ᠰᠠᠷᠲᠠᠭᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠤᠳᠤᠷᠠᠭᠤᠯᠤᠭᠰᠠᠨ ᠪᠢᠴᠢᠭ
Sartuul old men.jpg
Sartuul 01.jpg

ᠰᠠᠷᠲᠠᠭᠤᠯ (撒尔塔兀勒) ᠨᠢ ᠮᠣᠩᠭᠣᠯ ᠦᠨᠳᠦᠰᠦᠲᠡᠨ ᠦ ᠳᠣᠲᠣᠷ᠎ᠠ ᠦᠯᠡᠮᠵᠢ ᠲᠣᠭᠠᠴᠠᠭᠳᠠᠬᠤ ᠤᠷᠤᠭ ᠤᠨ ᠣᠪᠤᠭ ᠪᠣᠯᠤᠨ᠎ᠠ᠃ ᠰᠠᠷᠲᠠᠭᠤᠯ ᠣᠪᠣᠭ ᠤᠨ ᠬᠢᠨ ᠨᠢ ᠡᠵᠡᠨ ᠴᠢᠩᠭᠢᠰ ᠬᠠᠭᠠᠨ ᠤ 14 ᠍ ᠳ᠋ᠤᠭᠠᠷ ᠦᠶ᠎ᠡ ᠶᠢᠨ ᠤᠳᠤᠮ ᠪᠠᠲᠤᠮᠥ᠋ᠩᠬᠡ ᠳᠠᠶᠠᠨ ᠬᠠᠭᠠᠨ ᠤ ᠣᠳᠬᠣᠨ ᠬᠦᠦ ᠭᠡᠷᠰᠡᠨᠵᠡ ᠵᠠᠯᠠᠶᠢᠷ ᠬᠤᠩᠲᠠᠶᠢᠵᠢ (1513-1549) ᠍ ᠤᠨ ᠵᠢᠷᠭᠤᠳᠤᠭᠠᠷ ᠬᠦᠦ ᠳᠠᠯᠤᠳᠠᠨ ᠬᠥᠨᠳᠡᠯᠡᠨ ᠦ ᠬᠠᠷᠢᠶᠠᠲᠤ ᠪᠣᠯᠤᠨ ᠢᠷᠡᠭᠰᠡᠨ ᠪᠥᠭᠡᠳ ᠡᠳᠦᠭᠡ ᠶᠢ ᠬᠦᠷᠲᠡᠯ᠎ᠡ ᠲᠡᠦᠬᠡᠲᠦ ᠤᠤᠭᠠᠯ ᠨᠤᠲᠤᠭ ᠤᠰᠤᠨ ᠳᠤ ᠪᠠᠨ ᠣᠯᠠᠨ ᠢᠶᠠᠷ ᠢᠶᠠᠨ ᠠᠮᠢᠳᠤᠷᠠᠵᠤ᠂ ᠵᠠᠷᠢᠮ ᠴᠥᠭᠡᠩᠬᠢ ᠨᠢ ᠳᠠᠶᠢᠨ ᠳᠠᠵᠢᠨ᠂ ᠲᠡᠦᠬᠡ ᠶᠢᠨ ᠪᠠᠷᠠᠭᠠᠨ ᠡᠳᠦᠷ ᠦᠳ ᠲᠦ ᠤᠤᠭᠠᠯ ᠨᠤᠲᠤᠭ ᠤᠰᠤᠨ ᠠᠴᠠ ᠪᠠᠨ ᠳᠠᠶᠢᠵᠢᠨ ᠪᠤᠷᠢᠶᠠᠳ ᠲᠤ ᠨᠡᠭᠦᠨ ᠣᠴᠢᠭᠰᠠᠨ ᠪᠠᠶᠢᠳᠠᠭ᠃ ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠳᠦ 《ᠮᠢᠩᠭᠠᠨ ᠲᠠᠶᠢᠵᠢ ᠲᠠᠢ ᠲᠦᠮᠡᠨ ᠰᠠᠷᠲᠠᠭᠤᠯ》 ᠭᠡᠵᠦ ᠨᠡᠷᠡᠯᠡᠭᠰᠡᠨ ᠠᠮᠠᠨ ᠬᠡᠯᠡᠴᠡ ᠨᠢ ᠪᠠᠶᠢᠳᠠᠭ ᠪᠠᠶᠢᠪᠠ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠷᠲᠠᠭᠤᠯ ᠣᠪᠤᠭ ᠤᠨ ᠬᠢᠨ ᠦ ᠭᠠᠷᠤᠯ ᠡᠭᠦᠰᠦᠯ ᠦᠨ ᠲᠠᠯ᠎ᠠ ᠪᠠᠷ ᠣᠯᠠᠨ ᠲᠠᠭᠠᠮᠠᠭ ᠤᠳ ᠪᠠᠶᠢᠳᠠᠭ᠃ ᠡᠳᠡᠭᠡᠷ ᠡᠴᠡ ᠳᠤᠷᠠᠳᠪᠠᠯ᠂

  • ᠡᠵᠡᠨ ᠴᠢᠩᠭᠢᠰ ᠬᠠᠭᠠᠨ ᠬᠣᠷᠧᠽᠮ ᠤᠯᠤᠰ ᠢ ᠪᠠᠶᠢᠯᠳᠤᠨ ᠳᠠᠭᠠᠭᠤᠯᠬᠤ ᠠᠬᠤᠯ᠎ᠠ ᠳᠤᠮᠳᠠᠳᠤ ᠠᠽᠢᠶ᠎ᠠ᠂ ᠨᠡᠩ ᠢᠯᠠᠩᠭᠤᠶ᠎ᠠ ᠲᠤᠬᠠᠢ ᠶᠢᠨ ᠦᠶ᠎ᠡ ᠶᠢᠨ ᠬᠣᠷᠧᠽᠮ ᠠᠴᠠ ᠢᠷᠡᠵᠦ ᠰᠠᠭᠤᠷᠢᠰᠢᠭᠰᠠᠨ ᠲᠦᠷᠦᠭ ᠤᠭᠰᠠᠭᠠᠨ ᠤ ᠵᠣᠩᠬᠢᠯᠠᠬᠤ ᠪᠦᠯᠦᠭ ᠢᠷᠭᠡᠳ ᠡᠴᠡ ᠭᠠᠷᠤᠯ ᠲᠠᠢ ᠪᠥᠭᠡᠳ ᠲᠡᠳᠡ ᠶᠡᠬᠡ ᠠᠢᠷᠤᠭ᠂ ᠬᠠᠷᠠᠬᠣᠷᠣᠮ ᠵᠡᠷᠭᠡ ᠬᠣᠲᠠ ᠶᠢ ᠪᠦᠲᠦᠭᠡᠨ ᠪᠠᠶᠢᠭᠤᠯᠬᠤ ᠳᠤ ᠭᠠᠷ ᠤᠷᠠᠯᠢᠭᠴᠢᠳ ᠤᠨ ᠠᠵᠢᠯ ᠡᠷᠬᠢᠯᠡᠵᠦ ᠪᠠᠶᠢᠭᠰᠠᠨ ᠪᠣᠯᠤᠯᠲᠠᠢ᠃ ᠲᠡᠳᠡ ᠣᠯᠠᠨ ᠵᠠᠭᠤᠨ ᠵᠢᠯ ᠮᠣᠩᠭᠣᠯᠴᠤᠳ ᠤᠨ ᠳᠤᠮᠳᠠ ᠰᠠᠭᠤᠭᠰᠠᠨ ᠤ ᠤᠯᠠᠮ ᠠᠴᠠ ᠮᠣᠩᠭᠣᠯᠵᠢᠵᠤ᠂ ᠮᠣᠩᠭᠣᠯ ᠤᠨ ᠨᠢᠭᠡᠨ ᠣᠪᠣᠭ ᠤᠨ ᠳᠡᠭᠡᠳᠦᠰ ᠪᠣᠯᠤᠭᠰᠠᠨ ᠠᠵᠢ᠃ ᠹᠷᠠᠨᠼᠢ ᠶᠢᠨ ᠬᠡᠯᠡ ᠵᠦᠢᠴᠢ᠂ ᠰᠤᠳᠤᠯᠤᠭᠠᠴᠢ ᠫᠣᠯᠢ ᠫᠧᠯᠯ 《ᠰᠠᠷᠲᠤ ᠬᠦᠮᠦᠰ (ᠰᠠᠷᠳᠤ ᠭᠡᠳᠡᠭ ᠦᠭᠡ ᠨᠢ ᠰᠠᠮᠭᠠᠷᠳᠠ ᠬᠡᠯᠡ ᠪᠡᠷ ᠬᠤᠳᠠᠯᠳᠤᠭᠠᠴᠢᠨ) ᠭᠡᠳᠡᠭ ᠨᠢ ᠮᠣᠩᠭᠣᠯᠴᠤᠳ ᠤᠨ ᠨᠡᠷᠡᠯᠡᠳᠡᠭ ᠢᠶᠡᠷ ᠢᠰᠯᠠᠮᠴᠤᠳ ᠢ ᠨᠡᠷᠡᠯᠡᠬᠦ ᠲᠦᠭᠡᠮᠡᠯ ᠨᠡᠷ᠎ᠡ》 ᠬᠡᠮᠡᠵᠡᠢ᠃ ᠬᠣᠵᠢᠮ ᠡᠵᠡᠨᠳᠦ ᠭᠦᠷᠦᠨ ᠦ ᠳᠠᠷᠠᠭ᠎ᠠ ᠪᠤᠰᠤᠳ ᠮᠣᠩᠭᠣᠯᠴᠤᠳ ᠲᠠᠢ ᠠᠳᠠᠯᠢ ᠮᠠᠯ ᠠᠵᠤ ᠠᠬᠤᠢ ᠡᠷᠬᠢᠯᠡᠬᠦ ᠪᠣᠯᠵᠤ ᠲᠤᠯᠤᠢ ᠶᠢᠨ ᠦᠶ᠎ᠡ ᠳᠦ ᠲᠡᠭᠦᠨ ᠦ ᠡᠵᠡᠮᠰᠢᠯᠳᠦ ᠣᠷᠣᠨ XVI ᠵᠠᠭᠤᠨ ᠤ ᠦᠶ᠎ᠡ ᠳᠦ ᠭᠡᠷᠰᠡᠨᠵᠡ ᠵᠠᠯᠠᠶᠢᠷ ᠬᠤᠩᠲᠠᠶᠢᠵᠢ ᠶᠢᠨ ᠵᠢᠷᠭᠤᠳᠤᠭᠠᠷ ᠬᠥᠪᠡᠭᠦᠨ ᠳᠠᠯᠤᠳᠠᠨ ᠬᠥᠨᠳᠡᠯᠡᠨ ᠲᠠᠩᠭᠤᠳ ᠤᠨ ᠬᠠᠮᠲᠤ ᠣᠲᠣᠭᠯᠠᠨ ᠥᠮᠴᠢᠯᠡᠭᠳᠡᠵᠦ ᠬᠠᠯᠬ᠎ᠠ ᠶᠢᠨ ᠳᠣᠯᠣᠭᠠᠨ ᠬᠣᠰᠢᠭᠤᠨ ᠤ ᠨᠢᠭᠡᠨ ᠬᠣᠰᠢᠭᠤ ᠪᠣᠯᠵᠠᠢ᠃ ᠲᠡᠳᠡᠨ ᠦ ᠳᠡᠭᠡᠳᠦ ᠡᠪᠦᠭᠡ ᠳᠤᠮᠳᠠᠳᠤ ᠠᠽᠢᠶ᠎ᠠ ᠠᠴᠠ ᠭᠠᠷᠤᠯ ᠲᠠᠢ ᠥᠩᠭᠡᠲᠦ ᠨᠢᠳᠦᠲᠡᠨ (ᠡᠵᠡᠨᠳᠦ ᠭᠦᠷᠦᠨ ᠦ ᠦᠶ᠎ᠡ ᠳᠦ ᠳᠡᠳ᠋ ᠵᠡᠷᠭᠡ ᠶᠢᠨ ᠥᠨᠳᠥᠷ ᠲᠤᠰᠢᠶᠠᠯᠲᠠᠨ ᠤᠳ) ᠠᠰᠠᠨ ᠪᠥᠭᠡᠳ ᠡᠭᠦᠨ ᠦ ᠨᠣᠲᠠᠯᠠᠭ᠎ᠠ ᠨᠢ ᠳᠡᠶᠢᠯᠦᠩᠬᠢ ᠰᠠᠷᠲᠠᠭᠤᠯ ᠤᠳ ᠤᠨ ᠴᠢᠷᠠᠢ ᠲᠥᠷᠬᠥ ᠨᠢ ᠪᠤᠰᠤᠳ ᠮᠣᠩᠭᠣᠯ ᠤᠭᠰᠠᠭᠠᠳᠤ ᠣᠪᠤᠭ ᠤᠳ ᠠᠴᠠ ᠢᠯᠭᠠᠭᠳᠠᠬᠤ 《ᠥᠩᠭᠡᠲᠦ ᠨᠢᠳᠦ᠂ ᠥᠨᠳᠥᠷ ᠬᠠᠮᠠᠷ᠂ ᠥᠳᠬᠡᠨ ᠬᠠᠷ᠎ᠠ ᠬᠥᠮᠥᠰᠬᠡ᠂ ᠪᠦᠯᠲᠡᠭᠡᠷ ᠠᠯᠠᠭ ᠨᠢᠳᠦ》 ᠍ ᠲᠡᠢ ᠪᠠᠶᠢᠳᠠᠭ ᠨᠢ ᠳᠧᠽᠣᠺᠰᠢᠷᠢᠪᠨᠢᠺᠯᠧᠢᠨ ᠦ ᠬᠦᠴᠢᠯ ᠦᠨ ᠲᠦᠪᠰᠢᠨ ᠳᠦ ᠨᠣᠲᠠᠯᠠᠭᠳᠠᠬᠤ ᠳᠠᠪᠠᠮᠠᠭᠠᠢ ᠰᠢᠨᠵᠢ ᠠᠵᠢ᠃
  • ᠰᠠᠷᠲᠠᠭᠤᠯ ᠭᠡᠳᠡᠭ ᠨᠡᠷ᠎ᠡ  ᠶᠢᠨ ᠰᠠᠷᠳᠤ ᠨᠠᠶᠢᠮᠠᠶᠢᠴᠢᠨ᠂ ᠠᠦ᠋ᠯ ᠠᠶᠢᠯ ᠭᠡᠰᠡᠨ ᠦᠽᠪᠧᠺ (ᠲᠦᠷᠦᠭ) ᠭᠠᠷᠤᠯᠲᠠᠢ ᠦᠭᠡ ᠨᠦᠭᠦᠳ ᠪᠠᠶᠢᠭ᠎ᠠ ᠨᠢ 《ᠨᠠᠶᠢᠮᠠᠭᠠᠴᠢᠨ ᠠᠶᠢᠯ ᠤᠳ》 ᠭᠡᠵᠦ ᠣᠶᠢᠯᠠᠭᠠᠬᠤ ᠨᠢ ᠵᠦᠢᠲᠡᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠵᠡᠨᠳᠦ ᠭᠦᠷᠦᠨ ᠦ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠵᠡᠨ ᠴᠢᠩᠭᠢᠰ ᠬᠠᠭᠠᠨ 1219-1225 ᠤᠨ ᠤ ᠬᠣᠭᠣᠷᠣᠨᠳᠣ ᠲᠡᠷᠡ ᠦᠶ᠎ᠡ ᠶᠢᠨ ᠬᠣᠷᠧᠽᠮ ᠤᠯᠤᠰ ᠪᠤᠶᠤ ᠰᠠᠷᠲᠠᠭᠤᠯ ᠢᠷᠭᠡᠨ ᠢ ᠳᠠᠶᠢᠯᠠᠬᠤ ᠶᠠᠪᠤᠴᠠ ᠳᠤ ᠪᠠᠨ ᠦᠷᠭᠡᠨᠴᠢ᠂ ᠪᠤᠬᠠᠷ ᠬᠣᠲᠠ ᠶᠢᠨ ᠢᠷᠭᠡᠳ ᠡᠴᠡ ᠭᠣᠣᠯᠴᠢᠯᠠᠨ ᠪᠦᠷᠢᠳᠦᠭᠰᠡᠨ 100.000 ᠭᠠᠷᠤᠢ ᠢᠷᠭᠡᠳ ᠢ ᠣᠯᠵᠠᠯᠠᠨ ᠬᠠᠷᠠᠬᠣᠷᠣᠮ ᠵᠡᠷᠭᠡ ᠬᠣᠲᠠ ᠨᠤᠭᠤᠳ ᠢ ᠪᠠᠷᠢᠭᠤᠯᠬᠤ ᠪᠠᠷ ᠳᠠᠶᠢᠴᠢᠯᠠᠵᠤ ᠪᠠᠶᠢᠭᠠᠳ 1250 ᠍ ᠊ᠭᠠᠳ ᠤᠨ ᠤ ᠦᠶ᠎ᠡ ᠳᠦ ᠬᠡᠷᠡᠶᠢᠳ᠂ ᠨᠠᠶᠢᠮᠠᠨ ᠤ ᠨᠤᠲᠤᠭ ᠣᠳᠣ ᠶᠢᠨ ᠵᠠᠪᠬᠠᠨ ᠠᠶᠢᠮᠠᠭ ᠤᠨ ᠨᠤᠲᠤᠭ᠂ ᠵᠠᠪᠬᠠᠨ ᠭᠣᠣᠯ ᠤᠨ ᠣᠷᠴᠢᠮ ᠳᠤ ᠪᠠᠶᠢᠭᠰᠠᠨ ᠴᠢᠩᠭᠠᠢ ᠪᠠᠯᠭᠠᠰᠤᠨ ᠤ ᠣᠶᠢᠷᠠᠬᠢ ᠨᠤᠲᠤᠭ ᠤᠳ ᠲᠤ ᠰᠠᠭᠤᠯᠭᠠᠵᠤ᠂ ᠪᠠᠷᠠᠭᠤᠨ ᠭᠠᠷ ᠤᠨ ᠶᠡᠬᠡ ᠴᠢᠩᠰᠠᠩ ᠴᠢᠩᠭᠠᠢ ᠳᠤ ᠵᠠᠬᠢᠷᠤᠭᠤᠯᠤᠭᠰᠠᠨ ᠢᠶᠠᠷ ᠰᠠᠷᠲᠠᠭᠤᠯ ᠣᠪᠤᠭ ᠡᠭᠦᠰᠦᠨ ᠪᠤᠢ ᠪᠣᠯᠬᠤ ᠤᠭᠰᠠᠭᠠᠲᠠᠨ ᠤ ᠰᠠᠭᠤᠷᠢ ᠦᠨᠳᠦᠰᠦ ᠲᠠᠯᠪᠢᠭᠳᠠᠭᠰᠠᠨ᠃

ᠳᠥᠴᠢᠨ ᠳᠥᠷᠪᠡᠨ ᠮᠣᠩᠭᠣᠯ ᠤᠨ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠷᠲᠠᠭᠤᠯ ᠤᠳ ᠤᠨ ᠲᠤᠬᠠᠢ ᠲᠡᠦᠬᠡ ᠱᠠᠰᠳᠢᠷ ᠲᠤ ᠲᠡᠮᠳᠡᠭᠯᠡᠭᠳᠡᠨ ᠦᠯᠡᠳᠡᠭᠰᠡᠨ ᠨᠢ ᠨᠡᠩ ᠬᠣᠪᠣᠷ ᠪᠥᠭᠡᠳ XIII ᠵᠠᠭᠤᠨ ᠤ ᠡᠬᠢᠨ ᠦᠶ᠎ᠡ ᠳᠦ ᠴᠤᠬᠤᠰ ᠮᠡᠳᠡᠭᠡ ᠭᠠᠷᠤᠭᠠᠳ ᠤᠯᠠᠮ ᠢᠶᠠᠷ XVI ᠵᠠᠭᠤᠨ ᠤ ᠡᠬᠢᠨ ᠦᠶ᠎ᠡ ᠳᠦ ᠭᠡᠷᠰᠡᠨᠵᠡ ᠵᠠᠯᠠᠶᠢᠷ ᠬᠤᠩᠲᠠᠶᠢᠵᠢ ᠶᠢᠨ ᠵᠢᠷᠭᠤᠭᠠᠳᠤᠭᠠᠷ ᠬᠦᠦ ᠳᠠᠯᠤᠳᠠᠨ ᠬᠥᠨᠳᠡᠯᠡᠨ ᠦ ᠡᠵᠡᠮᠰᠢᠯ ᠳᠦ 《ᠲᠠᠩᠭᠤᠳ᠂ ᠰᠠᠷᠲᠠᠭᠤᠯ》 ᠨᠢ ᠥᠮᠴᠢᠯᠡᠭᠳᠡᠨ ᠣᠴᠢᠪᠠ᠃ ᠰᠠᠷᠲᠠᠭᠤᠯ ᠤᠳ ᠤᠨ ᠳᠡᠭᠡᠳᠦᠰ ᠳᠠᠯᠤᠳᠠᠨ ᠬᠥᠨᠳᠡᠯᠡᠨ ᠨᠣᠶᠠᠨ ᠤ ᠣᠷᠳᠣ ᠥᠷᠭᠥᠭᠡ ᠣᠳᠣ ᠶᠢᠨ ᠵᠠᠪᠬᠠᠨ ᠠᠶᠢᠮᠠᠭ ᠤᠨ ᠳᠥᠷᠪᠡᠯᠵᠢᠨ ᠰᠤᠮᠤ ᠶᠢᠨ ᠨᠤᠲᠤᠭ ᠲᠤ ᠪᠠᠶᠢᠬᠤ ᠰᠠᠷᠠᠳᠤ ᠲᠣᠯᠣᠭᠠᠢ ᠬᠡᠮᠡᠬᠦ ᠪᠢᠴᠢᠬᠠᠨ ᠠᠭᠤᠯᠠ ᠶᠢ ᠲᠣᠭᠣᠷᠢᠨ ᠲᠥᠪᠯᠡᠷᠡᠵᠦ ᠪᠠᠶᠢᠭᠰᠠᠨ ᠲᠤᠯᠠ ᠵᠠᠷᠢᠮ ᠡᠷᠳᠡᠮᠲᠡᠳ ᠰᠠᠷᠠ ᠲᠠᠢ ᠠᠭᠤᠯᠠ ᠶᠢᠨ ᠬᠦᠮᠦᠰ ᠭᠡᠰᠡᠨ ᠤᠳᠬ᠎ᠠ ᠲᠠᠢ ᠭᠡᠵᠦ ᠰᠠᠷᠲᠠᠭᠤᠯ ᠬᠡᠮᠡᠬᠦ ᠨᠡᠷ᠎ᠡ ᠶᠢᠨ ᠤᠳᠬ᠎ᠠ ᠶᠢ ᠲᠠᠶᠢᠯᠪᠤᠷᠢᠯᠠᠬᠤ ᠭᠡᠵᠦ ᠣᠷᠣᠯᠳᠤᠳᠠᠭ. XVII ᠵᠠᠭᠤᠨ ᠤ ᠡᠴᠦᠰ ᠲᠦ ᠵᠡᠭᠦᠨᠭᠠᠷ ᠤᠨ ᠭᠠᠯᠳᠠᠨ ᠤ ᠬᠥᠯ ᠦᠢᠮᠡᠭᠡᠨ ᠢᠶᠡᠷ ᠡᠭᠦᠰᠦᠭᠰᠡᠨ ᠬᠠᠯᠬ᠎ᠠ ᠶᠢᠨ ᠪᠠᠷᠠᠭᠤᠨ ᠵᠡᠭᠦᠨ ᠬᠣᠶᠠᠷ ᠤᠨ ᠬᠣᠭᠣᠷᠣᠨᠳᠣ ᠶᠢᠨ ᠬᠢᠮᠤᠷᠠᠯᠳᠤᠭᠠᠨ ᠤ ᠦᠶ᠎ᠡ ᠪᠡᠷ ᠰᠠᠷᠲᠠᠭᠤᠯ ᠣᠪᠤᠭ ᠤᠨ ᠵᠠᠷᠢᠮ ᠣᠲᠣᠭ ᠨᠤᠲᠤᠭ ᠰᠡᠯᠭᠦᠨ ᠨᠡᠭᠦᠳᠡᠯᠯᠡᠭᠰᠡᠭᠡᠷ ᠰᠡᠯᠡᠩᠭᠡ ᠳᠦ ᠣᠴᠢᠵᠤ ᠨᠤᠲᠤᠭᠯᠠᠭᠰᠠᠨ ᠨᠢ ᠣᠳᠣ ᠶᠢᠨ ᠣᠷᠣᠰ ᠬᠣᠯᠪᠣᠭᠠᠨ ᠤ ᠤᠯᠤᠰ ᠤᠨ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠍ ᠤᠨ ᠪᠤᠷᠢᠶᠠᠳ ᠤᠳ ᠤᠨ ᠳᠣᠲᠣᠷ᠎ᠠ ᠪᠤᠢ ᠠᠲᠠᠭᠠᠨ ᠰᠠᠷᠲᠠᠭᠤᠯ᠂ ᠵᠡᠳ ᠦᠨ ᠰᠠᠷᠲᠠᠭᠤᠯ ᠤᠳ ᠪᠣᠯᠤᠨ᠎ᠠ᠃

