷ ᠶᠠᠯ᠎ᠠ ᠲᠤᠯᠭᠠᠭᠰᠠᠨ ᠪᠠᠶᠢᠨ᠎ᠠ᠃ ᠶᠠᠯ᠎ᠠ ᠶᠢᠨ ᠦᠨᠳᠦᠰᠦᠯᠡᠯ ᠦᠨ ᠭᠤᠷᠪᠠ ᠨᠢ ᠰᠡᠳᠬᠦᠯᠴᠢᠳ ᠦᠨ ᠰᠤᠷᠪᠤᠯᠵᠢᠯᠠᠭ᠎ᠠ ᠳᠤ ᠰᠠᠭᠤᠷᠢᠯᠠᠵᠠᠢ᠃ ᠰᠢᠭᠦᠬᠦ ᠠᠵᠢᠯᠯᠠᠭᠠᠨ ᠤ ᠡᠴᠦᠰ ᠲᠦ ᠬᠡᠳᠦᠨ ᠰᠠᠷ᠎ᠠ ᠶᠢᠨ ᠳᠠᠷᠠᠭ᠎ᠠ ᠶᠡᠷᠦᠩᠬᠡᠶᠢᠯᠡᠭᠴᠢ ᠵᠥᠭᠡᠯᠡᠨ ᠰᠠᠭᠤᠳᠠᠯ ᠠᠴᠠ ᠪᠠᠨ ᠣᠭᠴᠠᠷᠠᠵᠠᠢ᠃ ᠭᠤᠷᠪᠠᠳᠤᠭᠠᠷ ᠲᠤ᠂ ᠰᠡᠳᠬᠦᠯᠴᠢᠳ ᠦᠨ ᠡᠷᠢᠨ ᠰᠤᠷᠪᠤᠯᠵᠢᠯᠠᠭᠰᠠᠨ ᠪᠦᠲᠦᠭᠡᠯ ᠨᠢ ᠠᠷᠠᠳ ᠲᠦᠮᠡᠨ ᠶᠡᠷᠦᠩᠬᠡᠶᠢᠯᠡᠭᠴᠢ ᠰᠣᠩᠭᠣᠭᠴᠢᠳ ᠤᠨ ᠢᠶᠠᠨ ᠢᠲᠡᠭᠡᠯ ᠢ ᠬᠡᠷᠬᠢᠨ ᠬᠥᠰᠡᠷᠳᠡᠭᠦᠯᠦᠭᠰᠡᠨ ᠢ ᠪᠠᠷᠢᠮᠲᠠ ᠨᠣᠲᠠᠯᠠᠭ᠎ᠠ ᠲᠠᠢ ᠪᠠᠷ ᠮᠡᠳᠡᠵᠦ᠂ ᠤᠯᠠᠮ ᠢᠶᠠᠷ ᠲᠡᠭᠦᠨ ᠳᠦ ᠬᠢᠨᠠᠯᠲᠠ ᠲᠠᠯᠪᠢᠵᠤ᠂ ᠪᠠᠰᠬᠦ ᠰᠣᠩᠭᠣᠭᠰᠠᠨ ᠴᠤ ᠡᠷᠭᠢᠭᠦᠯᠦᠨ ᠣᠭᠴᠠᠷᠠᠭᠤᠯᠵᠤ ᠴᠢᠳᠠᠳᠠᠭ ᠥᠪᠡᠷᠰᠡᠳ ᠦᠨ ᠬᠢ ᠨᠢ ᠬᠦᠴᠦ ᠴᠢᠳᠠᠯ ᠢ ᠮᠡᠳᠡᠷᠡᠭᠦᠯᠵᠦ ᠥᠭᠴᠡᠢ᠃ ᠳᠥᠷᠪᠡᠳᠦᠭᠡᠷ ᠲᠦ᠂ ᠰᠡᠳᠬᠦᠯᠴᠢᠳ ᠦᠨ ᠡᠷᠢᠨ ᠰᠤᠷᠪᠤᠯᠵᠢᠯᠠᠭᠰᠠᠨ ᠪᠦᠲᠦᠭᠡᠯ ᠨᠢ ᠳᠡᠯᠡᠬᠡᠢ ᠳᠠᠬᠢᠨ ᠳᠤ ᠡᠷᠡᠨ ᠰᠤᠷᠪᠤᠯᠵᠢᠯᠠᠬᠤ ᠰᠡᠳᠬᠦᠯ ᠵᠦᠢ ᠶᠢᠨ ᠬᠦᠴᠦ ᠴᠢᠳᠠᠯ᠂ ᠠᠴᠢ ᠬᠣᠯᠪᠣᠭᠳᠠᠯ ᠢ ᠮᠡᠳᠡᠷᠡᠭᠦᠯᠬᠦ ᠳᠦ ᠲᠦᠯᠬᠢᠴᠡ ᠥᠭᠭᠦᠭᠰᠡᠨ ᠶᠤᠮ᠃ ᠲᠡᠷᠴᠢ ᠤᠳᠬ᠎ᠠ ᠪᠠᠷ ᠢᠶᠠᠨ ᠹᠢᠯᠢᠫᠫᠢᠨ ᠦ ᠳᠥᠷᠪᠡᠨ ᠰᠡᠳᠬᠦᠯᠴᠢ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠵᠡᠢᠮ ᠸ᠃ᠣᠩ ᠢᠫᠠᠨ ᠤ ᠤᠷᠤᠯᠳᠤᠭᠠᠨ ᠤ ᠲᠡᠷᠢᠭᠦᠨ ᠱᠠᠩᠨᠠᠯ ᠢ 2001 ᠡᠤᠨ ᠳᠤ ᠠᠪᠴᠠᠢ᠃ 《ᠤᠷᠢᠳᠤ ᠡᠮᠦᠨ᠎ᠡ ᠰᠡᠳᠬᠦᠯ ᠵᠦᠢ ᠶᠢᠨ ᠴᠢᠭᠯᠡᠯ ᠢᠶᠡᠷ ᠭᠠᠷᠴᠤ ᠪᠠᠶᠢᠭ᠎ᠠ ᠦᠭᠡᠢ ᠭᠣᠶᠢᠳᠠ ᠰᠠᠶᠢᠨ ᠰᠤᠳᠤᠯᠭ᠎ᠠ ᠬᠢᠵᠦ᠂ ᠪᠠᠷᠢᠮᠲᠠ ᠪᠠᠷ ᠨᠣᠲᠠᠯᠠᠨ᠂ ᠤᠷ᠎ᠠ ᠴᠢᠳᠠᠪᠤᠷᠢ ᠶᠢᠨ ᠳᠡᠭᠡᠳᠦ ᠶᠢ ᠬᠠᠷᠠᠭᠤᠯᠤᠭᠰᠠᠨ ᠪᠦᠲᠦᠭᠡᠯ ᠦᠳ》 ᠭᠡᠵᠦ ᠲᠤᠰ ᠲᠥᠪ ᠦᠨ ᠬᠢᠨ ᠦ ᠲᠤᠬᠠᠢ ᠳᠡᠯᠡᠬᠡᠢ ᠨᠡᠶᠢᠲᠡ ᠪᠡᠷ ᠪᠢᠴᠢᠵᠦ ᠪᠠᠶᠢᠨ᠎ᠠ᠃ ᠣᠷᠣᠰ ᠤᠨ ᠰᠡᠳᠬᠦᠯ ᠵᠦᠢ ᠶᠢᠨ ᠤᠯᠠᠮᠵᠢᠯᠠᠯ ᠳᠤ ᠡᠷᠢᠨ ᠰᠤᠷᠪᠤᠯᠵᠢᠯᠠᠭ᠎ᠠ ᠶᠢᠨ ᠬᠡᠯᠪᠡᠷᠢ ᠰᠣᠴᠢᠶᠠᠯᠢᠮ ᠤᠨ ᠦᠶ᠎ᠡ ᠳᠦ ᠴᠤ ᠪᠠᠶᠢᠭᠰᠠᠨ᠂ ᠭᠡᠬᠦ ᠳᠦ ᠪᠡᠨ 《ᠲᠤᠬᠠᠢ ᠶᠢᠨ ᠦᠶ᠎ᠡ ᠳᠦ ᠰᠡᠳᠬᠦᠯᠴᠢᠳ ᠮᠡᠷᠭᠡᠵᠢᠯ ᠢᠶᠡᠨ ᠪᠣᠭᠣᠨᠢ ᠬᠤᠭᠤᠴᠠᠭᠠᠨ ᠳᠤ ᠰᠤᠯᠢᠵᠤ ᠭᠤᠸᠠᠨᠵᠠᠨ ᠤ ᠦᠢᠯᠡᠴᠢᠯᠡᠭᠴᠢ᠂ ᠲᠠᠺᠰᠢᠨ ᠤ ᠵᠢᠯᠣᠭᠣᠴᠢ ᠵᠡᠷᠭᠡ ᠶᠢ ᠬᠢᠵᠦ᠂ ᠦᠢᠯᠡᠴᠢᠯᠡᠭᠡᠨ ᠦ ᠪᠠᠶᠢᠭᠤᠯᠤᠯᠠᠯᠭ᠎ᠠ ᠶᠢᠨ ᠠᠵᠢᠯ ᠢ ᠰᠢᠭᠦᠨᠵᠢᠯᠡᠬᠦ ᠡᠴᠡ ᠬᠡᠲᠦᠷᠡᠭᠡ ᠦᠭᠡᠢ᠃ ᠬᠠᠷᠢᠨ ᠰᠢᠨ᠎ᠡ ᠦᠶ᠎ᠡ ᠶᠢᠨ ᠰᠡᠳᠬᠦᠯᠴᠢᠳ ᠲᠡᠶᠢᠮᠦ ᠴᠤ ᠲᠠᠭᠠᠯᠠᠮᠵᠢᠲᠠᠢ ᠪᠤᠰᠤ ᠤᠷᠴᠢᠨ ᠳᠤ ᠨᠡᠶᠢᠭᠡᠮ ᠡᠴᠡ ᠨᠢᠭᠤᠴᠠᠯᠠᠵᠤ ᠪᠠᠶᠢᠭ᠎ᠠ ᠵᠠᠷᠢᠮ ᠦᠵᠡᠭᠳᠡᠯ  ᠦᠨ ᠮᠥᠨ ᠴᠢᠨᠠᠷ ᠢ ᠢᠯᠡᠷᠡᠭᠦᠯᠵᠦ ᠴᠢᠳᠠᠳᠠᠭ ᠪᠣᠯᠤᠭᠰᠠᠨ ᠨᠢ ᠠᠬᠢᠴᠠ ᠳᠡᠪᠰᠢᠯ》 ᠶᠤᠮ᠃9 ᠡᠷᠢᠨ ᠰᠤᠷᠪᠤᠯᠵᠢᠯᠠᠬᠤ ᠰᠡᠳᠬᠦᠯ ᠵᠦᠢ ᠪᠣᠯ ᠬᠠᠮᠲᠤ ᠶᠢᠨ ᠪᠦᠲᠦᠭᠡᠯ᠂ ᠬᠠᠮᠲᠤ ᠶᠢᠨ ᠵᠣᠷᠢᠭ ᠡᠷᠮᠡᠯᠵᠡᠯᠡᠯ ᠪᠠᠶᠢᠳᠠᠭ᠃ ᠡᠨᠡ ᠵᠢᠱᠢᠭ ᠢ ᠣᠷᠣᠰ ᠤᠯᠤᠰ ᠲᠤ ᠦᠵᠡᠭᠦᠯᠵᠦ᠂ ᠲᠤᠬᠠᠢ ᠶᠢᠨ ᠣᠷᠣᠨ ᠤ ᠰᠡᠳᠬᠦᠯ ᠵᠦᠢ ᠳᠤ ᠡᠷᠢᠨ ᠰᠤᠷᠪᠤᠯᠵᠢᠯᠠᠭ᠎ᠠ ᠶᠢᠨ ᠦᠯᠢᠭᠡᠷ ᠳᠠᠭᠤᠷᠢᠶᠠᠯᠠ᠂ ᠠᠴᠢ ᠬᠣᠯᠪᠣᠭᠳᠠᠯ ᠢ ᠮᠡᠳᠡᠷᠡᠭᠦᠯᠵᠦ ᠪᠠᠶᠢᠭ᠎ᠠ ᠬᠡᠰᠡᠭ ᠰᠡᠳᠬᠦᠯᠴᠢᠳ ᠢ ᠰᠠᠨᠺᠲ ᠫᠧᠲ᠋ᠧᠷᠪᠦ᠋ᠷᠡᠭ ᠳ᠋ᠡᠬᠢ ᠠᠨᠳᠠᠷᠢ ᠺᠣᠨᠰᠲ᠋ᠠᠨᠲ᠋ᠢᠨᠣᠸ ᠤᠨ ᠲᠥᠪ ᠨᠢᠭᠡᠳᠬᠡᠨ ᠠᠵᠢᠯᠯᠠᠵᠤ ᠪᠠᠶᠢᠨ᠎ᠠ᠃ ᠡᠨᠡ ᠲᠥᠪ ᠨᠢ ᠡᠷᠢᠨ ᠰᠤᠷᠪᠤᠯᠵᠢᠯᠠᠬᠤ ᠰᠡᠳᠬᠦᠯ ᠵᠦᠢ ᠶᠢᠨ ᠬᠤᠪᠢ ᠤᠨ ᠠᠭᠧᠨᠲᠯᠢᠭ ᠪᠥᠭᠡᠳ ᠲᠡᠨᠳᠡ ᠨᠡᠶᠢᠲᠡ 40 ᠭᠠᠷᠤᠢ ᠰᠡᠳᠬᠦᠯᠴᠢ᠂ ᠴᠥᠭᠡᠨ ᠲᠣᠭᠠᠨ ᠤ ᠬᠠᠤᠯᠢᠴᠢᠳ ᠠᠵᠢᠯᠯᠠᠳᠠᠭ᠃ ᠲᠤᠰ ᠲᠥᠪ ᠦᠨ ᠬᠢᠨ ᠲᠥᠷᠥ ᠶᠢᠨ ᠳᠤᠮ ᠤᠨ ᠭᠡᠰᠢᠭᠦᠨ ᠠᠰᠠᠨ ᠡᠮᠡᠭᠲᠡᠢ ᠶᠢᠨ ᠭᠡᠨᠡᠳᠲᠡ ᠶᠢᠨ ᠦᠬᠦᠯ ᠦᠨ ᠰᠢᠯᠲᠠᠭᠠᠨ ᠠᠴᠠ ᠠᠪᠬᠠᠭᠤᠯᠤᠭᠠᠳ ᠬᠡᠳᠦᠨ ᠲᠡᠷᠪᠤᠮ ᠲᠥᠭᠥᠷᠢᠭ ᠦᠨ ᠵᠡᠭᠡᠯᠢ ᠠᠪᠤᠭᠰᠠᠨ ᠴᠤ ᠦᠢᠯᠡ ᠠᠵᠢᠯᠯᠠᠭ᠎ᠠ ᠨᠢ ᠳᠠᠮᠫᠤᠤᠷᠠᠭᠰᠠᠨ ᠪᠠᠷᠢᠯᠭ᠎ᠠ ᠶᠢᠨ ᠺᠣᠮᠫᠠᠨᠢ ᠶᠢᠨ ᠰᠦᠢᠷᠡᠯ ᠦᠨ ᠠᠷᠤ ᠠᠴᠠ ᠮᠥᠰᠬᠢᠨ ᠰᠤᠷᠪᠤᠯᠵᠢᠯᠠᠵᠤ ᠣᠯᠠᠨ ᠨᠡᠶᠢᠲᠡ ᠶᠢᠨ ᠠᠩᠬᠠᠷᠤᠯ ᠳᠤ ᠬᠦᠷᠭᠡᠵᠡᠢ᠃ ᠲᠤᠰ ᠲᠥᠪ 24 ᠴᠠᠭ ᠢᠶᠠᠷ ᠮᠡᠳᠡᠭᠡᠯᠡᠯ ᠠᠪᠬᠤ ᠤᠲᠠᠰᠤ ᠠᠵᠢᠯᠯᠠᠭᠤᠯᠵᠤ᠂ ᠡᠷᠢᠨ ᠰᠤᠷᠪᠤᠯᠵᠢᠯᠠᠬᠤ ᠱᠠᠭᠠᠷᠳᠠᠯᠭ᠎ᠠ ᠲᠠᠢ ᠭᠡᠵᠦ ᠦᠵᠡᠭᠰᠡᠨ ᠪᠠᠷᠢᠮᠲᠠ᠂ ᠬᠡᠷᠡᠭ ᠶᠠᠪᠤᠳᠠᠯ᠂ ᠰᠡᠵᠢᠭ ᠲᠠᠭᠠᠮᠠᠭ ᠤᠨ ᠢᠶᠠᠨ ᠠᠷᠤ ᠠᠴᠠ ᠰᠡᠳᠬᠦᠯᠴᠢᠳ ᠢ ᠪᠠᠭ᠎ᠠ ᠪᠠᠷ ᠨᠢ ᠠᠵᠢᠯᠯᠠᠭᠤᠯᠵᠤ᠂ ᠦᠷ᠎ᠡ ᠳ᠋ᠦᠩ ᠢ ᠨᠢ ᠦᠵᠡᠬᠦ ᠶᠢ ᠵᠣᠷᠢᠳᠠᠭ ᠪᠠᠶᠢᠨ᠎ᠠ᠃ ᠲᠡᠷᠡ ᠡᠷᠡᠨ ᠰᠤᠷᠪᠤᠯᠵᠢᠯᠠᠭ᠎ᠠ ᠬᠢᠬᠦ ᠶᠠᠪᠤᠴᠠ ᠳᠤ ᠪᠠᠨ ᠰᠢᠳᠤᠷᠭᠤ ᠶᠣᠰᠣ᠂ ᠰᠡᠳᠬᠦᠯᠴᠢ ᠶᠢᠨ ᠶᠣᠰᠣ ᠵᠦᠢ᠂ ᠨᠡᠶᠢᠭᠡᠮ ᠤᠨ ᠠᠰᠢᠭ ᠰᠣᠨᠢᠷᠬᠠᠯ ᠢ ᠡᠷᠮᠬᠡᠮᠡᠯᠡᠬᠦ ᠶᠢ ᠭᠣᠣᠯ ᠱᠤᠭᠤᠮ ᠢᠶᠠᠨ ᠪᠣᠯᠭᠠᠳᠠᠭ ᠶᠠᠴᠢ ᠵᠠᠷᠢᠮ ᠲᠣᠬᠢᠶᠠᠯᠳᠤᠯ ᠳᠤ ᠤᠯᠤᠰ ᠲᠥᠷᠥ᠂ ᠪᠢᠽᠢᠨ᠋ᠧᠰ ᠦᠨ ᠬᠢᠨ ᠦ ᠵᠠᠬᠢᠶᠠᠯᠠᠭ᠎ᠠ ᠪᠠᠷ ᠲᠥᠯᠥᠪᠦᠷᠢ ᠳᠦ ᠡᠷᠡᠨ ᠰᠤᠷᠪᠤᠯᠵᠢᠯᠠᠭ᠎ᠠ ᠬᠢᠳᠡᠭ ᠠᠵᠡᠢ᠃ ᠲᠤᠬᠠᠶᠢᠯᠠᠪᠠᠯ ᠡᠨᠡ ᠲᠥᠪᠡᠳ ᠹᠢᠨᠯᠠᠨ ᠳᠤ᠂ ᠰᠢᠪ ᠲ ᠳᠦ ᠡᠴᠡ ᠲᠣᠳᠣᠷᠬᠠᠢ ᠬᠡᠷᠡᠭ ᠶᠠᠪᠤᠳᠠᠯ ᠤᠨ ᠵᠠᠩᠭᠢᠯᠠᠭ᠎ᠠ ᠶᠢ ᠲᠠᠶᠢᠯᠵᠤ᠂ ᠡᠷᠢᠨ ᠰᠤᠷᠪᠤᠯᠵᠢᠯᠠᠵᠤ ᠥᠭᠬᠦ ᠶᠢ ᠬᠦᠰᠡᠭᠰᠡᠨ ᠵᠠᠬᠢᠶᠠᠯᠠᠭ᠎ᠠ ᠴᠤ ᠢᠷᠡᠵᠦ ᠪᠠᠶᠢᠴᠠᠢ᠃ ᠬᠠᠷᠢᠨ ᠮᠡᠳᠡᠭᠡᠯᠡᠯ ᠦᠨ ᠡᠬᠢ ᠰᠤᠷᠪᠤᠯᠵᠢ ᠶᠢ ᠨᠢᠭᠤᠴᠠᠯᠠᠬᠤ ᠲᠠᠯ᠎ᠠ ᠪᠠᠷ ᠤᠷᠢᠳᠴᠢᠯᠠᠨ ᠲᠣᠬᠢᠷᠠᠭᠰᠠᠨ ᠯᠠ ᠪᠣᠯ ᠶᠠᠮᠠᠷ ᠴᠤ ᠨᠥᠬᠥᠴᠡᠯ ᠳᠦ ᠨᠢ ᠬᠠᠮᠠᠭᠠᠯᠠᠬᠤ ᠶᠣᠰᠣᠲᠠᠢ ᠭᠡᠳᠡᠭ ᠵᠠᠷᠴᠢᠮ ᠢ ᠲᠤᠰ ᠲᠥᠪ ᠦᠨ ᠬᠢᠨ ᠮᠡᠷᠭᠡᠵᠢᠯ ᠦᠨ ᠣᠨᠴᠠᠭᠠᠢ ᠡᠷᠬᠡ ᠪᠡᠨ ᠪᠣᠯᠭᠠᠳᠠᠭ ᠪᠠᠶᠢᠨ᠎ᠠ᠃ ᠡᠶᠢᠨᠬᠦᠦ ᠣᠷᠣᠰ ᠤᠨ ᠥᠨᠥ ᠶᠢᠨ ᠰᠡᠳᠬᠦᠯ ᠵᠦᠢ ᠳᠤ ᠡᠷᠢᠨ ᠰᠤᠷᠪᠤᠯᠵᠢᠯᠠᠬᠤ ᠰᠡᠳᠬᠦᠯ ᠵᠦᠢ ᠬᠠᠨᠳᠤᠯᠭ᠎ᠠ ᠪᠠᠶᠢᠭ᠎ᠠ ᠴᠤ ᠬᠡᠪᠯᠡᠯ᠂ ᠮᠡᠳᠡᠭᠡᠯᠡᠯ ᠦᠨ ᠬᠡᠷᠡᠭᠰᠡᠯ ᠤᠯᠤᠰ ᠲᠥᠷᠥ , ᠡᠳ᠋ ᠍ ᠦᠨ ᠵᠠᠰᠠᠭ ᠤᠨ ᠺᠠᠫᠢᠲ᠋ᠠᠯᠪᠣᠯᠤᠨ ᠢᠯᠡᠭᠦᠦ ᠲᠡᠢ ᠬᠥᠭᠵᠢᠵᠦ ᠪᠠᠶᠢᠨ᠎ᠠ᠃ ᠰᠠᠨᠺᠲ ᠫᠧᠲ᠋ᠧᠷᠪᠦ᠋ᠷᠡᠭ ᠦᠨ ᠶᠡᠬᠡ ᠰᠤᠷᠭᠠᠭᠤᠯᠢ ᠶᠢᠨ ᠳᠣᠼᠧᠨᠲ᠎ᠠ᠃ᠠ᠃ ᠶᠦᠺᠣᠸ ᠤᠨ ᠦᠵᠡᠵᠦ ᠪᠤᠢ ᠪᠠᠷ 《ᠥᠷᠦᠨᠡᠲᠦ ᠳ᠋ᠦ ᠬᠡᠪᠯᠡᠯ ᠮᠡᠳᠡᠭᠡᠯᠡᠯ ᠦᠨ ᠺᠠᠫᠢᠲ᠋ᠠᠯ ᠪᠤᠶᠤ ᠪᠢᠽᠢᠨ᠋ᠧᠰ ᠪᠣᠯᠤᠨ ᠬᠤᠪᠢᠷᠠᠭᠰᠠᠨ ᠪᠣᠯ ᠣᠷᠣᠰ ᠲᠤ ᠭᠣᠣᠯ ᠭᠣᠣᠯ ᠬᠡᠪᠯᠡᠯ ᠤᠯᠤᠰ ᠲᠥᠷᠥ ᠶᠢᠨ ᠺᠠᠫᠢᠲ᠋ᠠᠯ ᠪᠤᠶᠤ ᠤᠯᠤᠰ ᠲᠥᠷᠦᠴᠢᠳ ᠦᠨ ᠵᠠᠰᠠᠭ ᠤᠨ ᠲᠥᠯᠦᠭᠡᠬᠢ ᠲᠡᠮᠡᠴᠡᠯ ᠦᠨ ᠵᠡᠪᠰᠡᠭ ᠪᠣᠯᠤᠨ ᠢᠯᠡᠭᠦᠦ ᠲᠡᠢ ᠠᠰᠢᠭᠯᠠᠭᠳᠠᠵᠤ ᠪᠠᠶᠢᠭ᠎ᠠ》 ᠶᠤᠮ᠃ ᠣᠷᠣᠰ ᠤᠨ ᠨᠡᠷ᠎ᠡ ᠨᠥᠯᠥᠭᠡ ᠪᠦᠬᠦᠢ ᠬᠡᠪᠯᠡᠯ ᠢ ᠶᠠᠮᠠᠷ ᠶᠠᠮᠠᠷ ᠤᠯᠤᠰ ᠲᠥᠷᠦᠴᠢᠳ ᠡᠷᠬᠡᠨ ᠳᠦ ᠪᠡᠨ ᠣᠷᠣᠭᠤᠯᠤᠭᠰᠠᠨ ᠢ 《ᠨᠧᠽᠠᠸᠢᠰᠢᠮᠠᠶ᠎ᠠ ᠭᠠᠽᠧᠲ᠋ᠠ》 ᠰᠣᠨᠢᠨ ᠵᠢᠭ᠌ᠰᠠᠭᠠᠨ ᠬᠡᠪᠯᠡᠭᠰᠡᠨ ᠨᠢ ᠡᠨᠡᠬᠦ ᠰᠡᠵᠢᠭ ᠲᠠᠭᠠᠮᠠᠭ᠎ᠠ ᠶᠢ ᠨᠣᠲᠠᠯᠠᠵᠤ ᠪᠠᠲᠤᠯᠠᠭᠠᠵᠢᠭᠤᠯᠤᠭᠰᠠᠨ ᠪᠠᠶᠢᠨ᠎ᠠ᠃ ᠣᠷᠣᠰ ᠣᠷᠣᠨ ᠳᠤ ᠤᠯᠤᠰ ᠲᠥᠷᠥ᠂ ᠪᠢᠽᠢᠨ᠋ᠧᠰ ᠦᠨ ᠬᠢᠨ ᠦ ᠮᠡᠳᠡᠭᠡᠯᠡᠯ ᠦᠨ ᠳᠠᠶᠢᠨ ᠶᠠᠪᠤᠭᠳᠠᠵᠤ ᠪᠤᠢ ᠭᠡᠵᠦ ᠦᠵᠡᠳᠡᠭ ᠰᠤᠳᠤᠯᠤᠭᠠᠴᠢᠳ ᠴᠤ ᠪᠠᠶᠢᠳᠠᠭ᠃ ᠡᠶᠢᠮᠦ ᠨᠥᠬᠥᠴᠡᠯ ᠳᠦ ᠡᠷᠢᠨ ᠰᠤᠷᠪᠤᠯᠵᠢᠯᠠᠬᠤ ᠰᠡᠳᠬᠦᠯ ᠵᠦᠢ ᠬᠥᠭᠵᠢᠨ᠎ᠡ ᠭᠡᠳᠡᠭ ᠨᠢ ᠡᠷᠡᠭᠡᠯᠵᠡᠭᠡ ᠲᠡᠢ ᠶᠤᠮ᠃ ᠥᠭᠡᠷ᠎ᠡ ᠪᠡᠷ ᠬᠡᠯᠡᠪᠡᠯ᠂ ᠡᠷᠢᠨ ᠰᠤᠷᠪᠤᠯᠵᠢᠯᠠᠬᠤ ᠰᠡᠳᠬᠦᠯ ᠵᠦᠢ ᠬᠥᠭᠵᠢᠬᠦ ᠲᠠᠭᠠᠲᠠᠢ ᠬᠥᠷᠥᠰᠥ ᠨᠢ ᠪᠥᠷᠢᠳᠦᠭᠡ ᠦᠭᠡᠢ ᠪᠠᠶᠢᠨ᠎ᠠ ᠭᠡᠰᠡᠨ ᠦᠭᠡ᠃ 《ᠮᠡᠳᠡᠭᠡᠯᠡᠯ ᠣᠯᠵᠤ ᠠᠪᠬᠤ ᠬᠠᠤᠯᠢ ᠵᠦᠢ ᠶᠢᠨ ᠪᠣᠯᠤᠯᠴᠠᠭ᠎ᠠ ᠤᠷᠢᠳᠤ ᠡᠮᠦᠨᠡᠬᠢ ᠡᠴᠡ ᠬᠢᠯᠪᠠᠷ ᠪᠣᠯᠤᠭᠰᠠᠨ ᠴᠤ ᠰᠡᠳᠬᠦᠯᠴᠢᠳ ᠦᠨ ᠬᠤᠪᠢ ᠳᠤ ᠬᠠᠭᠠᠯᠲᠠ ᠲᠠᠢ ᠪᠥᠰᠡ ᠨᠦᠭᠦᠳ ᠪᠠᠶᠢᠭᠰᠠᠭᠠᠷ ᠪᠠᠶᠢᠨ᠎ᠠ᠃ ᠢᠯᠠᠩᠭᠤᠶ᠎ᠠ ᠲᠥᠷᠥ ᠶᠢᠨ ᠡᠷᠬᠡ ᠪᠠᠷᠢᠭᠴᠢᠳ ᠤᠨ ᠦᠢᠯᠡ ᠠᠵᠢᠯᠯᠠᠭ᠎ᠠ ᠢᠯᠡ ᠲᠣᠳᠣ ᠪᠣᠯᠤᠭ᠎ᠠ ᠦᠭᠡᠢ᠂ ᠣᠯᠠᠨ ᠲᠦᠮᠡᠨ ᠳᠦ ᠲᠠᠶᠢᠯᠤᠩᠨᠠᠳᠠᠭ ᠦᠭᠡᠢ᠂ ᠬᠠᠷᠢᠭᠤᠴᠠᠯᠭ᠎ᠠ ᠶᠢᠨ ᠮᠧᠬᠠᠨᠢᠰᠮ ᠦᠢᠯᠡᠴᠢᠯᠡᠳᠡ ᠭᠦᠢ ᠤᠴᠢᠷ ᠠᠴᠠ ᠡᠷᠡᠨ ᠰᠤᠷᠪᠤᠯᠵᠢᠯᠠᠭ᠎ᠠ ᠬᠢᠨ᠎ᠡ ᠭᠡᠳᠡᠭ ᠨᠢ ᠡᠷᠬᠡ ᠪᠠᠷᠢᠭᠴᠢᠳ ᠤᠨ ᠡᠰᠡᠷᠬᠦ ᠰᠡᠳᠬᠦᠯᠴᠢᠳ ᠨᠢᠴᠦᠭᠦᠨ ᠭᠠᠷ ᠢᠶᠠᠷ ᠢᠶᠠᠨ ᠲᠤᠯᠤᠯᠳᠤᠬᠤ ᠲᠠᠢ ᠠᠳᠠᠯᠢ ᠭᠡᠵᠦ ᠲᠡᠳᠡ ᠦᠵᠡᠳᠡᠭ ᠪᠠᠶᠢᠨ᠎ᠠ᠃ ᠡᠨᠡ ᠬᠠᠨᠳᠤᠯᠭ᠎ᠠ ᠨᠢ ᠳᠡᠶᠢᠯᠦᠩᠬᠢ ᠰᠡᠳᠬᠦᠯᠴᠢᠳ ᠢ ᠡᠷᠡᠨ ᠰᠤᠷᠪᠤᠯᠵᠢᠯᠠᠭ᠎ᠠ᠂ ᠰᠢᠭᠦᠮᠵᠢᠯᠡᠯᠲᠦ ᠨᠡᠶᠢᠲᠡᠯᠡᠯ ᠪᠢᠴᠢᠬᠦ ᠡᠴᠡ ᠵᠠᠶᠢᠯᠠᠰᠬᠢᠬᠤ ᠰᠢᠯᠲᠠᠭ ᠪᠣᠯᠵᠤ᠂ ᠲᠡᠳᠡ ᠳᠤᠤᠯᠢᠶᠠᠨ ᠱᠤᠤᠭᠢᠶᠠᠨ᠂ ᠭᠡᠮᠲᠦ ᠬᠡᠷᠡᠭ ᠦᠨ ᠶᠢᠷᠲᠢᠨᠴᠦ᠂ ᠰᠧᠺᠰ ᠷᠦᠦ ᠬᠣᠰᠢᠭᠤᠷᠴᠢ᠂ ᠡᠷᠭᠢᠭᠡᠳ ᠬᠡᠪᠯᠡᠯ ᠥᠪᠡᠷᠰᠡᠳ ᠢᠶᠡᠨ ᠰᠢᠷᠠᠯᠠᠵᠤ ᠡᠬᠢᠯᠡᠭᠰᠡᠨ ᠪᠠᠶᠢᠨ᠎ᠠ》11. ᠡᠨᠡ ᠪᠣᠯ ᠣᠷᠣᠰ ᠤᠨ ᠬᠡᠪᠯᠡᠯ ᠦᠨ ᠰᠡᠭᠦᠯ ᠦᠨ ᠠᠷᠪᠠ ᠭᠠᠷᠤᠢ ᠵᠢᠯ ᠦᠨ ᠨᠢᠭᠤᠷ ᠴᠢᠷᠠᠢ ᠶᠤᠮ᠃ ᠬᠠᠷᠢᠨ ᠴᠥᠭᠡᠨ ᠬᠡᠪᠯᠡᠯ᠂ ᠴᠥᠭᠡᠨ ᠰᠡᠳᠬᠦᠯᠴᠢᠳ ᠬᠡᠨ ᠨᠢᠭᠡᠨ ᠦ ᠵᠠᠬᠢᠶᠠᠯᠠᠭ᠎ᠠ ᠪᠠᠷ ᠪᠤᠰᠤ ᠢᠲᠡᠭᠡᠯ ᠦᠨᠡᠮᠰᠢᠯ ᠢᠶᠡᠷ ᠢᠶᠡᠨ ᠠᠵᠢᠯᠯᠠᠵᠤ᠂ ᠮᠡᠷᠭᠡᠵᠢᠯ ᠦᠨ ᠢᠶᠡᠨ ᠨᠡᠷ᠎ᠡ ᠬᠦᠨᠳᠦ ᠶᠢ ᠠᠪᠤᠷᠠᠬᠤ ᠴᠠᠭ ᠪᠣᠯᠤᠭᠰᠠᠨ ᠭᠡᠵᠦ ᠦᠵᠡᠳᠡᠭ ᠠᠵᠡᠢ᠃

ᠯᠠᠪᠯᠠᠭᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://www.owenspencer-thomas.com/journalism/newsvalues
  2. http://www.tandfonline.com/doi/abs/10.1080/1461670X.2010.511956
  3. http://journalism.org/node/72
  4. http://www.cpj.org/
  5. http://www.britannica.com/EBchecked/topic/1069436/gonzo-journalism
  6. http://en.wikipedia.org/wiki/Gonzo_journalism
  7. http://www.abc.net.au/news/2012-02-21/drone-journalism-takes-off/3840616

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://en.wikipedia.org/wiki/Citizen_Journalism
  2. http://en.wikipedia.org/wiki/Creative_nonfiction
  3. http://en.wikipedia.org/wiki/History_of_American_newspapers
  4. http://en.wikipedia.org/wiki/History_of_journalism
  5. http://en.wikipedia.org/wiki/Journalism_education and http://en.wikipedia.org/wiki/Journalism_school
  6. http://en.wikipedia.org/wiki/Journalism_ethics_and_standards
  7. http://en.wikipedia.org/wiki/Journalism_genres
  8. http://en.wikipedia.org/wiki/Non-profit_journalism
  9. http://en.wikipedia.org/wiki/Objectivity_(journalism)
  10. http://en.wikipedia.org/wiki/Reporters_without_borders
  11. http://en.wikipedia.org/wiki/SEEMO

ᠪᠢᠴᠢᠭᠡᠰᠦ