ᠰᠡᠯᠡᠩᠭᠡ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠰᠡᠯᠡᠩᠭᠡ ᠰᠤᠮᠤ (ᠪᠤᠯᠠᠭᠠᠨ)» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠡᠨᠡ ᠰᠤᠮᠤ ᠶᠢ ᠪᠤᠰᠤᠳ ᠰᠡᠯᠡᠩᠭᠡᠡᠰᠡ ᠢᠯᠭᠠᠨ ᠲᠠᠨᠢᠭᠠᠷᠠᠢ.

ᠰᠡᠯᠡᠩᠭᠡ (ᠰᠡᠯᠡᠩᠭᠡ) — ᠮᠣᠩᠭᠣᠯ ᠤᠯᠤᠰ ᠍ ᠤᠨ ᠪᠤᠯᠠᠭᠠᠨ ᠠᠶᠢᠮᠠᠭ ᠤᠨ ᠰᠤᠮᠤ.

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠴᠢᠶᠠᠯᠢᠮ ᠤᠨ ᠦᠶ᠎ᠡ ᠳᠦ ᠢᠩᠭᠢᠲᠦᠲᠣᠯᠣᠭᠠᠢ ᠰᠠᠩ ᠤᠨ ᠠᠵᠤ ᠠᠬᠤᠢ ᠲᠤᠰ ᠰᠤᠮᠤᠨ ᠳᠤ ᠠᠵᠢᠯᠯᠠᠵᠤ ᠪᠠᠶᠢᠪᠠ᠃ᠮᠠᠨ ᠤ ᠰᠤᠮᠤ ᠨᠢ ᠪᠤᠯᠠᠭᠠᠨ ᠠᠶᠢᠮᠠᠭ ᠤᠨ ᠬᠥᠳᠡᠯᠮᠦᠷᠢᠴᠢᠳ ᠦᠨ ᠳ᠋ᠧᠫᠦᠳᠠᠲ ᠤᠳ ᠤᠨ ᠬᠤᠷᠠᠯ ᠤᠨ ᠲᠡᠷᠢᠭᠦᠯᠡᠭᠴᠢᠳ ᠦᠨ 1959 ᠣᠨ ᠤ 03 ᠍ ᠳᠦᠭᠡᠷ ᠰᠠᠷ᠎ᠠ ᠶᠢᠨ 02 ᠍ ᠤ ᠡᠳᠦᠷ ᠦᠨ 07 ᠲᠣᠭᠠᠲᠤ ᠲᠣᠭᠲᠠᠭᠠᠯ ᠢᠶᠠᠷ ᠰᠤᠮᠤ ᠪᠠᠶᠢᠭᠤᠯᠬᠤ ᠪᠠᠷ ᠡᠷᠭᠦᠨ ᠮᠡᠳᠡᠭᠦᠯᠵᠦ᠂ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1959 ᠣᠨ ᠤ 08 ᠳ᠋ᠤᠭᠠᠷ ᠰᠠᠷ᠎ᠠ ᠶᠢᠨ 29 ᠍ ᠦ ᠡᠳᠦᠷ ᠦᠨ 129 ᠳᠦᠭᠡᠷ ᠲᠣᠭᠲᠠᠭᠠᠯ ᠢᠶᠠᠷ ᠵᠠᠰᠠᠭ᠂ ᠵᠠᠬᠢᠷᠭ᠎ᠠ ᠨᠤᠲᠤᠭ ᠳᠡᠪᠢᠰᠬᠡᠷ ᠦᠨ ᠬᠤᠪᠢᠶᠠᠷᠢᠯᠠᠯᠲᠠ ᠬᠢᠬᠦ ᠳᠦ ᠲᠡᠷᠡ ᠦᠶ᠎ᠡ ᠶᠢᠨ ᠴᠣᠩᠬᠣᠯᠠᠨ ᠰᠤᠮᠤ ᠶᠢᠨ 3, 4 ᠍ ᠳᠦᠭᠡᠷ ᠪᠠᠭ᠂ ᠰᠡᠯᠡᠩᠭᠡᠪᠦᠷᠡᠨ ᠰᠤᠮᠤ ᠶᠢᠨ 2, 3, 4 ᠍ ᠳᠦᠭᠡᠷ ᠪᠠᠭ ᠤᠳ ᠢ ᠬᠠᠷᠢᠶᠠᠯᠠᠭᠤᠯᠤᠨ 482952 ᠭᠠ ᠨᠤᠲᠤᠭ ᠳᠡᠪᠢᠰᠬᠡᠷ ᠲᠦ 404 ᠡᠷᠦᠬᠡ᠂ 1800 ᠍ ᠊ᠭᠠᠳ ᠬᠦᠮᠦᠨ ᠠᠮᠠ᠂ 30571 ᠲᠣᠯᠣᠭᠠᠢ ᠮᠠᠯᠤ ᠲᠠᠢ ᠪᠠᠷ ᠪᠠᠶᠢᠭᠤᠯᠠᠯᠠᠭᠳᠠᠵᠠᠢ᠃ ᠰᠤᠮᠤ ᠶᠢᠨ ᠲᠥᠪ ᠢ ᠮᠣᠩᠭᠣᠯ ᠵᠥᠪᠯᠡᠯᠲᠦ ᠶᠢᠨ ᠨᠠᠶᠢᠷᠠᠮᠳᠠᠯ ᠤᠨ ᠨᠡᠶᠢᠭᠡᠮᠯᠢᠭ ᠦᠨ ᠨᠡᠷᠡᠮᠵᠢᠲᠦ ᠢᠩᠭᠢᠲᠨᠲᠣᠯᠣᠭᠠᠢ ᠶᠢᠨ САА ᠍ ᠳᠦ ᠲᠥᠪᠯᠡᠷᠡᠭᠦᠯᠦᠨ ᠢᠩᠭᠢᠲᠦᠲᠣᠯᠣᠭᠠᠢ ᠭᠡᠵᠦ ᠨᠡᠷᠡᠯᠡᠭᠰᠡᠨ ᠪᠠᠶᠢᠨ᠎ᠠ᠃ ᠡᠨᠡ ᠦᠶᠡᠰ ᠡᠬᠢᠯᠡᠨ ᠢᠩᠭᠢᠲᠦᠲᠣᠯᠭᠠᠰᠤᠮ ᠤᠨ ᠲᠥᠪ ᠶᠢᠨ САА ᠍ ᠢ ᠰᠡᠯᠡᠩᠭᠡ ᠰᠤᠮᠤᠨ ᠳᠤ ᠬᠠᠷᠢᠶᠠᠯᠠᠭᠤᠯᠤᠭᠰᠠᠨ ᠪᠠᠶᠢᠨ᠎ᠠ᠃ᠲᠤᠰ ᠰᠤᠮᠤ ᠨᠢ ᠬᠣᠶᠢᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ ᠤᠨ ᠪᠤᠷᠢᠶᠠᠳ ᠤᠯᠤᠰ ᠲᠠᠢ 180 ᠣᠷᠴᠢᠮ km ᠪᠡᠷ ᠬᠢᠯᠢᠯᠡᠵᠦ ᠪᠠᠷᠠᠭᠤᠨ ᠪᠠ ᠪᠠᠷᠠᠭᠤᠨ ᠬᠣᠶᠢᠳᠤ ᠲᠠᠯ᠎ᠠ ᠪᠠᠷ ᠢᠶᠠᠨ ᠥᠪᠡᠷ ᠦᠨ ᠠᠶᠢᠮᠠᠭ ᠤᠨ ᠲᠡᠰᠢᠭ᠂ ᠬᠤᠲᠤᠭ-ᠥᠨᠳᠥᠷ᠂ ᠪᠤᠭᠤᠳᠤ ᠰᠤᠮᠤ ᠤᠷᠢᠳᠤ ᠲᠠᠯ᠎ᠠ ᠪᠠᠷ ᠢᠶᠠᠨ ᠣᠷᠬᠣᠨ ᠠᠶᠢᠮᠠᠭ ᠤᠨ ᠪᠠᠶᠠᠨ-ᠥᠨᠳᠥᠷ ᠰᠤᠮᠤ᠂ ᠵᠡᠭᠦᠨ ᠤᠷᠢᠳᠤ᠂ ᠵᠡᠭᠦᠨ ᠲᠠᠯ᠎ᠠ ᠪᠠᠷ ᠢᠶᠠᠨ ᠥᠪᠡᠷ ᠦᠨ ᠠᠶᠢᠮᠠᠭ ᠤᠨ ᠬᠠᠩᠭᠠᠯ᠂ ᠵᠡᠭᠦᠨ ᠬᠣᠶᠢᠳᠤ ᠲᠠᠯ᠎ᠠ ᠪᠠᠷ ᠢᠶᠠᠨ ᠰᠡᠯᠡᠩᠭᠡ ᠠᠶᠢᠮᠠᠭ ᠤᠨ ᠴᠠᠭᠠᠨᠨᠠᠭᠤᠷ᠂ ᠲᠦᠰᠢᠭ ᠰᠤᠮᠤᠳ ᠲᠠᠢ ᠬᠢᠯᠢᠯᠡᠨ ᠬᠠᠨ ᠲᠠᠢ᠂ ᠪᠦᠲᠦᠭᠡᠯ ᠦᠨ ᠨᠢᠷᠤᠭᠤᠨ ᠤ ᠣᠶᠢᠲᠤ ᠬᠡᠭᠡᠷ᠎ᠡ ᠶᠢᠨ ᠪᠥᠰᠡ ᠳᠦ ᠣᠷᠣᠰᠢᠳᠠᠭ᠃

ᠪᠠᠶᠢᠭᠠᠯᠢ ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠯᠡᠩᠭᠡ ᠰᠤᠮᠤ ᠶᠢᠨ ᠨᠤᠲᠤᠭ ᠳᠡᠪᠢᠰᠬᠡᠷ ᠲᠦ ᠰᠡᠯᠡᠩᠭᠡ ᠮᠥᠷᠡᠨ᠂ ᠵᠡᠯᠲᠦᠷ ᠦᠨ ᠭᠣᠣᠯ ᠤᠨ ᠠᠢ ᠰᠠᠪᠠ ᠶᠢᠨ 100 ᠭᠠᠷᠤᠢ ᠭᠣᠷᠭᠢ᠂ᠪᠤᠯᠠᠭ ᠱᠠᠩᠳᠠ ᠤᠷᠤᠰᠤᠨ ᠪᠠᠶᠢᠳᠠᠭ᠃ ᠨᠤᠲᠤᠭ ᠤᠨ ᠬᠠᠮᠤᠭ ᠤᠨ ᠥᠨᠳᠥᠷ ᠴᠡᠭ ᠨᠢ ᠮᠣᠩᠭᠣᠯ ᠣᠷᠣᠰ ᠤᠨ ᠬᠢᠯᠢ ᠳᠡᠭᠡᠷ᠎ᠡ ᠪᠠᠶᠢᠳᠠᠭ ᠳᠠᠯᠠᠢ ᠶᠢᠨ ᠲᠦᠪᠰᠢᠨ ᠡᠴᠡ ᠳᠡᠭᠡᠭᠰᠢ 2027 ᠮᠧᠲ᠋ᠷ ᠡᠷᠭᠦᠭᠳᠡᠭᠰᠡᠨ ᠰᠠᠷᠢᠳᠠᠭ ᠠᠭᠤᠯᠠ᠂ ᠬᠠᠮᠤᠭ ᠤᠨ ᠨᠠᠮ ᠳᠣᠣᠷ᠎ᠠ ᠭᠠᠵᠠᠷ ᠨᠢ ᠳᠠᠯᠠᠢ ᠶᠢᠨ ᠲᠦᠪᠰᠢᠨ ᠡᠴᠡ ᠳᠡᠭᠡᠭᠰᠢ 700 ᠮᠧᠲ᠋ᠷ ᠡᠷᠭᠦᠭᠳᠡᠭᠰᠡᠨ ᠢᠩᠭᠢᠲᠦᠲᠣᠯᠣᠭᠠᠢ ᠪᠣᠯᠤᠨ᠎ᠠ᠃

ᠰᠡᠯᠡᠩᠭᠡ ᠰᠤᠮᠤ ᠨᠢ ᠪᠠᠶᠢᠭᠠᠯᠢ ᠴᠠᠭ ᠠᠭᠤᠷ᠂ ᠬᠥᠷᠦᠰ ᠤᠷᠭᠤᠮᠠᠯ ᠤᠨ ᠬᠤᠪᠢ ᠳᠤ ᠣᠶᠢᠲᠤ ᠬᠡᠭᠡᠷ᠎ᠡ ᠶᠢᠨ ᠪᠥᠰᠡ ᠳᠦ ᠪᠠᠭᠲᠠᠳᠠᠭ᠃ ᠴᠠᠭ ᠠᠭᠤᠷ ᠤᠨ ᠬᠤᠪᠢ ᠳᠤ ᠡᠪᠦᠯ ᠳᠦ ᠪᠡᠨ ᠬᠦᠢᠲᠡᠨ ᠨᠢ -25 -40 ᠬᠡᠮ᠂ ᠵᠤᠨ ᠳᠤ ᠪᠠᠨ ᠳᠤᠯᠠᠭᠠᠨ ᠨᠢ +25 +42 ᠬᠡᠮ᠂ ᠵᠢᠯ ᠳᠤ ᠤᠷᠤᠬᠤ ᠬᠤᠷ᠎ᠠ ᠲᠤᠨᠳᠠᠰᠤ 290-400 ᠮᠢᠯᠯᠢᠮᠧᠲ᠋ᠷ ᠪᠠᠶᠢᠳᠠᠭ᠃

ᠨᠡᠶᠢᠲᠡ ᠨᠤᠲᠤᠭ ᠤᠨ 75-78 ᠬᠤᠪᠢ ᠶᠢ ᠣᠢ ᠮᠣᠳᠣ ᠡᠵᠡᠯᠡᠵᠦ᠂ ᠬᠤᠰᠢ᠂ ᠬᠠᠷ᠎ᠠ ᠮᠣᠳᠣ᠂ ᠨᠠᠷᠠᠰᠤ᠂ ᠤᠯᠢᠶᠠᠰᠤ ᠵᠡᠷᠭᠡ 10 ᠭᠠᠷᠤᠢ ᠮᠣᠳᠣᠯᠢᠭ ᠤᠷᠭᠤᠮᠠᠯ ᠶᠥᠷᠬᠥᠭ ᠰᠣᠭᠣᠪᠣᠷ᠂ ᠬᠢᠯᠭᠠᠨ᠎ᠠ ᠵᠡᠷᠭᠡ ᠡᠪᠰᠦᠯᠢᠭ ᠪᠣᠯᠤᠨ ᠡᠮ ᠦᠨ ᠤᠷᠭᠤᠮᠠᠯ᠂ ᠰᠠᠮᠤᠷ᠂ ᠠᠨᠢᠰ᠂ ᠨᠡᠷᠡᠰ᠂ ᠮᠣᠶᠢᠯ᠂ ᠭᠦᠵᠡᠭᠡᠯᠵᠡᠭᠡᠨ᠎ᠡ ᠵᠡᠷᠭᠡ ᠵᠢᠮᠢᠰ ᠡᠯᠪᠡᠭ᠂ ᠣᠶᠢᠳ ᠢᠶᠠᠨ ᠪᠠᠭᠠᠪᠠᠭᠠᠢ᠂ ᠭᠠᠬᠠᠢ᠂ ᠪᠤᠭᠤ ᠰᠣᠭᠣ᠂ ᠰᠢᠯᠦᠭᠦᠰᠦ᠂ ᠨᠣᠬᠠᠢ ᠵᠢᠭᠡᠬᠡ᠂ ᠬᠥᠳᠡᠷ ᠵᠡᠷᠭᠡ ᠠᠨ ᠠᠮᠢᠲᠠᠳ ᠣᠯᠠᠨ ᠲᠠᠢ᠂ ᠭᠣᠣᠯ ᠳᠤ ᠪᠠᠨ ᠠᠨᠳᠣᠲᠣᠷ᠂ ᠲᠤᠯᠠ᠂ ᠵᠢᠪᠡᠭᠡ ᠵᠡᠷᠭᠡ 10 ᠭᠠᠷᠤᠢ ᠨᠡᠷ᠎ᠡ ᠲᠥᠷᠥᠯ ᠦᠨ ᠵᠢᠭᠠᠰᠤ ᠵᠢᠷᠠᠭᠠᠬᠠᠢ ᠲᠠᠢ᠃ ᠳᠤᠬᠤ ᠨᠠᠷᠠᠰᠤ᠂ ᠲᠠᠯ᠎ᠠ ᠶᠢᠨ ᠬᠠᠶᠢᠯᠠᠰᠤ᠂ ᠡᠭᠡ ᠰᠡᠯᠡᠩᠭᠡ ᠶᠢᠨ ᠪᠡᠯᠴᠢᠷ᠂ ᠳᠠᠯᠬᠠᠪᠠᠨᠳᠠ ᠳᠤ᠂ ᠡᠬᠡ ᠶᠢᠨ ᠤᠮᠠᠢ ᠵᠡᠷᠭᠡ ᠲᠡᠦᠬᠡ ᠰᠤᠶᠤᠯ ᠤᠨ ᠳᠤᠷᠠᠰᠬᠠᠯᠲᠤ ᠭᠠᠵᠠᠷ ᠤᠳ ᠣᠯᠠᠨ ᠲᠠᠢ ᠨᠤᠲᠤᠭ ᠶᠤᠮ᠃ ᠲᠤᠰ ᠰᠤᠮᠤ ᠶᠢᠨ ᠵᠠᠰᠠᠭ ᠵᠠᠬᠢᠷᠭᠠᠨ ᠤ 5 ᠨᠢᠭᠡᠴᠡ ᠳᠦ 975 ᠡᠷᠦᠬᠡ ᠶᠢᠨ 3362 ᠬᠦᠮᠦᠨ ᠠᠵᠤ ᠲᠥᠷᠦᠵᠢ ᠪᠠᠶᠢᠨ᠎ᠠ᠃ ᠨᠡᠶᠢᠲᠡ ᠬᠦᠮᠦᠨ ᠠᠮᠠ ᠶᠢᠨ 67.4% ᠨᠢ 0-35 ᠨᠠᠰᠤᠨ ᠤ ᠵᠠᠯᠠᠭᠤᠴᠤᠳ᠂ 49.5% ᠨᠢ ᠡᠮᠡᠭᠲᠡᠢ᠂ 50.5% ᠨᠢ ᠡᠷᠡᠭᠲᠡᠶᠢᠴᠦᠳ ᠪᠠᠶᠢᠨ᠎ᠠ᠃ ᠬᠥᠳᠡᠭᠡ ᠶᠢᠨ ᠲᠠᠷᠢᠬᠤ ᠲᠠᠢ᠂ ᠰᠡᠯᠡᠩᠭᠡᠪᠦᠷᠡᠨ᠂ ᠠᠲᠠᠷ ᠪᠠᠭ ᠤᠳ ᠨᠢ ᠰᠡᠯᠡᠩᠭᠡ ᠮᠥᠷᠡᠨ ᠦ ᠬᠣᠶᠢᠳᠤ ᠲᠠᠯ᠎ᠠ ᠳᠤ ᠰᠤᠮᠤ ᠶᠢᠨ ᠲᠥᠪ ᠡᠴᠡ 24-110 ᠺᠢᠯᠣᠮᠧᠲ᠋ᠷ ᠵᠠᠶᠢᠲᠠᠢ ᠣᠷᠣᠰᠢᠵᠤ ᠬᠦᠮᠦᠨ ᠦ ᠪᠠᠭ᠎ᠠ ᠡᠮᠴᠢ ᠶᠢᠨ ᠰᠠᠯᠪᠤᠷᠢ᠂ ᠬᠡᠦᠬᠡᠳ ᠦᠨ ᠴᠡᠴᠡᠷᠯᠢᠭ᠂ ᠠᠯᠤᠰᠯᠠᠭᠳᠠᠭᠰᠠᠨ ᠠᠲᠠᠷ ᠪᠠᠭ ᠲᠤ ᠪᠠᠭ᠎ᠠ ᠰᠤᠷᠭᠠᠭᠤᠯᠢ ᠠᠵᠢᠯᠯᠠᠵᠤ ᠪᠠᠶᠢᠨ᠎ᠠ᠃ ᠨᠡᠶᠢᠲᠡ ᠬᠦᠮᠦᠨ ᠠᠮᠠ ᠶᠢᠨ 40 ᠭᠠᠷᠤᠢ ᠬᠤᠪᠢ ᠳᠤ ᠲᠥᠷᠥ ᠶᠢᠨ ᠦᠢᠯᠡᠴᠢᠯᠡᠭᠡ ᠦᠵᠡᠭᠦᠯᠳᠡᠭ ᠬᠥᠳᠡᠭᠡ ᠶᠢᠨ ᠡᠳᠡᠭᠡᠷ ᠪᠠᠭ ᠤᠳ ᠲᠥᠪ ᠦᠨ ᠡᠷᠴᠢᠮ ᠬᠦᠴᠦᠨ ᠦ ᠰᠢᠰᠲ᠋ᠧᠮ ᠳᠦ ᠬᠣᠯᠪᠣᠭᠳᠠᠭᠰᠠᠨ᠂ ᠤᠲᠤᠭᠰᠠᠨ ᠬᠠᠷᠢᠯᠴᠠᠭ᠎ᠠ ᠲᠠᠢ᠂ 6 ᠰᠤᠪᠠᠭ ᠤᠨ ᠲᠧᠯᠧᠸᠢᠰ ᠦᠨ ᠠᠩᠲ᠋ᠧᠨ᠂ ᠰᠠᠭᠤᠷᠢᠨ ᠤᠲᠠᠰᠤᠨ ᠤ ᠢᠨᠺᠣᠮᠨᠧᠲ ᠠᠩᠲ᠋ᠧᠨ᠂ ᠭᠠᠷ ᠤᠲᠠᠰᠤᠨ ᠤ ᠰᠺᠠᠲ᠋ᠧᠯ᠂ ᠮᠣᠪᠢᠺᠣᠮ᠂ ᠶᠨᠢᠲ᠋ᠧᠯ ᠦᠨ ᠰᠦᠯᠵᠢᠶ᠎ᠡ ᠠᠰᠢᠭᠯᠠᠵᠤ ᠪᠦᠬᠦ ᠪᠠᠭ ᠲᠤ ᠮᠣᠪᠢᠺᠣᠮ ᠤᠨ ᠰᠦᠯᠵᠢᠶ᠎ᠡ ᠲᠡᠢ ᠪᠠᠶᠢᠭ᠎ᠠ ᠨᠢ ᠣᠷᠣᠨ ᠨᠤᠲᠤᠭ ᠤᠨ ᠳᠠᠪᠠᠭᠤ ᠪᠣᠯᠤᠮᠵᠢ ᠶᠢ ᠲᠣᠳᠣᠷᠬᠠᠶᠢᠯᠠᠵᠤ ᠪᠠᠶᠢᠨ᠎ᠠ᠃ ... ᠪᠤᠯᠠᠭᠠᠨ ᠠᠶᠢᠮᠠᠭ ᠤᠨ ᠬᠠᠩᠭᠠᠯ ᠰᠤᠮᠤ ᠶᠢᠨ ᠨᠤᠲᠤᠭ ᠲᠤ ᠪᠠᠶᠢᠳᠠᠭ ᠳᠡᠯᠡᠬᠡᠢ ᠶᠢᠨ ᠠᠭᠤᠯᠠᠴᠢᠳ ᠤᠨ ᠬᠣᠯᠪᠣᠭ᠎ᠠ НАРС ᠬᠡᠮᠡᠬᠦ ᠤᠤᠯ ᠨᠢ ᠲᠡᠦᠬᠡ ᠳᠤᠷᠠᠰᠬᠠᠯ ᠲᠠᠢ ᠬᠤᠪᠢᠰᠬᠠᠯ ᠤᠨ ᠬᠤᠪᠢ ᠵᠠᠶᠠᠭ᠎ᠠ ᠲᠠᠢ ᠨᠡᠷ᠎ᠡ ᠨᠢ ᠬᠣᠯᠪᠣᠭᠳᠠᠳᠠᠭ ᠠᠭᠤᠯᠠ ᠪᠢᠯᠡ᠃ ᠡᠨᠡ ᠲᠠᠯ᠎ᠠ ᠪᠠᠷ ᠳᠤᠷᠠᠰᠴᠤ ᠳᠤᠷᠢᠳᠬᠠᠯ ᠪᠢᠴᠢᠭᠰᠡᠨ ᠵᠦᠢᠯ ᠦᠭᠡᠢ ᠯᠠ ᠪᠠᠶᠢᠬᠤ ᠶᠤᠮ᠃ ᠡᠨᠡ ᠲᠡᠦᠬᠡ ᠶᠢ ᠮᠡᠳᠡᠬᠦ ᠪᠠᠷᠤᠭ ᠨᠢᠭᠡ ᠯᠠ ᠬᠦᠮᠦᠨ ᠦᠯᠡᠳᠡᠭᠡᠳ ᠪᠠᠶᠢᠭ᠎ᠠ ᠠᠬᠠᠮᠠᠳ ᠳᠠᠶᠢᠴᠢᠨ 90 ᠨᠠᠰᠤ ᠭᠠᠷᠤᠭᠰᠠᠨ ᠳᠠᠮᠳᠢᠨᠵᠠᠪ ᠭᠤᠸᠠᠢ ᠳᠤᠬᠤ ᠨᠠᠷᠠᠰᠤ ᠠᠭᠤᠯᠠ ᠪᠠᠨ ᠤᠯᠤᠰ ᠤᠨ ᠬᠮᠠᠭᠠᠯᠠᠯᠲᠠᠨ ᠳᠤ ᠠᠪᠬᠠᠭᠤᠯᠬᠤ ᠶᠤᠮᠰᠠᠨ ᠭᠡᠵᠦ ᠬᠠᠯᠠᠭᠯᠠᠵᠤ ᠰᠠᠭᠤᠬᠤ ᠶᠤᠮ᠃ ᠡᠨᠡ ᠠᠭᠤᠯᠠ ᠶᠢ ᠨᠢ ᠬᠦᠮᠦᠰ ᠬᠤᠪᠢᠶᠠᠵᠤ ᠠᠪᠤᠭᠠᠳ ᠳᠠᠭᠤᠰᠬᠤ ᠨᠢ ᠪᠠᠶᠢᠨ᠎ᠠ ᠭᠡᠵᠦ ᠶᠠᠷᠢᠵᠤ ᠰᠠᠭᠤᠨ᠎ᠠ᠃ ᠡᠨᠡ ᠬᠥᠭᠰᠢᠨ ᠢ ᠠᠮᠢᠳᠤ ᠰᠡᠷᠡᠭᠦᠨ ᠳᠦ ᠨᠢ ᠠᠰᠠᠭᠤᠬᠤ ᠮᠡᠳᠡᠬᠦ ᠶᠠᠭᠤᠮ᠎ᠠ ᠪᠠᠨ ᠮᠡᠳᠡᠭᠡᠳ ᠠᠪᠠᠪᠠᠯ ᠰᠠᠶᠢᠨᠰᠠᠩ᠃ ᠳᠤᠬᠤ ᠨᠠᠷᠠᠰᠤ ᠭᠡᠳ ᠶᠠᠷᠢᠬᠤ ᠪᠠᠷ ᠲᠤᠵᠢ ᠶᠢᠨ ᠨᠠᠷᠠᠰᠤ ᠭᠡᠳ ᠶᠠᠷᠢᠶ᠎ᠠ ᠳᠤ ᠪᠠᠶᠢᠳᠠᠭ ᠶᠤᠮ ᠪᠢᠯᠡ᠃ ᠡᠨᠡ 2 ᠠᠭᠤᠯᠠ ᠴᠢᠨᠢ ᠬᠣᠶᠠᠷ ᠥᠭᠡᠷ᠎ᠡ ᠭᠠᠵᠠᠷ ᠪᠠᠶᠢᠳᠠᠭ ᠬᠣᠶᠠᠭᠤᠯᠠ ᠪᠠᠨ ᠬᠤᠪᠢᠰᠬᠠᠯ ᠤᠨ ᠲᠡᠦᠬᠡ ᠲᠡᠢ ᠬᠣᠯᠪᠣᠭ᠎ᠠ ᠲᠠᠢ ᠫᠷᠠᠲ᠋ᠢᠽᠠᠨ ᠨᠠᠷ ᠤᠨ ᠠᠮᠢ ᠪᠡᠶ᠎ᠡ ᠪᠡᠨ ᠢᠶᠡᠨ ᠦᠯᠦ ᠬᠠᠶᠢᠬᠤᠷᠤᠨ ᠲᠡᠮᠡᠴᠡᠵᠦ ᠪᠠᠶᠢᠭᠰᠠᠨ ᠭᠠᠵᠠᠷ᠃ ᠳᠤᠬᠤ ᠨᠠᠷᠠᠰᠤ ᠤᠤᠯ ᠤᠨ ᠤᠷᠳᠤᠭᠤᠷ ᠰᠡᠯᠡᠩᠭᠡ ᠮᠥᠷᠡᠨ ᠤᠷᠤᠰᠴᠤ ᠪᠠᠶᠢᠳᠠᠭ ᠲᠡᠭᠦᠪᠡᠷ ᠤᠰᠤ ᠭᠠᠷᠭᠠᠳᠠᠭ ᠭᠠᠷᠠᠮ ᠪᠠᠶᠢᠭᠰᠠᠨ ᠭᠡᠳᠡᠭ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠲᠦ 560 ᠭᠠᠷᠤᠢ ᠬᠡᠦᠬᠡᠳ ᠲᠡᠢ᠂ 160 ᠬᠡᠦᠬᠡᠳ ᠦᠨ ᠬᠦᠴᠦᠨ ᠴᠢᠳᠠᠯ ᠲᠠᠢᠳᠣᠲᠣᠭᠤᠷ ᠪᠠᠶᠢᠷᠢ ᠪᠦᠬᠦᠢ ᠪᠦᠷᠢᠨ ᠳᠤᠮᠳᠠ ᠰᠤᠷᠭᠠᠭᠤᠯᠢ᠂ ᠤᠯᠤᠰ ᠤᠨ ᠲᠡᠷᠢᠭᠦᠨ ᠦ ᠤᠨᠳᠤᠷᠤᠭ᠎ᠠ ᠴᠡᠴᠡᠷᠯᠢᠭ᠂ 10 ᠣᠷᠣ ᠲᠠᠢ ᠬᠦᠮᠦᠨ ᠦ ᠶᠡᠬᠡ ᠡᠮᠴᠢ ᠶᠢᠨ ᠰᠠᠯᠪᠤᠷᠢ᠂ ᠰᠤᠶᠤᠯ ᠤᠨ ᠲᠥᠪ᠂ ᠨᠣᠮ ᠤᠨ ᠰᠠᠩ᠂ ᠤᠯᠤᠰ ᠤᠨ ᠦᠷ᠎ᠡ ᠶᠢᠨ ᠨᠥᠭᠡᠴᠡ᠂ ᠬᠣᠯᠪᠣᠭ᠎ᠠ ᠱᠤᠤᠳᠠᠩ ᠤᠨ ᠰᠠᠯᠪᠤᠷᠢ᠂ ᠰᠡᠯᠡᠩᠭᠡ ᠡᠭᠦᠯᠳᠡᠷ ᠦᠨ ᠦᠬᠡᠷ ᠦᠨ ᠴᠥᠮ ᠰᠤᠷᠠᠭ ᠤᠨ ᠦᠷᠡᠵᠢᠯ ᠦᠨ ᠲᠥᠪ᠂ ᠴᠠᠭ ᠠᠭᠤᠷ ᠤᠨ ᠰᠲ᠋ᠠᠨᠼ ᠵᠡᠷᠭᠡ ᠲᠥᠷᠥ ᠲᠥᠰᠥᠪ ᠦᠨ ᠪᠠᠶᠢᠭᠤᠯᠤᠯᠭ᠎ᠠ ᠨᠤᠭᠤᠳ᠂ ᠬᠠᠯᠠᠭᠤᠨ ᠤᠰᠤ᠂ ᠦᠰᠦᠴᠢᠨ᠂ ᠰᠢᠲᠠᠬᠤᠨ ᠲᠦᠭᠡᠭᠡᠬᠦ ᠰᠲ᠋ᠠᠨᠼ᠂ ᠡᠮ ᠦᠨ ᠰᠠᠩ᠂ ᠬᠠᠭᠠᠨ ᠪᠣᠯᠤᠨ ᠬᠠᠳᠠᠭᠠᠯᠠᠮᠵᠢ ᠪᠠᠩᠬᠢ᠂ ᠵᠣᠴᠢᠳ ᠪᠠᠭᠤᠳᠠᠯ᠂ ᠭᠤᠯᠢᠷ ᠤᠨ ᠦᠢᠯᠡᠳᠪᠦᠷᠢ᠂ ᠵᠡᠷᠭᠡ ᠬᠤᠳᠠᠯᠳᠤᠭ᠎ᠠ ᠦᠢᠯᠡᠴᠢᠯᠡᠭᠡᠨ ᠦ 13 ᠴᠡᠭ ᠢᠷᠭᠡᠳ ᠲᠦ ᠪᠡᠨ ᠦᠢᠯᠡᠴᠢᠯᠡᠵᠦ ᠪᠠᠶᠢᠨ᠎ᠠ᠃ ᠮᠠᠯ ᠠᠵᠤ ᠠᠬᠤᠢ ᠭᠠᠵᠠᠷ ᠲᠠᠷᠢᠶᠠᠯᠠᠩ ᠤᠨ ᠴᠢᠭᠯᠡᠯ ᠢᠶᠡᠷ 26 ᠠᠵᠤ ᠠᠬᠤᠢ᠂ 3 ᠹᠧᠷᠮᠧᠷ᠂ ᠮᠠᠯᠴᠢᠳ ᠤᠨ 5 ᠪᠦᠯᠦᠭ ᠬᠥᠳᠡᠯᠮᠦᠷᠢ ᠪᠡᠨ ᠬᠣᠷᠰᠢᠨ ᠬᠠᠮᠲᠤᠷᠠᠨ ᠠᠵᠢᠯᠯᠠᠵᠤ ᠪᠠᠶᠢᠨ᠎ᠠ᠃ ᠠᠲᠠᠷ–3 ᠲᠠᠷᠢᠶᠠᠯᠠᠩ ᠤᠨ ᠬᠥᠭᠵᠢᠯ ᠦᠨ ᠦᠨᠳᠦᠰᠦᠨ ᠦ ᠬᠥᠲᠥᠯᠪᠦᠷᠢ ᠶᠢᠨ ᠬᠦᠷᠢᠶᠡᠨ ᠳᠦ ᠢᠩᠭᠢᠲᠦᠲᠣᠯᠣᠭᠠᠢ ХК, ИНТОСЭ ХХК, ᠬᠠᠰᠲ᠋ᠠᠪ ХХК, ᠣᠷᠭᠢᠯ ᠳᠡᠯᠭᠡᠷ ХХК, ᠥᠷᠮᠥᠭ ᠲᠡᠢ ХХК ᠵᠡᠷᠭᠡ ᠠᠵᠤ ᠠᠬᠤᠢ ᠶᠢᠨ ᠨᠢᠭᠡᠴᠡ ᠨᠦᠭᠦᠳ ᠬᠥᠩᠭᠡᠯᠡᠯᠲᠡ ᠲᠡᠢ ᠵᠡᠭᠡᠯᠢ ᠳᠦ ᠬᠠᠮᠤᠷᠤᠭᠳᠠᠨ 1.4 ᠲᠡᠷᠪᠤᠮ ᠲᠥᠭᠥᠷᠢᠭ ᠦᠨ ᠲᠧᠭᠨᠢᠭ ᠲᠣᠨᠣᠭ ᠲᠥᠬᠥᠭᠡᠷᠦᠮᠵᠢ ᠪᠡᠷ ᠫᠠᠷᠺ ᠰᠢᠨᠡᠴᠢᠯᠡᠯ ᠬᠢᠵᠦ 864 ᠭᠠ ᠳᠦ ᠤᠰᠤᠯᠠᠭ᠎ᠠ ᠲᠠᠢ ᠲᠠᠷᠢᠶᠠᠯᠠᠩ ᠡᠷᠬᠢᠯᠡᠬᠦ ᠪᠡᠷ ᠲᠣᠨᠣᠭ ᠲᠥᠬᠥᠭᠡᠷᠦᠮᠵᠢ ᠰᠠᠭᠤᠷᠢᠯᠠᠭᠤᠯᠤᠨ 2012 ᠣᠨ ᠳᠤ 668 ᠭᠠ ᠲᠠᠯᠠᠪᠠᠢ ᠳᠤ ᠤᠰᠤᠯᠠᠭ᠎ᠠ ᠲᠠᠢ ᠲᠠᠷᠢᠶᠠᠯᠠᠩ ᠡᠷᠬᠢᠯᠡᠭᠰᠡᠨ ᠪᠠᠶᠢᠨ᠎ᠠ᠃ ᠶᠠᠫᠣᠨ ᠤᠯᠤᠰ ᠤᠨ ᠵ ᠠᠺᠠ ᠪᠠᠶᠢᠭᠤᠯᠤᠯᠭ᠎ᠠ ᠶᠢᠨ ᠳᠡᠮᠵᠢᠯᠭᠡ ᠪᠡᠷ ᠢᠩᠭᠡ ᠳᠦ ᠠᠭᠷᠣ ᠬᠣᠷᠰᠢᠶ᠎ᠠ᠂ ᠢᠩᠭᠡ ᠳᠦ ᠰᠢᠵᠢᠷ ᠡᠷᠦᠬᠡ ᠮᠠᠯ ᠠᠵᠤ ᠠᠬᠤᠢ ᠭᠠᠵᠠᠷ ᠲᠠᠷᠢᠶᠠᠯᠠᠩ ᠬᠣᠣᠰᠯᠠᠨ ᠡᠷᠬᠢᠯᠡᠵᠦ ᠵᠠᠭᠪᠤᠷ ᠠᠵᠤ ᠠᠬᠤᠢ ᠶᠢᠨ ᠵᠢᠱᠢᠭ ᠲᠦ ᠬᠦᠷᠴᠦ ᠠᠵᠢᠯᠯᠠᠵᠤ ᠪᠠᠶᠢᠨ᠎ᠠ᠃ ᠰᠤᠮᠤ ᠶᠢᠨ ᠢᠷᠭᠡᠳ ᠦᠨ ᠠᠮᠢᠵᠢᠷᠭᠠᠨ ᠤ ᠭᠣᠣᠯ ᠡᠬᠢ ᠡᠭᠦᠰᠪᠦᠷᠢ ᠡᠳ᠋ ᠍ ᠦᠨ ᠵᠠᠰᠠᠭ ᠤᠨ ᠦᠨᠳᠦᠰᠦ ᠪᠣᠯᠤᠭᠰᠠᠨ ᠲᠠᠷᠢᠶᠠᠯᠠᠩ ᠤᠨ ᠦᠢᠯᠡᠳᠪᠦᠷᠢᠯᠡᠯ ᠨᠡᠶᠢᠲᠡ 15153 ᠭᠠ ᠳᠦ ᠡᠷᠭᠢᠯᠲᠡ ᠶᠢᠨ ᠲᠠᠯᠠᠪᠠᠢ ᠲᠠᠢ ᠠᠴᠠ 70% ᠍ ᠶᠢ ААН, 30% ᠍ ᠶᠢ ᠢᠷᠭᠡᠳ ᠡᠵᠡᠮᠰᠢᠨ ᠵᠢᠯ ᠳᠤ ᠪᠡᠨ 10–14 ᠮᠢᠩᠭᠠᠨ ᠲᠨ ᠦᠷ᠎ᠡ ᠲᠠᠷᠢᠶ᠎ᠠ᠂ 7500-8900 ᠲᠣᠨ ᠬᠠᠳᠤᠯᠠᠩ ᠲᠡᠵᠢᠭᠡᠯ ᠪᠡᠯᠡᠳᠬᠡᠨ ᠠᠪᠴᠤ ᠭᠤᠯᠢᠷ ᠮᠢᠬ᠎ᠠ᠂ ᠲᠥᠮᠥᠰᠥ ᠬᠦᠨᠡᠰᠦᠨ ᠦ ᠨᠣᠭᠣᠭᠠᠨ ᠤ ᠰᠤᠮᠤ ᠶᠢᠨ ᠬᠡᠷᠡᠭᠴᠡᠭᠡ ᠶᠢ 100% ᠬᠠᠩᠭᠠᠵᠤ ᠣᠷᠬᠣᠨ ᠠᠶᠢᠮᠠᠭ᠂ ᠬᠢᠯᠭᠠᠨ᠎ᠠ ᠳᠤ ᠲᠣᠰᠬᠣᠨ ᠤ ᠵᠠᠬ᠎ᠠ ᠵᠡᠭᠡᠯᠢ ᠳᠦ ᠨᠡᠶᠢᠯᠡᠭᠦᠯᠵᠦ ᠪᠠᠶᠢᠨ᠎ᠠ᠃ ᠰᠡᠯᠡᠩᠭᠡᠴᠢ ᠨᠦᠭᠦᠳ ᠦᠨ ᠤᠯᠠᠮᠵᠢᠯᠠᠯ ᠳᠤ ᠪᠣᠭ ᠪᠤᠳᠠᠭ᠎ᠠ ᠲᠠᠷᠢᠶᠠᠯᠠᠯᠲᠠ ᠶᠢ 2005 ᠣᠨ ᠠᠴᠠ ᠡᠬᠢᠯᠡᠨ ᠰᠤᠮᠤ ᠶᠢᠨ ᠪᠣᠳᠣᠯᠭ᠎ᠠ ᠪᠠᠷ ᠳᠡᠮᠵᠢᠵᠦ 2010 ᠣᠨ ᠳᠤ ᠡᠨᠡ ᠦᠢᠯᠡᠳᠪᠦᠷᠢᠯᠡᠯ ᠢ ᠳᠠᠩᠨᠠᠭᠰᠠᠨ ᠰᠠᠶᠢᠬᠠᠨ ᠬᠠᠷᠠᠵᠠ ᠲᠠᠢ ХХК ᠪᠠᠶᠢᠭᠤᠯᠤᠭᠳᠠᠵᠤ ᠦᠢᠯᠡᠳᠪᠦᠷᠢᠯᠡᠯ ᠦᠨ ᠲᠣᠭ᠎ᠠ ᠬᠡᠮᠵᠢᠶ᠎ᠡ᠂ ᠴᠢᠨᠠᠷ ᠵᠢᠯ ᠡᠴᠡ ᠵᠢᠯ ᠳᠤ ᠥᠰᠦᠨ ᠨᠡᠮᠡᠭᠳᠡᠵᠦ ᠦᠯᠰ ᠤᠨ ᠦᠨᠳᠦᠰᠦᠨ ᠦ ᠲᠣᠬᠢᠷᠠᠯ ᠤᠨ ᠲᠡᠮᠳᠡᠭ ᠠᠪᠴᠤ ᠰᠢᠯᠢᠳᠡᠭ 99 ᠪᠦᠲᠦᠭᠡᠭᠳᠡᠬᠦᠨ ᠳᠦ ᠪᠦᠷᠢᠳᠬᠡᠭᠳᠡᠭᠡᠳ ᠪᠠᠶᠢᠨ᠎ᠠ᠃ ᠰᠤᠮᠤ ᠪᠦᠷᠢ ᠳᠦ ᠪᠠᠶᠢᠭᠤᠯᠤᠭᠳᠠᠭᠰᠠᠨ ᠠᠭᠷᠣᠫᠠᠷᠺ᠂ ХХААХҮЯ ᠍ ᠤ ᠰᠢᠢᠳᠪᠦᠷᠢ ᠪᠡᠷ ᠣᠯᠭᠣᠭᠳᠠᠭᠰᠠᠨ ᠳᠤᠮᠳᠠ ᠶᠢᠨ ᠦᠢᠯᠡᠴᠢᠯᠡᠭᠡᠨ ᠦ ᠲᠧᠭᠨᠢᠭ ᠦᠳ ᠵᠢᠵᠢᠭ ᠠᠵᠤ ᠠᠬᠤᠢ ᠪᠣᠯᠤᠨ ᠢᠷᠭᠡᠳ ᠲᠦ ᠦᠢᠯᠡᠴᠢᠯᠡᠵᠦ ᠰᠢᠨ᠎ᠡ ᠰᠣᠷᠲᠣ ᠶᠢ ᠲᠤᠷᠰᠢᠬᠤ ᠭᠠᠵᠠᠷ ᠤᠨ ᠠᠰᠢᠭᠯᠠᠯᠲᠠ ᠶᠢ ᠰᠠᠶᠢᠵᠢᠷᠭᠠᠭᠤᠯᠬᠤ ᠳᠤ ᠠᠴᠢ ᠬᠣᠯᠪᠣᠭᠳᠠᠯ ᠢᠶᠠᠨ ᠥᠭᠴᠦ ᠪᠠᠶᠢᠨ᠎ᠠ᠃