ᠠᠷᠪᠠᠨ ᠨᠠᠢ᠍ᠮᠠᠳᠤᠭᠠᠷ ᠵᠠᠭᠤᠨ ᠠᠴᠠ ᠬᠣᠶᠢᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠤᠳᠠᠨ ᠬᠥᠨᠳᠡᠯᠡᠨ ᠦ ᠤᠭᠰᠠᠭᠠᠨ ᠤ ᠪᠠᠯᠪᠤ ᠪᠢᠩᠲᠦ ᠬᠡᠮᠡᠬᠦ ᠨᠣᠶᠠᠨ 1662 ᠤᠨ ᠳᠤ ᠲᠠᠩᠭᠤᠳ ᠣᠲᠣᠭ ᠪᠠᠨ ᠳᠠᠭᠠᠭᠤᠯᠤᠨ ᠰᠠᠷᠲᠠᠭᠤᠯ ᠣᠲᠣᠭ ᠠᠴᠠ ᠲᠠᠰᠤᠷᠠᠨ ᠶᠠᠪᠤᠭᠰᠠᠭᠠᠷ ᠥᠪᠥᠷ ᠬᠠᠯᠬ᠎ᠠ ᠳᠤ ᠰᠠᠭᠤᠷᠢᠰᠢᠭᠰᠠᠨ ᠪᠠᠶᠢᠨ᠎ᠠ᠃ ᠢᠩᠭᠢᠭᠡᠳ ᠦᠯᠡᠳᠡᠭᠰᠡᠨ ᠰᠠᠷᠲᠠᠭᠤᠯ ᠣᠲᠣᠭ ᠳᠠᠯᠳᠠᠨ ᠬᠥᠨᠳᠡᠯᠡᠨ ᠨᠣᠶᠠᠨ ᠤ ᠳᠡᠳ᠋ ᠬᠥᠪᠡᠭᠦᠨ ᠵᠤᠩᠳᠠᠢ ᠪᠠᠭᠠᠲᠤᠷ ᠤᠨ ᠦᠷ᠎ᠡ ᠳᠠᠮᠪᠠ ᠬᠥᠨᠳᠡᠯᠡᠨ ᠲᠣᠶᠢᠨ ᠤ ᠬᠦᠦ ᠰᠡᠷᠡᠨ ᠠᠬᠠᠢ ᠶᠢᠨ ᠠᠴᠢ ᠨᠣᠷᠪᠣ ᠳᠤ ᠬᠠᠷᠢᠶᠠᠯᠠᠭᠳᠠᠭᠰᠠᠭᠠᠷ ᠵᠠᠰᠠᠭᠲᠤ ᠬᠠᠨ ᠠᠶᠢᠮᠠᠭ ᠤᠨ ᠰᠡᠴᠡᠨ ᠰᠠᠷᠲᠠᠭᠤᠯ ᠤᠨ ᠬᠣᠰᠢᠭᠤ (ᠰᠠᠷᠲᠠᠭᠤᠯ ᠴᠡᠴᠡᠨ ᠸᠠᠩ ᠤᠨ ᠬᠣᠰᠢᠭᠤ ᠴᠤ ᠭᠡᠳᠡᠭ) ᠪᠣᠯᠪᠠ᠃ ᠤᠭ ᠬᠣᠰᠢᠭᠤᠨ ᠳᠤ 10 ᠣᠲᠣᠭ᠂ 17 ᠪᠦᠯᠦᠭ᠂ 4 ᠱᠠᠪᠢ ᠪᠦᠭᠦᠳᠡ ᠨᠡᠶᠢᠯᠡᠭᠡᠳ 31 ᠠᠩᠭᠢ ᠪᠣᠯᠤᠨ ᠬᠤᠪᠢᠶᠠᠭᠳᠠᠵᠤ ᠪᠠᠶᠢᠪᠠ᠃ 1918 ᠤᠨ ᠤ ᠮᠡᠳᠡᠭᠡ ᠪᠡᠷ 2291 ᠡᠷᠦᠬᠡ ᠠᠶᠢᠯ᠂ ᠨᠡᠶᠢᠲᠡ 10152 ᠬᠦᠮᠦᠨ ᠠᠮᠠ᠂ ᠡᠭᠦᠨ ᠡᠴᠡ ᠲᠠᠶᠢᠵᠢ 1301᠂ ᠬᠠᠮᠵᠢᠯᠭ᠎ᠠ ᠠᠷᠠᠳ 2377᠂ ᠯᠠᠮᠠ 1092᠂ ᠠᠯᠪᠠᠲᠤ ᠠᠷᠠᠳ 429᠂ ᠰᠤᠯᠠ ᠠᠷᠠᠳ 282᠂ ᠡᠮᠡᠰ ᠥᠬᠢᠳ 4671 ᠪᠠᠶᠢᠵᠠᠢ᠃ ᠡᠶᠢᠮᠦ ᠡᠴᠡ ᠰᠤᠳᠤᠯᠤᠭᠠᠴᠢᠳ ᠳᠡᠭᠡᠷᠡᠬᠢ ᠣᠲᠣᠭ᠂ ᠬᠣᠰᠢᠭᠤ ᠵᠠᠬᠢᠷᠭᠠᠨ ᠤ ᠬᠦᠮᠦᠨ ᠠᠮᠠ ᠠᠴᠠ ᠡᠭᠦᠰᠦᠭᠰᠡᠨ᠂ ᠥᠪᠡᠷᠰᠡᠳ ᠢ ᠪᠡᠨ ᠰᠠᠷᠲᠠᠭᠤᠯ ᠭᠡᠵᠦ ᠤᠬᠠᠮᠰᠠᠷᠯᠠᠳᠠᠭ ᠣᠳᠣ ᠶᠢᠨ 3 ᠬᠦᠮᠦᠨ ᠦ 2 ᠍ ᠠᠴᠠ 2᠂5 ᠨᠢ ᠲᠡᠳᠡᠭᠡᠷ ᠠᠯᠲᠠᠨ ᠤᠷᠤᠭ ᠤᠨ ᠲᠠᠶᠢᠵᠢ ᠨᠠᠷ ᠲᠠᠢ ᠶᠠᠰᠤ᠂ ᠴᠢᠰᠤᠨ ᠲᠠᠯ᠎ᠠ ᠪᠠᠷ ᠢᠶᠠᠨ ᠶᠠᠮᠠᠷ ᠨᠢᠭᠡ ᠬᠣᠯᠪᠣᠭ᠎ᠠ ᠲᠠᠢ ᠪᠠᠶᠢᠵᠤ ᠪᠣᠯᠤᠨ᠎ᠠ ᠭᠡᠵᠦ ᠲᠣᠭᠠᠴᠠᠭᠠᠯᠠᠳᠠᠭ ᠠᠵᠤ᠃ 《ᠰᠡᠴᠡᠨ》 ᠬᠡᠮᠡᠨ ᠡᠷᠭᠦᠮᠵᠢᠯᠡᠳᠡᠭ ᠦᠨ ᠴᠠᠭᠠᠳᠤ ᠤᠴᠢᠷ ᠨᠢ ᠰᠠᠷᠲᠠᠭᠤᠯ ᠬᠣᠰᠢᠭᠤᠨ ᠤ ᠬᠢᠨ ᠤᠭ ᠠᠴᠠ ᠨᠤᠲᠤᠭ ᠬᠣᠰᠢᠭᠤ ᠪᠠᠷ ᠢᠶᠠᠨ ᠰᠡᠴᠡᠨ ᠮᠡᠷᠭᠡᠨ᠂ ᠪᠢᠴᠢᠭ ᠦᠨ ᠡᠷᠳᠡᠮ ᠳᠦ ᠰᠢᠮᠳᠠᠮᠠᠲᠠᠭᠠᠢ᠂ ᠭᠡᠭᠡᠷᠡᠯ ᠢ ᠥᠨᠳᠥᠷ ᠲᠦ ᠲᠠᠯᠪᠢᠳᠠᠭ ᠠᠰᠠᠨ ᠭᠡᠰᠡᠨ ᠠᠮᠠᠨ ᠶᠠᠷᠢᠶ᠎ᠠ ᠴᠤ ᠪᠤᠢ᠃

ᠥᠨᠥ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠦᠨᠳᠦᠰᠦᠲᠡᠨ ᠦ ᠳᠣᠲᠣᠷ᠎ᠠ ᠦᠯᠡᠮᠵᠢ ᠲᠠᠷᠬᠠᠭᠰᠠᠨ ᠰᠠᠷᠲᠠᠭᠤᠯ ᠣᠪᠤᠭ ᠤᠨ ᠬᠢᠨ ᠥᠨᠥ ᠬᠦᠷᠲᠡᠯ᠎ᠡ ᠤᠤᠭᠠᠯ᠂ ᠰᠠᠭᠤᠭᠠᠯᠢ ᠨᠤᠲᠤᠭ ᠲᠤ ᠪᠠᠨ ᠠᠵᠤ ᠲᠥᠷᠦᠭᠰᠡᠭᠡᠷ ᠪᠠᠶᠢᠨ᠎ᠠ᠃ ᠲᠡᠳᠡ ᠮᠣᠩᠭᠣᠯ ᠤᠯᠤᠰ᠂ ᠣᠷᠣᠰ ᠬᠣᠯᠪᠣᠭᠠᠨ ᠤ ᠤᠯᠤᠰ ᠤᠨ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠳᠦ ᠲᠠᠷᠬᠠᠭᠰᠠᠨ ᠪᠠᠶᠢᠳᠠᠯ ᠲᠠᠢ ᠠᠵᠤ ᠲᠥᠷᠥᠨ᠎ᠡ᠃ ᠤᠭᠰᠠᠭᠠᠲᠠᠨ ᠵᠦᠢ ᠶᠢᠨ ᠬᠤᠪᠢ ᠳᠤ ᠬᠠᠯᠬ᠎ᠠ ᠶᠠᠰᠤᠲᠠᠨ᠂ ᠪᠤᠷᠢᠶᠠᠳ ᠶᠠᠰᠤᠲᠠᠨ ᠪᠣᠯᠵᠤ ᠪᠠᠶᠢᠭ᠎ᠠ ᠠᠪᠠᠴᠤ ᠤᠭ ᠭᠠᠷᠪᠠᠯ ᠢᠵᠢᠯᠢ ᠲᠡᠢ᠂ ᠦᠨᠳᠦᠰᠦ ᠨᠢᠭᠡᠲᠡᠢ ᠤᠷᠤᠭ ᠤᠨ ᠬᠡᠯᠬᠢᠶ᠎ᠡ ᠠᠵᠤ᠃

