ᠰᠠᠷᠠ (ᠲᠣᠭᠠᠯᠠᠯ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠠᠷ᠎ᠠ ᠭᠡᠳᠡᠭ ᠨᠢ ᠴᠠᠭᠠᠯᠪᠤᠷᠢ ᠳᠤ ᠬᠡᠷᠡᠭᠯᠡᠭᠳᠡᠳᠡᠭ ᠴᠠᠭ ᠬᠤᠭᠤᠴᠠᠭᠠᠨ ᠤ ᠨᠢᠭᠡᠴᠡ ᠶᠤᠮ᠃ ᠠᠩᠬᠠᠯᠠᠨ ᠮᠧᠰᠣᠫᠣᠲ᠋ᠠᠮᠢ ᠳᠤ ᠬᠡᠷᠡᠭᠯᠡᠭᠳᠡᠵᠦ ᠡᠬᠢᠯᠡᠵᠡᠢ᠃

ᠰᠠᠷᠠ ᠨᠢ ᠰᠠᠷᠠᠨ ᠤ ᠳᠡᠯᠡᠬᠡᠢ ᠶᠢ ᠲᠤᠭᠤᠷᠢᠬᠤ ᠦᠶ᠎ᠡ ᠪᠡᠨ ᠡᠴᠡ ᠡᠭᠦᠳᠦᠯᠲᠡᠢ ᠪᠤᠶᠤ ᠰᠠᠷᠠᠨ ᠤ ᠲᠣᠭᠠᠯᠠᠯ ᠠᠴᠠ ᠭᠠᠷᠤᠯᠲᠠᠢ ᠶᠤᠮ᠃ ᠡᠨᠡ ᠴᠤ ᠤᠳᠬ᠎ᠠ ᠪᠠᠷ ᠢᠶᠠᠨ ᠰᠠᠷ᠎ᠠ ᠬᠤᠭᠤᠴᠠᠭᠠᠨ ᠤ "ᠰᠠᠷᠠ" ᠨᠢ ᠳᠡᠯᠡᠬᠡᠢ ᠶᠢᠨ ᠳᠠᠭᠠᠭᠤᠯᠢ "ᠰᠠᠷ᠎ᠠ"ᠲᠠᠢ ᠠᠳᠠᠯᠢᠬᠠᠨ ᠬᠡᠯᠡᠭᠳᠡᠳᠡᠭ ᠶᠤᠮ᠃ ᠬᠡᠳᠦᠢ ᠪᠡᠷ ᠰᠠᠷᠠᠨ ᠤ ᠲᠣᠭᠠᠯᠠᠯ ᠠᠴᠠ ᠭᠠᠷᠤᠯ ᠲᠠᠢ ᠴᠤ ᠣᠳᠣ ᠠᠷᠭ᠎ᠠ ᠶᠢᠨ ᠪᠣᠯᠤᠨ ᠪᠢᠯᠢᠭ ᠦᠨ ᠠᠯᠢ ᠴᠤ ᠲᠣᠭᠠᠯᠠᠯ ᠳᠤ ᠬᠡᠷᠡᠭᠳᠡᠭᠳᠡᠵᠦ ᠪᠠᠶᠢᠨ᠎ᠠ᠃

ᠭᠠᠷᠣᠷ ᠤᠨ ᠲᠣᠭᠠᠯᠠᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠭᠠᠷᠣᠷ ᠤᠨ ᠲᠣᠭᠠᠯᠠᠯ

