ᠰᠡᠯᠡᠩᠭᠡ ᠮᠥᠷᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠡᠯᠡᠩᠭᠡ ᠶᠢᠨ ᠠᠢ ᠰᠠᠪᠠ
ᠰᠡᠯᠡᠩᠭᠡ ᠶᠢᠨ ᠠᠢ ᠰᠠᠪᠠ
ᠬᠥᠪᠰᠥᠭᠥᠯ ᠠᠶᠢᠮᠠᠭ ᠲᠤ ᠰᠡᠯᠡᠩᠭᠡ ᠮᠥᠷᠡᠨ
ᠠᠭᠠᠷ ᠠᠴᠠ ᠬᠠᠷᠠᠭᠳᠠᠬᠤ ᠮᠥᠷᠡᠨ ᠦ ᠮᠤᠷᠢᠯᠵᠠᠭ᠎ᠠ
ᠮᠥᠷᠡᠨ ᠦ ᠬᠦᠪᠡᠭᠡ

ᠰᠡᠯᠡᠩᠭᠡ ᠮᠥᠷᠡᠨ ᠨᠢ ᠮᠣᠩᠭᠣᠯ ᠤᠯᠤᠰ ᠤᠨ ᠭᠣᠣᠯ ᠮᠦᠷᠡᠨ ᠤᠳ ᠤᠨ ᠦᠨᠳᠦᠰᠦᠨ ᠤᠰᠤᠨ ᠰᠦᠯᠵᠢᠶ᠎ᠡ ᠪᠥᠭᠡᠳ ᠲᠣᠮᠣ ᠵᠢᠵᠢᠭ ᠪᠦᠬᠦ ᠴᠢᠳᠬᠤᠯ ᠭᠣᠣᠯ ᠤᠳ ᠢ ᠣᠷᠤᠯᠴᠠᠭᠤᠯᠪᠠᠯ ᠤᠰᠤᠨ ᠰᠦᠯᠵᠢᠶᠡᠨ ᠦ ᠤᠷᠲᠤ ᠶᠢᠨ ᠨᠡᠶᠢᠯᠡᠪᠦᠷᠢ 20000 ᠺᠢᠯᠣᠮᠧᠲ᠋ᠷ ᠬᠦᠷᠦᠨ᠋ ᠡ᠃ ᠥᠭᠡᠷ᠎ᠡ ᠪᠡᠷ ᠬᠡᠯᠡᠪᠡᠯ ᠮᠣᠩᠭᠣᠯ ᠤᠨ ᠭᠣᠣᠯ ᠮᠥᠷᠡᠨ ᠦ ᠨᠡᠶᠢᠲᠡ ᠤᠷᠲᠤ ᠶᠢᠨ 40% ᠨᠢ ᠰᠡᠯᠡᠩᠭᠡ ᠮᠥᠷᠡᠨ ᠦ ᠲᠣᠭᠲᠠᠯᠴᠠᠭᠠᠨ ᠳᠤ ᠬᠠᠮᠤᠷᠤᠭᠳᠠᠳᠠᠭ ᠪᠠᠶᠢᠨ᠎ᠠ᠃