ᠣᠢ ᠶᠢᠨ ᠲᠤᠬᠠᠢ ᠬᠠᠤᠯᠢ ᠶᠢ ᠬᠡᠷᠡᠭᠵᠢᠭᠦᠯᠬᠦ ᠲᠡᠢ ᠬᠣᠯᠪᠣᠭᠳᠠᠭᠤᠯᠤᠨ ᠣᠢ ᠶᠢᠨ ᠰᠠᠩ ᠢ ᠭᠡᠷ᠎ᠡ ᠪᠡᠷ ᠬᠣᠶᠠᠷ ᠠᠵᠤ ᠠᠬᠤᠢ ᠨᠢᠭᠡᠴᠡ᠂ ᠢᠷᠭᠡᠳ ᠦᠨ 27 ᠨᠥᠬᠥᠷᠯᠡᠯ ᠢ ᠪᠠᠶᠢᠭᠤᠯᠤᠨ 75166 ᠭᠠ ᠲᠠᠯᠠᠪᠠᠢ ᠳᠤ ᠣᠢ ᠵᠣᠬᠢᠶᠠᠨ ᠪᠠᠶᠢᠭᠤᠯᠤᠯᠲᠠ ᠬᠢᠵᠦ ᠭᠡᠷ᠎ᠡ ᠪᠠᠶᠢᠭᠤᠯᠤᠨ ᠪᠠᠶᠢᠭᠠᠯᠢ ᠣᠷᠴᠢᠨ ᠢᠶᠠᠨ ᠬᠠᠮᠠᠭᠠᠯᠠᠬᠤ ᠨᠥᠬᠥᠨ ᠰᠡᠷᠭᠦᠭᠡᠬᠦ ᠠᠵᠢᠯ ᠢ ᠬᠢᠵᠦ ᠪᠠᠶᠢᠨ᠎ᠠ᠃ ᠰᠡᠭᠦᠯ ᠦᠨ ᠵᠢᠯ ᠤᠨᠳ ᠲᠤ ᠢᠷᠭᠡᠳ ᠦᠨ ᠵᠢᠵᠢᠭ ᠳᠤᠮᠳᠠ ᠦᠢᠯᠡᠳᠪᠦᠷᠢᠯᠡᠯ ᠢ ᠳᠡᠮᠵᠢᠵᠦ ᠭᠠᠳᠠᠭᠠᠳᠤ ᠳᠣᠲᠣᠭᠠᠳᠤ ᠶᠢᠨ ᠬᠥᠩᠭᠡᠯᠡᠯᠲᠡᠢ ᠵᠡᠭᠡᠯᠢ ᠲᠤᠰᠠᠯᠠᠮᠵᠢᠨ ᠳᠤ ᠬᠠᠮᠤᠷᠤᠭᠤᠯᠤᠨ ᠵᠢᠮᠢᠰ᠂ ᠵᠢᠮᠢᠰ ᠬᠡᠨ ᠦ ᠲᠠᠷᠢᠶᠠᠯᠠᠯᠲᠠ᠂ ᠡᠷᠦᠬᠡ ᠶᠢᠨ ᠦᠢᠯᠡᠳᠪᠦᠷᠢᠯᠡᠯ ᠢ ᠨᠡᠮᠡᠭᠳᠡᠭᠦᠯᠦᠨ ᠪᠠᠶᠢᠩᠭᠤ ᠶᠢᠨ ᠪᠣᠯᠤᠨ ᠲᠦᠷᠢ ᠠᠵᠢᠯ ᠤᠨᠨ ᠪᠠᠶᠢᠷᠢ ᠶᠢ 200 ᠭᠠᠷᠤᠢ ᠶᠢ ᠪᠤᠢ ᠪᠣᠯᠭᠠᠨ ᠠᠵᠢᠯᠯᠠᠵᠤ ᠪᠠᠶᠢᠨ᠎ᠠ᠃

ᠣᠳᠣ ᠪᠠᠷ ᠰᠤᠮᠤ ᠶᠢᠨ ᠬᠡᠮᠵᠢᠶᠡᠨ ᠳᠦ ᠨᠡᠶᠢᠲᠡ ᠮᠠᠯᠴᠢᠨ᠂ ᠮᠠᠯ ᠪᠦᠬᠦᠢ 519 ᠡᠷᠦᠬᠡ ᠶᠢᠨ 79042 ᠲᠣᠯᠣᠭᠠᠢ ᠮᠠᠯ ᠥᠰᠦᠨ ᠦᠷᠡᠵᠢᠵᠦ ᠪᠠᠶᠢᠨ᠎ᠠ᠃ 1950 ᠍ ᠊ᠭᠠᠳ ᠣᠨ ᠠᠴᠠ ᠲᠤᠰ ᠰᠤᠮᠤ ᠨᠢ ᠬᠠᠰᠠᠺ ᠤᠨ ᠴᠠᠭᠠᠨ ᠲᠣᠯᠣᠭᠠᠢ ᠳᠤ 15 ᠪᠤᠬ᠎ᠠ ᠶᠢ ᠠᠪᠴᠢᠷᠠᠵᠤ ᠮᠣᠩᠭᠣᠯ ᠦᠬᠡᠷ ᠲᠡᠢ ᠦᠷᠡᠵᠢᠯ ᠳᠤ ᠣᠷᠣᠭᠤᠯᠵᠤ ᠮᠢᠬᠠᠨ ᠤ ᠴᠢᠭᠯᠡᠯ ᠦᠨ ᠦᠬᠡᠷ ᠪᠤᠢ ᠪᠣᠯᠭᠠᠬᠤ ᠡᠷᠳᠡᠮ ᠰᠢᠨᠵᠢᠯᠡᠭᠡᠨ ᠦ ᠠᠵᠢᠯ ᠢ ᠵᠣᠣᠲ᠋ᠧᠭᠨᠢᠭᠴᠢ ᠰᠡᠸᠡᠩ᠂ ХАА ᠍ ᠦᠨ ᠳᠡᠭᠡᠳᠦ ᠰᠤᠷᠭᠠᠭᠤᠯᠢ ᠶᠢᠨ ᠪᠠᠭᠰᠢ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠷ᠃ᠵᠠᠪᠵᠠᠮ᠎ᠠ ᠨᠠᠷᠠ ᠪᠠᠷ ᠤᠳᠤᠷᠢᠳᠤᠭᠤᠯᠤᠨ ᠤᠷᠲᠤ ᠬᠤᠭᠤᠴᠠᠭᠠᠨ ᠳᠤ ᠶᠠᠪᠤᠭᠤᠯᠤᠭᠰᠠᠨ ᠤ ᠦᠷ᠎ᠡ ᠳ᠋ᠦᠩ ᠳᠦ ᠮᠢᠬᠠᠨ ᠤ ᠴᠢᠭᠯᠡᠯ ᠦᠨ 《ᠰᠡᠯᠡᠩᠭᠡ》 ᠦᠬᠡᠷ ᠢ ᠪᠤᠢ ᠪᠣᠯᠭᠠᠵᠤ 1984 ᠣᠨ ᠳᠤ ᠮᠢᠬᠠᠨ ᠤ ᠴᠢᠭᠯᠡᠯ ᠦᠨ ᠬᠠᠮᠤᠭ ᠤᠨ ᠠᠩᠬᠠᠨ ᠤ ᠡᠭᠦᠯᠳᠡᠷ ᠢᠶᠡᠷ ᠪᠠᠲᠤᠯᠠᠭᠳᠠᠨ ᠡᠭᠦᠯᠳᠡᠷ ᠦᠨ ᠤᠳᠤᠷᠢᠳᠤᠭᠴᠢ ХАА ᠍ ᠦᠨ ᠳᠡᠭᠡᠳᠦ ᠰᠤᠷᠭᠠᠭᠤᠯᠢ ᠶᠢᠨ ᠪᠠᠭᠰᠢ ᠷ᠃ᠵᠠᠪᠵᠠᠮ᠎ᠠ᠂ ᠰᠤᠮᠤ ᠶᠢᠨ ᠶᠡᠷᠦᠩᠬᠡᠢ ᠵᠣᠣᠲ᠋ᠧᠭᠨᠢᠭᠴᠢ ᠣ᠃ᠮᠡᠳᠡᠬᠦ ᠦᠭᠡᠢ᠂ ᠦᠷᠡᠵᠢᠯ ᠦᠨ ᠲᠣᠭ᠎ᠠ ᠪᠦᠷᠢᠳᠬᠡᠭᠴᠢ ᠫ᠃ᠪᠠᠯᠭᠠᠩᠰᠦ᠋ᠷᠦᠩ᠂ ᠮᠠᠯᠴᠢᠨ ᠭ᠃ᠪᠠᠨᠽᠠᠷᠠᠭᠴᠢ᠂ ᠴᠤ᠃ᠣᠶᠢᠳᠣᠪ᠂ ᠨᠠᠷ ᠲᠥᠷᠥ ᠶᠢᠨ ᠰᠣᠶᠣᠷᠬᠠᠯ ᠬᠦᠷᠲᠡᠭᠰᠡᠨ ᠪᠠᠶᠢᠨ᠎ᠠ᠃ ᠥᠨᠳᠥᠷ ᠠᠰᠢᠭ ᠰᠢᠮ᠎ᠡ ᠳᠦ ᠰᠡᠯᠡᠩᠭᠡ ᠡᠭᠦᠯᠳᠡᠷ ᠦᠨ ᠦᠬᠡᠷ ᠢ ᠥᠰᠬᠡᠨ ᠦᠷᠡᠵᠢᠭᠦᠯᠬᠦ ᠴᠥᠮ ᠰᠦᠷᠦᠭ ᠦᠨ ᠰᠡᠯᠡᠩᠭᠡ ᠲᠥᠪ ᠦᠨ ᠦᠢᠯᠡ ᠠᠵᠢᠯᠯᠠᠭ᠎ᠠ ᠨᠢ ᠥᠰᠪᠦᠷᠢ ᠦᠬᠡᠷ ᠢ ᠦᠷᠡᠵᠢᠭᠦᠯᠵᠦ ᠡᠭᠦᠯᠳᠡᠷ ᠤᠭᠰᠠᠭ᠎ᠠ ᠰᠠᠶᠢᠵᠢᠷᠠᠭᠤᠯᠤᠭᠴᠢ ᠪᠠᠷ ᠠᠰᠢᠭᠯᠠᠬᠤ ᠳᠤ ᠴᠢᠭᠯᠡᠭᠳᠡᠵᠦ ᠪᠠᠶᠢᠨ᠎ᠠ᠃

ᠰᠡᠯᠡᠩᠭᠡ ᠰᠤᠮᠤ ᠮᠣᠩᠭᠣᠯ ᠤᠯᠤᠰ ᠤᠨ ᠵᠠᠰᠠᠭ ᠤᠨ ᠭᠠᠵᠠᠷ᠂ ᠠᠶᠢᠮᠠᠭ᠂ ᠰᠤᠮᠤ ᠠᠴᠠ ᠳᠡᠪᠰᠢᠭᠦᠯᠵᠦ ᠪᠤᠢ ᠵᠢᠯ ᠪᠦᠷᠢ ᠶᠢᠨ ᠵᠣᠷᠢᠯᠲᠠ ᠨᠤᠭᠤᠳ ᠢ ᠣᠷᠣᠨ ᠨᠤᠲᠤᠭ ᠢᠶᠠᠨ ᠬᠥᠭᠵᠢᠭᠦᠯᠬᠦ ᠥᠪᠡᠷᠰᠡᠳ ᠦᠨ ᠪᠣᠳᠣᠯᠭ᠎ᠠ ᠲᠠᠢ ᠨᠢᠭᠲᠠᠴᠠ ᠤᠶᠠᠯᠳᠤᠭᠤᠯᠤᠨ ᠠᠵᠢᠯᠯᠠᠭᠰᠠᠨ ᠢᠶᠠᠷ ᠰᠡᠭᠦᠯ ᠦᠨ ᠵᠢᠯ ᠤᠨᠳ ᠲᠤ ᠠᠶᠢᠮᠠᠭ ᠲᠤ ᠪᠠᠨ 1-3 ᠍ ᠳᠦᠭᠡᠷ ᠪᠠᠶᠢᠷᠢ ᠳᠤ ᠲᠣᠭᠲᠠᠮᠠᠯ ᠰᠢᠯᠭᠠᠷᠴᠢ ᠵᠢᠯ ᠲᠤᠲᠤᠮ 140 – 150 ᠰᠠᠶ᠎ᠠ ᠲᠥᠭᠥᠷᠢᠭ ᠦᠨ ᠵᠠᠷᠤᠯᠭ᠎ᠠ ᠰᠠᠩᠬᠦᠵᠢᠯᠲᠡ ᠪᠡᠷ ᠣᠷᠣᠨ ᠨᠤᠲᠤᠭ ᠲᠤ ᠲᠥᠷᠥ ᠶᠢᠨ ᠠᠵᠢᠯ ᠦᠢᠯᠡᠴᠢᠯᠡᠭᠡ ᠶᠠᠪᠤᠭᠤᠯᠵᠤ᠂ ᠨᠡᠶᠢᠲᠡ ᠵᠠᠷᠤᠯᠭ᠎ᠠ ᠳᠤ ᠥᠪᠡᠷ ᠦᠨ ᠣᠷᠣᠯᠭ᠎ᠠ ᠶᠢᠨ ᠡᠵᠡᠯᠡᠬᠦ ᠬᠤᠪᠠ ᠶᠢ 80–90% ᠍ ᠳᠦ ᠬᠦᠷᠭᠡᠨ ᠡᠳ᠋ ᠍ ᠦᠨ ᠵᠠᠰᠠᠭ ᠤᠨ ᠪᠠᠭᠠᠵᠢ ᠰᠠᠭᠤᠷᠢ ᠪᠠᠨ ᠥᠰᠬᠡᠬᠦ ᠵᠠᠮ ᠢᠶᠠᠷ ᠢᠷᠭᠡᠳ ᠦᠨ ᠠᠮᠢᠳᠤᠷᠠᠯ ᠤᠨ ᠴᠢᠨᠠᠷ ᠢ ᠳᠡᠭᠡᠭᠰᠢᠯᠡᠭᠦᠯᠬᠦ ᠪᠡᠷ ᠣᠷᠣᠨ ᠨᠤᠲᠤᠭ ᠤᠨ ᠢᠶᠠᠨ ᠪᠣᠯᠤᠮᠵᠢ ᠶᠢ ᠳᠠᠶᠢᠴᠢᠯᠠᠨ ᠠᠵᠢᠯᠯᠠᠵᠤ ᠪᠠᠶᠢᠨ᠎ᠠ᠃

ᠰᠡᠯᠡᠩᠭᠡ ᠰᠤᠮᠤ ᠢᠩᠭᠢᠲᠨᠲᠣᠯᠣᠭᠠᠢ ᠶᠢᠨ САА ᠍ ᠦᠨ ᠬᠥᠳᠡᠯᠮᠦᠷᠢᠴᠢᠳ ᠡᠷᠲᠡᠨ ᠡᠴᠡ ᠬᠥᠳᠡᠯᠮᠦᠷᠢᠴᠢ ᠳᠠᠶᠢᠴᠢᠨ ᠤᠯᠠᠮᠵᠢᠯᠠᠯᠲᠠᠢ ᠠᠷᠯ ᠲᠦᠮᠡᠨ ᠪᠢᠯᠡ᠃ ᠲᠡᠦᠬᠡᠨ ᠡᠨᠡ ᠬᠤᠭᠤᠴᠠᠭᠠᠨ ᠳᠤ ᠠᠷᠠᠳ ᠤᠨ ᠬᠤᠪᠢᠰᠬᠠᠯ ᠤᠨ ᠫᠠᠷᠲ᠋ᠢᠽᠠᠨ 2 , ᠠᠬᠠᠮᠠᠳ ᠳᠠᠶᠢᠴᠢᠨ 10 ᠭᠠᠷᠤᠢ ᠲᠥᠷᠦᠵᠢ ᠳ᠃ᠪᠠᠰᠠᠩᠳᠠᠮᠪᠠ᠂ ᠪ᠃ᠭᠠᠯ ᠳᠤ-ᠣᠴᠢᠷ᠂ ᠯᠠ᠃ᡀᠠᠭᠪᠠ᠂ ᠭ᠃ᠳᠡᠮᠪᠡᠷᠢᠯ ᠨᠠᠷ ᠤᠨ ᠬᠥᠳᠡᠯᠮᠦᠷᠢ ᠶᠢᠨ ᠪᠠᠭᠠᠲᠤᠷ ᠤᠳ᠂ ᠪ᠃ᠨᠣᠷᠵᠢᠨ᠂ ᠳ᠃ᠲᠤᠨᠰᠠᠭ᠂ ᠪ᠃ᠨᠣᠣᠰᠣᠩᠬᠢᠬᠦ᠂ ᠪ᠃ᠰᠡᠷᠡᠩ᠂ ᠲ᠃ᠼᠡᠳᠡᠨᠳᠠᠮᠪᠠ᠂ ᠶᠣ᠃ᠲᠠᠯᠶᠠ ᠨᠠᠷ ᠤᠨ 6 ᠭᠠᠪᠢᠶ᠎ᠠ ᠳᠤ᠂ ᠠᠷᠠᠳ ᠤᠨ ᠵᠦᠵᠦᠭᠡᠴᠢᠨ 