ᠨᠢᠭᠡ ᠰᠠᠷ᠎ᠠ ᠳᠤ 28 ᠍ ᠠᠴᠠ 31 ᠬᠦᠷᠲᠡᠯᠡᠬᠢ ᠬᠣᠨᠣᠭ ᠪᠠᠶᠢᠳᠠᠭ᠃ ᠨᠢᠭᠡ ᠵᠢᠯ ᠳᠤ 12 ᠰᠠᠷ᠎ᠠ ᠪᠠᠶᠢᠨ᠎ᠠ᠃

2 ᠭᠠᠷ ᠢᠶᠠᠨ ᠵᠡᠷᠭᠡᠴᠡᠭᠦᠯᠵᠦ ᠪᠠᠷᠢ ᠳᠤ ᠵᠡᠭᠦᠨ ᠭᠠᠷ ᠤᠨ ᠰᠢᠭᠡᠵᠡᠢ ᠬᠤᠷᠤᠭᠤᠨ ᠤ ᠦᠶᠡᠨ ᠦ ᠶᠠᠰᠤᠨ ᠤ ᠭᠦᠳᠦᠭᠦᠷ ᠡᠴᠡ ᠡᠬᠢᠯᠡᠨ ᠨᠢᠭᠡᠳᠦᠭᠡᠷ ᠰᠠᠷ᠎ᠠ ᠶᠢ ᠲᠣᠭᠠᠯᠠᠬᠤ ᠳᠤ ᠭᠦᠳᠦᠭᠦᠷ ᠳᠡᠭᠡᠷ᠎ᠡ ᠣᠨᠣᠭᠳᠠᠬᠤ ᠰᠠᠷ᠎ᠠ ᠨᠤᠭᠤᠳ 31 ᠬᠣᠨᠣᠭ ᠲᠠᠢ ᠪᠠᠶᠢᠳᠠᠭ ᠪᠠ ᠬᠦᠩᠬᠦᠷ ᠳᠡᠭᠡᠷ᠎ᠡ ᠣᠨᠣᠭᠳᠠᠬᠤ ᠬᠣᠶᠠᠳᠤᠭᠠᠷ ᠰᠠᠷ᠎ᠠ ᠠᠴᠠ ᠪᠤᠰᠤᠳ ᠰᠠᠷ ᠤᠳ 30 ᠬᠣᠨᠣᠭ ᠲᠠᠢ ᠪᠠᠶᠢᠳᠠᠭ (ᠬᠣᠶᠠᠳᠤᠭᠠᠷ ᠰᠠᠷ᠎ᠠ ᠶᠡᠷᠦᠳᠡ ᠶᠢᠨ ᠵᠢᠯ ᠳᠤ 28, ᠥᠨᠳᠥᠷ ᠵᠢᠯ ᠳᠤ 29 ᠬᠣᠨᠣᠭ ᠲᠠᠢ ᠪᠠᠶᠢᠨ᠎ᠠ).
ᠲᠡᠭᠦᠯᠳᠡᠷ ᠬᠤᠭᠤᠷ ᠤᠨ ᠭᠠᠷ ᠤᠨ F ᠨᠣᠲᠠᠨ ᠠᠴᠠ ᠡᠬᠢᠯᠡᠨ ᠨᠢᠭᠡᠳᠦᠭᠡᠷ ᠰᠠᠷ᠎ᠠ ᠶᠢ ᠲᠣᠭᠠᠯᠠᠬᠤ ᠳᠤ ᠴᠠᠭᠠᠨ ᠲᠣᠪᠴᠢᠯᠠᠭᠤᠷ ᠳᠡᠭᠡᠷ᠎ᠡ ᠣᠨᠣᠭᠳᠠᠬᠤ ᠰᠠᠷ᠎ᠠ ᠨᠤᠭᠤᠳ 31 ᠬᠣᠨᠣᠭ ᠲᠠᠢ ᠪᠠᠶᠢᠳᠠᠭ᠃
ᠲᠣᠭ᠎ᠠ ᠪᠠᠷ ᠨᠡᠷ᠎ᠡ ᠬᠣᠨᠣᠭᠡᠶᠢᠨ ᠲᠣᠭ᠎ᠠ
1 ᠨᠢᠭᠡᠳᠦᠭᠡᠷ ᠰᠠᠷ᠎ᠠ 31
2 ᠬᠣᠶᠠᠳᠤᠭᠠᠷ ᠰᠠᠷ᠎ᠠ ᠶᠡᠷᠦᠳᠡ ᠶᠢᠨ ᠵᠢᠯ ᠳᠤ 28, ᠥᠨᠳᠥᠷ ᠵᠢᠯ ᠳᠤ 29
3 ᠭᠤᠷᠪᠠᠳᠤᠭᠠᠷ ᠰᠠᠷ᠎ᠠ 31
4 ᠳᠥᠷᠪᠡᠳᠦᠭᠡᠷ ᠰᠠᠷ᠎ᠠ 30
5 ᠲᠠᠪᠤᠳᠤᠭᠠᠷ ᠰᠠᠷ᠎ᠠ 31
6 ᠵᠢᠷᠭᠤᠳᠤᠭᠠᠷ ᠰᠠᠷ᠎ᠠ 30
7 ᠳᠣᠯᠣᠭᠠᠳᠤᠭᠠᠷ ᠰᠠᠷ᠎ᠠ 31
8 ᠨᠠᠶᠢᠮᠠᠳᠤᠭᠠᠷ ᠰᠠᠷ᠎ᠠ 31
9 ᠶᠢᠰᠦᠳᠦᠭᠡᠷ ᠰᠠᠷ᠎ᠠ 30
10 ᠠᠷᠪᠠᠳᠤᠭᠠᠷ ᠰᠠᠷ᠎ᠠ 31
11 ᠠᠷᠪᠠᠨ ᠨᠢᠭᠡᠳᠦᠭᠡᠷ ᠰᠠᠷ᠎ᠠ 30
12 ᠠᠷᠪᠠᠨ ᠬᠣᠶᠠᠳᠤᠭᠠᠷ ᠰᠠᠷ᠎ᠠ 31

