ᠰᠡᠯᠡᠩᠭᠡ ᠠᠶᠢᠮᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<tr class="mergedtoprow"> <td>ᠴᠠᠭ ᠤᠨ ᠪᠥᠰᠡ</td> <td>ᠤᠯᠠᠭᠠᠨᠪᠠᠭᠠᠲᠤᠷ ᠤᠨ ᠴᠠᠭ (ГЦ+8)</td> </tr> <tr class="mergedtoprow"> <td>ᠤᠲᠠᠰᠤᠨ ᠳ᠋ᠣᠭᠠᠷ</td> <td class="adr">+976 136</td> </tr> <tr class="mergedrow"> <td>ᠰᠢᠤᠳᠠᠨ ᠳᠤᠭᠠᠷ</td> <td class="adr">43000</td> </tr> <tr class="mergedrow"> <td>ᠮᠠᠰᠢᠨ ᠤ ᠳ᠋ᠣᠭᠠᠷ</td> <td>ᠰᠡᠯᠡᠩᠭᠡ</td> </tr> <tr class="mergedtoprow"> <td>ᠴᠠᠬᠢᠮ ᠭᠠᠵᠠᠷ</td> <td>http://selenge.gov.mn/</td> </tr> </table>
ᠡᠨᠡ ᠮᠣᠩᠭᠣᠯ ᠤᠯᠤᠰ ᠤᠨ ᠠᠶᠢᠮᠠᠭ ᠢ ᠪᠤᠰᠤᠳ ᠰᠡᠯᠡᠩᠭᠡᠡᠰᠡ ᠢᠯᠭᠠᠨ ᠲᠠᠨᠢᠭᠠᠷᠠᠢ.
ᠰᠡᠯᠡᠩᠭᠡ (ᠬᠤᠳᠤᠮ ᠮᠣᠩᠭᠣᠯ ᠢᠶᠠᠷᠹᠠᠢᠢᠯ:ᠰᠡᠯᠡᠩᠭᠡ ᠮᠪ - ᠬᠡᠪᠲᠡᠭᠡ᠃PNG - selengge, ᠰᠡᠯᠡᠩᠭᠢᠭᠡ) — ᠮᠣᠩᠭᠣᠯ ᠤᠯᠤᠰ ᠍ ᠤᠨ ᠠᠶᠢᠮᠠᠭ. 1921 ᠣᠨ ᠤ ᠠᠷᠠᠳ ᠤᠨ ᠬᠤᠪᠢᠰᠬᠠᠯ ᠍ ᠤᠨ ᠥᠯᠥᠭᠡᠢ ᠨᠤᠲᠤᠭ ᠪᠣᠯᠤᠭᠰᠠᠨ ᠪᠥᠭᠡᠳ 1934 ᠣᠨ ᠳᠤ ᠪᠠᠶᠢᠭᠤᠯᠤᠭᠳᠠᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠯᠡᠩᠭᠡ ᠠᠶᠢᠮᠠᠭ ᠨᠢ ᠮᠣᠩᠭᠣᠯ ᠤᠯᠤᠰ ᠤᠨ ᠬᠣᠶᠢᠳᠤ ᠬᠡᠰᠡᠭ ᠲᠦ ᠣᠷᠬᠣᠨ ᠰᠡᠯᠡᠩᠭᠡ ᠶᠢᠨ ᠰᠠᠪᠠ ᠍ ᠤᠨ ᠳᠤᠮᠳᠠ ᠵᠡᠷᠭᠡ ᠶᠢᠨ ᠠᠤᠯᠠᠯᠠᠰ ᠪᠦᠬᠦᠢ ᠨᠤᠲᠤᠭ ᠢ ᠡᠵᠡᠯᠡᠨ ᠣᠷᠣᠰᠢᠨ᠎ᠠ᠃ ᠠᠶᠢᠮᠠᠭ ᠤᠨ ᠨᠤᠲᠤᠭ ᠤᠨ ᠪᠠᠷᠠᠭᠤᠨ ᠬᠣᠶᠢᠳᠤ ᠬᠡᠰᠡᠭ ᠢᠶᠡᠷ ᠶᠦᠷ ᠦᠨ ᠬᠤᠷᠠᠳᠠᠰᠤ᠂ ᠡᠮᠦᠨᠡᠲᠦ ᠬᠡᠰᠡᠭ ᠢᠶᠡᠷ ᠨᠢ ᠭᠧᠷᠼᠢᠨ ᠦ ᠪᠣᠷᠵᠢᠨ᠂ ᠵᠡᠭᠦᠨ ᠬᠡᠰᠡᠭ ᠲᠦ ᠨᠢ ᠭᠦᠨ ᠦ ᠪᠣᠷᠵᠢᠨ ᠲᠠᠷᠬᠠᠵᠠᠢ᠃ ᠠᠶᠢᠮᠠᠭ ᠤᠨ ᠨᠤᠲᠤᠭ ᠲᠤ ᠨᠡᠭᠦᠷᠡᠰᠦ (ᠤᠯᠠᠭᠠᠨᠲᠣᠯᠣᠭᠠᠢ᠂ ᠰᠢᠷ᠎ᠠ ᠶᠢᠨ ᠭᠣᠣᠯ), ᠲᠡᠮᠦᠷ (ᠲᠡᠮᠦᠷ ᠲᠡᠢ᠂ ᠲᠡᠮᠦᠷᠲᠣᠯᠣᠭᠠᠢ), ᠠᠯᠲᠠ (ᠶᠡᠬᠡ ᠠᠯᠲᠠᠲᠤ᠂ ᠪᠤᠭᠤᠨ ᠳᠤ᠂ ᠲᠣᠯᠣᠭᠠᠢ ᠳᠤ) ᠪᠣᠯᠤᠨ ᠪᠠᠷᠢᠯᠭ᠎ᠠ ᠶᠢᠨ ᠮᠠᠲ᠋ᠧᠷᠢᠶᠠᠯ ᠍ ᠤᠨ ᠪᠠᠶᠠᠯᠢᠭ ᠪᠤᠢ᠃

ᠰᠡᠯᠡᠩᠭᠡᠣᠷᠬᠣᠨᠬᠠᠷ᠎ᠠᠢᠷᠦᠭᠡ ᠵᠡᠷᠭᠡ ᠮᠠᠨ ᠤ ᠣᠷᠣᠨ ᠤ ᠲᠣᠮᠣ ᠭᠣᠣᠯ ᠮᠥᠷ ᠲᠦ ᠤᠷᠤᠰᠤᠨ᠎ᠠ᠃ ᠰᠡᠯᠡᠩᠭᠡ ᠮᠥᠷᠡᠨ ᠢᠶᠡᠷ ᠤᠰᠤᠨ ᠣᠩᠭᠣᠴᠠ ᠶᠠᠪᠤᠨ᠎ᠠ᠃ ᠴᠠᠭᠠᠨᠨᠠᠭᠤᠷ ᠵᠡᠷᠭᠡ ᠨᠠᠭᠤᠷ ᠪᠤᠢ᠃ ᠢᠷᠦᠭᠡᠲᠣᠪᠬᠣᠩᠬᠠᠨ ᠤᠬᠣᠨᠳᠤ ᠶᠢᠨ ᠮᠣᠭᠠᠢ ᠶᠢᠨ ᠵᠡᠷᠭᠡ ᠷᠠᠰᠢᠶᠠᠨ ᠪᠤᠢ᠃ ᠨᠤᠲᠤᠭ ᠤᠨ ᠶᠡᠬᠡᠩᠬᠢ ᠬᠡᠰᠡᠭ ᠲᠦ ᠠᠭᠤᠯᠠ ᠶᠢᠨ ᠬᠠᠷ᠎ᠠ ᠰᠢᠷᠤᠶᠢᠨ ᠬᠥᠷᠥᠰᠥ᠂ ᠭᠣᠣᠯ ᠮᠥᠷᠦᠳᠡ ᠶᠢᠨ ᠬᠥᠨᠳᠡᠢ ᠶᠢᠨ ᠬᠠᠭᠰᠢᠭ᠎ᠠ ᠬᠤᠷᠠᠳᠠᠰᠤ ᠳᠤ ᠬᠥᠷᠥᠰᠥ ᠲᠠᠷᠬᠠᠵᠠᠢ᠃ ᠲᠠᠪᠤᠨ ᠬᠠᠨ ᠠᠭᠤᠯᠠ ᠪᠠᠷ ᠢᠶᠠᠨ ᠬᠤᠷ ᠡᠯᠤᠯᠡᠨ ᠰᠠᠭᠤᠳᠠᠭ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠠᠭᠤᠯᠠᠷᠬᠠᠭ ᠬᠡᠰᠡᠭ ᠢᠶᠡᠷ (42%), ᠣᠢ ᠬᠥᠪᠴᠢ ᠲᠠᠶᠢᠭ᠎ᠠ᠂ ᠪᠤᠰᠤᠳ ᠬᠡᠰᠡᠭ ᠢᠶᠡᠷ ᠪᠡᠯᠴᠢᠭᠡᠷ ᠦᠨ ᠤᠷᠭᠤᠮᠠᠯ᠂ ᠭᠣᠣᠯ ᠮᠥᠷᠦᠳᠡ ᠶᠢᠨ ᠬᠥᠨᠳᠡᠢ ᠪᠡᠷ ᠰᠢᠭᠤᠢ ᠤᠷᠭᠤᠵᠠᠢ᠃ ᠣᠢ ᠶᠢᠨ ᠪᠠ ᠬᠡᠭᠡᠷ᠎ᠡ ᠶᠢᠨ ᠠᠮᠢᠲᠠᠳ ᠲᠠᠷᠬᠠᠭᠰᠠᠨ᠃

ᠠᠵᠢ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠯᠡᠩᠭᠡ ᠠᠶᠢᠮᠠᠭ ᠨᠢ ᠭᠠᠵᠠᠷ ᠲᠠᠷᠢᠶᠠᠯᠠᠩ ᠭᠣᠣᠯᠯᠠᠨ ᠬᠥᠭᠵᠢᠭᠦᠯᠦᠭᠰᠡᠨ ᠠᠶᠢᠮᠠᠭ ᠶᠤᠮ᠃ ᠮᠠᠨ ᠤ ᠣᠷᠣᠨ ᠤ ᠭᠠᠵᠠᠷ ᠲᠠᠷᠢᠶᠠᠯᠠᠩ ᠤᠨ ᠲᠠᠯᠠᠪᠠᠢ ᠶᠢᠨ ᠦᠯᠡᠮᠵᠢ ᠬᠡᠰᠡᠭ ᠡᠨᠡ ᠠᠶᠢᠮᠠᠭ ᠤᠨ ᠨᠤᠲᠤᠭ ᠲᠤ ᠣᠷᠬᠣᠨ ᠰᠡᠯᠡᠩᠭᠡ ᠶᠢᠨ ᠰᠠᠪᠠ ᠳᠤ ᠲᠥᠪᠯᠡᠷᠡᠭᠰᠡᠨ ᠶᠤᠮ᠃ ᠤᠯᠤᠰ ᠤᠨ ᠦᠷ᠎ᠡ ᠲᠠᠷᠢᠶᠠᠨ ᠤ 40 ᠣᠷᠴᠢᠮ ᠬᠤᠪᠢ ᠶᠢ ᠦᠢᠯᠡᠳᠪᠦᠷᠢᠯᠡᠳᠡᠭ᠂ 570,000 ᠭᠠᠷᠤᠢ ᠮᠠᠯ ᠲᠠᠢ᠃ ᠰᠡᠯᠡᠩᠭᠡ ᠠᠶᠢᠮᠠᠭ ᠲᠤ ᠮᠣᠳᠣ ᠪᠣᠯᠪᠠᠰᠤᠷᠠᠭᠤᠯᠬᠤᠭᠤᠯᠢᠷ ᠍ ᠤᠨ᠂ ᠬᠦᠨᠡᠰᠦᠨᠢᠭᠢ᠂ ᠰᠫᠢᠷᠲ ᠪᠠᠯ ᠪᠤᠷᠠᠮ ᠍ ᠤᠨ ᠦᠢᠯᠡᠳᠪᠦᠷᠢ᠂ ᠸᠠᠭᠣᠨ ᠵᠠᠰᠠᠪᠤᠷᠢ ᠶᠢᠨ ᠭᠠᠵᠠᠷ ᠪᠤᠢ᠃ ᠰᠦᠬᠡᠪᠠᠭᠠᠲᠤᠷ ᠬᠣᠲᠠ ᠨᠢ ᠲᠡᠮᠦᠷ ᠪᠠ ᠠᠦ᠋ᠲ᠋ᠣ᠋ ᠵᠠᠮ ᠍ ᠤᠨ ᠭᠣᠣᠯ ᠵᠠᠩᠭᠢᠯᠠᠭ᠎ᠠ ᠨᠤᠲᠤᠭ ᠪᠥᠭᠡᠳ ᠮᠠᠨ ᠤ ᠬᠢᠯᠢ ᠶᠢᠨ ᠪᠠᠶᠢᠩᠭᠤ ᠶᠢᠨ ᠴᠢᠬᠤᠯᠠ ᠭᠠᠷᠴᠠ ᠶᠢᠨ ᠨᠢᠭᠡ ᠶᠠᠭᠤᠮ᠎ᠠ᠃bg

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠳ ᠤᠨ ᠭᠠᠵᠠᠷ ᠤᠨ ᠵᠢᠷᠤᠭ
ᠰᠡᠯᠡᠩᠭᠡ ᠠᠶᠢᠮᠠᠭ
ᠹᠠᠢᠢᠯ:ᠰᠡᠠ ᠮᠪ᠃png
ᠠᠶᠢᠮᠠᠭ
ᠡᠪᠡᠰᠦ ᠳᠦ ᠬᠡᠭᠡᠷ᠎ᠡ

ᠰᠦᠯᠳᠡ ᠲᠤᠭ

ᠰᠦᠯᠳᠡ ᠲᠡᠮᠳᠡᠭ
ᠮᠣᠩᠭᠣᠯ ᠣᠷᠣᠨ ᠳᠠᠬᠢ ᠰᠡᠯᠡᠩᠭᠡ ᠠᠶᠢᠮᠠᠭ
ᠤᠯᠤᠰ ᠣᠷᠣᠨ Flag of Mongolia.svg ᠮᠣᠩᠭᠣᠯ
ᠠᠶᠢᠮᠠᠭ ᠰᠡᠯᠡᠩᠭᠡ
ᠰᠤᠮᠤ (17) ᠨᠡᠷ᠎ᠡ ᠪᠦᠬᠦᠢ 17 ᠰᠤᠮᠤ
ᠭᠠᠵᠠᠷ ᠨᠤᠲᠤᠭ 41,152.63 км²
ᠬᠦᠮᠦᠨ ᠠᠮᠠ (ᠲᠣᠭᠠᠯᠠᠯ) 2010 ᠣᠨ ᠳᠤ 97,584 ᠬᠦᠮᠦᠨ [1]
- ᠮᠣᠩᠭᠣᠯ ᠤᠯᠤᠰ ᠶᠢᠨ ᠢᠷᠭᠡᠨ 97,261 ᠬᠦᠮᠦᠨ (99.7%) [2]
ᠬᠦᠮᠦᠨ ᠠᠮᠠ (ᠲᠣᠭᠠᠴᠠ᠃) 2011 ᠣᠨ ᠳᠤ 103,698 ᠬᠦᠮᠦᠨ [3]
ᠨᠢᠭᠲᠠᠴᠠ ᠰᠡᠶᠢᠷᠡᠭ 2011 ᠣᠨ ᠳᠤ 2.52 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ
ᠨᠤᠲᠤᠭ ᠤᠨ ᠣᠯᠠᠨ ᠰᠡᠯᠡᠩᠭᠡ ᠶᠢᠨ ᠬᠢᠨ
ᠤᠷᠢᠳᠤ ᠴᠠᠭ ᠲᠤ ᠶᠡᠬᠡᠩᠬᠢ ᠨᠢ ᠲᠦᠰᠢᠶᠡᠲᠦ ᠬᠠᠨ ᠠᠶᠢᠮᠠᠭ ᠲᠤ
1923-1931 ᠣᠨ ᠶᠡᠬᠡᠩᠬᠢ ᠨᠢ ᠪᠣᠭᠳᠠᠬᠠᠨ ᠤᠤᠯ ᠤᠨ ᠠᠶᠢᠮᠠᠭ ᠲᠤ
1931 ᠣᠨ ᠲᠠᠷᠢᠶᠠᠯᠠᠩ ᠠᠶᠢᠮᠠᠭ ᠡᠭᠦᠰᠦᠭᠰᠡᠨ
1934 ᠣᠨ ᠰᠡᠯᠡᠩᠭᠡ ᠠᠶᠢᠮᠠᠭ ᠪᠣᠯᠤᠭᠰᠠᠨ
ᠵᠠᠰᠠᠭ ᠳᠠᠷᠤᠭ᠎ᠠ ᠰ᠃ ᠪᠦᠷᠢᠨᠪᠠᠲ (МАН)
ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠵ᠃ ᠰᠠᠨᠵᠵᠠᠪ (МАН)</th>
ᠰᠤᠮᠤ
(ᠬᠣᠲᠠ ᠶᠢ ᠲᠣᠳᠣ ᠪᠠᠷ)
ᠰᠠᠭᠤᠷᠢᠨ ᠬᠦᠮᠦᠨ ᠠᠮᠠ ᠶᠢᠨ ᠲᠣᠭᠠᠴᠠᠭ᠎ᠠ ᠲᠠᠯᠠᠪᠠᠢ
(км²)[4]
ᠨᠢᠭᠲᠠ᠃
(2011)
2000 2004 2008 2011[3]