ᠳᠡᠯᠭᠡᠷ᠂ ᠢᠳᠡᠷ ᠬᠣᠶᠠᠷ ᠭᠣᠣᠯ ᠤᠨ ᠪᠡᠯᠴᠢᠷ ᠢ ᠰᠡᠯᠡᠩᠭᠡ ᠶᠢᠨ ᠬᠢ ᠭᠡᠵᠦ ᠦᠵᠡᠪᠡᠯ ᠰᠡᠯᠡᠩᠭᠡ ᠮᠥᠷᠡᠨ ᠦ ᠨᠡᠶᠢᠲᠡ ᠤᠷᠲᠤ 1024 ᠺᠢᠯᠣᠮᠧᠲ᠋ᠷ᠂ ᠲᠡᠭᠦᠨ ᠡᠴᠡ 615 ᠺᠢᠯᠣᠮᠧᠲ᠋ᠷ ᠨᠢ ᠮᠣᠩᠭᠣᠯ ᠤᠯᠤᠰ ᠤᠨ ᠨᠤᠲᠤᠭ ᠲᠤ ᠪᠠᠶᠢᠨ᠎ᠠ᠃ ᠰᠡᠯᠡᠩᠭᠡ ᠮᠥᠷᠡᠨ ᠦ ᠲᠠᠯᠠᠪᠠᠢ ᠶᠢᠨ ᠬᠡᠮᠵᠢᠶ᠎ᠡ 447000 ᠬᠠᠪᠲᠠᠭᠠᠢ ᠳᠥᠷᠪᠡᠯᠵᠢᠨ ᠺᠢᠯᠣᠮᠧᠲ᠋ᠷ ᠪᠥᠭᠡᠳ ᠡᠭᠦᠨ ᠦ 55% ᠪᠤᠶᠤ 282000 ᠬᠠᠪᠲᠠᠭᠠᠢ ᠳᠥᠷᠪᠡᠯᠵᠢᠨ ᠺᠢᠯᠣᠮᠧᠲ᠋ᠷ ᠨᠢ ᠮᠠᠨ ᠤ ᠣᠷᠣᠨ ᠤ ᠨᠤᠲᠤᠭ ᠳᠡᠪᠢᠰᠬᠡᠷ ᠲᠦ ᠣᠨᠣᠭᠳᠠᠨ᠎ᠠ᠃ ᠰᠡᠯᠡᠩᠭᠡ ᠶᠢᠨ ᠲᠣᠭᠲᠠᠯᠴᠠᠭᠠᠨ ᠳᠤ ᠬᠠᠮᠢᠶᠠᠷᠬᠤ ᠨᠡᠶᠢᠲᠡ ᠭᠣᠣᠯ ᠤᠨ ᠲᠠᠯᠠᠪᠠᠢ ᠨᠢ ᠤᠮᠠᠷᠠᠳᠤ ᠮᠥᠰᠦᠨ ᠳᠠᠯᠠᠢ ᠶᠢᠨ ᠲᠠᠯᠠᠪᠠᠢ ᠶᠢᠨ 87.3% ᠂ ᠮᠣᠩᠭᠣᠯ ᠤᠯᠤᠰ ᠤᠨ ᠨᠤᠲᠤᠭ ᠳᠡᠪᠢᠰᠬᠡᠷ ᠦᠨ 28 % ᠶᠢ ᠲᠤᠰ ᠲᠤᠰ ᠡᠵᠡᠯᠡᠵᠦ ᠪᠠᠶᠢᠨ᠎ᠠ᠃

ᠭᠣᠣᠯ ᠤᠨ ᠡᠬᠢᠨ ᠦ ᠬᠡᠰᠡᠭ ᠲᠦ ᠭᠣᠯᠳᠤᠷᠢᠯ ᠤᠨ ᠥᠷᠭᠡᠨ 60-70 ᠮᠸᠲ᠋ᠷ ᠂ ᠰᠠᠯᠠᠭ᠎ᠠ ᠲᠠᠲᠠᠭᠤᠷ ᠤᠨ ᠥᠷᠭᠡᠨ 10-25 ᠮᠸᠲ᠋ᠷ ᠂ ᠤᠰᠤᠨ ᠤ ᠭᠦᠨ ᠬᠠᠷᠭᠢᠶ᠎ᠠ ᠪᠣᠷᠭᠢᠶ᠎ᠠ ᠭᠠᠵᠠᠷ ᠢᠶᠠᠨ 0.5-1.5 ᠮᠸᠲ᠋ᠷ ᠂ ᠴᠡᠭᠡᠯ ᠴᠦᠩᠬᠦᠯ ᠳᠦ ᠪᠡᠨ 2.5-3.0 ᠮᠸᠲ᠋ᠷ ᠪᠠᠶᠢᠭᠰᠠᠨ ᠢᠶᠠᠨ ᠠᠳᠠᠭ ᠤᠷᠤᠭᠤ ᠪᠠᠨ ᠭᠣᠯᠳᠤᠷᠢᠯ ᠤᠨ ᠥᠷᠭᠡᠨ 100-250 ᠮᠸᠲ᠋ᠷ ᠂ ᠤᠰᠤᠨ ᠤ ᠭᠦᠨ ᠬᠠᠷᠭᠢᠶ᠎ᠠ ᠪᠣᠷᠭᠢᠶ᠎ᠠ ᠲᠠᠢ ᠭᠠᠵᠠᠷ ᠢᠶᠠᠨ 1.0-2.0 ᠮᠸᠲ᠋ᠷ ᠂ ᠴᠡᠭᠡᠯ ᠴᠦᠩᠬᠦᠯ ᠳᠦ ᠪᠡᠨ 4-5 ᠮᠸᠲ᠋ᠷ ᠬᠦᠷᠡᠳᠡᠭ᠃

