ᠰᠠᠷᠢᠮᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠠᠷᠢᠮᠰ

ᠰᠠᠷᠢᠮᠰ ᠪᠤᠶᠤ ᠰᠠᠷᠢᠮᠰᠠᠭ ᠨᠢ (ᠯᠠᠲ᠋ᠢᠨ ᠶᠢᠡᠷ Allium sativum) ᠰᠤᠩᠭᠢᠨ᠌ ᠠ  ᠢᠢᠨ ᠲᠥᠷᠥᠯ ᠦᠨ ᠤᠷᠭᠤᠮᠠᠯ ᠪᠣᠯᠤᠨ᠎ᠠ᠃ ᠬᠦᠮᠦᠨ ᠰᠠᠷᠢᠮᠰᠠᠭ ᠢ 7000 ᠵᠢᠯ ᠦᠨ ᠲᠡᠷᠲᠡᠭᠡ ᠡᠴᠡ ᠬᠣᠭᠣᠯᠠ ᠬᠦᠨᠡᠰᠦᠨ ᠳᠦ ᠪᠡᠨ ᠬᠡᠷᠡᠭᠯᠡᠬᠦ ᠪᠡᠷ ᠵᠣᠭᠰᠣᠬᠤ ᠦᠭᠡᠢ ᠪᠠᠰᠠ ᠡᠪᠡᠳᠴᠢᠨ  ᠢ ᠡᠰᠡᠷᠭᠦᠴᠡᠬᠦ ᠡᠮ ᠪᠣᠯᠭᠠᠨ ᠬᠡᠷᠡᠭᠯᠡᠵᠦ ᠢᠷᠡᠭᠰᠡᠨ᠃ ᠰᠠᠷᠢᠮᠰᠠᠭ  ᠤᠨ ᠨᠠᠶᠢᠷᠠᠯᠭ᠎ᠠ ᠳᠤ  ᠣᠯᠠᠨ ᠲᠥᠷᠥᠯ ᠦᠨ ᠤᠷᠭᠤᠮᠠᠯ ᠤᠨ ᠳᠠᠭᠠᠭᠠᠪᠤᠷᠢ ᠢᠰᠭᠡᠬᠦᠷ ᠪᠠ ᠮᠢᠺᠷᠣ᠋ ᠡᠯᠮᠧᠨᠲ ᠢ ᠠᠭᠤᠯᠠᠭᠰᠠᠨ ᠪᠠᠶᠢᠳᠠᠭ᠂ ᠲᠡᠶᠢᠮᠦ ᠤᠴᠢᠷ ᠠᠴᠠ ᠰᠠᠷᠢᠮᠰᠠᠭ  ᠨᠢ ᠡᠯᠳᠡᠪ ᠪᠠᠺᠲ᠋ᠧᠷᠢ ᠸᠢᠷᠦᠰ ᠢ ᠤᠰᠠᠳᠬᠠᠳᠠᠭ ᠃

ᠰᠠᠷᠢᠮᠰᠠᠭ  ᠢ ᠵᠣᠬᠢᠰᠲᠠᠢ ᠬᠡᠮᠵᠢᠶ᠎ᠡ ᠪᠡᠷ ᠬᠡᠷᠡᠭᠯᠡᠵᠦ ᠵᠠᠩᠰᠢᠪᠠᠯ ᠠᠮᠢᠰᠬᠤᠯ ᠤᠨ ᠵᠠᠮ ᠤᠨ ᠦᠷᠪᠢᠰᠦᠯᠳᠦ ᠡᠪᠡᠳᠴᠢᠨ ᠡᠴᠡ ᠰᠡᠷᠭᠡᠶᠢᠯᠡᠵᠦ ᠴᠢᠳᠠᠨ᠎ᠠ᠃ ᠢᠯᠠᠩᠭᠤᠶ᠎ᠠ ᠲᠣᠮᠣᠭᠣ᠂ ᠲᠣᠮᠣᠭᠣ ᠲᠥᠰᠲᠦ ᠡᠪᠡᠳᠴᠢᠨ ᠦ ᠳᠠᠷᠬᠠᠯᠠᠭ᠎ᠠ ᠰᠤᠯᠠᠷᠠᠭᠰᠠᠨ ᠲᠠᠢ ᠶᠡᠬᠡᠬᠡᠨ ᠬᠣᠯᠪᠣᠭᠠᠲᠠᠢ ᠪᠠᠶᠢᠳᠠᠭ᠃ ᠠᠮᠢᠰᠬᠤᠯ ᠤᠨ ᠵᠠᠮ ᠤᠨ ᠦᠷᠪᠢᠰᠦᠯᠳᠦ ᠡᠪᠡᠳᠴᠢᠨ ᠲᠠᠷᠬᠠᠭᠰᠠᠨ ᠦᠶ᠎ᠡ ᠳᠦ᠂ ᠡᠳᠦᠷ ᠲᠦ 2 ᠰᠢᠷᠬᠡᠭ ᠰᠠᠷᠢᠮᠰ ᠢ ᠬᠡᠷᠡᠭᠯᠡᠪᠡᠯ ᠡᠮᠴᠢᠯᠡᠭᠡ ᠱᠠᠭᠠᠷᠳᠠᠯᠭ᠎ᠠ ᠦᠭᠡᠢ ᠪᠣᠯᠤᠨ᠎ᠠ᠃ ᠬᠦᠮᠦᠰ ᠰᠠᠷᠢᠮᠰ ᠤᠨ ᠦᠨᠦᠷ ᠠᠮᠲᠠᠨ ᠠᠴᠠ ᠴᠡᠷᠪᠡᠳᠡᠭ ᠴᠤ ᠡᠷᠡᠭᠦᠯ ᠮᠡᠨᠳᠦ ᠪᠡᠨ ᠬᠠᠮᠠᠭᠠᠯᠠᠬᠤ ᠶᠣᠰᠣᠲᠠᠢ᠃ ᠬᠦᠮᠦᠨ ᠪᠦᠷᠢ ᠬᠡᠷᠡᠭᠯᠡᠪᠡᠯ ᠵᠣᠬᠢᠯᠲᠠᠢ ᠪᠠᠶᠢᠭᠠᠯᠢ ᠶᠢᠨ ᠴᠡᠪᠡᠷ ᠠᠩᠲ᠋ᠢᠪᠢᠣᠲ᠋ᠢᠺ ᠪᠣᠯᠤᠭᠰᠠᠨ ᠰᠠᠷᠢᠮᠰ ᠢ ᠠᠮᠢᠰᠬᠤᠯ ᠤᠨ ᠵᠠᠮ ᠤᠨ ᠦᠷᠪᠢᠰᠦᠯᠳᠦ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ ᠵᠣᠷᠢᠯᠭ᠎ᠠ ᠪᠠᠷ ᠬᠡᠷᠡᠭᠯᠡᠵᠦ ᠰᠤᠷᠠᠬᠤ ᠳᠤ ᠢᠯᠡᠭᠦᠳᠡᠬᠦ ᠦᠭᠡᠢ ᠪᠢᠯᠡ᠃

http://wiki.uhaan.com/index.php?title=ᠰᠠᠷᠢᠮᠰ&oldid=474908》 ᠍  ᠡᠴᠡ ᠠᠪᠤᠭᠰᠠᠨ

ᠪᠢᠴᠢᠭᠡᠰᠦ