1 ᠠᠯᠲᠠᠨᠪᠤᠯᠠᠭ 3,489 3,783 4,545 5,117 2100.30 км² 2.44
2 ᠪᠠᠷᠠᠭᠤᠨᠪᠦᠷᠡᠨ 2,939 2,430 2,702 2,874 2814.54 км² 1.02
3 ᠪᠠᠶᠠᠨᠭᠣᠣᠯ 5,391 4,264 5,028 5,629 1976.28 км² 2.85
4 ᠢᠷᠦᠭᠡ 6,077 5,531 5,792 6,400 8203.51 км² 0.78
5 ᠵᠢᠪᠬᠤᠯᠠᠩᠲᠤ 1,767 1,838 1,827 2,029 1189.70 км² 1.71
6 ᠵᠡᠭᠦᠨ ᠪᠦᠷᠡᠨ 2,507 2,373 2,468 2,708 1204.94 км² 2.25
7 ᠮᠠᠨᠳᠤᠯ 23,964 22,864 23,646 25,329 4843.73 км² 5.23
8 ᠣᠷᠬᠣᠨ 2,817 2,106 2,165 2,283 1306.27 км² 1.75
9 ᠣᠷᠬᠣᠨᠲᠠᠭᠤᠯ 3,760 3,398 2,952 3,684 2940.83 км² 1.25
10 ᠰᠠᠩ ᠳᠤ 2,062 2,033 2,056 2,260 1387.06 км² 1.63
11 ᠰᠠᠶᠢᠬᠠᠨ 8,737 8,282 8,285 8,648 1311.87 км² 6.59
12 ᠰᠦᠬᠡᠪᠠᠭᠠᠲᠤᠷ 22,374 20,025 19,626 22,958 45.35 км² 506.24
13 ᠲᠦᠰᠢᠭ 1,899 1,608 1,420 1,647 2492.82 км² 0.66
14 ᠬᠥᠳᠡᠷᠢ 1,799 1,838 2,078 2,229 2838.65 км² 0.79
15 ᠬᠤᠰᠢᠶ᠎ᠠ ᠳᠤ 1,406 1,946 1,585 1,809 2010.15 км² 0.90
16 ᠴᠠᠭᠠᠨᠨᠠᠭᠤᠷ 4,153 3,919 4,257 4,344 3814.72 км² 1.14