ᠰᠡᠯᠡᠩᠭᠡ ᠮᠥᠷᠡᠨ ᠤᠰᠤᠨ ᠤ ᠨᠠᠶᠢᠷᠠᠯᠭ᠎ᠠ᠂ ᠬᠢᠮᠢ ᠶᠢᠨ ᠪᠦᠲᠦᠴᠡ ᠪᠡᠷ ᠮᠣᠩᠭᠣᠯ ᠤᠯᠤᠰ ᠤᠨ ᠲᠣᠮᠣᠬᠠᠨ ᠭᠣᠣᠯ ᠤᠳ ᠳᠣᠲᠣᠷ᠎ᠠ ᠬᠠᠮᠤᠭ ᠤᠨ ᠶᠡᠬᠡ ᠡᠷᠦᠳᠡᠰᠦᠵᠢᠯᠲᠡᠢ ᠳᠦ ᠲᠣᠭᠠᠴᠠᠭᠳᠠᠬᠤ ᠪᠠ ᠭᠢᠳ᠋ᠷᠣᠺᠠᠷᠪᠶᠣᠨᠠᠲ ᠤᠨ ᠤᠰᠤ ᠪᠦᠬᠦᠢ ᠭᠣᠣᠯ ᠤᠳ ᠲᠤ ᠬᠠᠮᠢᠶᠠᠷᠤᠨ᠎ᠠ᠃ ᠰᠡᠯᠡᠩᠭᠡ ᠮᠥᠷᠡᠨ ᠳᠦ ᠮᠠᠨ ᠤ ᠣᠷᠣᠨ ᠤ ᠲᠣᠮᠣᠬᠠᠨ ᠭᠣᠣᠯ ᠮᠥᠷᠡᠨ ᠪᠣᠯᠬᠤ ᠳᠡᠯᠭᠡᠷ᠂ ᠢᠳᠡᠷ᠂ ᠬᠠᠨᠤᠢ᠂ ᠡᠭᠡ᠂ ᠣᠷᠬᠣᠨ ᠵᠡᠷᠭᠡ ᠭᠣᠣᠯ ᠤᠳ ᠴᠢᠳᠬᠤᠨ᠎ᠠ᠃

ᠰᠡᠯᠡᠩᠭᠡ ᠮᠥᠷᠡᠨ ᠦ ᠡᠷᠭᠢ ᠳᠠᠭᠠᠤ ᠦᠷᠡᠵᠢᠯ ᠰᠢᠮᠡᠲᠦ ᠠᠭᠤᠵᠢᠮ ᠬᠥᠨᠳᠡᠢ ᠲᠡᠢ᠃ ᠲᠠᠲᠠᠮ᠎ᠠ ᠳᠠᠭᠠᠤ ᠳᠤ ᠨᠢ ᠰᠢᠨᠠᠰᠤᠤᠯᠢᠶᠠᠰᠤ ᠪᠦᠬᠦᠢ ᠥᠳᠬᠡᠨ ᠪᠤᠷᠭᠠᠰᠤ᠂ ᠪᠤᠲᠠ ᠰᠥᠭᠡᠭ ᠤᠷᠭᠤᠨ᠎ᠠ᠃