ᠮᠣᠩᠭᠣᠯ ᠤᠯᠤᠰ ᠤᠨ ᠬᠦᠮᠦᠨ ᠠᠮᠠ ᠶᠢᠨ ᠲᠣᠭᠠᠯᠠᠯᠭ᠎ᠠ ᠪᠠᠷ ᠥᠪᠡᠷᠰᠡᠳ ᠢ ᠪᠡᠨ ᠰᠠᠷᠲᠠᠭᠤᠯ ᠣᠪᠤᠭ ᠤᠨ ᠬᠢ ᠬᠡᠮᠡᠨ ᠲᠣᠭᠠᠯᠠᠭᠤᠯᠤᠭᠰᠠᠨ 1540 ᠢᠷᠭᠡᠨ ᠪᠠᠶᠢᠨ᠎ᠠ᠃ ᠮᠠᠨ ᠤ ᠤᠯᠤᠰ ᠤᠨ ᠢᠷᠭᠡᠳ ᠦᠨ ᠤᠭᠰᠠᠭᠠᠲᠠᠨ᠂ ᠤᠷᠤᠭ ᠤᠨ ᠪᠢᠴᠢᠭ ᠦᠨ ᠮᠡᠳᠡᠯᠭᠡ ᠳᠤᠲᠠᠮᠠᠭ ᠠᠴᠠ ᠪᠣᠯᠵᠤ ᠰᠠᠷᠲᠠᠭᠤᠯ ᠶᠠᠰᠤᠲᠠᠨ ᠬᠡᠮᠡᠨ ᠲᠣᠭᠠᠯᠠᠭᠤᠯᠤᠭᠰᠠᠨ ᠢᠷᠭᠡᠳ ᠴᠤ ᠮᠥᠨ ᠴᠥᠭᠡᠨ ᠦᠭᠡᠢ ᠪᠠᠶᠢᠨ᠎ᠠ᠃ ᠮᠥᠨ ᠤᠷᠤᠭ ᠤᠨ ᠣᠪᠤᠭ ᠢᠶᠠᠨ ᠦᠯᠦ ᠤᠬᠠᠵᠤ ᠥᠭᠡᠷ᠎ᠡ ᠣᠪᠤᠭ ᠤᠨ ᠨᠡᠷ᠎ᠡ ᠪᠡᠷ ᠪᠦᠷᠢᠳᠬᠡᠭᠦᠯᠦᠭᠰᠡᠨ ᠢᠷᠭᠡᠳ ᠴᠤ ᠪᠤᠢ᠃ ᠡᠨᠡ ᠮᠡᠲᠦ ᠪᠡᠷ ᠤᠷᠤᠭ ᠤᠨ ᠣᠪᠤᠭ ᠢ ᠶᠠᠰᠤᠲᠠᠨ ᠤ ᠨᠡᠷ᠎ᠡ ᠪᠣᠯᠭᠠᠵᠤ ᠠᠯᠪᠠᠳᠠᠨ ᠨᠡᠷᠡᠰᠢᠭᠦᠯᠬᠦ᠂ ᠤᠷᠤᠭ ᠤᠨ ᠨᠡᠷ᠎ᠡ ᠶᠢ ᠮᠠᠷᠲᠠᠭᠤᠯᠬᠤ ᠦᠢᠯᠡ ᠠᠵᠢᠯᠯᠠᠭᠠᠨ ᠳᠤ ᠬᠠᠯᠬ᠎ᠠ ᠶᠢᠨ ᠰᠤᠷᠪᠤᠯᠵᠢᠲᠤ ᠰᠠᠷᠲᠠᠭᠤᠯ ᠣᠪᠤᠭ ᠤᠨ ᠬᠢᠨ ᠥᠪᠡᠷᠰᠡᠳ ᠢᠶᠡᠨ ᠮᠡᠳᠡᠯ ᠦᠭᠡᠢ ᠥᠷᠲᠦᠵᠡᠢ᠃  ᠤᠨ ᠴᠠᠭ ᠤᠨ ᠡᠷᠬᠡ᠂ ᠶᠡᠬᠡ ᠬᠠᠭᠠᠨ ᠤ ᠰᠦᠷ ᠬᠦᠴᠦ ᠪᠡᠷ ᠬᠠᠷᠢ ᠭᠠᠵᠠᠷ ᠠᠴᠠ ᠮᠣᠩᠭᠣᠯ ᠣᠷᠣᠨ ᠳᠤ ᠢᠷᠡᠵᠦ ᠰᠠᠭᠤᠷᠢᠰᠢᠭᠰᠠᠨ ᠰᠠᠷᠳᠤ ᠬᠦᠮᠦᠰ ᠮᠣᠩᠭᠣᠯᠴᠤᠳ ᠲᠠᠢ ᠴᠢᠰᠤ ᠬᠣᠯᠢᠯᠳᠤᠭᠰᠠᠨ ᠬᠡᠮᠡᠨ ᠦᠵᠡᠳᠡᠭ ᠨᠢ ᠲᠡᠦᠬᠡ ᠶᠢᠨ ᠬᠤᠪᠢ ᠳᠤ ᠪᠤᠷᠤᠭᠤ ᠪᠢᠰᠢ ᠪᠣᠯᠪᠠᠴᠤ ᠲᠡᠳᠡ ᠮᠣᠩᠭᠣᠯᠴᠤᠳ ᠲᠠᠢ ᠨᠢᠭᠡᠨ ᠡᠪᠦᠭᠡ ᠳᠡᠭᠡᠳᠦᠰ ᠲᠡᠢ᠂ ᠬᠠᠯᠬ᠎ᠠ ᠮᠣᠩᠭᠣᠯ ᠤᠨ ᠨᠢᠭᠡᠨ ᠪᠡᠶ᠎ᠡ ᠴᠢᠰᠤ᠂ ᠤᠷᠤᠭ ᠲᠥᠷᠥᠯ ᠦᠨ ᠨᠠᠨᠳᠢᠨ ᠪᠠᠷᠢᠯᠳᠤᠯᠭ᠎ᠠ ᠲᠠᠢ᠂ ᠭᠠᠯ ᠭᠣᠯᠣᠮᠲᠠ ᠨᠢᠭᠡᠲᠡᠢ᠂ ᠨᠢᠭᠡ ᠣᠩᠭᠣ ᠰᠢᠲᠦᠭᠡᠨ ᠲᠡᠢ᠂ ᠢᠮ ᠲᠠᠮᠠᠭ᠎ᠠ᠂ ᠰᠦᠯᠳᠡ ᠲᠤᠭ᠂ ᠳᠠᠭᠤᠯᠠᠯ ᠲᠠᠢ᠂ ᠥᠪᠡᠷ ᠦᠨ ᠭᠡᠰᠡᠨ ᠲᠡᠦᠬᠡ᠂ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ ᠲᠡᠢ᠂ ᠤᠳᠤᠮ ᠰᠤᠳᠤᠷ᠂ ᠤᠯᠠᠮᠵᠢᠯᠠᠯᠲᠤ ᠵᠠᠩ ᠵᠠᠩᠰᠢᠯ᠂ ᠠᠬᠤᠢ ᠶᠢᠨ ᠪᠣᠯᠤᠨ ᠣᠶᠤᠨ ᠤ ᠥᠪ ᠰᠤᠶᠤᠯ ᠢᠶᠠᠨ ᠳᠡᠭᠡᠳᠦᠯᠡᠨ ᠤᠯᠠᠮᠵᠢᠯᠠᠭᠰᠠᠭᠠᠷ ᠢᠷᠡᠭᠰᠡᠨ ᠪᠠᠭᠠᠲᠤᠷᠯᠢᠭ᠂ ᠠᠵᠢᠯᠰᠠᠭ᠂ ᠣᠶᠤᠨᠯᠠᠭ᠂ ᠡᠬᠡ ᠣᠷᠣᠨᠴᠢ᠂ ᠦᠨᠳᠦᠰᠦᠨ ᠦ ᠦᠵᠡᠯ ᠲᠡᠢ ᠮᠣᠩᠭᠣᠯ ᠬᠦᠮᠦᠰ ᠶᠤᠮ᠃ ᠮᠠᠨ ᠤ ᠣᠷᠣᠨ ᠤ ᠲᠡᠦᠬᠡᠲᠦ ᠠᠷᠤ ᠬᠠᠯᠬ᠎ᠠ ᠶᠢᠨ ᠲᠠᠮᠠᠭ᠎ᠠ ᠲᠠᠢ 13 ᠬᠤᠲᠤᠭᠲᠤ ᠶᠢᠨ 8 ᠨᠢ ᠰᠠᠷᠲᠠᠭᠤᠯ ᠣᠪᠤᠭ ᠤᠨ ᠬᠦᠮᠦᠨ ᠪᠥᠭᠡᠳ ᠮᠣᠩᠭᠣᠯ ᠤᠯᠤᠰ ᠤᠨ ᠠᠩᠬᠠᠨ ᠤ ᠶᠡᠷᠦᠩᠬᠡᠶᠢᠯᠡᠭᠴᠢ ᠫ ∙ ᠸᠴᠢᠷᠪᠠᠲᠤ ᠨᠢ ᠰᠠᠷᠲᠠᠭᠤᠯ ᠣᠪᠤᠭ ᠤᠨ ᠤᠭᠰᠠᠭᠠᠨ ᠤ ᠠᠯᠠᠭ ᠠᠳᠤᠭᠤᠨ ᠣᠪᠤᠭ ᠤᠨ ᠬᠦᠮᠦᠨ᠃ ᠮᠥᠨ ᠤᠳᠠᠭᠠᠬᠢ ᠶᠡᠷᠦᠩᠬᠡᠶᠢᠯᠡᠭᠴᠢ ᠨ ∙ ᠪᠠᠭᠠᠪᠠᠨᠳᠢ ᠨᠢ ᠵᠠᠪᠬᠠᠨ ᠠᠶᠢᠮᠠᠭ ᠤᠨ ᠢᠷᠠᠭᠤ ᠰᠤᠮᠤ ᠶᠢᠨ ᠰᠠᠷᠲᠠᠭᠤᠯ ᠣᠪᠤᠭ ᠤᠨ ᠬᠦᠮᠦᠨ ᠶᠤᠮ᠃

ᠲᠠᠷᠬᠠᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠡᠶᠢᠲᠡ ᠮᠣᠩᠭᠣᠯ ᠳᠠᠶᠠᠭᠠᠷ ᠰᠠᠷᠲᠠᠭᠤᠯ ᠣᠪᠤᠭ ᠤᠨ ᠬᠢᠨ ᠢ ᠵᠥᠪᠬᠡᠨ ᠵᠠᠪᠬᠠᠨ ᠠᠶᠢᠮᠠᠭ ᠲᠤ ᠪᠠᠶᠢᠳᠠᠭ ᠮᠡᠲᠦ ᠪᠡᠷ ᠣᠶᠢᠯᠠᠭᠠᠳᠠᠭ᠃ ᠭᠡᠪᠡᠴᠦ ᠰᠠᠷᠲᠠᠭᠤᠯ ᠤᠳ ᠵᠥᠪᠬᠡᠨ ᠵᠠᠪᠬᠠᠨ ᠳᠤ ᠠᠵᠤ ᠲᠥᠷᠦᠳᠡᠭ ᠦᠭᠡᠢ᠃ ᠲᠡᠳᠡ ᠮᠣᠩᠭᠣᠯ ᠤᠯᠤᠰ ᠤᠨ 7 ᠠᠶᠢᠮᠠᠭ᠂ 24 ᠰᠤᠮᠤᠨ ᠳᠤ ᠠᠵᠤ ᠲᠥᠷᠦᠵᠦ ᠪᠠᠶᠢᠨ᠎ᠠ᠃ ᠡᠳᠡᠭᠡᠷ ᠢ ᠵᠢᠭᠰᠠᠭᠠᠪᠠᠯ᠂

  • ᠠᠷᠤᠬᠠᠩᠭᠠᠢ ᠠᠶᠢᠮᠠᠭ  ᠶᠡᠬᠡ ᠲᠠᠮᠢᠷ ᠪᠤᠶᠤ 1 ᠰᠤᠮᠤ
  • ᠪᠠᠶᠠᠨᠬᠣᠩᠭᠣᠷ ᠠᠶᠢᠮᠠᠭ

ᠭᠤᠷᠪᠠᠨᠪᠤᠯᠠᠭ᠂ ᠪᠠᠶᠠᠨᠪᠤᠯᠠᠭ᠂ ᠬᠦᠷᠢᠶᠡᠮᠠᠷᠠᠯ᠂ ᠵᠠᠭ᠂ ᠵᠢᠷᠭᠠᠯᠠᠩᠲᠤ᠂ ᠪᠥᠮᠪᠥᠭᠡᠷ᠂ ᠪᠠᠭᠠᠴᠠᠭᠠᠨ᠂ ᠪᠠᠶᠠᠨᠴᠠᠭᠠᠨ᠂ ᠪᠠᠶᠠᠨᠯᠢᠭ᠂ ᠪᠠᠶᠠᠩᠭᠤᠪᠢ᠂ ᠰᠢᠨᠡᠵᠢᠩᠰᠡᠳᠦ ᠪᠤᠶᠤ ᠨᠡᠶᠢᠲᠡ 11 ᠰᠤᠮᠤ

  • ᠪᠤᠯᠠᠭᠠᠨ ᠠᠶᠢᠮᠠᠭ

ᠲᠡᠰᠢᠭ᠂ ᠰᠡᠯᠡᠩᠭᠡ᠂ ᠬᠤᠲᠤᠭ-ᠥᠨᠳᠥᠷ ᠪᠤᠶᠤ ᠨᠡᠶᠢᠲᠡ 3 ᠰᠤᠮᠤ

  • ᠭᠣᠪᠢ-ᠠᠯᠲᠠᠢ ᠠᠶᠢᠮᠠᠭ

ᠬᠥᠬᠡᠮᠣᠷᠢᠳᠤ᠂ ᠴᠣᠭᠲᠤ ᠭᠡᠬᠦ ᠨᠡᠶᠢᠲᠡ 2 ᠰᠤᠮᠤ

  • ᠳᠣᠷᠣᠨᠠᠲᠤ ᠠᠶᠢᠮᠠᠭ

ᠬᠠᠯᠬᠠᠭᠣᠣᠯ ᠭᠡᠬᠦ 1 ᠰᠤᠮᠤ;

  • ᠵᠠᠪᠬᠠᠨ ᠠᠶᠢᠮᠠᠭ   ᠨᠥᠮᠥᠷᠭᠡ᠂ ᠲᠡᠯᠡᠮᠡᠨ᠂ ᠢᠷᠠᠭᠤ᠂ ᠠᠯᠳᠠᠷᠬᠠᠭᠠᠨ᠂ ᠰᠢᠯᠦᠭᠦᠰᠦᠲᠡᠢ᠂ ᠴᠠᠭᠠᠨᠬᠠᠶᠢᠷᠬᠠᠨ ᠪᠤᠶᠤ ᠨᠡᠶᠢᠲᠡ 6 ᠰᠤᠮᠤ
  • ᠬᠣᠪᠳᠣ ᠠᠶᠢᠮᠠᠭ

ᠪᠤᠯᠠᠭᠠᠨ ᠰᠤᠮᠤᠨ ᠳᠤ ᠲᠤᠰ ᠲᠤᠰ ᠰᠠᠷᠲᠠᠭᠤᠯ ᠣᠪᠤᠭ ᠪᠦᠷᠢᠳᠬᠡᠭᠳᠡᠭᠰᠡᠨ ᠪᠠᠶᠢᠨ᠎ᠠ᠃

ᠣᠷᠣᠰ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠨ ᠡᠴᠡ ᠭᠠᠳᠠᠨ᠎ᠠ ᠣᠷᠣᠰ ᠬᠣᠯᠪᠣᠭᠠᠨ ᠤ ᠤᠯᠤᠰ᠂ ᠮᠣᠩᠭᠣᠯ ᠤᠯᠤᠰ ᠤᠨ ᠪᠤᠷᠢᠶᠠᠳ ᠵᠣᠨ ᠤ ᠳᠤᠮᠳᠠ ᠰᠠᠷᠲᠠᠭᠤᠯ ᠣᠪᠤᠭ ᠲᠠᠷᠬᠠᠨ ᠪᠤᠢ᠃ ᠲᠡᠳᠡ ᠥᠪᠡᠷᠰᠡᠳ ᠢ ᠪᠡᠨ 《ᠪᠣᠱᠣᠭᠳᠤ ᠬᠠᠭᠠᠨ ᠤ ᠪᠣᠰᠤᠯᠭ᠎ᠠ ᠪᠠᠷ᠂ ᠰᠠᠶᠢᠨ ᠬᠠᠭᠠᠨ ᠤ ᠰᠠᠮᠠᠷᠭᠤᠭᠠᠨ ᠢᠶᠠᠷ》 ᠪᠤᠷᠢᠶᠠᠳ ᠨᠤᠲᠤᠭ ᠲᠤ ᠢᠷᠡᠭᠰᠡᠨ ᠬᠡᠮᠡᠨ᠎ᠡ᠃ ᠥᠭᠡᠷ᠎ᠡ ᠪᠡᠷ ᠬᠡᠯᠡᠪᠡᠯ ᠲᠡᠳᠡ ᠵᠡᠭᠦᠨᠭᠠᠷ ᠤᠨ ᠭᠠᠯᠳᠠᠨ ᠪᠣᠱᠣᠭᠳᠤ ᠬᠠᠭᠠᠨ ᠤ ᠳᠠᠶᠢᠨ ᠲᠤᠯᠤᠭᠠᠨ ᠢᠶᠠᠷ ᠬᠠᠯᠬ᠎ᠠ ᠠᠴᠠ ᠣᠶᠢᠵᠤ ᠪᠤᠷᠢᠶᠠᠳ ᠤᠨ ᠰᠡᠯᠡᠩᠭᠡ ᠤᠷᠤᠭᠤ ᠨᠡᠭᠦᠵᠦ ᠣᠴᠢᠭᠰᠠᠨ ᠪᠠᠶᠢᠨ᠎ᠠ᠃

ᠬᠠᠮᠨᠢᠭᠠᠨᠴᠤᠳ ᠤᠨ ᠳᠤᠮᠳᠠ ᠪᠠᠮᠪᠠᠳᠠᠢ ᠶᠢᠨ ᠰᠠᠷᠲᠠᠭᠤᠯ᠂ ᠪᠠᠮᠪᠠᠴᠢᠶᠠᠨ ᠰᠠᠷᠲᠠᠭᠤᠯ᠂ ᠪᠠᠬᠠᠴᠢᠯᠠ ᠰᠠᠷᠲᠠᠭᠤᠯ᠂ ᠭᠤᠷᠢᠭ ᠰᠠᠷᠲᠠᠭᠤᠯ᠂ ᠭᠤᠷᠢᠨᠺᠠ ᠰᠠᠷᠲᠠᠭᠤᠯ᠂ ᠺᠡᠯᠴᠡᠩᠭᠦᠳ ᠰᠠᠷᠲᠠᠭᠤᠯ ᠵᠡᠷᠭᠡ ᠣᠪᠤᠭ ᠤᠳ ᠪᠠᠶᠢᠳᠠᠭ ᠲᠡᠳᠦᠢ ᠦᠭᠡᠢ ᠥᠭᠡᠷ᠎ᠡ ᠴᠤ ᠣᠯᠠᠨ ᠪᠤᠢ ᠪᠠᠶᠢᠬᠤ ᠮᠠᠭᠠᠳᠯᠠᠯ ᠲᠠᠢ᠃ ᠲᠡᠶᠢᠮᠦ ᠳᠦ ᠮᠣᠩᠭᠣᠯ ᠦᠨᠳᠦᠰᠦᠲᠡᠨ ᠦ ᠶᠠᠮᠠᠷ ᠶᠠᠰᠤᠲᠠᠨ ᠤᠭᠰᠠᠭᠠᠲᠠᠨ ᠪᠠᠶᠢᠬᠤ ᠠᠴᠠ ᠦᠯᠦ ᠬᠠᠮᠢᠶᠠᠷᠤᠨ ᠲᠡᠳᠡᠭᠡᠷ ᠬᠦᠮᠦᠰ ᠥᠪᠡᠷᠰᠡᠳ ᠢ ᠪᠡᠨ ᠰᠠᠷᠲᠠᠭᠤᠯ ᠬᠡᠮᠡᠬᠦᠢ ᠳᠣᠣᠷ᠎ᠠ ᠪᠦᠭᠦᠳᠡ ᠯᠠ ᠨᠢᠭᠡ ᠣᠪᠤᠭ ᠲᠤ ᠬᠠᠷᠢᠶᠠᠯᠠᠭᠳᠠᠬᠤ ᠨᠢᠭᠡᠨ ᠶᠣᠰᠣᠨ ᠤ ᠲᠥᠷᠥᠯ ᠰᠠᠳᠤᠨ ᠬᠡᠮᠡᠨ ᠦᠵᠡᠵᠦ ᠪᠣᠯᠤᠨ᠎ᠠ᠃ ᠥᠭᠡᠷ᠎ᠡ ᠪᠡᠷ ᠬᠡᠯᠡᠪᠡᠯ ᠬᠠᠯᠬ᠎ᠠ ᠶᠠᠰᠤᠲᠠᠨ ᠤ ᠳᠤᠮᠳᠠ ᠪᠠᠶᠢᠬᠤ ᠰᠠᠷᠲᠠᠭᠤᠯ ᠣᠪᠣᠭᠲᠠᠨ᠂ ᠪᠤᠷᠢᠶᠠᠳ ᠵᠣᠨ ᠤ ᠳᠤᠮᠳᠠ ᠪᠠᠶᠢᠬᠤ ᠪᠤᠷᠢᠶᠠᠳ ᠰᠠᠷᠲᠠᠭᠤᠯ ᠣᠪᠣᠭᠲᠠᠨ ᠬᠣᠶᠠᠷ ᠤᠭ ᠠᠴᠠ ᠨᠢᠭᠡ ᠣᠪᠤᠭ᠂ ᠲᠥᠷᠥᠯ ᠰᠠᠳᠤᠨ ᠬᠡᠮᠡᠨ ᠦᠵᠡᠵᠦ ᠪᠣᠯᠬᠤ ᠠᠵᠤ᠃

ᠪᠤᠰᠤᠳ ᠭᠠᠵᠠᠷ ᠣᠷᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠬᠠᠰᠠᠭ᠂ ᠠᠹᠬᠠᠨᠨᠢᠰᠲ᠋ᠠᠨ᠂ ᠬᠠᠯᠢᠮᠠᠭ᠂ᠡᠨᠡᠳᠬᠡᠭ ᠤᠯᠤᠰ ᠤᠳ ᠤᠨ ᠳᠣᠲᠣᠷ᠎ᠠ ᠣᠷᠣᠰᠢᠨ ᠰᠠᠭᠤᠭᠴᠢ ᠤᠶᠢᠭᠤᠷ ᠬᠠᠵᠠᠷ᠂ ᠠᠪᠤᠷᠠ᠂ ᠮᠣᠭᠣᠯ ᠵᠡᠷᠭᠡ ᠬᠠᠷᠢᠵᠢᠭᠰᠠᠨ ᠮᠣᠩᠭᠣᠯ ᠤᠭᠰᠠᠭᠠᠲᠠᠨ ᠨᠤᠭᠤᠳ ᠤᠨ ᠳᠤᠮᠳᠠ ᠰᠠᠷᠲᠤ(САРТ) ᠣᠪᠣᠭᠲᠠᠨ ᠲᠦᠭᠡᠮᠡᠯ ᠪᠠᠶᠢᠳᠠᠭ ᠪᠢᠯᠡ᠃ ᠣᠷᠣᠰ᠂ ᠳᠤᠮᠳᠠᠳᠤ ᠠᠽᠢᠶ᠎ᠠ ᠪᠣᠯᠤᠨ ᠪᠠᠷᠠᠭᠤᠨ ᠮᠣᠩᠭᠣᠯ ᠳᠤ ᠪᠤᠢ ᠰᠠᠷᠠᠳᠤ ᠣᠪᠤᠭ᠂ ᠰᠠᠷᠲᠠᠭᠲᠠᠢ ᠶᠢᠨ ᠭᠡᠬᠦ ᠨᠡᠷ᠎ᠡ ᠲᠡᠢ ᠬᠣᠯᠪᠣᠭ᠎ᠠ ᠲᠠᠢ ᠭᠠᠵᠠᠷ ᠤᠰᠤᠨ ᠤ ᠨᠡᠷ᠎ᠡ ᠶᠢᠨ ᠵᠠᠷᠢᠮ ᠨᠢ ᠡᠷᠲᠡ ᠴᠠᠭ ᠤᠨ ᠪᠠᠲᠤ ᠬᠠᠭᠠᠨ ᠤ ᠬᠦᠦ ᠰᠠᠷᠲᠠᠭᠲᠠᠢ ᠬᠠᠭᠠᠨ ᠤ ᠠᠯᠳᠠᠷ ᠨᠡᠷ᠎ᠡ᠂ ᠦᠢᠯᠡ ᠬᠡᠷᠡᠭ᠂ ᠤᠷᠤᠭ ᠣᠪᠤᠭ ᠠᠴᠠ ᠡᠭᠦᠳᠦᠯᠲᠡᠢ ᠪᠠ 《ᠰᠠᠷᠳᠤ》 ᠭᠡᠳᠡᠭ ᠡᠨᠡ ᠦᠭᠡ ᠠᠯᠲᠠᠢ ᠢᠵᠠᠭᠤᠷ ᠤᠨ ᠬᠡᠯᠡᠨ ᠦ ᠰᠠᠯᠪᠤᠷᠢ ᠡᠷᠲᠡᠨ ᠦ ᠮᠣᠩᠭᠣᠯ ᠭᠠᠷᠤᠯ ᠲᠠᠢ ᠦᠭᠡ ᠮᠥᠨ᠃

ᠳ᠋ᠦᠩᠰᠢᠶᠠᠩ ᠦᠨᠳᠦᠰᠦᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠳᠤ ᠤᠯᠤᠰ ᠤᠨ ᠭᠠᠨᠰᠤ ᠮᠤᠵᠢ ᠳᠤ ᠲᠠᠷᠬᠠᠵᠤ ᠪᠠᠶᠢᠭ᠎ᠠ ᠮᠣᠩᠭᠣᠯ ᠬᠡᠯᠡᠲᠦ ᠦᠨᠳᠦᠰᠦᠲᠡᠨ ᠳ᠋ᠦᠩᠰᠢᠶᠠᠩᠴᠤᠳ ᠦᠪᠡᠷ ᠢ ᠪᠠᠨ ᠰᠠᠷᠲ᠋ᠠ ᠪᠤᠶᠤ ᠰᠠᠨᠲ᠋ᠠ ᠭᠡᠳᠡᠭ ᠨᠢ ᠮᠥᠨ ᠰᠠᠷᠲᠠᠭᠤᠯ ᠲᠠᠢ ᠬᠣᠯᠪᠣᠭᠠᠲᠠᠢ ᠪᠠᠶᠢᠵᠤ ᠪᠤᠯᠬᠤ ᠪᠦᠭᠡᠳ ᠥᠪᠡᠷ ᠢ ᠪᠡᠨ ᠲᠡᠳᠡ ᠶᠤᠸᠠᠨ ᠤᠯᠤᠰ ᠤᠨ ᠮᠣᠩᠭᠣᠯ ᠴᠡᠷᠢᠭ ᠤᠨ ᠬᠣᠶᠢᠴᠢᠰ ᠭᠡᠳᠡᠭ ᠢᠶᠡᠨ ᠢᠳᠡᠬᠡᠳᠡᠭ᠃

ᠪᠢᠴᠢᠭᠡᠰᠦ