17 ᠱᠠᠮᠠᠷ 4,809 3,783 4,158 3,750 671.91 км² 5.58
ᠠᠶᠢᠮᠠᠭ ᠤᠨ ᠳᠦᠩ 99,950 92,021 94,590 103,698 41,152.63 км² 2.52

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦ ᠬᠣᠯᠪᠣᠭᠠᠲᠤ ᠤᠯᠤᠰ ᠳᠦ ᠥᠷᠨᠢᠭᠰᠡᠨ ᠫᠧᠷᠧᠰᠲ᠋ᠷᠣᠢᠺᠠ ᠪᠤᠶᠤ ᠥᠭᠡᠷᠡᠴᠢᠯᠡᠨ ᠪᠠᠶᠢᠭᠤᠯᠤᠯᠲᠠ ᠶᠢᠨ ᠨᠥᠯᠥᠭᠡ 1980 ᠍ ᠊ᠭᠠᠳ ᠣᠨ ᠤ ᠳᠤᠮᠳᠠ ᠦᠶᠡᠰ ᠮᠣᠩᠭᠣᠯ ᠣᠷᠣᠨ ᠳᠤ ᠨᠡᠪᠲᠡᠷᠡᠴᠢ᠂ᠲᠥᠷᠥ ᠵᠠᠰᠠᠭ ᠤᠨ ᠦᠢᠯᠡ ᠠᠵᠢᠯᠯᠠᠭ᠎ᠠ ᠶᠢ ᠰᠢᠭᠦᠮᠵᠢᠯᠡᠭᠰᠡᠨ ᠦᠭᠡᠰ ᠦᠶ᠎ᠡ ᠦᠶ᠎ᠡ ᠰᠣᠨᠣᠰᠤᠭᠳᠠᠬᠤ ᠪᠣᠯᠵᠠᠢ᠃ ᠡᠨᠡ ᠪᠠᠶᠢᠳᠠᠯ ᠠᠭᠠᠵᠢᠮ ᠢᠶᠠᠷ ᠬᠦᠷᠢᠶ᠎ᠡ ᠪᠡᠨ ᠲᠡᠯᠡᠭᠰᠡᠭᠡᠷ ᠰᠡᠯᠡᠩᠭᠡ ᠠᠶᠢᠮᠠᠭ ᠲᠤ 1984 ᠣᠨ ᠳᠤ ᠠᠩᠬᠠᠨ ᠤ ᠠᠷᠠᠳᠴᠢᠯᠠᠭᠰᠠᠨ ᠬᠣᠯᠪᠣᠭ᠎ᠠ ᠪᠠᠶᠢᠭᠤᠯᠤᠭᠳᠠᠵᠤ᠃ ᠨᠣᠷᠪᠤᠷᠤᠭᠴᠢ ᠪᠠᠨ-ᠰᠡᠯᠡᠩᠭᠡ ᠠᠶᠢᠮᠠᠭ ᠤᠨ ᠳᠦᠷᠰᠦᠯᠡᠬᠦ ᠤᠷᠠᠯᠢᠭ᠂ᠤᠷᠠᠴᠤᠳ ᠤᠨ ᠡᠪᠡᠯ ᠦᠨ ᠬᠣᠷᠢᠶᠠᠨ ᠤ ᠰᠠᠯᠪᠤᠷᠢ ᠶᠢᠨ ᠡᠷᠬᠢᠯᠡᠭᠴᠢ᠂ ᠮᠡᠨᠳᠦᠪᠠᠶᠠᠷ-ᠪᠤᠮᠴᠡᠨᠳᠡᠶᠢᠨ ᠨᠡᠷᠡᠮᠵᠢᠲᠦ 1 ᠍ ᠳᠦᠭᠡᠷ 10 ᠵᠢᠯ ᠦᠨ ᠰᠤᠷᠭᠠᠭᠤᠯᠢ ᠶᠢᠨ ᠱᠤᠭᠤᠮ ᠵᠢᠷᠤᠭ ᠤᠨ ᠪᠠᠭᠰᠢ᠂ ᠲᠡᠮᠦᠷᠪᠠᠭᠠᠲᠤᠷ/ᠮᠠᠩᠭᠠᠷ ᠲᠡᠮᠦᠷ ᠢᠶᠡᠨ ᠬᠥᠴᠢ ᠳᠦ/ᠰᠡᠯᠡᠩᠭᠡ ᠠᠶᠢᠮᠠᠭ ᠤᠨ ᠴᠠᠭᠳᠠᠨ ᠰᠡᠷᠭᠡᠶᠢᠯᠡᠬᠦ ᠭᠠᠵᠠᠷ ᠤᠨ ᠴᠠᠭᠳᠠᠭ᠎ᠠ᠂ ᠡᠩᠬᠡᠪᠣᠯᠤᠳ–ᠰᠡᠯᠡᠩᠭᠡ ᠠᠶᠢᠮᠠᠭ ᠤᠨ ᠦᠢᠯᠡᠳᠪᠦᠷᠢᠴᠢᠨ ᠦ ᠡᠪᠯᠡᠯ ᠦᠨ ᠬᠣᠷᠢᠶ᠎ᠠ ᠤ ᠠᠵᠢᠯᠴᠢᠨ ᠵᠠᠯᠠᠭᠤᠴᠤᠳ ᠤᠨ ᠬᠡᠯᠲᠦᠰ ᠦᠨ ᠵᠢᠭᠠᠪᠤᠷᠢᠯᠠᠭᠴᠢ ᠫ᠃ᠪᠠᠶᠠᠷ ᠢᠶᠠᠨ-ᠰᠡᠯᠡᠩᠭᠡ ᠠᠶᠢᠮᠠᠭ ᠤᠨ 2 ᠍ ᠳᠦᠭᠡᠷ 8 ᠵᠢᠯ ᠦᠨ ᠰᠤᠷᠭᠠᠭᠤᠯᠢ ᠳᠤ ᠵᠢᠷᠤᠭ ᠬᠥᠳᠡᠯᠮᠦᠷᠢ ᠶᠢᠨ ᠪᠠᠭᠰᠢ ᠬᠢᠵᠦ ᠪᠠᠶᠢᠭᠠᠳ ᠰᠡᠯᠡᠩᠭᠡ ᠠᠶᠢᠮᠠᠭ ᠤᠨ МХЗЭ ᠍ ᠦᠨ ᠬᠣᠷᠢᠶᠠᠨ ᠤ ᠦᠵᠡᠯ ᠰᠤᠷᠲᠠᠯ ᠤᠨ ᠬᠡᠯᠲᠡᠰ/ҮСХ/ ᠍ ᠳᠦ ᠡᠷᠬᠢᠯᠡᠭᠴᠢ᠂ᠵᠢᠭᠠᠪᠤᠷᠢᠯᠠᠭᠴᠢ ᠶᠢ ᠬᠠᠮᠲᠤ ᠭᠦᠢᠴᠡᠳᠭᠡᠵᠦ ᠪᠠᠶᠢᠭᠰᠠᠨ᠂ᠲᠡᠷᠡ ᠦᠶ᠎ᠡ ᠳᠦ ᠰᠡᠯᠡᠩᠭᠡ ᠠᠶᠢᠮᠠᠭ ᠤᠨ МХЗЭ ᠍ ᠦᠨ ᠬᠣᠷᠢᠶᠠᠨ ᠤ 1 ᠍ ᠳᠦᠭᠡᠷ ᠨᠠᠷᠢᠨ ᠪᠢᠴᠢᠭ ᠦᠨ ᠳᠠᠷᠤᠭ᠎ᠠ ᠷ᠃ᠨᠢᠮᠠᠰᠦ᠋ᠷᠦᠩ᠂2 ᠍ ᠳᠦᠭᠡᠷ ᠨᠠᠷᠢᠨ ᠪᠢᠴᠢᠭ ᠦᠨ ᠳᠠᠷᠤᠭ᠎ᠠ ᠲᠣᠭᠲᠠᠬᠤᠨᠢᠮ᠎ᠠ᠂ᠰᠠᠩᠬᠦᠦ ᠬᠡᠯᠲᠡᠰ ᠦᠨ ᠡᠷᠬᠢᠯᠡᠭᠴᠢ ᠪᠣᠷᠣ᠂ ᠠᠵᠢᠯᠴᠢᠨ ᠵᠠᠯᠠᠭᠤᠴᠤᠳ ᠤᠨ ᠬᠡᠯᠲᠡᠰ ᠦᠨ ᠡᠷᠬᠢᠯᠡᠭᠴᠢ ᠠᠯᠠᠺᠰᠠᠨᠳᠠᠷ ᠨᠠᠷ ᠠᠵᠢᠯᠯᠠᠵᠤ ᠪᠠᠶᠢᠭᠰᠠᠨ ᠪᠥᠭᠡᠳ ᠰᠡᠯᠡᠩᠭᠡ ᠶᠢᠨ ᠳᠣᠯᠢᠭᠤ ᠪᠠᠨ ᠴᠢᠭᠤᠯᠭ᠎ᠠ ᠶᠢᠨ ᠰᠢᠨ᠎ᠡ ᠪᠠᠶᠢᠷᠢ ᠠᠰᠢᠭᠯᠠᠯᠲᠠᠨ ᠳᠤ ᠣᠷᠣᠵᠤ ᠪᠦᠬᠦ ᠰᠤᠮᠤᠳ ᠤᠨ ᠤᠷᠠᠯᠢᠭ ᠤᠨ ᠦᠵᠡᠯᠭᠡ ᠵᠣᠬᠢᠶᠠᠨ ᠪᠠᠶᠢᠭᠤᠯᠤᠭᠳᠠᠨ ᠴᠢᠭᠤᠯᠭ᠎ᠠ ᠳᠤ ᠤᠷᠠᠨ ᠰᠠᠶᠢᠬᠠᠨᠴᠢᠳ ᠢᠶᠠᠨ ᠰᠣᠩᠭᠣᠨ ᠠᠪᠴᠤ ᠪᠠᠶᠢᠭᠰᠠᠨ . ᠰᠡᠯᠡᠩᠭᠡ ᠠᠶᠢᠮᠠᠭ ᠤᠨ ᠠᠷᠠᠳᠴᠢᠯᠠᠭᠰᠠᠨ ᠬᠣᠯᠪᠣᠭ᠎ᠠ ᠪᠠᠶᠢᠭᠤᠯᠬᠤ ᠠᠩᠬᠠᠨ ᠤ ᠴᠤᠭᠯᠠᠷᠠᠯᠲᠠ ᠪᠠᠨ ᠰᠡᠯᠡᠩᠭᠡ ᠶᠢᠨ ᠳᠣᠯᠢᠭᠤ ᠪᠠᠨ ᠴᠢᠭᠤᠯᠭ᠎ᠠ ᠶᠢᠨ ᠪᠠᠶᠢᠷᠢᠨ ᠳᠤ ᠨᠢᠭᠤᠴᠠ ᠪᠠᠷ ᠵᠣᠬᠢᠶᠠᠨ ᠪᠠᠶᠢᠭᠤᠯᠬᠤ ᠠᠵᠢᠯ ᠢ ᠠᠵᠢᠯ ᠡᠭᠦᠷᠭᠡ ᠶᠢᠨ ᠬᠤᠪᠢ ᠳᠤ ᠠᠶᠢᠮᠠᠭ ᠤᠨ ᠵᠠᠯᠠᠭᠤᠴᠤᠳ ᠤᠨ ᠡᠪᠯᠡᠯ ᠦᠨ ᠬᠣᠷᠢᠶᠠᠨ ᠤ ᠦᠵᠡᠯ ᠰᠤᠷᠲᠠᠯ ᠤᠨ ᠬᠡᠯᠲᠡᠰ ᠦᠨ ᠡᠷᠬᠢᠯᠡᠭᠴᠢ ᠫ᠃ᠪᠠᠶᠠᠷ ᠢᠶᠠᠨ᠂ ҮЭ ᠬᠣᠷᠢᠶᠠᠨ ᠤ ᠠᠵᠢᠯᠴᠢᠨ ᠵᠠᠯᠠᠭᠤᠴᠤᠳ ᠤᠨ ᠵᠢᠭᠠᠪᠤᠷᠢᠯᠠᠭᠴᠢ ᠡᠩᠬᠡᠪᠣᠯᠤᠳ ᠨᠠᠷᠠᠲᠤ ᠣᠨᠣᠭᠳᠠᠵᠤ ᠪᠢᠳᠡ ᠬᠣᠶᠠᠷ ᠴᠢᠭᠤᠯᠭ᠎ᠠ ᠶᠢᠨ ᠵᠢᠵᠢᠭᠦᠷ ᠲᠠᠢ ᠬᠤᠤᠪᠢᠯᠳᠤᠨ ᠠᠷᠤ ᠶᠢᠨ ᠬᠠᠭᠠᠯᠭ᠎ᠠ ᠪᠠᠷ ᠣᠷᠣᠵᠤ ᠲᠠᠶᠢᠰᠠᠨ ᠳᠡᠭᠡᠷ᠎ᠡ ᠬᠥᠰᠢᠭᠡᠨ ᠦ ᠠᠷᠠᠳ ᠠᠷᠠᠳᠴᠢᠯᠠᠭᠰᠠᠨ ᠬᠣᠯᠪᠣᠭᠠᠨ ᠤ ᠭᠡᠰᠢᠭᠦᠳ ᠲᠠᠩᠭᠠᠷᠢᠭ ᠡᠷᠭᠦᠵᠦ ᠠᠵᠢᠯ ᠡᠭᠦᠷᠭᠡ ᠶᠢᠨ ᠬᠤᠪᠢ ᠢᠶᠠᠷ ᠭᠠᠷᠭᠠᠵᠤ ᠴᠡᠩᠬᠡᠷ ᠥᠩᠭᠡ ᠪᠡᠷ ᠷᠠᠳᠠᠲ᠋ᠣᠷᠯᠠᠵᠤ ᠪᠣᠷᠣ ᠴᠠᠭᠠᠰᠤᠨ ᠳᠤᠭᠲᠤᠢ ᠲᠠᠢ ᠲᠠᠩᠭᠠᠷᠢᠭ ᠤᠨ ᠪᠢᠴᠢᠭ ᠠᠵᠢᠯ ᠤᠨᠨ ᠤᠳᠤᠷᠢᠳᠤᠮᠵᠢ ᠪᠠᠨ ᠠᠪᠴᠤ ᠪᠠᠶᠢᠪᠠ᠃ УБ ᠍ ᠠᠴᠠ ᠰ᠃ᠵᠣᠷᠢᠭ /ᠠᠭᠰᠠᠨ/ ᠬᠣᠲᠠ ᠶᠢᠨ МХЗЭ ᠬᠣᠷᠢᠶᠠᠨ ᠤ ᠵᠢᠭᠠᠪᠤᠷᠢᠯᠠᠭᠴᠢ᠂ ᠷ᠃ᠭᠣᠨᠴᠣᠭᠳᠣᠷᠵᠢ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠠᠭᠰᠢ ᠨᠠᠷ ᠢᠷᠡᠵᠦ ᠠᠭᠤᠯᠵᠠᠵᠤ ᠰᠠᠨᠠᠯ ᠪᠣᠳᠣᠯ ᠢᠶᠠᠨ ᠰᠣᠯᠢᠯᠴᠠᠨ ᠴᠢᠨᠠᠭᠰᠢᠳᠠ ᠶᠢᠨ ᠬᠢᠬᠦ ᠠᠵᠢᠯ ᠢᠶᠠᠨ ᠶᠠᠷᠢᠯᠴᠠᠵᠤ ᠪᠠᠶᠢᠭᠰᠠᠨ ᠪᠢᠯᠡ᠃

ᠸᠢᠭᠮᠧᠳᠢᠶᠠ ᠵᠢᠷᠤᠭ ᠤᠨ ᠰᠠᠩ:
«ᠰᠡᠯᠡᠩᠭᠡ ᠠᠶᠢᠮᠠᠭ ᠤᠨ ᠵᠢᠷᠤᠭ»

ᠪᠢᠴᠢᠭᠡᠰᠦ