ᠰᠡᠯᠡᠩᠭᠡ ᠮᠥᠷᠡᠨ 1751, 1785, 1830, 1864, 1867, 1869, 1872, 1897 ᠤᠨ ᠳᠤ ᠶᠡᠬᠡᠬᠡᠨ ᠬᠡᠮᠵᠢᠶ᠎ᠡ ᠪᠡᠷ ᠦᠶᠡᠷᠯᠡᠵᠦ ᠪᠠᠶᠢᠭᠰᠠᠨ ᠪᠠᠷᠢᠮᠲᠠ ᠪᠤᠢ᠃ ᠰᠡᠯᠡᠩᠭᠡ ᠮᠥᠷᠡᠨ 11 ᠰᠠᠷ᠎ᠠ  ᠶᠢᠨ ᠬᠠᠭᠠᠰ ᠠᠴᠠ ᠳᠠᠷᠠᠭᠠᠬᠢ ᠤᠨ  ᠤ 4 ᠰᠠᠷ᠎ᠠ ᠶᠢᠨ ᠰᠡᠭᠦᠯᠴᠢ ᠬᠦᠷᠲᠡᠯ᠎ᠡ 140-185 ᠬᠣᠨᠣᠭ ᠬᠥᠯᠳᠡᠳᠡᠭ᠃ ᠮᠥᠰᠦᠨ ᠦ ᠵᠤᠵᠠᠭᠠᠨ ᠨᠢ 67-167 ᠰᠠᠨᠲ᠋ᠢᠮᠧᠲ᠋ᠷ ᠪᠠᠶᠢᠨ᠎ᠠ᠃ ᠤᠰᠤᠨ ᠤ ᠲᠣᠯᠠᠭᠠᠨ ᠤ ᠬᠡᠮᠵᠢᠶ᠎ᠡ ᠨᠢ ᠡᠪᠦᠯ 0 ᠬᠡᠮ ᠬᠦᠷᠲᠡᠭ ᠪᠥᠭᠡᠳ 1973 ᠤᠨ ᠤ ᠵᠤᠨ 25 ᠭᠷᠠᠳᠦ᠋ᠰ ᠬᠦᠷᠲᠡᠯ᠎ᠡ ᠬᠠᠯᠠᠵᠤ ᠪᠠᠶᠢᠵᠠᠢ᠃

ᠰᠡᠯᠡᠩᠭᠡ ᠮᠥᠷᠡᠨ ᠨᠢ ᠪᠠᠶᠢᠭᠠᠯ ᠨᠠᠭᠤᠷ ᠍ ᠤᠨ ᠬᠠᠮᠤᠭ ᠤᠨ ᠲᠣᠮᠣ ᠴᠢᠳᠬᠤᠯ ᠶᠤᠮ᠃ ᠪᠠᠶᠢᠭᠠᠯ ᠨᠠᠭᠤᠷ ᠲᠤ 1/2 ᠤᠰᠤ ᠶᠢ ᠨᠢ ᠬᠠᠩᠭᠠᠵᠤ ᠥᠭᠴᠦ ᠪᠠᠶᠢᠳᠠᠭ ᠶᠤᠮ᠃

ᠰᠡᠯᠡᠩᠭᠡ ᠮᠥᠷᠡᠨ ᠦ ᠠᠳᠠᠭ ᠨᠢ ᠮᠠᠰᠢ ᠥᠪᠡᠷᠮᠢᠴᠡ ᠪᠥᠭᠡᠳ ᠨᠠᠭᠤᠷ ᠤᠷᠤᠭᠤ ᠵᠠᠳᠠᠷᠠᠵᠤ᠂ ᠣᠯᠠᠨ ᠰᠠᠳᠠᠷᠠᠭ᠎ᠠ ᠡᠭᠦᠰᠬᠡᠨ ᠴᠢᠳᠬᠤᠳᠠᠭ ᠪᠠᠶᠢᠨ᠎ᠠ᠃ ᠰᠠᠳᠠᠷᠠᠭ᠎ᠠ ᠨᠢ ᠮᠠᠰᠢ ᠲᠣᠮᠣ ᠪᠠᠶᠢᠵᠤ 680 ᠺᠦᠸᠠᠳ᠋ ᠺᠢᠯᠣᠮᠧᠲ᠋ᠷ ᠲᠠᠯᠠᠪᠠᠢ ᠡᠭᠦᠰᠬᠡᠳᠡᠭ ᠪᠠᠶᠢᠨ᠎ᠠ᠃

ᠤᠰᠤᠨ ᠤ ᠳᠤᠮᠳᠠᠴᠢ ᠵᠠᠷᠤᠴᠠᠭᠤᠯᠤᠯᠲᠠ ᠣᠷᠣᠰ᠂ ᠮᠣᠩᠭᠣᠯ ᠤᠨ ᠬᠢᠯᠢ ᠶᠢᠨ ᠣᠶᠢᠷᠠᠯᠴᠠᠭ᠎ᠠ 310 ᠺᠦᠪ ᠮᠧᠲ᠋ᠷ/ᠰᠧᠺ᠂ 127 ᠺᠢᠯᠣᠮᠧᠲ᠋ᠷ ᠴᠠᠭᠠᠨ᠎ᠠ ᠠᠳᠠᠭ ᠲᠤ ᠪᠠᠨ 935 ᠺᠦᠪ ᠮᠧᠲ᠋ᠷ/ᠰᠧᠺ ᠵᠠᠷᠤᠴᠠᠭᠤᠯᠳᠠᠭ ᠪᠠᠶᠢᠨ᠎ᠠ᠃