1,ᠮᠣᠩᠭᠣᠯ ᠤᠯᠤᠰ ᠤᠨ ᠭᠠᠪᠢᠶ᠎ᠠ ᠳᠤ ᠵᠦᠵᠦᠭᠡᠴᠢᠨ 5, ᠲᠥᠷᠥ ᠶᠢᠨ ᠱᠠᠩᠨᠠᠯᠲᠤ 6, ᠤᠯᠤᠰ ᠤᠨ ᠠᠯᠳᠠᠷᠲᠤ ᠤᠶᠠᠭᠠᠴᠢ 3, ᠤᠯᠤᠰ ᠤᠨ ᠠᠪᠤᠷᠭᠤ ᠮᠠᠯᠴᠢᠨ ᠲᠠᠷᠢᠶᠠᠯᠠᠩᠴᠢ ᠨᠣᠭᠣᠭᠠᠴᠢᠳ 60 ᠭᠠᠷᠤᠢ᠂ ᠠᠶᠢᠮᠠᠭ ᠰᠤᠮᠤ ᠶᠢᠨ ᠠᠪᠣᠷᠭᠣᠴᠣᠳ 200 ᠭᠠᠷᠤᠢ᠂ ᠤᠯᠤᠰ ᠤᠨ ᠨᠠᠴᠢᠨ ᠯᠠ᠃ᠬᠡᠰᠢᠭᠰᠦ᠋ᠷᠦᠩ ᠪᠣᠯᠤᠨ ᠴᠠᠨ᠎ᠠ᠂ ᠲᠡᠰᠢᠭᠦᠷ᠂ ᠭᠠᠷ ᠪᠥᠮᠪᠥᠭᠡ ᠶᠢᠨ 10 ᠭᠠᠷᠤᠢ ᠰᠫᠣᠷᠲ ᠤᠨ ᠠᠯᠳᠠᠷᠲᠠᠨ ᠨᠤᠭᠤᠳ ᠨᠢ ᠥᠨᠥᠳᠥᠷ ᠦᠨ ᠰᠡᠯᠡᠩᠭᠡᠴᠢ ᠨᠦᠭᠦᠳ ᠦᠨ ᠪᠠᠬᠠᠬᠠᠯ ᠪᠣᠯᠵᠤ ᠪᠠᠶᠢᠨ᠎ᠠ᠃

ᠡᠳ᠋ ᠍ ᠦᠨ ᠵᠠᠰᠠᠭ ᠤᠨ ᠭᠣᠣᠯ ᠰᠠᠯᠪᠤᠷᠢ ᠪᠣᠯᠬᠤ ᠭᠠᠵᠠᠷ ᠲᠠᠷᠢᠶᠠᠯᠠᠩ᠂ ᠮᠠᠯ ᠠᠵᠤ ᠠᠬᠤᠢ ᠶᠢ ᠡᠷᠴᠢᠮᠲᠡᠢ ᠬᠥᠭᠵᠢᠭᠦᠯᠵᠦ ᠤᠳᠠᠭ᠎ᠠ ᠳᠠᠷᠠᠭ᠎ᠠ ᠠᠮᠵᠢᠯᠲᠠ ᠭᠠᠷᠭᠠᠭᠰᠠᠨ ᠢ ᠬᠥᠬᠢᠭᠦᠯᠦᠨ ᠳᠡᠮᠵᠢᠵᠦ ᠲᠥᠷᠥ ᠶᠢᠨ ᠳᠡᠭᠡᠳᠦ ᠱᠠᠩᠨᠠᠯ 《ᠠᠯᠲᠠᠨ ᠭᠠᠳᠠᠰᠤ》 ᠣᠳᠣᠨ᠂ МХЗЭ ᠍ ᠦᠨ ᠲᠥᠪ ᠬᠣᠷᠢᠶᠠᠨ ᠤ 《ᠲᠡᠷᠢᠭᠦᠨ ᠦ ᠲᠠᠷᠢᠶᠠᠯᠠᠩᠴᠢ》 ᠠᠯᠲᠠᠨ ᠮᠧᠳᠠᠯ᠂ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶ᠎ᠠ᠂ ᠰᠠᠶᠢᠳ ᠨᠠᠷ ᠤᠨ ᠵᠥᠪᠯᠡᠯ᠂ МХЗЭ ᠍ ᠦᠨ ᠲᠥᠪ ᠬᠣᠷᠢᠶ᠎ᠠ᠂ ᠮᠣᠩᠭᠣᠯ ᠤᠨ ᠦᠢᠯᠡᠳᠪᠦᠷᠢᠴᠢᠨ ᠦ ᠡᠪᠯᠡᠯ ᠦᠨ ᠲᠥᠪ ᠵᠥᠪᠯᠡᠯ ᠦᠨ ᠲᠤᠭ ᠳ᠋ᠢᠫᠯᠣᠮ ᠢᠶᠠᠷ 8 ᠤᠳᠠᠭ᠎ᠠ ᠱᠠᠩᠨᠠᠭᠳᠠᠵᠤ ᠪᠠᠶᠢᠴᠠᠢ᠃

ᠠᠷᠠᠳᠴᠢᠯᠠᠭᠰᠠᠨ ᠲᠣᠭᠲᠠᠯᠴᠠᠭ᠎ᠠ ᠪᠤᠢ ᠪᠣᠯᠵᠤ ᠡᠳ᠋ ᠍ ᠦᠨ ᠵᠠᠰᠠᠭ ᠤᠨ ᠪᠦᠲᠦᠴᠡ ᠶᠢ ᠵᠠᠬ᠎ᠠ ᠵᠡᠭᠡᠯᠢ ᠶᠢᠨ ᠬᠠᠷᠢᠯᠴᠠᠭᠠᠨ ᠳᠤ ᠰᠢᠯᠵᠢᠭᠦᠯᠦᠨ ᠬᠥᠭᠵᠢᠭᠦᠯᠬᠦ ᠦᠢᠯᠡ ᠬᠡᠷᠡᠭ ᠲᠦ ᠲᠣᠭᠲᠠᠪᠤᠷᠢᠲᠠᠢ ᠠᠮᠵᠢᠯᠲᠠ ᠭᠠᠷᠭᠠᠵᠤ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠵᠠᠷᠯᠠᠭᠰᠠᠨ 《ᠲᠡᠷᠢᠭᠦᠨ ᠦ ᠰᠤᠮᠤ》 ᠰᠢᠯᠭᠠᠷᠠᠭᠤᠯᠬᠤ ᠪᠣᠯᠵᠣᠯ ᠤᠨ ᠰᠢᠯᠭᠠᠭᠤᠷ ᠦᠵᠡᠭᠦᠯᠦᠯᠲᠡ ᠶᠢ 2009, 2010 ᠣᠨ ᠳᠤ ᠬᠠᠩᠭᠠᠯᠲᠠᠲᠠᠢ ᠪᠡᠶᠡᠯᠡᠭᠦᠯᠦᠭᠰᠡᠨ ᠲᠤᠯᠠ 2011 ᠣᠨ ᠳᠤ 《ᠤᠯᠤᠰ ᠤᠨ ᠲᠡᠷᠢᠭᠦᠨ ᠦ ᠰᠤᠮᠤ》 ᠍ ᠪᠠᠷ ᠰᠢᠯᠭᠠᠷᠴᠢ ᠭᠡᠷᠡᠴᠢᠯᠡᠭᠡ 100.0 ᠰᠠᠶ᠎ᠠ ᠲᠥᠭᠥᠷᠢᠭ ᠢᠶᠡᠷ ᠱᠠᠩᠨᠠᠭᠳᠠᠭᠰᠠᠨ ᠨᠢ ᠠᠷᠠᠳ ᠢᠷᠭᠡᠳ᠂ ᠠᠵᠤ ᠠᠬᠤᠢ ᠨᠢᠭᠡᠴᠡ ᠨᠦᠭᠦᠳ ᠦᠨ ᠢᠳᠡᠪᠬᠢ ᠶᠢ ᠤᠯᠠᠮ ᠥᠷᠨᠢᠭᠦᠯᠦᠨ ᠣᠯᠤᠭᠰᠠᠨ ᠠᠮᠵᠢᠯᠲᠠ ᠪᠠᠨ ᠪᠠᠲᠤᠳᠬᠠᠬᠤ ᠪᠠᠷ ᠡᠷᠴᠢ ᠬᠦᠴᠦᠲᠡᠢ ᠡᠷᠮᠡᠭᠦᠨ ᠵᠣᠷᠢᠯᠭ᠎ᠠ ᠪᠠᠷ ᠠᠵᠢᠯᠯᠠᠵᠤ ᠪᠠᠶᠢᠨ᠎ᠠ


ᠪᠢᠴᠢᠭᠡᠰᠦ