ᠰᠠᠷ ᠤᠳ ᠤᠨ ᠮᠣᠩᠭᠣᠯ ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠋ᠤᠭᠠᠷ ᠲᠣᠭᠠᠨ ᠨᠡᠷ᠎ᠡ ᠪᠢᠯᠢᠭ ᠦᠨ ᠲᠣᠭᠠᠯᠠᠯ ᠤᠨ ᠨᠡᠷ᠎ᠡ[1] ᠮᠣᠩᠭᠣᠯ ᠨᠡᠷ᠎ᠡ[2]
1 ᠨᠢᠭᠡᠳᠦᠭᠡᠷ ᠰᠠᠷ᠎ᠠ ᠪᠠᠷᠰ ᠰᠠᠷ᠎ᠠ ᠬᠤᠪᠢ (ᠬᠤᠪᠢ)
2 ᠬᠣᠶᠠᠳᠤᠭᠠᠷ ᠰᠠᠷ᠎ᠠ ᠲᠠᠤᠯᠠᠢ ᠰᠠᠷ᠎ᠠ ᠬᠤᠵᠢᠷ (ᠬᠤᠵᠢᠷ)
3 ᠭᠤᠷᠪᠠᠳᠤᠭᠠᠷ ᠰᠠᠷ᠎ᠠ ᠯᠤᠤ ᠰᠠᠷ᠎ᠠ ᠡᠭᠦᠯᠵᠢᠨ (ᠦᠭᠦᠯᠵᠢᠨ)
4 ᠳᠥᠷᠪᠡᠳᠦᠭᠡᠷ ᠰᠠᠷ᠎ᠠ ᠮᠣᠭᠠᠢ ᠰᠠᠷ᠎ᠠ ᠬᠥᠬᠡᠭᠡ (ᠬᠥᠬᠦ)
5 ᠲᠠᠪᠤᠳᠤᠭᠠᠷ ᠰᠠᠷ᠎ᠠ ᠮᠣᠷᠢ ᠰᠠᠷ᠎ᠠ ᠤᠯᠠᠷᠤ (ᠤᠯᠠᠷᠤ)
6 ᠵᠢᠷᠭᠤᠳᠤᠭᠠᠷ ᠰᠠᠷ᠎ᠠ ᠬᠣᠨᠢ ᠰᠠᠷ᠎ᠠ ᠤᠶᠢᠷᠠᠭᠤ (ᠤᠶᠢᠷᠤ)
7 ᠳᠣᠯᠣᠭᠠᠳᠤᠭᠠᠷ ᠰᠠᠷ᠎ᠠ ᠪᠡᠴᠢᠨ ᠰᠠᠷ᠎ᠠ ᠬᠤᠷᠠᠨ (ᠬᠤᠷᠠᠨ)
8 ᠨᠠᠶᠢᠮᠠᠳᠤᠭᠠᠷ ᠰᠠᠷ᠎ᠠ ᠲᠠᠬᠢᠶ᠎ᠠ ᠰᠠᠷ᠎ᠠ ᠪᠤᠭᠤ (ᠪᠤᠭᠤ)
9 ᠶᠢᠰᠦᠳᠦᠭᠡᠷ ᠰᠠᠷ᠎ᠠ ᠨᠣᠬᠠᠢ ᠰᠠᠷᠠ ᠬᠤᠴᠠ (ᠬᠤᠴᠠ)
10 ᠠᠷᠪᠠᠳᠤᠭᠠᠷ ᠰᠠᠷ᠎ᠠ ᠭᠠᠬᠠᠢ ᠰᠠᠷ᠎ᠠ ᠬᠡᠯᠪᠡᠲᠡᠷ (ᠬᠡᠯᠡᠪ ᠲᠦᠷ)
11 ᠠᠷᠪᠠᠨ ᠨᠢᠭᠡᠳᠦᠭᠡᠷ ᠰᠠᠷ᠎ᠠ ᠬᠤᠯᠤᠭᠠᠨ᠎ᠠ ᠰᠠᠷ᠎ᠠ ᠢᠳᠡᠯᠡᠬᠦ (ᠢᠳᠡᠯᠬᠦ)
12 ᠠᠷᠪᠠᠨ ᠬᠣᠶᠠᠳᠤᠭᠠᠷ ᠰᠠᠷ᠎ᠠ ᠦᠬᠡᠷ ᠰᠠᠷ᠎ᠠ ᠬᠥᠬᠡᠯᠡᠷ (ᠬᠥᠬᠢᠯᠡᠷ)

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 12 sar. AIMKA_HVHV.
  2. ᠮᠣᠩᠭᠣᠯ ᠤᠨ ᠠᠷᠪᠠᠨ ᠬᠣᠶᠠᠷ ᠰᠠᠷ᠎ᠠ ᠶᠢᠨ ᠨᠡᠷᠡ. ᠦᠨᠳᠦᠰᠦᠲᠡᠨ ᠦ ᠦᠵᠡᠯ ᠪᠯᠣᠭ.

ᠪᠢᠴᠢᠭᠡᠰᠦ