ᠰᠡᠯᠡᠩᠭᠡ ᠮᠥᠷᠡᠨ ᠨᠢ 26 ᠵᠦᠢᠯ ᠦᠨ ᠵᠢᠭᠠᠰᠤ ᠲᠠᠢ ᠪᠥᠭᠡᠳ ᠠᠩᠨᠠᠭᠤᠷ ᠤᠨ ᠠᠴᠢ ᠬᠣᠯᠪᠣᠭᠳᠠᠯ  ᠲᠠᠢ ᠨᠢ ᠲᠤᠰ ᠪᠦᠷᠢ : ᠴᠤᠷᠬᠠᠢᠵᠢᠪᠡᠭᠡᠠᠯᠠᠭᠠᠨ᠎ᠠᠪᠤᠯᠤᠤ ᠴᠠᠭᠠᠨᠬᠠᠳᠤᠷᠤᠨᠤᠯᠠᠭᠠᠨ ᠨᠢᠳᠦᠨᠭᠤᠲᠠᠷᠢ ᠭᠡᠬᠦ ᠮᠡᠲᠦ᠃ ᠠᠩᠨᠠᠭᠤᠷ ᠤᠨ ᠦᠨᠡᠲᠦ ᠵᠢᠭᠠᠰᠤ ᠨᠢ : ᠰᠢᠪᠸᠷᠢᠶ ᠠ ᠬᠢᠯᠢᠮ᠎ᠡ᠂ ᠲᠤᠯᠠ᠂ ᠣᠮᠤᠯ ᠭᠡᠬᠦ ᠮᠡᠲᠦ᠃

ᠰᠡᠯᠡᠩᠭᠡ ᠮᠥᠷᠡᠨ ᠨᠢ ᠮᠠᠰᠢ ᠦᠵᠡᠰᠬᠦᠯᠡᠩᠲᠦ ᠬᠥᠨᠳᠡᠢ ᠪᠡᠷ ᠤᠷᠤᠰᠳᠠᠭ ᠶᠤᠮ᠃ ᠢᠯᠠᠩᠭᠤᠶ᠎ᠠ ᠡᠭᠡ-ᠰᠡᠯᠡᠩᠭᠡ᠂ ᠣᠷᠬᠣᠨ-ᠰᠡᠯᠡᠩᠭᠡ ᠶᠢᠨ ᠪᠡᠯᠴᠢᠷ ᠨᠢ ᠮᠠᠰᠢ ᠶᠡᠬᠡ ᠦᠵᠡᠰᠬᠦᠯᠡᠩ ᠲᠡᠢ ᠶᠤᠮ᠃ ᠡᠨᠡ ᠪᠥᠰᠡ ᠭᠠᠵᠠᠷ ᠲᠤ ᠠᠶᠠᠯᠠᠯ ᠵᠢᠭᠤᠯᠴᠢᠯᠠᠯ ᠬᠥᠭᠵᠢᠭᠦᠯᠬᠦ ᠪᠣᠯᠤᠮᠵᠢ ᠲᠠᠢ᠃ ᠰᠡᠯᠡᠩᠭᠡ ᠮᠥᠷᠡᠨ ᠨᠢ ᠬᠢᠯᠢᠮ᠎ᠡ ᠵᠢᠭᠠᠰᠤᠨ ᠤ ᠭᠣᠣᠯ ᠨᠡᠭᠦᠳᠡᠯᠯᠡᠳᠡᠭ᠂ ᠲᠦᠷᠰᠦ ᠪᠡᠨ ᠰᠢᠬᠠᠳᠠᠭ ᠭᠠᠵᠠᠷ ᠨᠢ ᠶᠤᠮ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«Selenge»

ᠪᠢᠴᠢᠭᠡᠰᠦ